ᠥᠶᠡᠷ ᠤᠨ ᠲᠤᠬᠠᠢ
ᠨᠡᠶᠢᠲᠡᠯᠡᠭᠰᠡᠨ ᠴᠠᠭ᠄
2016/3/30
       ᠥᠶᠡᠷ ᠭᠡᠳᠡᠭ ᠪᠤᠯ ᠨᠢᠭᠡ ᠵᠥᠢᠯ ᠤᠨ ᠪᠠᠶᠢᠭᠠᠯᠢ ᠶᠢᠨ ᠥᠵᠡᠭᠳᠡᠯ ᠮᠥᠨ᠂ ᠰᠢᠷᠥᠬᠦᠨ ᠪᠤᠷᠤᠭᠠᠨ ᠤ ᠤᠰᠤ ᠥᠶᠡᠷᠯᠡᠬᠦ ᠪᠤᠯ ᠬᠠᠮᠤᠭ ᠠᠷᠪᠢᠨ ᠲᠤᠬᠢᠶᠠᠯᠳᠤᠳᠠᠭ ᠮᠥᠷᠳᠡᠭᠡᠨ ᠠᠶᠤᠯ ᠢᠶᠠᠷ ᠬᠠᠮᠤᠭ ᠶᠡᠭᠡ ᠪᠠᠶᠢᠳᠠᠭ᠃ ᠨᠢᠭᠡ ᠤᠳᠠᠭᠠᠨ ᠤ ᠰᠢᠷᠥᠬᠦᠨ ᠪᠤᠷᠤᠭᠠᠨ ᠪᠤᠶᠤ ᠤᠰᠤᠨ ᠴᠥᠬᠦᠷᠥᠮ ᠰᠡᠳᠡᠷᠡᠬᠦ᠂ ᠤᠰᠤᠨ ᠬᠠᠰᠢᠯᠠᠭ᠎ᠠ ᠶᠡᠬᠦᠷᠡᠬᠦ ᠵᠡᠷᠭᠡ ᠨᠢ ᠴᠥᠮ ᠰᠢᠷᠥᠬᠦᠨ ᠥᠶᠡᠷ ᠪᠤᠯᠳᠠᠭ᠂ ᠡᠶᠢᠮᠥᠷᠬᠦ ᠥᠶᠡᠷ ᠤᠨ ᠤᠰᠤᠨ ᠤ ᠤᠷᠤᠰᠬᠠᠯ ᠨᠢ ᠲᠥᠷᠭᠡᠨ᠂ ᠤᠰᠤᠨ ᠤ ᠭᠡᠮᠵᠢᠶ᠎ᠡ ᠨᠢ ᠶᠡᠭᠡ᠂ ᠲᠠᠭᠠᠷᠢᠬᠤ ᠬᠥᠴᠥᠨ ᠢᠶᠠᠷ ᠲᠤᠯᠬᠢᠨ᠂ ᠡᠪᠳᠡᠯᠡᠬᠦ ᠴᠢᠨᠠᠷ ᠢᠶᠠᠷ ᠰᠥᠷᠡᠭᠡᠢ ᠪᠠᠶᠢᠵᠤ᠂ ᠥᠶᠡᠷ ᠥᠡᠭᠭᠡᠷᠡᠭᠰᠡᠨ ᠭᠠᠵᠠᠷ ᠢᠶᠠᠷ ᠭᠡᠷ ᠪᠠᠶᠢᠰᠢᠩ ᠨᠤᠷᠠᠵᠤ᠂ ᠵᠠᠮ ᠬᠠᠷᠢᠯᠴᠠᠭ᠎ᠠ᠂ ᠴᠢᠮᠡᠭᠡ ᠨᠡᠪᠳᠡᠷᠡᠯᠭᠡ ᠬᠢᠭᠡᠳ ᠴᠠᠬᠢᠯᠭᠠᠨ ᠬᠥᠴᠥᠨ ᠲᠠᠰᠤᠷᠠᠵᠤ᠂ ᠠᠷᠠᠳ ᠲᠥᠮᠡᠨ ᠤ ᠠᠮᠢ ᠨᠠᠰᠤ ᠪᠠ ᠡᠳ᠋ ᠬᠥᠷᠥᠩᠭᠡ ᠳᠤ ᠯᠤᠳᠤ ᠶᠡᠭᠡ ᠬᠤᠬᠢᠷᠠᠯ ᠤᠴᠠᠷᠠᠭᠤᠯᠳᠠᠭ᠃       ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ       ○ ᠥᠶᠡᠷ ᠤᠨ ᠭᠠᠮᠰᠢᠬ ᠲᠤ ᠭᠡᠨᠡᠳᠳᠡ ᠲᠤᠯᠭᠠᠷᠠᠭᠰᠠᠨ ᠥᠶ᠎ᠡ ᠳᠤ ᠥᠨᠳᠥᠷ ᠭᠠᠵᠠᠷ᠂ ᠭᠡᠷ ᠤᠨ ᠤᠷᠤᠢ ᠪᠤᠶᠤ ᠲᠤᠮᠤ ᠮᠤᠳᠤ ᠵᠡᠷᠭᠡ ᠥᠨᠳᠥᠷᠭᠡᠨ ᠭᠠᠵᠠᠷ ᠲᠤ ᠥᠳᠳᠡᠷ ᠲᠥᠷᠭᠡᠨ ᠢᠶᠠᠷ ᠰᠢᠯᠵᠢᠵᠤ᠂ ᠠᠷᠭ᠎ᠠ ᠰᠥᠪᠡᠭᠴᠢᠯᠡᠨ ᠠᠪᠤᠷᠠᠯᠳᠠ ᠬᠥᠰᠡᠭᠰᠡᠨ ᠴᠢᠮᠡᠭᠡ ᠲᠤᠬᠢᠶ᠎ᠠ ᠥᠭᠴᠤ᠂ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃       ○ ᠥᠶᠡᠷ ᠤᠨ ᠰᠡᠷᠡᠮᠵᠢ ᠶᠢᠨ ᠲᠤᠬᠢᠶ᠎ᠠ ᠶᠢ ᠰᠤᠨᠤᠰᠤᠭᠰᠠᠨ ᠲᠠᠷᠤᠢ ᠳᠠᠭᠠᠨ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠤ ᠵᠤᠬᠢᠶᠠᠨ ᠪᠠᠶᠢᠭᠤᠯᠤᠭᠰᠠᠨ ᠰᠢᠯᠵᠢᠯᠳᠡ ᠶᠢᠨ ᠱᠤᠭᠤᠮ ᠢᠶᠠᠷ ᠤᠷᠢᠳᠠᠪᠡᠷ ᠬᠥᠮᠥᠨ ᠲᠠᠷᠠᠭ᠎ᠠ ᠎ ᠳᠤᠨᠢ ᠡᠳ᠋ ᠬᠥᠷᠥᠩᠭᠡ᠂ ᠤᠷᠢᠳᠠᠪᠡᠷ ᠨᠠᠰᠤᠳᠠᠶᠢᠴᠤᠳ ᠭᠡᠥᠭᠡᠳ ᠡᠪᠡᠳᠴᠢᠳᠡᠨ ᠵᠡᠮᠳᠡᠭᠴᠤᠳ ᠪᠥᠰᠡᠬᠦ᠋ᠢᠴᠤᠳ ᠲᠠᠷᠠᠭ᠎ᠠ ᠳᠤᠨᠢ ᠢᠳᠡᠷ ᠵᠠᠯᠠᠭᠤᠴᠤᠳ ᠢ ᠰᠢᠯᠵᠢᠬᠦᠯᠬᠦ ᠭᠡᠷᠡᠭᠳᠡᠢ᠃       ○ ᠠᠭᠤᠯᠠᠨ ᠥᠶᠡᠷ ᠲᠤ ᠲᠤᠯᠭᠠᠷᠠᠵᠤ᠂ ᠤᠰᠤᠨ ᠤ ᠬᠥᠨ ᠢ ᠮᠡᠳᠡᠬᠦ ᠶᠢᠨ ᠠᠷᠭ᠎ᠠ ᠥᠭᠡᠢ ᠪᠠᠶᠢᠳᠠᠯ ᠲᠤᠤᠷ᠎ᠠ᠂ ᠭᠠᠳᠤᠯᠬᠤ ᠪᠤᠶᠤ ᠤᠰᠤᠨ ᠳᠤ ᠤᠷᠤᠬᠤ ᠶᠢ ᠶᠠᠭᠠᠷᠠᠵᠤ ᠪᠤᠯᠬᠤ ᠥᠭᠡᠢ᠂ ᠥᠨᠳᠥᠷ ᠭᠠᠵᠠᠷ ᠲᠤ ᠬᠥᠯᠢᠶᠡᠵᠤ᠂ ᠥᠶᠡᠷ ᠤᠨ ᠤᠰᠤ ᠲᠠᠳᠠᠭᠤᠷᠠᠭᠰᠠᠨ ᠤ ᠰᠡᠬᠦᠯᠡᠷ ᠰᠠᠶ᠋ᠢ ᠭᠠᠳᠤᠯᠬᠤ ᠭᠡᠷᠡᠭᠳᠡᠢ᠃       ○ ᠨᠠᠮ ᠲᠤᠤᠷ᠎ᠠ ᠭᠠᠵᠠᠷ ᠪᠤᠶᠤ ᠥᠶᠡᠷ ᠤᠨ ᠤᠰᠤᠨ ᠤ ᠰᠤᠪᠠᠭ ᠲᠤ ᠠᠵᠢᠯᠯᠠᠭᠰᠠᠳ ᠥᠶᠡᠷ ᠤᠨ ᠤᠰᠤᠨ ᠤ ᠲᠠᠭᠤ ᠶᠢ ᠰᠤᠨᠤᠰᠤᠮᠠᠭᠴᠠ ᠪᠠᠨ ᠥᠳᠳᠡᠷ ᠲᠥᠷᠭᠡᠨ ᠢᠶᠠᠷ ᠥᠨᠳᠥᠷ ᠭᠠᠵᠠᠷ ᠲᠤ ᠰᠢᠯᠵᠢᠨ᠎ᠡ᠃       ○ ᠥᠨᠳᠥᠷ ᠬᠥᠴᠥᠳᠡᠯᠳᠤ ᠴᠠᠬᠢᠯᠭᠠᠨ ᠤᠳᠠᠰᠤᠨ ᠤ ᠲᠡᠮᠥᠷ ᠵᠢᠶᠠᠰᠠ ᠬᠡᠯᠪᠠᠶᠢᠢᠵᠤ ᠤᠨᠠᠬᠤ᠂ ᠴᠠᠬᠢᠯᠭᠠᠨ ᠤᠳᠠᠰᠤ ᠤᠨᠵᠠᠶᠢᠵᠤ ᠭᠠᠵᠠᠷ ᠰᠢᠬᠦᠷᠡᠬᠦ ᠪᠤᠶᠤ ᠲᠠᠰᠤᠷᠠᠭᠰᠠᠨ ᠥᠶ᠎ᠡ ᠳᠤ ᠬᠤᠯᠠ ᠵᠠᠶᠢᠯᠠᠵᠤ᠂ ᠴᠠᠬᠢᠯᠭᠠᠨ ᠳᠤ ᠴᠤᠬᠢᠭᠳᠠᠬᠤ ᠠᠴᠠ ᠰᠡᠷᠭᠡᠶᠢᠯᠡᠬᠦ ᠨᠢ ᠵᠤᠬᠢᠰᠳᠠᠢ᠃       & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ       ◇ ᠥᠶᠡᠷ ᠤᠨ ᠤᠰᠤ ᠨᠢ 6 ~ 9 ᠳ᠋ᠤᠭᠡᠷ ᠰᠠᠷ᠎ᠠ ᠶᠢᠨ ᠬᠤᠭᠤᠷᠤᠨᠳᠤ ᠠᠷᠪᠢᠨ ᠡᠬᠦᠰᠳᠡᠭ ᠲᠤᠯᠠ ᠲᠤᠬᠠᠢ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ ᠠᠩᠬᠠᠷᠤᠨ ᠰᠤᠨᠤᠰᠴᠤ᠂ ᠪᠤᠷᠤᠭᠠᠨ ᠬᠤᠷ᠎ᠠ ᠶᠢᠨ ᠪᠠᠶᠢᠳᠠᠯ ᠎ ᠢ ᠴᠠᠭ ᠲᠤᠬᠠᠢ ᠳᠤᠨᠢ ᠤᠢᠢᠯᠠᠭᠠᠵᠤ᠂ ᠰᠡᠷᠭᠡᠶᠢᠯᠡᠯᠳᠡ ᠪᠠᠨ ᠰᠠᠶᠢᠳᠤᠷ ᠬᠢᠬᠦ ᠭᠡᠷᠡᠭᠳᠡᠢ᠃       ◇ ᠤᠰᠤᠨ ᠤ ᠬᠥᠨ ᠨᠢ 0.7 ᠮᠧᠲᠷ ᠪᠤᠯᠬᠤ ᠥᠶ᠎ᠡ ᠳᠤ᠂ ᠬᠥᠮᠥᠨ ᠤᠰᠤᠨ ᠲᠤᠳᠤᠷ᠎ᠠ ᠠᠶᠠᠯᠠᠬᠤ ᠳᠤ ᠲᠤᠩ ᠬᠥᠴᠢᠷᠳᠡᠳᠡᠭ ᠲᠤᠯᠠ ᠠᠭᠤᠯᠠᠨ ᠥᠶᠡᠷ ᠲᠤᠯᠭᠠᠷᠠᠭᠰᠠᠨ ᠥᠶ᠎ᠡ ᠳᠤ ᠭᠤᠤᠯ ᠭᠠᠳᠤᠯᠵᠤ ᠪᠤᠯᠬᠤ ᠥᠭᠡᠢ᠃       ◇ ᠶᠡᠭᠡ ᠥᠶᠡᠷ ᠥᠡᠭᠭᠡᠷᠡᠭᠰᠡᠨ ᠤ ᠲᠠᠷᠠᠭ᠎ᠠ ᠤᠤᠭᠤᠬᠤ ᠤᠰᠤᠨ ᠤ ᠪᠠᠨ ᠴᠢᠨᠠᠷ ᠢ ᠪᠠᠶᠢᠴᠠᠭᠠᠵᠤ᠂ ᠤᠤᠭᠤᠬᠤ ᠤᠰᠤᠨ ᠤ ᠴᠢᠨᠠᠷ ᠨᠢ ᠬᠤᠪᠢᠷᠠᠯᠳᠠ ᠲᠠᠢ ᠪᠤᠯᠤᠭᠰᠠᠨ ᠪᠤᠯ ᠤᠤᠭᠤᠵᠤ ᠪᠤᠯᠬᠤ ᠥᠭᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号