ᠵᠠᠯᠭᠠᠪᠡᠷ ᠤᠷᠤᠭᠰᠠᠨ ᠴᠠᠰᠤᠨ ᠤ ᠭᠡᠮᠵᠢᠶ᠎ᠡ ᠨᠢ 10 ᠮᠢᠯᠢᠮᠧᠲᠷ ᠠᠴᠠ ᠶᠡᠭᠡ ᠪᠤᠶᠤ ᠲᠡᠩᠴᠡᠬᠦᠥ ᠪᠤᠯᠪᠠᠯ | ᠴᠠᠰᠤ ᠵᠤᠳ ᠭᠡᠨ᠎ᠡ᠃ ᠴᠠᠰᠤ ᠵᠤᠳ ᠭᠡᠳᠡᠭ ᠨᠢ ᠤᠷᠳᠤ ᠬᠤᠭᠤᠴᠠᠭ᠎ᠠ ᠪᠠᠷ ᠶᠡᠭᠡ ᠴᠠᠰᠤ ᠤᠷᠤᠭᠠᠳ ᠶᠡᠭᠡ ᠭᠡᠮᠵᠢᠶ᠎ᠡ | ᠪᠠᠷ ᠴᠠᠰᠤ ᠬᠤᠷᠠᠵᠤ᠂ ᠵᠠᠮ ᠬᠠᠷᠢᠯᠴᠠᠭ᠎ᠠ᠂ ᠠᠵᠤ ᠥᠢᠯᠡᠳᠪᠥᠷᠢ ᠲᠡᠷᠢᠶᠠᠯᠠᠩ ᠤᠨ ᠥᠢᠯᠡᠳᠪᠥᠷᠢᠯᠡᠯ ᠪᠤᠯᠤᠨ ᠠᠷᠠᠳ | ᠤᠨ ᠠᠮᠢᠳᠤᠷᠠᠯ ᠵᠡᠷᠭᠡ ᠶᠢ ᠨᠥᠯᠥᠭᠡᠯᠡᠬᠦ ᠪᠠᠶᠢᠭᠠᠯᠢ ᠶᠢᠨ ᠭᠠᠮᠰᠢᠬ ᠮᠥᠨ᠃ | ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ● ᠵᠠᠮ ᠬᠠᠷᠢᠯᠴᠠᠭ᠎ᠠ᠂ ᠲᠡᠮᠥᠷ ᠵᠠᠮ᠂ ᠴᠠᠬᠢᠯᠭᠠᠨ ᠬᠥᠴᠥᠨ᠂ ᠴᠢᠮᠡᠭᠡ ᠨᠡᠪᠳᠡᠷᠡᠯᠭᠡ ᠵᠡᠷᠭᠡ ᠰᠠᠯᠠᠭ᠎ᠠ | ᠮᠥᠴᠢᠷ ᠤᠨ ᠬᠢᠨ ᠵᠠᠰᠠᠮᠠᠯ ᠵᠠᠮ᠂ ᠲᠡᠮᠥᠷ ᠵᠠᠮ ᠤᠨ ᠵᠠᠮ ᠱᠤᠭᠤᠮ ᠢᠶᠠᠨ ᠲᠤᠭᠤᠷᠢᠨ ᠪᠠᠶᠢᠴᠠᠭᠠᠵᠤ ᠬᠠᠮᠠᠭᠠᠯᠠᠬᠤ | ᠪᠥᠭᠡᠳ ᠵᠠᠮ ᠱᠤᠭᠤᠮ ᠢᠶᠠᠷ ᠴᠡᠪᠡᠷᠯᠡᠵᠤ ᠱᠥᠬᠦᠷᠳᠡᠬᠦ ᠪᠠ ᠬᠤᠷᠠᠭᠰᠠᠨ ᠴᠠᠰᠤ ᠶᠢ ᠠᠷᠢᠯᠭᠠᠬᠤ ᠠᠵᠢᠯ ᠢ ᠰᠠᠶᠢᠳᠤᠷ | ᠬᠢᠨ᠎ᠠ᠃ | ● ᠶᠠᠪᠠᠭᠠᠨ ᠬᠥᠮᠥᠰ ᠲᠠᠭᠠᠷᠠᠬᠤ ᠪᠠ ᠬᠠᠯᠳᠤᠷᠢᠬᠤ ᠠᠴᠠ ᠰᠡᠷᠭᠡᠶᠢᠯᠡᠵᠤ᠂ ᠵᠢᠯᠤᠭᠤᠴᠢᠳ ᠲᠡᠷᠭᠡ ᠬᠥᠰᠭᠡ | ᠪᠠᠨ ᠬᠢᠴᠢᠶᠡᠨ ᠵᠢᠯᠤᠭᠤᠳᠴᠤ᠂ ᠲᠡᠷᠭᠡ ᠬᠥᠰᠭᠡ ᠶᠢᠨ ᠬᠥᠷᠳᠥᠨ ᠳᠡᠭᠡᠨ ᠭᠤᠯᠭᠤᠬᠤ ᠠᠴᠠ ᠰᠡᠷᠭᠡᠶᠢᠯᠡᠬᠦ ᠠᠷᠭ᠎ᠠ | ᠭᠡᠮᠵᠢᠶ᠎ᠡ ᠠᠪᠬᠤ ᠭᠡᠷᠡᠭᠳᠡᠢ᠃ | & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◆ ᠮᠠᠯ ᠰᠥᠷᠥᠭ ᠤᠨ ᠪᠠᠬᠢᠯᠢᠭ᠌ ᠪᠤᠰᠤ ᠫᠧᠩ ᠰᠠᠷᠠᠪᠴᠢ ᠪᠤᠯᠤᠨ ᠰᠥᠯ᠊ | ᠵᠶᠤᠤ ᠫᠧᠩ ᠵᠡᠷᠭᠡ ᠴᠠᠰᠤᠨ ᠳᠤ ᠬᠢᠯᠪᠠᠷ ᠲᠠᠷᠤᠭᠳᠠᠵᠤ ᠡᠪᠳᠡᠷᠡᠬᠦ ᠠᠶᠤᠯᠳᠠᠢ ᠪᠠᠷᠢᠯᠭ᠎ᠠ ᠶᠢ ᠪᠠᠬᠢᠯᠡᠨ᠎ᠡ᠃ | ◆ ᠲᠠᠷᠢᠶᠠᠯᠠᠬᠤ ᠮᠠᠯᠵᠢᠬᠤ ᠤᠷᠤᠨ ᠪᠤᠯᠤᠨ ᠲᠡᠷᠢᠵᠤ ᠲᠡᠵᠢᠭᠡᠵᠤ ᠥᠷᠡᠵᠢᠬᠦᠯᠬᠦ ᠥᠢᠯᠡᠰ ᠤᠨ ᠬᠢᠨ | ᠲᠡᠵᠢᠭᠡᠯ ᠪᠤᠷᠳᠤᠭ᠎ᠠ ᠪᠠᠨ ᠨᠥᠭᠡᠴᠡᠯᠡᠨ ᠬᠠᠳᠠᠭᠠᠯᠠᠵᠤ᠂ ᠵᠤᠳ ᠠᠴᠠ ᠰᠡᠷᠭᠡᠶᠢᠯᠡᠬᠦ ᠪᠠ ᠬᠥᠯᠳᠡᠵᠤ ᠬᠤᠬᠢᠷᠠᠬᠤ ᠠᠴᠠ | ᠰᠡᠷᠭᠡᠶᠢᠯᠡᠬᠦ ᠪᠡᠯᠡᠳᠭᠡᠯ ᠠᠵᠢᠯ ᠢᠶᠠᠨ ᠰᠠᠶᠢᠳᠤᠷ ᠬᠢᠨ᠎ᠠ᠃ | ◆ ᠵᠠᠰᠠᠭ ᠤᠨ ᠤᠷᠳᠤᠨ ᠵᠢᠴᠢ ᠬᠠᠮᠢᠶ᠎ᠠ ᠪᠥᠬᠦᠢ ᠰᠠᠯᠠᠭ᠎ᠠ ᠮᠥᠴᠢᠷ ᠤᠳ ᠡᠬᠦᠷᠭᠡ ᠬᠠᠷᠢᠭᠤᠴᠠᠯᠭ᠎ᠠ ᠶᠢᠨ | ᠢᠶᠠᠨ ᠶᠤᠰᠤᠭᠠᠷ ᠵᠤᠳ ᠠᠴᠠ ᠰᠡᠷᠭᠡᠶᠢᠯᠡᠬᠦ ᠪᠠ ᠬᠥᠯᠳᠡᠵᠤ ᠬᠤᠬᠢᠷᠠᠬᠤ ᠠᠴᠠ ᠰᠡᠷᠭᠡᠶᠢᠯᠡᠬᠦ ᠠᠵᠢᠯ ᠢ | ᠨᠠᠶᠢᠳᠠᠪᠤᠷᠢᠵᠢᠭᠤᠯᠬᠤ ᠭᠡᠷᠡᠭᠳᠡᠢ᠃ | |