ᠬᠢᠷᠠᠭᠤ ᠭᠡᠳᠡᠭ ᠨᠢ ᠶᠠᠭᠤ ᠶᠢ ᠬᠡᠯᠡᠵᠤ ᠪᠠᠶᠢᠬᠤ ᠪᠤᠢ
ᠨᠡᠶᠢᠲᠡᠯᠡᠭᠰᠡᠨ ᠴᠠᠭ᠄
2016/3/30
       ᠬᠢᠷᠠᠭᠤ ᠭᠡᠳᠡᠭ ᠪᠤᠯ ᠬᠠᠪᠤᠷ ᠤᠨ ᠡᠴᠥᠰ ᠨᠠᠮᠤᠷ ᠤᠨ ᠡᠬᠢ ᠪᠠᠷ ᠬᠥᠢᠳᠡᠨ ᠠᠭᠤᠷ ᠠᠮᠢᠰᠬᠤᠯ ᠤᠨ ᠨᠥᠯᠥᠭᠡ ᠪᠠᠷ ᠬᠥᠷᠥᠰᠤ ᠰᠢᠷᠤᠢ ᠶᠢᠨ ᠭᠠᠳᠠᠷᠭᠤ᠂ ᠤᠷᠭᠤᠮᠠᠯ ᠤᠨ ᠥᠡᠭᠭᠡᠨ ᠲᠠᠯ᠎ᠠ ᠵᠢᠴᠢ ᠭᠠᠵᠠᠷ ᠨᠠᠯᠠᠭᠰᠠᠨ ᠠᠭᠠᠷ ᠎ ᠤᠨ ᠲᠠᠪᠬᠤᠷᠭ᠎ᠠ ᠶᠢᠨ ᠲᠤᠯᠠᠭᠠᠨ ᠤ ᠭᠡᠮᠵᠢᠶ᠎ᠡ ᠨᠢ ᠲᠥᠷᠭᠡᠨ ᠪᠠᠭᠤᠷᠠᠭᠠᠳ 0℃᠎ ᠠᠴᠠ ᠲᠤᠷᠤᠭᠰᠢ ᠪᠤᠯᠵᠤ᠂ ᠤᠷᠭᠤᠮᠠᠯ ᠤᠨ ᠤᠤᠭᠠᠨ ᠡᠳ᠋ ᠡᠪᠳᠡᠭᠳᠡᠭᠰᠡᠨ ᠠᠴᠠ ᠤᠷᠭᠤᠮᠠᠯ ᠬᠤᠬᠢᠷᠠᠬᠤ ᠪᠤᠶᠤ ᠥᠬᠦᠵᠤ ᠰᠥᠨᠥᠬᠦ‍ ᠨᠢᠭᠡ ᠵᠥᠢᠯ ᠎ ᠤᠨ ᠲᠤᠤᠷ᠎ᠠ ᠲᠤᠯᠠᠭᠠᠨ ᠤ ᠭᠠᠮᠰᠢᠬ ᠪᠤᠯᠤᠨ᠎ᠠ᠃ ᠬᠢᠷᠠᠭᠤ ᠶᠢ ᠪᠠᠰᠠ ᠴᠠᠭᠠᠨ ᠬᠢᠷᠠᠭᠤ ᠬᠢᠭᠡᠳ ᠬᠠᠷ᠎ᠠ ᠬᠢᠷᠠᠭᠤ ᠭᠡᠵᠤ ᠬᠤᠪᠢᠶᠠᠳᠠᠭ᠃ ᠬᠢᠷᠠᠭᠤ ᠤᠨᠠᠬᠤ ᠨᠥᠬᠦᠴᠡᠯ ᠪᠥᠷᠢᠯᠳᠥᠬᠡᠳ ᠭᠡᠢ ᠠᠭᠠᠷ ᠲᠠᠬᠢ ᠤᠰᠤᠨ ᠠᠭᠤᠷ ᠤᠨ ᠠᠭᠤᠯᠤᠭᠳᠠᠴᠠ ᠨᠢ ᠬᠥᠢᠴᠡᠳ ᠪᠠᠶᠢᠬᠤ ᠥᠶ᠎ᠡ ᠳᠤ ᠤᠰᠤᠨ ᠠᠭᠤᠷ ᠨᠢ ᠤᠷᠭᠤᠮᠠᠯ ᠤᠨ ᠥᠡᠭᠭᠡᠨ ᠲᠠᠯ᠎ᠠ ᠳᠤ ᠰᠢᠭᠤᠳ ᠨᠠᠭᠠᠯᠳᠤᠨ ᠮᠥᠰᠦᠯᠢᠭ ᠪᠤᠯᠵᠤ ᠨᠢᠭᠡᠨ ᠲᠠᠪᠬᠤᠷᠭ᠎ᠠ ᠴᠠᠭᠠᠨ ᠥᠡᠭᠭᠡᠳᠡᠢ ᠬᠢᠷᠠᠭᠤ ᠰᠠᠭᠤᠬᠤ ᠶᠢ ᠴᠠᠭᠠᠨ ᠬᠢᠷᠠᠭᠤ ᠭᠡᠳᠡᠭ᠃ ᠬᠢᠷᠠᠭᠤ ᠤᠨᠠᠬᠤ ᠨᠥᠬᠦᠴᠡᠯ ᠪᠥᠷᠢᠯᠳᠥᠭᠡᠳ ᠭᠡᠢ ᠠᠭᠠᠷ ᠲᠠᠬᠢ ᠤᠰᠤᠨ ᠠᠭᠤᠷ ᠤᠨ ᠠᠭᠤᠯᠤᠭᠳᠠᠴᠠ ᠨᠢ ᠬᠥᠢᠴᠡᠳ ᠪᠤᠰᠤ ᠪᠠᠶᠢᠪᠠᠯ ᠤᠷᠭᠤᠮᠠᠯ ᠤᠨ ᠥᠡᠭᠭᠡᠨ ᠲᠠᠯ᠎ᠠ ᠳᠤ ᠴᠠᠭᠠᠨ ᠬᠢᠷᠠᠭᠤ ᠰᠠᠭᠤᠬᠤ ᠥᠭᠡᠢ᠂ ᠭᠡᠪᠡᠴᠤ ᠠᠭᠠᠷ ᠤᠨ ᠲᠤᠯᠠᠭᠠᠨ ᠤ ᠭᠡᠮᠵᠢᠶ᠎ᠡ ᠨᠢ ᠪᠠᠭᠤᠷᠠᠭᠠᠳ 0℃᠎ ᠠᠴᠠ ᠲᠤᠷᠤᠭᠰᠢ ᠪᠤᠯᠵᠤ᠂ ᠲᠡᠷᠢᠮᠠᠯ ᠪᠤᠶᠤ ᠵᠢᠮᠢᠰ ᠤᠨ ᠮᠤᠳᠤ ᠵᠢᠴᠢ ᠪᠤᠰᠤᠳ ᠤᠷᠭᠤᠮᠠᠯ ᠬᠥᠯᠳᠡᠵᠤ᠂ ᠨᠠᠮᠠᠭ᠎ᠠ ᠨᠠᠪᠴᠢ ᠨᠢ ᠬᠤᠪᠠᠭ᠋ᠠᠶᠢᠷᠠᠵᠤ ᠰᠥᠨᠥᠬᠦ ᠎ ᠠᠴᠠ ᠪᠤᠯᠵᠤ ᠬᠠᠷᠠᠯᠠᠬᠤ ᠶᠢ ᠬᠠᠷ᠎ᠠ ᠬᠢᠷᠠᠭᠤ ᠭᠡᠳᠡᠭ ᠶᠤᠮ᠃       ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ       ○ ᠲᠤᠬᠠᠢ ᠶᠢᠨ ᠭᠠᠵᠠᠷ ᠤᠨ ᠢᠶᠠᠨ ᠲᠤᠯᠠᠭᠠᠨ ᠤ ᠭᠡᠮᠵᠢᠶ᠎ᠡ ᠪᠠᠭᠤᠷᠠᠵᠤ ᠬᠢᠷᠠᠭᠤ ᠤᠨᠠᠬᠤ ᠵᠢᠮ᠎ᠡ ᠶᠤᠰᠤ ᠶᠢ ᠡᠵᠡᠮᠰᠢᠵᠤ᠂ ᠲᠡᠷᠢᠮᠠᠯ ᠤᠨ ᠵᠠᠩᠬᠢᠯᠠᠭ᠎ᠠ ᠶᠢᠨ ᠪᠤᠶᠢᠵᠢᠯᠳᠠ ᠶᠢᠨ ᠬᠤᠭᠤᠴᠠᠭ᠎ᠠ ᠶᠢ ᠨᠢ ᠬᠢᠷᠠᠭᠤ ᠤᠨᠠᠬᠤ ᠤᠯᠠᠷᠢᠯ ᠲᠠᠢ ᠵᠥᠷᠢᠬᠦᠯᠵᠤ᠂ ᠲᠤᠤᠷ᠎ᠠ ᠲᠤᠯᠠᠭᠠᠨ ᠳᠤ ᠬᠢᠷᠠᠭᠤ ᠤᠨᠠᠵᠤ ᠬᠤᠬᠢᠷᠠᠬᠤ ᠶᠢ ᠬᠤᠷᠢᠭᠯᠠᠨ ᠪᠠᠭᠠᠰᠬᠠᠬᠤ ᠭᠡᠷᠡᠭᠳᠡᠢ᠃       ○ ᠬᠥᠢᠳᠡᠨ ᠳᠤ ᠥᠯᠴᠢᠷ ᠲᠡᠷᠢᠮᠠᠯ ᠢ ᠪᠤᠶᠢᠵᠢᠭᠤᠯᠵᠤ᠂ ᠲᠡᠷᠢᠵᠤ ᠪᠤᠶᠢᠵᠢᠭᠤᠯᠬᠤ ᠮᠡᠷᠭᠡᠵᠢᠯ ᠢᠶᠠᠨ ᠴᠤ ᠲᠡᠷᠢᠮᠠᠯ ᠤᠨ ᠬᠥᠢᠳᠡᠨ ᠳᠤ ᠥᠯᠴᠢᠷ ᠪᠠᠶᠢᠬᠤ ᠴᠢᠳᠠᠮᠵᠢ ᠶᠢ ᠲᠡᠭᠡᠭᠰᠢᠯᠡᠬᠦᠯᠬᠦ ᠳᠤ ᠬᠠᠨᠳᠤᠭᠤᠯᠤᠨ᠎ᠠ᠃       ○ ᠬᠢᠷᠠᠭᠤ ᠤᠨᠠᠬᠤ ᠠᠴᠠ ᠡᠮᠥᠨ᠎ᠡ ᠤᠰᠤ ᠰᠥᠷᠴᠢᠬᠦ᠂ ᠤᠰᠤ ᠴᠢᠳᠬᠤᠬᠤ᠂ ᠤᠳᠤᠯᠭ᠎ᠠ ᠬᠢᠬᠦ᠂ ᠪᠥᠳᠡᠭᠡᠵᠤ ᠬᠤᠴᠠᠬᠤ᠂ ᠪᠤᠷᠳᠤᠭᠤᠷ ᠤᠷᠤᠭᠤᠯᠬᠤ᠂ ᠰᠠᠯᠬᠢᠨ ᠢ ᠬᠠᠯᠬᠠᠯᠠᠬᠤ ᠵᠡᠷᠭᠡ ᠰᠡᠷᠭᠡᠶᠢᠯᠡᠬᠦ ᠠᠷᠭ᠎ᠠ ᠭᠡᠮᠵᠢᠶ᠎ᠡ ᠎ ᠪᠠᠷ ᠲᠤᠤᠷ᠎ᠠ ᠲᠤᠯᠠᠭᠠᠨ ᠳᠤ ᠲᠡᠷᠢᠮᠠᠯ ᠤᠨ ᠬᠢᠷᠠᠭᠤᠨ ᠳᠤ ᠬᠥᠯᠳᠡᠬᠦ ᠶᠢ ᠨᠢ ᠪᠠᠭᠠᠰᠬᠠᠨ᠎ᠠ᠃       & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ       ◇ ᠡᠯ᠎ᠡ ᠱᠠᠳᠤᠨ ᠤ ᠵᠠᠰᠠᠭ ᠤᠨ ᠤᠷᠳᠤᠨ ᠵᠢᠴᠢ ᠲᠡᠷᠢᠶᠠᠯᠠᠩ ᠮᠠᠯ ᠠᠵᠤ ᠠᠬᠤᠢ᠂ ᠴᠠᠭ ᠠᠭᠤᠷ ᠵᠡᠷᠭᠡ ᠬᠤᠯᠪᠤᠭᠳᠠᠯ ᠪᠥᠬᠦᠢ ᠰᠠᠯᠠᠭ᠎ᠠ ᠮᠥᠴᠢᠷ ᠤᠳ ᠬᠠᠮᠵᠢᠯᠴᠠᠨ ᠠᠵᠢᠯᠯᠠᠵᠤ᠂ ᠬᠢᠷᠠᠭᠤ ᠠᠴᠠ ᠰᠡᠷᠭᠡᠶᠢᠯᠡᠬᠦ ᠠᠵᠢᠯ ᠢ ᠬᠠᠮᠳᠤ ᠪᠠᠷ ᠰᠠᠶᠢᠳᠤᠷ ᠬᠢᠨ᠎ᠠ᠃       ◇ ᠨᠡᠶᠢᠭᠡᠮ ᠨᠡᠶᠢᠳᠡ ᠪᠠᠷ ᠢᠶᠠᠨ᠂ ᠤᠨᠴᠠᠭᠠᠢᠢᠯᠠᠨ ᠲᠡᠷᠢᠶᠠᠴᠢᠨ ᠮᠠᠯᠴᠢᠳ ᠴᠠᠭ ᠠᠭᠤᠷ ᠤᠨ ᠤᠷᠢᠳᠴᠢᠯᠠᠭᠰᠠᠨ ᠮᠡᠳᠡᠭᠡ ᠶᠢ ᠴᠠᠭ ᠢᠮᠠᠭᠳᠠ ᠠᠩᠬᠠᠷᠤᠨ᠂ ᠬᠢᠷᠠᠭᠤ ᠶᠢᠨ ᠥᠶ᠎ᠡ ᠪᠤᠯᠬᠤ ᠳᠤ ᠬᠤᠯᠪᠤᠭᠳᠠᠯ ᠪᠥᠬᠦᠢ ᠰᠠᠯᠠᠭ᠎ᠠ ᠮᠥᠴᠢᠷ ᠤᠨ ᠵᠢᠯᠤᠭᠤᠳᠤᠯᠭ᠎ᠠ ᠲᠤᠤᠷ᠎ᠠ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠬᠦ ᠠᠵᠢᠯᠯᠠᠭ᠎ᠠ ᠬᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号