ᠲᠡᠯᠡᠬᠡᠢ ᠶᠢᠨ ᠨᠡᠷᠡᠲᠦ ᠬᠦᠮᠦᠰ ᠤᠨ ᠭᠡᠷ ᠤᠨ ᠰᠣᠷᠭᠠᠯ
ᠨᠡᠶᠢᠲᠡᠯᠡᠭᠰᠡᠨ ᠴᠠᠭ᠄
2016/3/29
            ᠳ᠋ᠠᠷᠸᠢᠨ ᠤ ᠭᠡᠷ ᠤᠨ ᠰᠣᠷᠭᠠᠯ       1. ᠡᠴᠢᠭᠡ ᠡᠬᠡ ᠪᠣᠯᠣᠭᠰᠠᠳ ᠦᠷ᠎ᠠ ᠬᠡᠣᠬᠡᠣᠨ ᠤᠨ ᠢᠶᠠᠨ ᠠᠮᠢᠳᠣᠷᠠᠯ ᠤᠨ ᠣᠳᠣᠷᠢᠳᠣᠭᠠᠴᠢ ᠪᠣᠯᠣᠭᠰᠠᠨ ᠤ ᠬᠤᠪᠢ ᠳᠤ᠂ ᠣᠳᠣᠷᠢᠳᠣᠭᠠᠴᠢ ᠶᠢᠨ ᠣᠶᠢᠯᠡᠳᠣᠯ ᠢᠶᠠᠨ ᠵᠠᠪᠠᠯ ᠭᠠᠷᠭᠠᠬᠤ ᠬᠡᠷᠡᠭᠳᠠᠢ᠃       2. ᠴᠠᠭ ᠢᠮᠠᠭᠳᠠ ᠪᠠᠶᠠᠷ ᠬᠦᠷ ᠲᠠᠢ ᠪᠠᠶᠢᠬᠤ ᠭᠡᠷ ᠪᠦᠯᠢ ᠶᠢᠨ ᠣᠷᠴᠢᠨ ᠢ ᠪᠣᠢ ᠪᠣᠯᠭᠠᠨ᠎ᠠ᠃       3. ᠠᠶᠠᠯᠠᠯ ᠢᠶᠠᠷ ᠲᠠᠮᠵᠢᠵᠣ᠂ ᠠᠮᠢᠳᠣᠷᠠᠯ ᠤᠨ ᠡᠷᠬᠢᠯᠳᠠ ᠶᠢᠨ ᠴᠢᠭ ᠢᠶᠠᠨ ᠡᠷᠢᠨ᠎ᠡ᠃       4. ᠠᠯᠢ ᠲᠠᠯ᠎ᠠ ᠴᠤ ᠬᠠᠮᠢᠶ᠎ᠠ ᠦᠭᠡᠢ᠂ ᠬᠡᠣᠬᠡᠣᠨ ᠲᠠᠢ ᠪᠠᠨ ᠵᠠᠩ ᠠᠭᠠᠰᠢ ᠨᠡᠶᠢᠯᠡᠬᠦ ᠦᠭᠡᠢ ᠪᠣᠯ ᠠᠯᠪᠠᠳᠠᠨ ᠱᠠᠭᠠᠷᠳᠠᠬᠤ ᠬᠡᠷᠡᠭ ᠦᠭᠡᠢ᠃       5. ᠬᠡᠷᠪᠡ ᠦᠷ᠎ᠠ ᠬᠡᠣᠬᠡᠣᠨ ᠤᠨ ᠢᠶᠠᠨ ᠲᠠᠯᠳᠠ ᠴᠢᠳᠠᠪᠬᠢ ᠶᠢ ᠨᠢ ᠣᠯᠵᠣ ᠮᠡᠳᠡᠭᠰᠡᠨ ᠪᠣᠯ ᠪᠦᠬᠦ ᠬᠦᠴᠦᠨ ᠢᠶᠠᠷ ᠢᠶᠠᠨ ᠲᠠᠮᠵᠢᠬᠦ ᠬᠡᠷᠡᠭᠳᠠᠢ᠃       6. ᠬᠡᠷᠪᠡ ᠡᠰᠡᠷᠭᠦᠴᠡᠬᠦ ᠬᠦᠮᠣᠨ ᠨᠢ ᠣᠯᠠᠩᠬᠢ ᠲᠤᠭ᠎ᠠ ᠶᠢ ᠡᠵᠡᠯᠡᠭᠰᠡᠨ ᠪᠣᠯ ᠣᠷᠳᠣ ᠬᠤᠭᠤᠴᠠᠭᠠᠨ ᠤ ᠢᠳᠬᠠᠬᠤ ᠠᠷᠭ᠎ᠠ ᠶᠢ ᠬᠡᠷᠡᠭᠯᠡᠨ᠎ᠠ᠃ 7. ᠴᠣᠭᠯᠠᠭᠠᠨ ᠬᠢᠬᠦ ᠪᠠᠷ ᠳᠠᠮᠵᠢᠵᠣ ᠡᠷᠬᠢᠮ ᠬᠦᠮᠣᠨ ᠤ ᠬᠤᠭᠤᠷᠣᠨᠳᠣᠬᠢ ᠬᠠᠷᠢᠴᠠᠭ᠎ᠠ ᠬᠤᠯᠪᠣᠭ᠎ᠠ ᠶᠢ ᠪᠠᠶᠢᠭᠤᠯᠣᠨ᠎ᠠ᠃       8. ᠦᠶ᠎ᠠ ᠶᠢᠨ ᠦᠶ᠎ᠠ ᠪᠠᠷ ᠢᠶᠠᠨ ᠣᠯᠠᠮᠵᠢᠯᠠᠨ ᠡᠷᠬᠢᠯᠡᠬᠦ ᠭᠡᠷ ᠤᠨ ᠰᠣᠷᠭᠠᠭᠤᠯᠢ ᠶᠢ ᠡᠭᠦᠳᠣᠨ ᠪᠠᠶᠢᠭᠤᠯᠣᠨ᠎ᠠ       9. ᠡᠳᠣᠷ ᠪᠣᠯᠭᠠᠨ ᠤ ᠲᠦᠯᠣᠪᠯᠡᠭᠡ ᠪᠠᠨ ᠲᠣᠭᠳᠠᠭᠠᠬᠤ ᠶᠢᠨ ᠬᠠᠮᠳᠣ ᠲᠣᠭᠲᠠᠭᠠᠭᠰᠠᠨ ᠲᠦᠯᠦᠪᠯᠡᠭᠡ ᠪᠠᠨ ᠴᠢᠷᠮᠠᠶᠢᠨ ᠪᠠᠶᠡᠯᠡᠭᠦᠯᠣᠨ᠎ᠠ᠃       10. ᠦᠷ᠎ᠠ ᠬᠡᠣᠬᠡᠳ ᠤᠨ ᠢᠶᠠᠨ ᠲᠦᠯᠣᠭᠡ᠂ ᠠᠮᠢᠳᠣᠷᠠᠯ ᠤᠨ ᠴᠤ᠋ ᠰᠢᠨ᠎ᠡ ᠪᠠᠶᠢᠳᠠᠯ ᠢ ᠨᠡᠬᠡᠬᠡᠬᠦ ᠰᠠᠶᠢᠨ ᠪᠠᠭᠰᠢ ᠲᠣᠳᠣᠨᠣ ᠨᠠᠶᠢᠵᠨ ᠲᠠᠢ ᠨᠦᠭᠦᠷᠯᠡᠨ᠎ᠠ᠃             ᠲᠧᠭᠤᠷ ᠤᠨ ᠭᠡᠷ ᠤᠨ ᠰᠣᠷᠭᠠᠯ       1. ᠪᠢᠴᠢᠭ ᠤᠨ ᠰᠣᠷᠪᠣᠯᠵᠢᠳᠠᠨ ᠤ ᠠᠭᠤᠷ ᠠᠮᠢᠰᠬᠤᠯ ᠲᠠᠢ ᠭᠡᠷ ᠪᠦᠯᠢ ᠶᠢᠨ ᠣᠷᠴᠢᠨ ᠲᠣᠭᠤᠷᠢᠨ ᠢ ᠪᠣᠢ ᠪᠣᠯᠭᠠᠨ᠎ᠠ᠃       2. ᠣᠡᠭᠰᠢᠬᠤ ᠪᠠᠷ ᠲᠠᠮᠵᠢᠨ ᠰᠣᠷᠭᠠᠭᠤᠯᠢ ᠳᠤ ᠰᠣᠷᠴᠣ ᠲᠡᠶᠢᠯᠬᠦ ᠦᠭᠡᠢ ᠮᠡᠳᠡᠯᠭᠡ ᠶᠢ ᠨᠦᠬᠦᠪᠣᠷᠢᠯᠡᠨ᠎ᠠ᠃       3. ᠬᠡᠣᠬᠡᠣᠨ ᠬᠡᠷᠪᠡ ᠰᠣᠷᠭᠠᠭᠤᠯᠢ ᠶᠢᠨ ᠠᠮᠢᠳᠣᠷᠠᠯ ᠳᠤ ᠶᠠᠭ ᠲᠠᠰᠴᠣ ᠲᠡᠶᠢᠯᠬᠦ ᠦᠭᠡᠢ ᠦᠶᠡᠰ᠂ ᠢᠳᠡᠪᠬᠢᠳᠠᠢ ᠬᠠᠷᠢᠭᠤᠴᠠᠬᠤ ᠠᠷᠭ᠎ᠠ ᠶᠢ ᠡᠷᠢᠨ᠎ᠠ᠃       4. ᠭᠡᠷ ᠤᠨ ᠪᠠᠭᠰᠢ ᠶᠢ ᠣᠷᠢᠨ ᠵᠠᠯᠠᠬᠤ ᠪᠠᠷ ᠲᠠᠮᠵᠢᠨ ᠬᠡᠣᠬᠡᠣᠨ ᠤᠨ ᠣᠯᠠᠨ ᠲᠦᠷᠣᠯ ᠤᠨ ᠴᠢᠳᠠᠪᠣᠷᠢ ᠶᠢ ᠬᠦᠮᠣᠵᠢᠭᠦᠯᠣᠨ᠎ᠠ᠃       5. ᠴᠦᠡᠭᠬᠦ ᠪᠠᠨ ᠬᠡᠣᠬᠡᠣᠨ ᠲᠡᠭᠡᠨ ᠦᠭᠴᠣ᠂ ᠠᠵᠣ ᠠᠮᠢᠳᠣᠷᠠᠯ ᠤᠨ ᠬᠦᠮᠣᠵᠢᠯ ᠢ ᠬᠦᠷᠳᠡᠭᠡᠨ᠎ᠠ᠃       6. ᠪᠣᠰᠣᠣᠨ ᠱᠠᠰᠢᠨ ᠤ ᠬᠡᠯᠪᠠᠶᠢᠭᠦᠣ ᠦᠵᠡᠯ ᠢ ᠦᠭᠡᠶᠢᠰᠭᠡᠨ᠎ᠠ᠃       7. ᠲᠣᠮᠣ ᠪᠠᠶᠠᠨ ᠪᠣᠯᠣᠭᠰᠠᠨ ᠤ ᠲᠠᠷᠠᠭ᠎ᠠ ᠰᠣᠶᠣᠯ ᠣᠷᠠᠯᠢᠭ ᠢ ᠢᠳᠡᠪᠬᠢᠳᠡᠢ ᠲᠡᠮᠵᠢᠨ᠎ᠠ᠃       8. ᠦᠷ᠎ᠠ ᠬᠡᠣᠬᠡᠳ ᠲᠠᠢ ᠪᠠᠨ ᠬᠠᠮᠳᠣ ᠪᠠᠷ ᠡᠬᠡ ᠪᠠᠶᠢᠭᠠᠯᠢ ᠪᠠᠷ ᠲᠣᠭᠤᠷᠢᠵᠣ᠂ ᠲᠡᠳᠡ ᠨᠠᠷ ᠤᠨ ᠣᠷᠠᠨ ᠰᠡᠳᠬᠢᠭᠦᠢ ᠶᠢ ᠨᠡᠭᠡᠭᠡᠭᠳᠡᠭᠦᠯᠦᠨ᠎ᠡ᠃ 9. ᠨᠠᠷᠢᠨ ᠨᠢᠮᠪᠠᠢ ᠲᠦᠯᠣᠪᠯᠡᠭᠡ ᠲᠣᠭᠳᠠᠭᠠᠵᠣ᠂ ᠵᠢᠭᠤᠯᠴᠢᠯᠠᠯ ᠬᠢᠬᠦ ᠪᠠᠷ ᠳᠠᠮᠵᠢᠨ ᠦᠷ᠎ᠠ ᠬᠡᠣᠬᠡᠣᠨ ᠲᠡᠭᠡᠨ ᠨᠡᠩ ᠣᠯᠠᠨ ᠶᠣᠰᠣ ᠣᠴᠢᠷ ᠢ ᠮᠡᠳᠡᠭᠦᠯᠣᠨ᠎ᠠ᠃       10. ᠦᠷ᠎ᠠ ᠬᠡᠣᠬᠡᠣᠨ ᠢᠶᠠᠨ ᠨᠢᠯᠬ᠎ᠠ ᠪᠠᠭ᠎ᠠ ᠠᠴᠠ ᠨᠢ ᠲᠠᠭᠤᠣ ᠬᠦᠭᠵᠢᠮ ᠪᠠ ᠣᠷᠠᠨ ᠵᠢᠷᠤᠭ ᠣᠷᠣᠭᠤ ᠬᠦᠳᠣᠯᠣᠨ᠎ᠠ᠃             ᠲᠣᠯᠰᠲ᠋ᠣᠢ ᠶᠢᠨ ᠭᠡᠷ ᠤᠨ ᠰᠣᠷᠭᠠᠯ       1. ᠬᠡᠣᠬᠡᠣᠨ ᠢᠶᠠᠷ ᠢᠶᠠᠨ ᠡᠳᠣᠷ ᠪᠣᠯᠭᠠᠨ ᠡᠳᠣᠷ ᠤᠨ ᠲᠡᠮᠳᠡᠭᠯᠡᠯ ᠪᠢᠴᠢᠭᠦᠯᠵᠦ᠂ ᠨᠢᠭᠡ ᠡᠳᠣᠷ ᠤᠨ ᠠᠵᠢᠯᠯᠠᠭ᠎ᠠ ᠶᠢ ᠡᠷᠬᠢᠴᠡᠭᠦᠯᠣᠨ ᠪᠣᠳᠣᠭᠤᠯᠣᠨ᠎ᠠ᠃       2. ᠲᠦᠯᠣᠪᠯᠡᠭᠡ ᠶᠢᠨ ᠬᠦᠰᠣᠨᠦᠭᠳᠣ ᠵᠣᠬᠢᠶᠠᠵᠣ᠂ ᠬᠠᠮᠳᠣ ᠶᠢᠨ ᠠᠵᠢᠯᠯᠠᠭ᠎ᠠ ᠪᠠᠨ ᠬᠠᠮᠲᠣ ᠪᠠᠷ ᠴᠢᠷᠮᠠᠶᠢᠨ ᠬᠦᠢᠴᠡᠳᠭᠡᠨ᠎ᠠ᠃       3. ᠲᠦᠷᠣᠯ ᠣᠭᠰᠠᠭᠠᠳᠠᠨ ᠤ ᠡᠳᠣᠷ ᠤᠨ ᠲᠡᠮᠳᠡᠭᠯᠡᠯ ᠪᠢᠴᠢᠬᠦ ᠰᠠᠶᠢᠨ ᠲᠠᠳᠬᠠᠯ ᠲᠠᠢ ᠪᠣᠯᠭᠠᠨ᠎ᠠ᠃       4. ᠬᠠᠷᠠᠬᠠᠨ ᠪᠠᠭ᠎ᠠ ᠠᠴᠠ ᠪᠠᠨ ᠶᠡᠭᠡ ᠲᠠᠭᠤᠨ ᠢᠶᠠᠷ ᠬᠢᠴᠢᠶᠡᠯ ᠢᠶᠠᠨ ᠣᠡᠭᠰᠢᠨ᠎ᠠ᠃       5. ᠦᠷ᠎ᠠ ᠬᠡᠣᠬᠡᠣᠨ ᠤᠨ ᠢᠶᠠᠨ ᠲᠠᠭᠤᠣ ᠬᠦᠭᠵᠢᠮ ᠪᠠ ᠣᠷᠠᠨ ᠵᠢᠷᠤᠭ ᠤᠨ ᠲᠠᠯ᠎ᠠ ᠪᠠᠷ ᠬᠢ ᠴᠢᠳᠠᠪᠣᠷᠢ ᠶᠢ ᠤᠬᠠᠮᠰᠠᠷ ᠠᠴᠠ ᠪᠠᠨ ᠨᠡᠭᠡᠭᠡᠭᠳᠡᠭᠦᠯᠦᠨ᠎ᠡ᠃       6. ᠬᠡᠣᠬᠡᠣᠨ ᠤᠨ ᠢᠶᠠᠨ ᠴᠢᠳᠠᠪᠣᠷᠢ ᠶᠢ ᠣᠯᠵᠣ ᠮᠡᠳᠡᠭᠰᠡᠨ ᠤ ᠰᠡᠭᠦᠯᠡᠷ᠂ ᠬᠡᠷ ᠤᠨ ᠪᠠᠭᠰᠢ ᠣᠷᠢᠨ ᠬᠠᠪᠰᠣᠷᠣᠨ ᠵᠢᠯᠣᠭᠤᠳᠣᠭᠤᠯᠣᠨ᠎ᠠ᠃       7. ᠲᠣᠬᠠᠢ ᠶᠢᠨ ᠭᠠᠵᠠᠷ ᠤᠨ ᠪᠠᠭᠰᠢ ᠠᠴᠠ ᠭᠠᠳᠠᠭᠠᠳᠣ ᠬᠡᠯᠨ ᠶᠢ ᠰᠣᠷᠣᠯᠴᠠᠨ᠎ᠠ᠃       8. ᠦᠷᠭᠦᠯᠵᠢ ᠨᠠᠰᠣ ᠪᠠᠭ᠎ᠠ ᠬᠡᠣᠬᠡᠣᠨ ᠲᠡᠭᠡᠨ ᠬᠠᠨᠢ ᠪᠣᠯᠵᠣ᠂ ᠲᠡᠳᠡ ᠨᠠᠷ ᠲᠤ ᠬᠡᠣᠬᠡᠣᠨ ᠤᠨ ᠦᠯᠢᠭᠡᠷ ᠵᠠᠷᠢᠵᠣ ᠦᠭᠭᠦᠨ᠎ᠠ᠃       9. ᠲᠦᠷᠣᠯ ᠣᠭᠰᠠᠭᠠᠳᠠᠨ ᠤ ᠪᠠᠨ ᠬᠦᠭᠵᠢᠯ ᠤᠨ ᠲᠡᠣᠬᠡ ᠶᠢ ᠶᠠᠷᠢᠵᠣ᠂ ᠬᠡᠣᠬᠡᠣᠨ ᠤᠨ ᠢᠶᠠᠨ ᠲᠦᠷᠣᠯ ᠣᠭᠰᠠᠭ᠎ᠠ ᠳᠠᠭᠠᠨ ᠣᠮᠣᠭᠰᠢᠯ ᠲᠦᠷᠣᠬᠦ ᠪᠤᠳᠤᠯ ᠢ ᠬᠦᠮᠣᠵᠢᠭᠦᠯᠣᠨ᠎ᠠ᠃       10. ᠶᠠᠳᠠᠭᠤ ᠬᠦᠴᠢᠷᠳᠠᠯᠳᠠᠢ ᠵᠡᠷᠭᠡᠯᠡᠳᠡᠭᠡ ᠠᠶᠢᠯ ᠢ ᠴᠢᠷᠮᠠᠶᠢᠨ ᠲᠣᠰᠠᠯᠠᠬᠤ ᠳᠠᠳᠬᠠᠯ ᠲᠠᠢ ᠪᠣᠯᠭᠠᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号