| | ᠮᠠᠨ ᠤ ᠬᠢ ᠲᠤᠯᠭᠠᠷ ᠡᠭᠡᠴᠢ ᠶᠢᠨ ᠬᠢᠨ ᠲᠠᠢ ᠬᠠᠮᠳᠤ ᠤᠯᠠᠨ ᠵᠢᠯ ᠠᠶᠢᠯ ᠰᠠᠭᠠᠬᠠᠯᠳᠠ ᠶᠠᠪᠤᠭᠰᠠᠭᠠᠷ ᠪᠠᠷᠤᠭ | ᠠᠬ᠎ᠠ ᠲᠡᠬᠦᠤ ᠠᠴᠠ ᠢᠯᠡᠬᠦᠤ ᠲᠤᠳᠤᠨᠤ ᠪᠤᠯᠤᠭᠰᠠᠨ ᠶᠤᠮ᠃ ᠲᠤᠯᠤᠭᠠᠳ ᠤᠨ ᠲᠤᠮᠳᠠ ᠬᠤᠶᠠᠷ ᠪᠤᠷᠤ ᠭᠡᠷ | ᠤᠳᠤᠭ᠎ᠠ ᠰᠤᠭᠤᠨᠠᠭᠯᠠᠭᠤᠯᠵᠤ᠂ ᠨᠡᠬᠦᠭᠰᠡᠨ ᠴᠦ᠂ ᠰᠠᠭᠤᠭᠰᠠᠨ ᠴᠦ ᠬᠠᠮᠳᠤ ᠲᠦᠷᠪᠡᠨ ᠤᠯᠠᠷᠢᠯ ᠤᠨ ᠨᠢᠭᠤᠷ | ᠦᠵᠡᠨ᠎ᠠ᠃ | ᠲᠤᠯᠭᠠᠷ ᠡᠭᠡᠴᠢ ᠶᠢᠨ ᠭᠠᠭᠴᠨ ᠬᠦᠤ ᠲᠤᠷᠵᠢ ᠭᠠᠳᠠᠭᠠᠳᠤ ᠳᠤ ᠲᠡᠭᠡᠳᠤ ᠰᠤᠷᠭᠠᠭᠤᠯᠢ ᠳᠤ ᠶᠠᠪᠤᠭᠠᠳ | ᠭᠤᠷᠪᠠᠨ ᠵᠢᠯ ᠪᠤᠯᠵᠤ ᠪᠠᠶᠢᠯ᠎ᠠ᠃ ᠰᠤᠷᠭᠠᠭᠤᠯᠢ ᠳᠤ ᠶᠠᠪᠤᠭᠰᠠᠨ ᠠᠩᠬᠠᠨ ᠤ ᠵᠢᠯ ᠵᠠᠬᠢᠶ᠎ᠠ ᠶᠡᠭᠡ ᠪᠢᠴᠢᠳᠡᠭ ᠪᠠᠶᠢᠪᠠ᠃ | ᠵᠠᠬᠢᠶ᠎ᠠ ᠢᠷᠡᠬᠦ ᠪᠦᠷᠢ ᠲᠤᠯᠭᠠᠷ ᠡᠭᠡᠴᠢ ᠨᠠᠳᠠ ᠪᠠᠷ ᠲᠠᠭᠤᠳᠠᠭᠤᠯᠤᠨᠠ᠃ ᠪᠢ ᠭᠠᠷᠭᠠᠴᠨ ᠮᠠᠭᠤᠳᠠᠢ᠂ ᠭᠠᠳᠠᠭᠠᠳᠤ | ᠦᠭᠡ ᠪᠠᠭ᠎ᠠ ᠦᠭᠡᠢ ᠤᠷᠤᠭᠤᠯᠤᠭᠰᠠᠨ ᠵᠠᠬᠢᠶ᠎ᠠ ᠶᠢ ᠨᠢ ᠤᠩᠰᠢᠵᠤ ᠦᠭᠬᠦ ᠬᠡᠵᠤ ᠬᠢᠷᠢ ᠳᠡᠭᠡᠨ ᠲᠡᠪᠡᠳᠡᠨᠠ᠃ ᠵᠠᠬᠢᠶ᠎ᠠ | ᠶᠢ ᠨᠢ ᠬᠡᠳᠤ ᠲᠠᠬᠢᠨ ᠤᠩᠰᠢᠵᠤ ᠦᠭᠬᠦᠭᠡᠳ ᠤᠷᠤᠰ ᠦᠭᠡ ᠶᠢᠨ ᠬᠢᠨᠢ ᠤᠴᠢᠷ ᠢ ᠲᠠᠶᠢᠯᠪᠤᠷᠢᠯᠠᠵᠤ ᠦᠭᠴᠤ ᠦᠯᠤ | ᠴᠢᠳᠠᠨ᠎ᠠ᠃ ᠲᠤᠷᠵᠢ ᠠᠬ᠎ᠠ ᠶᠢ ᠡᠬᠢᠨ ᠤ ᠵᠢᠯ ᠠᠮᠠᠷᠠᠯᠳᠠ ᠪᠠᠷ ᠢᠶᠠᠨ ᠢᠷᠡᠬᠦ ᠳᠤ ᠤᠶᠢᠷ᠎ᠠ ᠬᠠᠪᠢ ᠶᠢᠨ ᠬᠢᠨ | ᠪᠦᠬᠦᠳᠠ ᠴᠤᠭᠯᠠᠷᠠᠵᠤ ᠭᠠᠳᠠᠭᠠᠳᠤ ᠤᠷᠤᠨ ᠤ ᠰᠤᠨᠢᠨ ᠰᠤᠨᠤᠰᠴᠠᠭᠠᠵᠤ ︽ᠮᠠᠨ ᠤ ᠨᠤᠳᠤᠭ ᠠᠴᠠ ᠨᠢᠭᠡ ᠡᠷᠳᠡᠮᠳᠠᠢ | ᠬᠦᠤ ᠲᠦᠷᠦᠬᠦ ᠨᠢ ᠡ︾ ᠬᠡᠵᠤ ᠶᠠᠷᠢᠯᠴᠠᠵᠤ ᠪᠠᠶᠢᠪᠠ᠃ ᠲᠡᠬᠦᠨ ᠠᠴᠠ ᠬᠤᠶᠢᠰᠢ ᠲᠤᠷᠵᠢ ᠠᠬ᠎ᠠ ᠨᠤᠳᠤᠭ ᠢᠶᠠᠷ | ᠢᠶᠠᠨ ᠨᠢᠭᠡ ᠴᠦ ᠤᠳᠠᠭ᠎ᠠ ᠢᠷᠡᠭᠡ ᠦᠭᠡᠢ᠂ ᠵᠠᠬᠢᠶ᠎ᠠ ᠴᠦ ᠪᠢᠴᠢᠬᠦ ᠨᠢ ᠬᠤᠪᠤᠷᠳᠠᠵᠤ ᠪᠢᠯᠨ᠃ | ᠨᠤᠳᠤᠭ ᠤᠰᠤᠨ ᠤ ᠬᠢᠨ ᠲᠡᠬᠦᠨ ᠤ ᠲᠤᠬᠠᠢ ᠶᠠᠷᠢᠯᠴᠠᠬᠤ ᠨᠢ ᠬᠤᠪᠤᠷᠳᠠᠭᠰᠠᠭᠠᠷ ᠪᠦᠷ ᠰᠡᠬᠦᠯ ᠳᠡᠭᠡᠨ | ᠲᠤᠷᠠᠰᠬᠤ ᠪᠠᠨ ᠴᠤ ᠪᠤᠯᠢᠭᠰᠠᠨ ᠶᠤᠮ᠃ ᠬᠠᠷᠢᠨ ᠮᠠᠨ ᠤ ᠬᠤᠳᠠ ᠠᠶᠢᠯ ᠤᠨ ᠬᠤᠪᠢ ᠳᠤ ᠡᠳᠦᠷ ᠪᠦᠷᠢ ᠯᠡ | ᠶᠠᠷᠢᠭᠳᠠᠨ᠎ᠠ᠃ ᠲᠤᠯᠭᠠᠷ ᠡᠭᠡᠴᠢ ᠬᠦᠤ ᠶᠢᠨ ᠢᠶᠠᠨ ᠲᠤᠬᠠᠢ ᠶᠠᠷᠢᠬᠤ ᠶᠡᠭᠡ ᠲᠤᠷᠠᠳᠠᠢ᠂ ᠵᠠᠷᠢᠮ ᠳᠠᠭᠠᠨ ᠪᠦᠷ ᠨᠢᠯᠬ᠎ᠠ | ᠬᠡᠦᠭᠡᠳ ᠮᠡᠳᠤ ᠦᠬᠦᠭᠡᠷᠳᠤᠨ ᠶᠠᠷᠢᠨ᠎ᠠ᠃ ᠠᠷᠭ᠎ᠠ ᠦᠭᠡᠢ ᠰᠢᠤ ᠳ᠋ᠧ᠃ ᠦᠪᠡᠷ ᠤᠨ ᠦᠷ᠎ᠠ ᠦᠳᠡᠯᠦᠭᠰᠡᠨ ᠴᠦ | ᠬᠡᠦᠭᠡᠳ ᠢᠶᠠᠷ ᠢᠶᠠᠨ ᠪᠠᠶᠢᠳᠠᠭ ᠬᠤᠶᠢᠨ᠎ᠠ᠃ ᠨᠢᠭᠡ ᠦᠷᠯᠦᠭᠡ ᠲᠤᠯᠭᠠᠷ ᠡᠭᠡᠴᠢ ᠶᠡᠭᠡ ᠯᠡ ᠨᠤᠶᠢᠷ ᠮᠠᠭᠤᠳᠠᠢ | ᠬᠤᠨᠤᠭᠰᠠᠨ ᠰᠢᠨᠵᠢ ᠲᠠᠢ ᠤᠷᠤᠵᠤ ᠢᠷᠡᠭᠡᠳ ᠴᠠᠢ ᠤᠤᠭᠤᠵᠤ ᠰᠠᠭᠤᠬᠤ ᠳᠠᠭᠠᠨ᠄ ︽ᠤᠷᠢᠳᠤ ᠰᠦᠨᠢ ᠪᠢ ᠬᠦᠤ | ᠳᠡᠭᠡᠨ ᠵᠠᠬᠢᠶ᠎ᠠ ᠪᠢᠴᠢᠭᠡᠳ ᠦᠪᠡᠷ ᠢᠶᠠᠨ ᠬᠦᠷᠭᠡᠵᠤ ᠦᠭᠬᠦ ᠪᠠᠷ ᠶᠠᠪᠤᠵᠤ ᠪᠠᠶᠢᠨ᠎ᠠ ᠬᠡᠵᠤ ᠵᠡᠬᠦᠳᠦᠯᠡᠯᠠ᠃ ᠲᠡᠭᠡᠭᠡᠳ | ᠰᠡᠷᠢᠴᠢᠬᠡᠭᠰᠡᠨ ᠴᠢᠨᠢ ᠨᠤᠶᠢᠷ ᠬᠦᠷᠦᠭᠰᠡᠨ ᠦᠭᠡᠢ᠃ ᠮᠠᠭᠤ ᠬᠦᠤ ᠪᠠᠨ ᠴᠤ ᠶᠡᠭᠡ ᠰᠠᠨᠠᠵᠤ ᠪᠠᠶᠢᠨ᠎ᠠ ᠳ᠋ᠠ︾ ᠬᠡᠬᠦ ᠳᠤ | ᠄ ︽ᠬᠦᠤ ᠴᠢᠨᠢ ᠢᠷᠡᠬᠦ ᠲᠦᠬᠦᠵᠤ ᠪᠠᠶᠢᠭ᠎ᠠ ᠨᠢ ᠲᠡᠷᠨ ᠳ᠋ᠧ᠃ ᠬᠤᠶᠠᠷ᠂ ᠭᠤᠷᠪᠠᠨ ᠵᠢᠯ ᠢᠷᠡᠭᠰᠡᠨ ᠦᠭᠡᠢ᠃ ᠤᠳᠤ | ᠠᠮᠠᠷᠠᠯᠳᠠ ᠪᠠᠷ ᠢᠶᠠᠨ ᠢᠷᠡᠬᠦ ᠪᠠᠶᠢᠯ ᠦᠭᠡᠢ︾ ᠬᠡᠵᠤ ᠬᠡᠯᠡᠭᠡᠳ ᠡᠵᠢ ᠰᠦ ᠪᠠᠨ ᠰᠠᠮᠤᠷᠴᠤ ᠡᠬᠢᠯᠡᠪᠡ᠃ | ︽ᠤᠷᠵᠢᠨᠤᠨ ᠡᠳᠦᠢ ᠠᠴᠠ ᠠᠷᠠᠢ ᠬᠤᠶᠢᠨᠠᠬᠠᠨ ᠢᠷᠡᠭᠰᠡᠨ ᠶᠤᠮᠰᠠᠨ᠃ ᠡᠨᠡ ᠵᠢᠯ ᠵᠠᠬᠢᠶ᠎ᠠ ᠴᠦ ᠪᠢᠴᠢᠭᠰᠡᠨ | ᠦᠭᠡᠢ᠂ ᠵᠠᠪ ᠨᠢ ᠪᠤᠯᠳᠠᠭ ᠦᠭᠡᠢ ᠶᠤᠮ ᠪᠠᠶᠢᠬᠤ ᠳ᠋ᠠ᠃ ᠲᠡᠬᠦᠨ ᠠᠴᠠ ᠪᠢᠰᠢ ᠮᠢᠨᠤ ᠬᠦᠤ ᠴᠦ ᠡᠵᠢ ᠳᠡᠭᠡᠨ ᠢᠷᠡᠯ | ᠦᠭᠡᠢ ᠶᠠᠭᠠᠬᠢᠬᠤᠪ︾ ᠬᠡᠵᠤ ᠰᠠᠭᠤᠬᠤ ᠳᠤ ᠨᠢ ᠪᠢ ︽ᠲᠡᠭᠡᠳᠤ ᠰᠤᠷᠭᠠᠭᠤᠯᠢ ᠳᠤ ᠰᠤᠷᠬᠤ ᠴᠦ ᠠᠮᠠᠷ ᠦᠭᠡᠢ ᠶᠤᠮ | ᠪᠠᠶᠢᠨ᠎ᠠ ᠳ᠋ᠠ︾ ᠬᠡᠵᠤ ᠪᠤᠳᠤᠵᠤ ᠪᠢᠯᠨ᠃ | ᠬᠤᠶᠢᠳᠤᠨ ᠵᠢᠯ ᠨᠢ ᠮᠠᠨ ᠤ ᠬᠢᠨ ᠲᠦᠪ ᠵᠠᠮ ᠳᠤ ᠤᠶᠢᠷᠠᠬᠠᠨ ᠵᠤᠰᠠᠪᠠ᠃ ᠪᠤᠳᠤᠪᠠᠯ ᠲᠤᠯᠭᠠᠷ ᠡᠬᠡᠴᠢ ᠯᠡ | ᠬᠦᠤ ᠪᠠᠨ ᠢᠷᠡᠨ᠎ᠠ ᠬᠡᠵᠤ ᠬᠦᠯᠢᠶᠡᠭᠰᠡᠨ ᠳᠡᠭᠡᠨ ᠲᠦᠪ ᠵᠠᠮ ᠪᠠᠷᠠᠭᠠᠳᠠᠭᠰᠠᠨ ᠪᠠᠶᠢᠬᠤ᠃ ᠲᠦᠪ ᠵᠠᠮ ᠮᠠᠨ ᠤ | ᠬᠤᠶᠢᠭᠤᠷ ᠵᠠᠶᠢᠳᠠᠭᠤᠬᠠᠨ ᠦᠩᠭᠡᠷᠡᠨᠠ᠃ ᠲᠤᠯᠭᠠᠷ ᠡᠬᠡᠴᠢ ᠦᠷᠯᠦᠭᠡ ᠪᠦᠷᠢ ᠯᠡ ᠡᠨᠡ ᠵᠠᠮ ᠤᠷᠤᠭᠤ ᠴᠠᠢ ᠶᠢᠨ | ᠢᠶᠠᠨ ᠲᠡᠭᠡᠵᠢ ᠶᠢ ᠡᠷᠬᠦᠨ᠎ᠠ᠃ ᠵᠠᠷᠢᠮ ᠳᠠᠭᠠᠨ ᠲᠡᠷᠨ ᠵᠠᠮ ᠢ ᠰᠢᠷᠳᠡᠵᠤ ᠤᠳᠠᠭᠠᠨ ᠵᠤᠭᠰᠤᠨ᠎ᠠ᠃ ᠬᠡᠷᠪᠡ ᠬᠦᠳᠦᠯ | ᠲᠠᠪᠠᠭᠠᠳ ᠮᠠᠰᠢᠨ ᠭᠠᠷᠤᠭᠠᠳ ᠢᠷᠡᠪᠡᠯ ᠬᠡᠷ ᠤᠨ ᠢᠶᠠᠨ ᠬᠤᠶᠢᠭᠤᠷ ᠦᠩᠭᠡᠷᠡᠳᠡᠯᠠ ᠨᠢ ᠭᠠᠳᠠᠨ᠎ᠠ ᠪᠠᠨ ᠶᠠᠮᠠᠷ ᠨᠢᠭᠡ | ᠶᠠᠭᠤᠮ᠎ᠠ ᠬᠢᠭᠰᠡᠨ ᠪᠤᠯᠤᠭᠠᠳ ᠯᠡ ᠪᠠᠶᠢᠵᠤ ᠪᠠᠶᠢᠳᠠᠭ ᠰᠠᠨ᠃ ᠲᠤᠯᠭᠠᠷ ᠡᠬᠡᠴᠢ ᠶᠢᠨ ᠬᠤᠪᠢ ᠳᠤ ᠡᠨᠡ ᠵᠤᠨ | ᠤᠶᠢᠳᠬᠠᠷ ᠲᠠᠢ ᠤᠷᠳᠤ ᠪᠠᠶᠢᠯ᠎ᠠ᠃ ᠨᠢᠭᠡ ᠤᠳᠠᠭ᠎ᠠ ᠬᠦᠳᠦᠯ ᠲᠠᠪᠠᠵᠤ ᠢᠷᠡᠭᠰᠡᠨ ᠮᠠᠰᠢᠨ ᠰᠢᠭᠤᠳ ᠮᠠᠨ ᠤ ᠬᠢ ᠶᠢ | ᠴᠢᠭᠯᠡᠨ ᠲᠠᠪᠬᠢᠵᠤ ᠢᠷᠡᠬᠦ ᠳᠤ ᠡᠭᠡᠴᠢ ᠠᠷᠭᠠᠯ ᠳᠤ ᠶᠠᠪᠤᠴᠢᠬᠠᠭᠰᠠᠨ ᠪᠠᠶᠢᠭᠰᠠᠨ ᠶᠤᠮ᠃ ᠲᠡᠷᠨ ᠮᠠᠰᠢᠨ ᠡᠭᠡᠴᠢ ᠶᠢᠨ | ᠭᠠᠳᠠᠭ᠎ᠠ ᠢᠷᠡᠵᠤ ᠵᠤᠭᠰᠤᠪᠠ᠃ ᠵᠠᠯᠠᠭᠤᠬᠠᠨ ᠵᠢᠯᠤᠭᠤᠴᠢ ᠲᠡᠳᠡᠨ ᠤ ᠬᠢ ᠶᠢ ᠡᠵᠡᠨ ᠦᠭᠡᠢ ᠪᠤᠯᠬᠤᠷ ᠨᠢ ᠮᠠᠨ ᠤ | ᠳᠤ ᠤᠷᠤᠵᠤ ᠢᠷᠡᠭᠡᠳ᠄ ︽ᠰᠠᠶᠢᠨ ᠪᠠᠶᠢᠨ᠎ᠠ ᠦᠦ︖ ᠡᠭᠡᠴᠢ ᠡ︾ ᠬᠡᠵᠤ ᠡᠵᠢ ᠲᠠᠢ ᠮᠠᠨᠳᠦᠯᠡᠭᠰᠡᠨ ᠢᠶᠠᠨ᠂ | ᠦᠨᠦᠳᠦᠷ ᠮᠥᠨ ᠬᠠᠯᠠᠭᠤᠨ ᠡᠳᠦᠷ ᠡ︕ ᠠᠮᠠ ᠴᠠᠩᠭᠠᠭᠠᠳ ᠶᠠᠪᠤᠭᠤᠯᠳᠠᠭ ᠦᠭᠡᠢ ᠰᠢᠤ ᠬᠡᠭᠰᠡᠭᠡᠷ ᠪᠠᠷᠠᠭᠤᠨ | ᠬᠤᠶᠢᠮᠤᠷ ᠭᠠᠷᠴᠤ ᠰᠠᠭᠤᠪᠠ᠃ | ︽ᠰᠠᠶᠢᠨ᠂ ᠰᠠᠶᠢᠨ ᠶᠠᠪᠤᠵᠤ ᠪᠠᠶᠢᠨ᠎ᠠ ᠦᠦ᠂ ᠬᠦᠤ ᠮᠢᠨᠢ︕︾ ᠲᠡᠭᠡᠭᠰᠢ ᠪᠠᠨ ᠰᠠᠭᠤ ᠭᠡᠳ ᠡᠵᠢ ᠴᠠᠢ | ᠪᠠᠨ ᠴᠢᠨᠠᠬᠤ ᠪᠠᠷ ᠲᠤᠭᠤᠭ᠎ᠠ ᠪᠠᠨ ᠲᠠᠯᠪᠢᠳᠠᠯᠠ ᠲᠤᠯᠭᠠᠷ ᠡᠬᠡᠴᠢ ᠤᠷᠤᠭᠠᠳ ᠢᠷᠡᠯ᠎ᠠ᠃ ᠤᠶᠢᠷ᠎ᠠ ᠬᠠᠪᠢ ᠪᠠᠷ ᠪᠠᠷ᠎ᠠ | ᠨᠢ ᠬᠠᠷᠠᠭᠳᠠᠬᠤ ᠦᠭᠡᠢ ᠪᠠᠶᠢᠭᠰᠠᠨ ᠲᠤᠯᠭᠠᠷ ᠡᠬᠡᠴᠢ ᠶᠢ ᠡᠶᠢᠮᠤ ᠲᠦᠷᠭᠡᠨ ᠢᠷᠡᠭᠰᠡᠨ ᠳᠤ ᠪᠢ ᠶᠡᠭᠡ ᠭᠠᠶᠢᠬᠠᠪᠠ᠃ | ᠲᠤᠯᠭᠠᠷ ᠡᠬᠡᠴᠢ ᠵᠢᠯᠤᠭᠤᠴᠢ ᠲᠠᠢ ᠮᠡᠨᠳᠦᠯᠡᠭᠡᠳ ᠭᠡᠷ ᠲᠠᠬᠢ ᠬᠦᠮᠦᠰ ᠢ ᠲᠤᠭᠤᠷᠢᠭᠤᠯᠤᠨ ᠬᠠᠷᠠᠭᠰᠠᠨ ᠢᠶᠠᠨ ᠤᠷᠮ᠎ᠠ | ᠦᠭᠡᠶᠢᠬᠡᠨ ᠡᠬᠦᠳᠠ ᠬᠠᠪᠢᠴᠠᠭ᠎ᠠ ᠰᠠᠭᠤᠬᠤ ᠳᠤ ᠪᠢ ᠬᠦᠤ ᠪᠠᠨ ᠢᠷᠡᠯ᠎ᠠ ᠬᠡᠵᠤ ᠰᠠᠨᠳᠤᠷᠴᠤ ᠢᠷᠡᠭᠰᠡᠨ ᠢ ᠨᠢ | ᠮᠡᠳᠡᠭᠡᠳ ᠶᠡᠭᠡ ᠯᠡ ᠦᠷᠦᠪᠳᠤᠵᠤ ᠪᠢᠯᠨ᠃ | ᠲᠡᠬᠦᠨ ᠠᠴᠠ ᠬᠤᠶᠢᠰᠢ ᠲᠦᠷᠪᠡᠨ ᠵᠢᠯ ᠦᠩᠭᠡᠷᠡᠵᠤ ᠪᠢ ᠨᠠᠢᠮᠠᠳᠤᠭᠠᠷ ᠠᠩᠬᠢ ᠲᠡᠬᠦᠰᠦᠭᠡᠳ ᠵᠤᠨ ᠤ | ᠠᠮᠠᠷᠠᠯᠳᠠ ᠪᠠᠷ ᠢᠷᠡᠬᠦ ᠳᠤ ᠲᠤᠯᠭᠠᠷ ᠡᠬᠡᠴᠢ ᠶᠢᠨ ᠪᠡᠶ᠎ᠠ ᠶᠡᠭᠡ ᠲᠤᠷᠤᠶᠢᠳᠠᠵᠤ ᠴᠢᠷᠠᠢ ᠨᠢ ᠨᠢᠮᠭᠡᠷᠡᠭᠡᠳ᠂ | ᠠᠮᠢᠰᠬᠤᠭᠠᠳᠠᠭᠠᠳ ᠪᠠᠶᠢᠳᠠᠭ ᠪᠤᠯᠴᠢᠬᠠᠭᠰᠠᠨ ᠪᠠᠶᠢᠪᠠ᠃ ᠲᠤᠷᠵᠢ ᠠᠬ᠎ᠠ ᠶᠢ ᠰᠤᠷᠭᠠᠭᠤᠯᠢ ᠪᠠᠨ ᠲᠡᠬᠦᠰᠴᠤ ᠢᠷᠡᠭᠡᠳ | ᠬᠤᠳᠠ ᠳᠤ ᠲᠡᠭᠡᠬᠦᠷ ᠠᠯᠪᠠᠨ ᠤ ᠬᠦᠮᠦᠨ ᠪᠤᠯᠤᠭᠰᠠᠨ ᠬᠡᠵᠤ ᠨᠤᠳᠤᠭ ᠤᠨ ᠬᠢᠨ ᠶᠠᠷᠢᠯᠴᠠᠨ᠎ᠠ᠃ | ᠨᠤᠳᠤᠭ ᠤᠨ ᠨᠢᠭᠡ ᠬᠦᠮᠦᠨ ᠬᠤᠳᠠ ᠤᠷᠤᠵᠤ ᠢᠷᠡᠭᠡᠳ ᠲᠤᠷᠵᠢ ᠠᠬ᠎ᠠ ᠲᠠᠢ ᠠᠭᠤᠯᠵᠠᠭᠰᠠᠨ ᠬᠡᠵᠤ ᠬᠦᠮᠦᠨ | ᠳᠤ ᠶᠠᠷᠢᠭᠰᠠᠨ ᠢ ᠲᠤᠯᠭᠠᠷ ᠡᠬᠡᠴᠢ ᠰᠤᠨᠤᠰᠤᠭᠠᠳ ᠬᠡᠳᠦᠨ ᠡᠳᠦᠷ ᠯᠡ ᠤᠷᠤᠨ᠂ ᠭᠠᠷᠤᠨ ᠲᠤᠶᠢᠯ ᠦᠭᠡᠢ ᠶᠡᠭᠡ | ᠪᠠᠶᠠᠷᠯᠠᠵᠤ ᠪᠠᠶᠢᠯ᠎ᠠ᠃ ᠲᠦᠷᠦᠭᠰᠡᠨ ᠡᠬᠡ ᠳᠡᠭᠡᠨ ᠮᠡᠨᠳᠤ ᠴᠦ ᠲᠠᠮᠵᠢᠭᠤᠯᠤᠭᠠ ᠦᠭᠡᠢ ᠲᠤᠷᠵᠢ ᠶᠢᠨ ᠰᠤᠷᠠᠭ ᠢ | ᠰᠤᠨᠤᠰᠤᠭᠠᠳ ᠡᠵᠢ᠄ ︽ᠡᠬᠡ ᠶᠢ ᠪᠠᠨ ᠮᠠᠷᠳᠠᠴᠢᠬᠠᠳᠠᠭ ᠬᠦᠮᠦᠨ ᠬᠡᠵᠤ ᠪᠠᠶᠢᠳᠠᠭ ᠠ᠃ ᠶᠤᠰᠤᠳᠠᠢ ᠡᠬᠡ ᠶᠢᠨ | ᠰᠡᠳᠬᠢᠯ ᠦᠷ᠎ᠠ ᠳᠤ᠂ ᠦᠷ᠎ᠠ ᠶᠢᠨ ᠰᠡᠳᠬᠢᠯ ᠠᠭᠤᠯᠠᠨ ᠳᠤ ᠬᠡᠵᠤ ᠦᠨᠡᠨ ᠶᠤᠮ ᠳ᠋ᠠ︾ ᠭᠡᠳ ᠶᠡᠭᠡ ᠲᠤᠷ᠎ᠠ | ᠦᠭᠡᠶᠢᠴᠡᠵᠤ ᠪᠢᠯᠨ᠃ | ᠲᠤᠯᠭᠠᠷ ᠡᠬᠡᠴᠢ ᠶᠢᠨ ᠪᠡᠶ᠎ᠠ ᠬᠡᠨᠡᠳᠳᠠ ᠮᠠᠭᠤᠳᠠᠵᠤ ᠰᠤᠮᠤ ᠶᠢᠨ ᠡᠮᠨᠡᠯᠭᠡ ᠳᠤ ᠬᠡᠪᠳᠡᠪᠡ᠃ ᠪᠡᠶ᠎ᠠ ᠨᠢ ᠵᠠᠰᠠᠯ | ᠠᠪᠬᠤ ᠦᠭᠡᠢ ᠪᠤᠯᠬᠤ ᠪᠠᠷ ᠠᠶᠢᠮᠠᠭ ᠤᠷᠤᠭᠤ ᠠᠪᠤᠭᠠᠳ ᠶᠠᠪᠤᠭᠰᠠᠨ ᠬᠡᠵᠤ ᠲᠤᠭᠤᠯᠤᠭᠠᠳ ᠪᠢᠳᠡᠨ ᠤ ᠰᠡᠳᠬᠢᠯ | ᠶᠡᠭᠡ ᠵᠤᠪᠠᠵᠤ ᠪᠠᠶᠢᠯ᠎ᠠ᠃ ᠲᠤᠯᠭᠠᠷ ᠡᠬᠡᠴᠢ ᠶᠢ ᠡᠵᠡᠬᠦᠢ ᠪᠤᠯᠬᠤ ᠪᠠᠷ ᠶᠡᠭᠡ ᠤᠶᠢᠳᠬᠠᠷ ᠲᠠᠢ᠂ ᠴᠠᠭᠠᠨ᠎ᠠ ᠪᠠᠨ ᠯᠡ | ᠨᠢᠭᠡ ᠡᠯᠤᠢ ᠬᠤᠯᠤᠢ᠂ ᠲᠦᠩᠰᠦᠬᠦᠷ᠃ ᠲᠡᠷᠨ ᠬᠦᠮᠦᠨ ᠪᠢᠳᠡᠨ ᠳᠤ ᠬᠡᠴᠢᠨᠡᠨ ᠶᠡᠭᠡ ᠬᠠᠨᠢ ᠪᠠᠷ᠎ᠠ ᠲᠠᠢ ᠪᠠᠶᠢᠭᠰᠠᠨ ᠢ | ᠲᠡᠭᠡᠬᠦ ᠳᠤ ᠯᠡ ᠮᠡᠳᠡᠭᠰᠡᠨ ᠶᠤᠮ ᠳ᠋ᠠ᠃ | ᠨᠢᠭᠡ ᠤᠳᠠᠭ᠎ᠠ ᠬᠤᠳᠠ ᠤᠷᠤᠭᠰᠠᠨ ᠬᠦᠮᠦᠨ ᠲᠤᠷᠵᠢ ᠠᠬ᠎ᠠ ᠶᠢ ᠲᠡᠮᠦᠷ ᠪᠧᠲ᠋ᠤᠨ ᠤ ᠦᠢᠯᠡᠳᠪᠤᠷᠢ ᠳᠤ | ᠠᠵᠢᠯᠯᠠᠳᠠᠭ ᠬᠡᠵᠤ ᠮᠡᠳᠡᠵᠤ ᠢᠷᠡᠭᠰᠡᠨ ᠳᠤ ᠡᠵᠢ ᠨᠠᠳᠠ ᠪᠠᠷ ᠵᠠᠬᠢᠶ᠎ᠠ ᠪᠢᠴᠢᠬᠦᠯᠵᠤ ᠶᠠᠪᠤᠭᠤᠯᠤᠯ᠎ᠠ᠃ ᠲᠡᠷᠨ ᠵᠠᠬᠢᠶ᠎ᠠ | ᠡᠵᠡᠨ ᠳᠡᠭᠡᠨ ᠬᠦᠷᠦᠭᠰᠡᠨ ᠡᠰᠡᠬᠦ ᠶᠢ ᠪᠤᠤ ᠮᠡᠳᠠ᠃ ᠶᠠᠭᠤ ᠴᠤ ᠬᠡᠰᠡᠨ ᠬᠠᠷᠢᠭᠤ ᠢᠷᠡᠭᠡ ᠦᠭᠡᠢ ᠶᠤᠮ ᠳ᠋ᠠᠭ᠃ | ᠲᠤᠯᠭᠠᠷ ᠡᠬᠡᠴᠢ ᠶᠢ ᠠᠶᠢᠮᠠᠭ ᠲᠤ ᠡᠮᠴᠢᠯᠡᠵᠤ ᠪᠠᠶᠢᠭᠠᠳ ᠪᠠᠷᠤᠭ ᠤᠷᠭᠤᠬᠤ ᠰᠢᠬᠠᠮ ᠭᠡᠷ ᠲᠤ ᠪᠠᠨ ᠢᠷᠡᠬᠦ ᠳᠤ ᠡᠵᠢ | ᠬᠡᠳᠦᠢ ᠪᠠᠶᠠᠷᠳᠠᠢ ᠪᠠᠶᠢᠭᠰᠠᠨ ᠴᠦ᠄ ︽ᠪᠡᠶ᠎ᠠ ᠪᠠᠨ ᠪᠤᠳᠤᠵᠤ ᠰᠠᠶᠢᠨ ᠡᠮᠴᠢᠯᠡᠬᠦᠯᠬᠦ ᠦᠭᠡᠢ︕ ᠬᠡᠳᠦᠨ ᠮᠠᠯ ᠢ ᠴᠢᠨᠢ | ᠪᠢᠳᠠ ᠦᠪᠡᠷ ᠤᠨ ᠶᠤᠮ ᠰᠢᠭ᠋ ᠯᠡ ᠬᠠᠷᠠᠵᠤ ᠪᠠᠶᠢᠨ᠎ᠠ᠃ ᠶᠠᠭᠤᠨ ᠳᠤ ᠰᠠᠨᠠᠭ᠎ᠠ ᠵᠤᠪᠠᠳᠠᠭ ᠶᠤᠮ ᠪᠤᠢ︾ ᠬᠡᠵᠤ | ᠵᠢᠮᠡᠯᠡᠬᠦ ᠳᠤ᠄ ︽ᠮᠠᠭᠤ ᠬᠦᠤ ᠪᠠᠨ ᠰᠠᠨᠠᠭᠠᠳ᠂ ᠬᠦᠷᠦᠭᠡᠳ ᠢᠷᠡᠬᠦ ᠶᠤᠮ ᠰᠢᠭ ᠪᠤᠳᠤᠭᠳᠠᠭᠠᠳ᠂ ᠡᠮᠨᠡᠯᠭᠡ ᠳᠤ | ᠰᠡᠳᠬᠢᠯ ᠲᠤᠭᠳᠠᠵᠤ ᠦᠭᠬᠦ ᠦᠭᠡᠢ ᠶᠤᠮ᠃ ᠡᠵᠡᠨ ᠦᠭᠡᠢ ᠳᠤ ᠬᠦᠷᠦᠭᠡᠳ ᠢᠷᠡᠪᠡᠯ ᠶᠠᠮᠠᠷ ᠰᠠᠶᠢᠨ ᠪᠠᠶᠢᠬᠤ ᠪᠤᠢ᠃ | ᠲᠡᠭᠡᠭᠡᠳ ᠴᠤ ᠮᠢᠨᠤ ᠪᠡᠶ᠎ᠠ ᠨᠢᠭᠡ ᠯᠡ ᠵᠠᠰᠠᠯ ᠠᠪᠬᠤ ᠪᠠᠨ ᠪᠤᠯᠢᠴᠢᠬᠠᠯᠠ᠃ ᠦᠰᠦᠭᠰᠡᠨ᠂ ᠲᠦᠷᠦᠭᠰᠡᠨ ᠭᠡᠷ ᠲᠡᠭᠡᠨ | ᠰᠠᠨᠠᠭ᠎ᠠ ᠠᠮᠤᠷ ᠦᠬᠦᠪᠡᠯ ᠬᠦᠮᠦᠨ ᠳᠤ ᠭᠠᠢ ᠪᠤᠯᠬᠤ ᠦᠭᠡᠢ︾ ᠭᠡᠬᠦ ᠳᠤ ᠡᠵᠢ ᠤᠤᠯᠭ᠎ᠠ ᠠᠯᠳᠠᠵᠤ᠄ ︽ᠨᠢᠬᠦᠯ ᠬᠡᠮ | ᠂ ᠡᠶᠢᠮᠤ ᠮᠠᠭᠤᠬᠠᠢ ᠶᠠᠭᠤᠮ᠎ᠠ ᠶᠠᠷᠢᠬᠤ ᠬᠠᠮᠢᠭ᠎ᠠ ᠴᠦ ᠪᠠᠶᠢᠭᠰᠠᠨ ᠶᠤᠮ ᠪᠤᠢ︾ ᠬᠡᠪᠡ᠃ | ᠢᠷᠡᠭᠰᠡᠨ ᠲᠠᠷᠤᠢ ᠳᠠᠭᠠᠨ ᠪᠡᠶ᠎ᠠ ᠨᠢ ᠤᠪᠤᠭ᠎ᠠ ᠰᠠᠶᠢᠵᠢᠷᠠᠵᠤ ᠠᠷᠭᠠᠯ ᠲᠦᠯᠡᠰᠢᠨ ᠳᠤ ᠬᠦᠷᠳᠡᠯ᠎ᠠ ᠶᠠᠪᠤᠳᠠᠭ | ᠪᠤᠯᠪᠠ᠃ ᠲᠡᠭᠡᠳᠡᠯ᠎ᠠ ᠨᠢᠭᠡ ᠦᠷᠯᠦᠭᠡ ᠡᠵᠢ ᠨᠠᠮ᠎ᠠ ᠶᠢ ᠰᠡᠷᠢᠭᠡᠵᠤ᠄ ︽ᠲᠤᠯᠭᠠᠷ ᠡᠬᠡᠴᠢ ᠴᠢᠨᠢ ᠪᠤᠰᠴᠤ ᠴᠢᠳᠠᠭ᠎ᠠ | ᠦᠭᠡᠢ ᠪᠤᠯᠤᠯᠳᠠᠢ᠃ ᠬᠤᠶᠠᠭᠤᠯᠨ ᠤᠷᠤᠭᠠᠳ ᠢᠷᠡᠶ᠎ᠠ︾ ᠬᠡᠬᠦ ᠳᠤ ᠪᠢ ᠶᠠᠮᠠᠷ ᠨᠢᠭᠡᠨ ᠶᠤᠤᠵᠠ ᠦᠭᠡᠢ ᠶᠠᠭᠤᠮ᠎ᠠ | ᠪᠤᠯᠵᠤ ᠬᠡᠵᠤ ᠪᠤᠳᠤᠭᠠᠳ ᠲᠦᠷᠭᠡᠨ ᠬᠤᠪᠴᠠᠰᠤᠯᠠᠪᠠ᠃ | ᠡᠵᠢ ᠪᠢᠳᠠ ᠬᠤᠶᠠᠷ ᠢ ᠲᠡᠳᠡᠨ ᠤ ᠳᠤ ᠤᠷᠤᠬᠤ ᠳᠤ ᠲᠤᠯᠭᠠᠷ ᠡᠬᠡᠴᠢ ᠤᠷᠤᠨ ᠠᠴᠠ ᠪᠠᠨ ᠠᠴᠠ | ᠦᠨᠳᠡᠶᠢᠵᠤ ᠴᠢᠳᠠᠭ᠎ᠠ ᠦᠭᠡᠢ ᠪᠠᠶᠢᠯ᠎ᠠ᠃ ᠪᠢᠳᠠ ᠬᠤᠶᠠᠷ ᠢ ᠬᠠᠷᠠᠭᠰᠠᠨ ᠢᠶᠠᠨ ᠮᠠᠭᠤᠬᠠᠨ ᠢᠨᠢᠶᠡᠮᠰᠦᠭᠯᠡᠵᠤ᠂ ᠲᠤᠷᠤᠢ | ᠲᠠᠭᠤ ᠪᠠᠷ᠄ ︽ᠵᠠ ᠬᠦᠤ ᠪᠠᠨ ᠨᠢᠭᠡ ᠬᠠᠷᠠᠴᠢᠬᠠᠭᠠᠳ ᠦᠭᠦᠪᠡᠯ ᠬᠤᠷᠭᠤᠳᠠᠬᠤ ᠶᠠᠭᠤᠮ᠎ᠠ ᠠᠯᠠᠭ᠎ᠠ︾ ᠬᠡᠵᠤ ᠬᠡᠯᠡᠬᠦ | ᠳᠤ ᠡᠵᠢ ᠶᠢᠨ ᠨᠢᠳᠤᠨ ᠳᠤ ᠨᠢᠯᠪᠤᠰᠤ ᠮᠡᠯᠳᠡᠯᠵᠡᠵᠤ᠄ ︽ᠬᠦᠤ ᠴᠢᠨᠢ ᠢᠷᠡᠯ ᠦᠭᠡᠢ ᠶᠠᠭᠠᠬᠢᠬᠤ ᠪᠤᠢ᠃ ᠢᠷᠡᠨ᠎ᠠ | ᠬᠡᠵᠤ ᠬᠦᠮᠦᠨ ᠢᠶᠠᠷ ᠬᠡᠯᠡᠬᠦᠯᠦᠭᠰᠡᠨ ᠪᠠᠶᠢᠨ᠎ᠠ ᠪᠢᠯᠨ︾ ᠬᠡᠵᠤ ᠬᠡᠯᠡᠭᠡᠳ ᠭᠠᠯ ᠲᠦᠯᠡᠵᠤ ᠴᠠᠢ ᠴᠢᠨᠠᠵᠤ ᠦᠭᠬᠦᠭᠡᠳ | ᠨᠠᠮ᠎ᠠ ᠶᠢ ᠲᠠᠭᠠᠭᠤᠯᠤᠨ ᠭᠡᠷ ᠠᠴᠠ ᠭᠠᠷᠴᠤ᠄ ︽ᠵᠠ ᠮᠢᠨᠤ ᠬᠦᠤ ᠬᠤᠷᠳᠤᠨ ᠰᠤᠮᠤ ᠤᠷᠤ︕ ᠲᠡᠷᠨ ᠬᠦᠤ | ᠰᠢᠤᠬᠠᠨ ᠶᠠᠭᠤᠮ᠎ᠠ ᠲᠠᠢ ᠨᠢ ᠤᠳᠠᠰᠤ ᠪᠠᠷ ᠶᠠᠷᠢᠬᠤ ᠶᠢ ᠪᠤᠳᠤ᠂ ᠴᠢᠳᠠᠬᠤ ᠦᠭᠡᠢ ᠪᠤᠯ ᠴᠠᠬᠢᠯᠭᠠᠨ ᠶᠠᠪᠤᠭᠤᠯᠳᠠᠭ | ᠶᠤᠮ ᠰᠢᠤ᠃ ᠲᠦᠷᠭᠡᠨ ᠶᠠᠪᠤᠭᠠᠳ ᠢᠷᠡᠭᠡᠷᠡᠢ ᠬᠡᠪᠡ︾᠃ | ᠪᠢ ᠮᠤᠷᠢ ᠪᠠᠨ ᠬᠠᠶᠢᠷᠠᠯᠠᠯ ᠦᠭᠡᠢ ᠲᠠᠪᠬᠢᠭᠰᠠᠭᠠᠷ ᠰᠤᠮᠤ ᠶᠢᠨ ᠬᠤᠯᠪᠤᠭᠠᠨ ᠲᠡᠭᠡᠷ᠎ᠠ ᠢᠷᠡᠬᠦ ᠳᠤ ᠠᠵᠠ | ᠲᠠᠭᠠᠷᠠᠵᠤ ᠬᠤᠯᠪᠤᠭᠠᠨ ᠤ ᠬᠦᠮᠦᠨ ᠠᠵᠢᠯ ᠲᠡᠭᠡᠷ᠎ᠠ ᠪᠠᠨ ᠪᠠᠶᠢᠯ᠎ᠠ᠃ | ︽ᠲᠤᠯᠭᠠᠷ ᠡᠬᠡᠴᠢ ᠶᠢᠨ ᠪᠡᠶ᠎ᠠ ᠮᠠᠭᠤᠳᠠᠭᠠᠳ ᠬᠦᠤ ᠲᠠᠢ ᠨᠢ ᠤᠳᠠᠰᠤ ᠪᠠᠷ ᠶᠠᠷᠢᠬᠤ ᠬᠡᠵᠤ ᠢᠷᠡᠯ᠎ᠠ︾ ᠬᠡᠵᠤ | ᠲᠦᠭᠳᠡᠴᠢᠨ ᠬᠡᠯᠡᠪᠡᠯ ᠬᠤᠯᠪᠤᠭᠠᠨ ᠤ ᠬᠦᠮᠦᠨ ᠤᠴᠢᠷ ᠢ ᠤᠶᠢᠯᠠᠭᠠᠨ ᠤᠳᠠᠰᠤᠳᠠᠵᠤ ᠡᠬᠢᠯᠡᠪᠡ᠃ | ᠤᠳᠠᠭᠠᠨ ᠲᠠᠭᠤᠳᠠᠭᠰᠠᠨ ᠤ ᠡᠴᠦᠰ ᠲᠤ ᠲᠡᠮᠦᠷ ᠪᠧᠲ᠋ᠤᠨ ᠤ ᠦᠢᠯᠡᠳᠪᠤᠷᠢ ᠶᠢᠨ ᠵᠢᠵᠢᠬᠦᠷ ᠤᠨ ᠤᠳᠠᠰᠤᠨ | ᠳᠤ ᠵᠠᠯᠭᠠᠭᠠᠳ ᠨᠠᠳᠠᠳᠤ ᠴᠢᠩᠨᠠᠭᠤᠷ ᠢᠶᠠᠨ ᠦᠭᠪᠡ᠃ ᠵᠢᠵᠢᠬᠦᠷ ᠬᠠᠶᠢᠩᠭᠤᠳᠠᠭᠤᠬᠠᠨ ᠬᠠᠮᠢᠭ᠎ᠠ ᠠᠴᠠ ᠶᠠᠷᠢᠵᠤ | ᠪᠠᠶᠢᠭ᠎ᠠ ᠶᠢ ᠠᠰᠠᠭᠤᠭᠠᠳ᠄ ︽ᠲᠤᠷᠵᠢ ᠢᠨᠵᠧᠨᠧᠷ ᠦᠨᠦᠳᠦᠷ ᠠᠵᠢᠯ ᠳᠠᠭᠠᠨ ᠢᠷᠡᠭᠡ ᠦᠭᠡᠢ︾ ᠭᠡᠳ ᠤᠳᠠᠰᠤ | ᠪᠠᠨ ᠲᠠᠯᠪᠢᠴᠢᠬᠠᠪᠠ᠃ ᠪᠢ ᠴᠠᠬᠢᠯᠭᠠᠨ ᠶᠠᠪᠤᠭᠤᠯᠤᠭᠠᠳ ᠰᠤᠮᠤ ᠶᠢᠨ ᠡᠮᠨᠡᠯᠭᠡ ᠪᠠᠷ ᠤᠷᠤᠵᠤ᠂ ᠶᠡᠭᠡ ᠡᠮᠴᠢ ᠶᠢ | ᠠᠪᠤᠭᠠᠳ ᠪᠤᠴᠠᠵᠤ ᠢᠷᠡᠯ᠎ᠠ᠃ ᠲᠡᠬᠦᠨ ᠠᠴᠠ ᠬᠤᠶᠢᠰᠢ ᠲᠤᠯᠤᠭ᠎ᠠ ᠬᠤᠨᠤᠭ ᠲᠤᠯᠭᠠᠷ ᠡᠬᠡᠴᠢ ᠦᠬᠦᠯ ᠲᠠᠢ | ᠲᠡᠮᠡᠴᠡᠵᠤ᠂ ᠡᠮᠴᠢ ᠴᠦ᠂ ᠪᠢᠳᠠ ᠴᠦ ᠨᠤᠶᠢᠷ ᠦᠭᠡᠢ ᠬᠤᠨᠤᠭᠰᠠᠭᠠᠷ ᠨᠠᠢᠮᠠ ᠳᠠᠬᠢ ᠬᠤᠨᠤᠭ ᠤᠨ ᠦᠷ ᠢᠶᠠᠷ᠄ ︽ | ᠬᠦᠤ ᠮᠢᠨᠢ︾ ᠬᠡᠭᠰᠡᠭᠡᠷ ᠦᠨᠳᠡᠶᠢᠵᠤ ᠢᠷᠡᠭᠰᠡᠨ ᠢᠶᠠᠨ ᠤᠷᠳᠤ ᠠᠮᠢᠰᠬᠤᠭ᠎ᠠ ᠠᠪᠤᠭᠠᠳ ᠴᠢᠷᠠᠢ ᠨᠢ ᠬᠤᠪᠢᠷᠠᠪᠠ᠃ | ︽ᠬᠦᠤ ᠴᠢᠨᠢ ᠠᠶᠢᠮᠠᠭ ᠲᠤ ᠢᠷᠡᠭᠰᠡᠨ ᠬᠡᠨ᠎ᠠ︾ ᠬᠡᠵᠤ ᠡᠵᠢ ᠶᠢᠨ ᠬᠡᠯᠡᠬᠦ ᠶᠢ ᠲᠤᠭᠤᠯᠤᠭᠰᠠᠨ ᠦᠦ᠂ ᠦᠭᠡᠢ | ᠦᠦ ᠬᠤᠷᠸ᠎ᠠ ᠶᠢᠨ ᠮᠦᠩᠭᠡ ᠪᠤᠰᠤ ᠶᠢ ᠦᠵᠡᠬᠦᠯᠵᠤ ᠪᠢᠯᠨ᠃ | ᠁ ᠡᠪᠤᠯ ᠤᠨ ᠠᠮᠠᠷᠠᠯᠳᠠ ᠪᠠᠷ ᠢᠷᠡᠬᠦ ᠳᠤ ᠲᠤᠯᠤᠭᠠᠳ ᠤᠨ ᠲᠤᠮᠳᠠ ᠮᠠᠨ ᠤ ᠮᠠᠭᠤ ᠪᠤᠷᠤ ᠭᠡᠷ ᠯᠡ | ᠭᠠᠭᠴᠠᠭᠠᠷᠬᠠᠨ ᠢᠶᠠᠨ ᠤᠶᠢᠳᠬᠠᠷᠳᠠᠶᠢᠬᠠᠨ ᠤᠳᠤᠭ᠎ᠠ ᠰᠤᠭᠤᠨᠠᠭᠯᠠᠭᠤᠯᠵᠤ ᠪᠠᠶᠢᠭᠰᠠᠨ ᠳᠤ ᠪᠢ ᠠᠷᠭ᠎ᠠ ᠦᠭᠡᠢ | ᠲᠤᠯᠭᠠᠷ ᠡᠬᠡᠴᠢ ᠶᠢ ᠲᠤᠷᠠᠰᠴᠤ ᠵᠤᠯ ᠲᠠᠢ ᠯᠡ ᠤᠬᠢᠯᠠᠴᠢᠬᠠᠭᠰᠠᠨ ᠦᠭᠡᠢ᠃ | ᠤᠯᠠᠨ ᠵᠢᠯ ᠤᠨ ᠲᠠᠷᠠᠭ᠎ᠠ ᠪᠢ ᠭᠠᠳᠠᠭᠠᠳᠤ ᠳᠤ ᠲᠡᠭᠡᠳᠤ ᠰᠤᠷᠭᠠᠭᠤᠯᠢ ᠲᠡᠬᠦᠰᠴᠤ ᠢᠷᠡᠭᠡᠳ ᠬᠦᠳᠡᠭᠡ | ᠶᠠᠪᠤᠵᠤ ᠡᠵᠢ ᠲᠠᠢ ᠪᠠᠨ ᠠᠭᠤᠯᠵᠠᠬᠤ ᠪᠠᠷ ᠲᠡᠯᠭᠡᠬᠦᠷ ᠪᠠᠷ ᠤᠷᠤᠵᠤ ᠶᠠᠪᠤᠳᠠᠯ᠎ᠠ ᠨᠢᠭᠡ ᠬᠦᠮᠦᠨ ᠬᠠᠵᠠᠭᠤ ᠠᠴᠠ᠄ ︽ | ᠰᠠᠶᠢᠨ ᠪᠠᠶᠢᠨ᠎ᠠ ᠦᠦ ᠂ ᠲᠡᠬᠦᠤ ᠬᠦᠤ︖︾ ᠬᠡᠵᠤ ᠲᠠᠨᠢᠮᠠᠬᠠᠶᠢᠷᠠᠨ ᠮᠡᠨᠳᠦᠯᠡᠪᠡ᠃ | ᠪᠢ ᠲᠡᠷᠨ ᠬᠦᠮᠦᠨ ᠲᠠᠢ ᠮᠡᠨᠳᠦᠯᠡᠭᠡᠳ᠂ ᠬᠦᠮᠦᠨ ᠠᠨᠳᠠᠭᠤᠷᠠᠵᠤ ᠪᠠᠶᠢᠨ᠎ᠠ ᠬᠡᠵᠤ ᠪᠤᠳᠤᠭᠠᠳ ᠵᠦᠷᠢᠬᠦ | ᠬᠡᠳᠡᠯ᠎ᠠ᠄ ︽ᠨᠤᠳᠤᠭ ᠤᠨ ᠲᠡᠬᠦᠤ ᠬᠦᠤ ᠠᠬ᠎ᠠ ᠶᠢ ᠪᠠᠨ ᠲᠠᠨᠢᠬᠤ ᠦᠭᠡᠢ ᠪᠠᠶᠢᠬᠤ ᠰᠢᠪ ᠳ᠋ᠧ᠃ ᠠᠷᠭ᠎ᠠ ᠦᠭᠡᠢ | ᠪᠢᠵᠠ ᠳ᠋ᠧ᠂ ᠤᠯᠠᠨ ᠵᠢᠯ ᠠᠭᠤᠯᠵᠠᠭ᠎ᠠ ᠦᠭᠡᠢ ᠶᠤᠮ ᠴᠢᠨᠢ︾ ᠭᠡᠳ ᠲᠠᠮᠠᠬᠢ ᠠᠰᠠᠭᠠᠪᠠ᠃ ᠠᠷᠢᠬᠢᠨ ᠳᠤ | ᠲᠦᠯᠡᠭᠳᠡᠭᠰᠡᠨ ᠬᠠᠷ᠎ᠠ ᠴᠢᠷᠠᠢ᠂ ᠪᠠᠷᠤᠭ ᠴᠠᠭᠠᠨ ᠪᠤᠯᠳᠠᠯ᠎ᠠ ᠡᠮᠦᠰᠦᠭᠰᠡᠨ ᠬᠠᠭᠤᠴᠢᠨ ᠰᠡᠪᠬᠢᠨ ᠬᠦᠷᠮ᠎ᠠ ᠲᠠᠢ᠂ | ᠵᠠᠯᠢᠵᠢᠨ ᠪᠠᠶᠢᠷᠢ ᠶᠢᠨ ᠡᠷ᠎ᠠ ᠪᠠᠶᠢᠭᠰᠠᠨ ᠳᠤ᠄ ︽ᠭᠤᠳᠤᠮᠵᠢᠨ ᠤ ᠠᠷᠢᠬᠢᠴᠢᠨ᠂ ᠰᠢᠷ᠎ᠠ ᠲᠠᠶᠢᠯᠬᠤ ᠠᠷᠭ᠎ᠠ ᠪᠠᠨ | ᠤᠯᠪᠠ ᠡ ᠮᠥᠨ︾ ᠬᠡᠵᠤ ᠪᠤᠳᠤᠭᠠᠳ ᠰᠢᠭᠤᠳᠬᠠᠨ ᠶᠠᠪᠤᠬᠤ ᠬᠡᠳᠡᠯ᠎ᠠ᠂ ᠲᠡᠷᠨ ᠤᠷᠢᠳᠠᠭᠤᠷ ᠬᠦᠨᠳᠡᠯᠢᠳᠦᠨ᠄ ︽ | ᠮᠠᠨᠠᠶᠢᠬᠠᠨ ᠤᠯᠠᠨ ᠵᠢᠯ ᠠᠶᠢᠯ ᠰᠠᠭᠠᠬᠠᠯᠳᠠ ᠶᠠᠪᠤᠭᠰᠠᠨ ᠰᠢᠤ ᠳ᠋ᠧ᠃ ᠪᠢ ᠲᠤᠯᠭᠠᠷ ᠡᠬᠡᠴᠢ ᠶᠢᠨ ᠴᠢᠨᠢ ᠬᠦᠤ ᠲᠤᠷᠵᠢ | ᠪᠠᠶᠢᠨ᠎ᠠ︾ ᠬᠡᠬᠦ ᠳᠤ ᠪᠢ ᠪᠠᠷᠤᠭ ᠲᠠᠭᠤ ᠠᠯᠳᠠᠬᠤ ᠰᠢᠬᠠᠪᠠ᠃ | ᠬᠦᠮᠦᠨ ᠢᠩᠬᠢᠵᠤ ᠦᠭᠡᠷᠡᠴᠢᠯᠡᠭᠳᠡᠨᠠ ᠬᠡᠵᠤ ᠲᠠᠩᠴᠢ ᠪᠤᠳᠤᠭᠰᠠᠨ ᠦᠭᠡᠢ᠃ ᠤᠨᠢᠭᠠᠷᠳᠠᠭᠤ ᠵᠠᠯᠢᠷᠬᠠᠭ | ᠨᠢᠳᠤᠨ ᠠᠴᠠ ᠦᠭᠡᠷ᠎ᠠ ᠶᠠᠭᠤᠮ᠎ᠠ ᠡᠨᠡ ᠬᠦᠮᠦᠨ ᠳᠤ ᠶᠠᠭᠤ ᠴᠦ ᠦᠯᠡᠳᠡᠭᠰᠡᠨ ᠦᠭᠡᠢ᠃ | ︽ᠠᠬ᠎ᠠ ᠨᠢ ᠴᠢᠮ᠎ᠠ ᠲᠠᠢ ᠠᠭᠤᠯᠵᠠᠬᠤ ᠶᠤᠮᠰᠠᠨ ᠬᠡᠵᠤ ᠦᠷᠬᠦᠯᠵᠢ ᠪᠤᠳᠤᠵᠤ ᠶᠠᠪᠤᠯ᠎ᠠ᠃ ᠨᠠᠰᠤ ᠠᠬᠢᠭᠠᠳ | ᠢᠷᠡᠬᠦ ᠪᠠᠷ ᠡᠵᠢ ᠶᠢᠨ ᠢᠶᠠᠨ ᠲᠤᠬᠠᠢ ᠪᠤᠳᠤᠭᠠᠳ ᠪᠠᠶᠢᠳᠠᠭ ᠪᠤᠯᠴᠢᠬᠠᠬᠤ ᠶᠤᠮ᠃ ᠨᠢᠭᠡ ᠬᠦᠮᠦᠨ ᠢᠶᠠᠷ ᠰᠠᠶᠢᠨ | ᠶᠠᠷᠢᠭᠤᠯᠵᠤ ᠠᠪᠤᠪᠠᠯ ᠰᠡᠳᠬᠢᠯ ᠵᠢᠭᠠᠬᠠᠨ ᠤᠩᠭᠤᠶᠢᠬᠤ ᠪᠤᠯᠪᠠ ᠦᠦ ᠬᠡᠵᠤ ᠪᠤᠳᠤᠬᠤ ᠶᠤᠮ᠃ ᠴᠢ ᠨᠠᠳᠠᠳᠤ ᠮᠠᠭᠤ | ᠡᠵᠢ ᠮᠢᠨᠢ ᠶᠠᠭᠠᠬᠢᠵᠤ ᠦᠩᠭᠡᠷᠡᠭᠰᠡᠨ ᠲᠤᠬᠠᠢ ᠶᠠᠷᠢᠵᠤ ᠦᠭᠬᠦ ᠦᠭᠡᠢ ᠦᠦ︖︾ ᠭᠡᠳ ᠯᠡ ᠵᠠᠯᠢᠷᠬᠠᠭ ᠨᠢᠳᠤᠨ ᠳᠤ | ᠨᠢ ᠤᠶᠢᠳᠬᠠᠷ ᠭᠤᠨᠢᠭ ᠬᠤᠤᠰᠯᠠᠭᠠᠳ ᠢᠷᠡᠪᠡ᠃ ᠪᠢᠳᠠ ᠬᠤᠶᠠᠷ ᠬᠦᠮᠦᠨ ᠤ ᠬᠦᠯ ᠠᠴᠠ ᠵᠠᠶᠢᠳᠠᠭᠤ ᠰᠠᠨᠳᠠᠯᠢ | ᠲᠡᠭᠡᠷ᠎ᠠ ᠰᠠᠭᠤᠭᠠᠳ᠂ ᠪᠢ ᠲᠤᠯᠭᠠᠷ ᠡᠬᠡᠴᠢ ᠶᠢᠨ ᠲᠤᠬᠠᠢ ᠨᠢᠭᠡᠳ ᠨᠢᠭᠡ ᠦᠭᠡᠢ ᠶᠠᠷᠢᠵᠤ ᠲᠡᠬᠦᠨ ᠢ ᠵᠢᠮᠡᠯᠡᠬᠦ ᠬᠡᠳᠡᠯ᠎ᠠ | ᠄ ︽ᠨᠠᠮ᠎ᠠ ᠶᠢ ᠵᠢᠮᠡᠯᠡᠬᠦ ᠬᠡᠷᠡᠭ ᠦᠭᠡᠢ᠃ ᠪᠢ ᠲᠡᠷᠨ ᠲᠠᠢ ᠲᠡᠷᠨ ᠦᠭᠡᠢ ᠦᠪᠡᠷ ᠢ ᠪᠠᠨ ᠨᠢᠭᠡ ᠨᠠᠰᠤ ᠪᠠᠷ ᠢᠶᠠᠨ | ᠰᠢᠳᠭᠡᠭᠰᠡᠨ ᠬᠦᠮᠦᠨ᠃ ᠪᠢ ᠭᠠᠳᠠᠭᠠᠳᠤ ᠳᠤ ᠰᠤᠷᠴᠤ ᠪᠠᠶᠢᠬᠤ ᠳᠠᠭᠠᠨ ᠠᠷᠢᠬᠢᠨ ᠳᠤ ᠤᠷᠤᠴᠢᠬᠠᠭᠰᠠᠨ ᠬᠦᠮᠦᠨ ᠯᠡ | ᠳ᠋ᠧ᠃ ᠰᠤᠷᠭᠠᠭᠤᠯᠢ ᠪᠠᠨ ᠲᠡᠬᠦᠰᠴᠤ ᠢᠷᠡᠭᠡᠳ ᠠᠷᠢᠬᠢ ᠠᠮᠰᠠᠬᠤ ᠦᠭᠡᠢ ᠬᠡᠵᠤ ᠰᠢᠢᠳᠯᠠ᠃ ᠠᠩᠬᠠᠨ ᠤ ᠴᠠᠯᠢᠩ | ᠪᠠᠭᠤᠬᠤ ᠳᠤ ᠯᠡ ᠲᠡᠰᠦᠭᠰᠡᠨ ᠦᠭᠡᠢ᠃ ᠠᠵᠢᠯᠯᠠᠵᠤ ᠪᠠᠶᠢᠬᠤ ᠳᠤ ᠬᠤᠶᠠᠷ᠂ ᠭᠤᠷᠪᠠᠨ ᠬᠤᠨᠤᠭ ᠢᠶᠠᠷ ᠠᠵᠢᠯ ᠢᠶᠠᠨ | ᠬᠠᠶᠠᠭᠠᠳ ᠠᠷᠢᠬᠢᠳᠠᠳᠠᠭ ᠪᠠᠶᠢᠯ᠎ᠠ᠃ ᠴᠢᠨᠤ ᠶᠠᠪᠤᠭᠤᠯᠤᠭᠰᠠᠨ ᠵᠠᠬᠢᠶ᠎ᠠ ᠶᠢ ᠠᠪᠤᠭᠠᠳ ᠡᠵᠢ ᠲᠠᠢ ᠪᠠᠨ ᠤᠴᠢᠵᠤ | ᠠᠭᠤᠯᠵᠠᠶ᠎ᠠ ᠬᠡᠵᠤ ᠰᠢᠢᠳᠦᠭᠰᠡᠨ ᠶᠤᠮ᠃ ᠬᠡᠳᠡᠯ᠎ᠠ ᠠᠵᠢᠯ ᠤᠨ ᠢᠶᠠᠨ ᠭᠠᠵᠠᠷ ᠬᠡᠯᠡᠬᠦ ᠦᠭᠡ ᠪᠠᠶᠢᠳᠠᠭ ᠦᠭᠡᠢ᠃ ᠠᠪᠤ | ᠶᠢ ᠪᠠᠨ ᠨᠠᠰᠤ ᠪᠠᠷᠠᠭᠰᠠᠨ᠂ ᠡᠵᠢ ᠶᠢ ᠪᠠᠨ ᠨᠠᠰᠤ ᠪᠠᠷᠠᠭᠰᠠᠨ ᠬᠡᠵᠤ ᠬᠡᠯᠡᠭᠡᠳ ᠬᠦᠷᠳᠡᠯ᠎ᠠ ᠨᠦᠬᠦᠳ ᠤᠨ ᠢᠶᠠᠨ | ᠲᠤᠰᠠᠯᠠᠮᠵᠢ ᠶᠢᠨ ᠮᠦᠩᠬᠦ ᠪᠠᠷ ᠠᠷᠢᠬᠢᠳᠠᠵᠤ ᠪᠠᠶᠢᠭᠰᠠᠨ ᠬᠦᠮᠦᠨ ᠴᠢᠨᠢ ᠶᠠᠭᠠᠬᠢᠶ᠎ᠠ ᠬᠡᠬᠦ ᠪᠤᠢ᠃ ᠴᠢᠨᠤ ᠤᠳᠠᠰᠤ ᠪᠠᠷ | ᠶᠠᠷᠢᠳᠠᠭ ᠡᠳᠦᠷ ᠪᠢ ᠰᠢᠷᠠᠳᠠᠭᠠᠳ ᠬᠡᠷ ᠲᠡᠭᠡᠨ ᠬᠡᠪᠳᠡᠵᠤ ᠪᠠᠶᠢᠯ᠎ᠠ᠃ ᠮᠠᠷᠭᠠᠰᠢ ᠨᠢ ᠴᠠᠬᠢᠯᠭᠠᠨ ᠠᠪᠤᠭᠠᠳ ᠮᠦᠩᠬᠦ | ᠵᠢᠭᠡᠯᠡᠬᠦ ᠬᠦᠮᠦᠨ ᠡᠷᠢᠭᠡᠳ ᠤᠯᠳᠠᠳᠠᠭ ᠦᠭᠡᠢ᠃ ᠰᠢᠷ᠎ᠠ ᠲᠠᠶᠢᠯᠬᠤ ᠳᠤ ᠬᠡᠳᠦᠨ ᠲᠦᠬᠦᠷᠢᠭ ᠬᠤᠳᠠᠯ ᠦᠨᠡᠨ | ᠬᠡᠯᠡᠭᠡᠳ ᠬᠦᠮᠦᠨ ᠠᠴᠠ ᠰᠠᠯᠭᠠᠵᠤ ᠪᠤᠯᠳᠠᠭ ᠰᠠᠨ᠃ ᠭᠡᠳᠡᠯ᠎ᠠ ᠡᠨᠡ ᠤᠳᠠᠭ᠎ᠠ᠂ ᠨᠢᠭᠤᠷ ᠢᠶᠠᠨ ᠪᠠᠷᠠᠴᠢᠬᠠᠭᠰᠠᠨ ᠢᠶᠠᠨ | ᠮᠡᠳᠡᠯ᠎ᠠ᠃ ᠬᠡᠪᠡᠴᠤ ᠬᠦᠮᠦᠨ ᠤ ᠰᠠᠶᠢᠬᠠᠨ ᠰᠡᠳᠬᠢᠯ ᠲᠠᠭᠤᠰᠳᠠᠭ ᠦᠭᠡᠢ ᠶᠤᠮ ᠪᠢᠯᠨ᠃ ᠵᠠᠮ ᠤᠨ ᠵᠠᠷᠤᠳᠠᠯ | ᠶᠠᠭᠠᠬᠢᠵᠤ ᠡᠶᠢᠭᠡᠳ ᠯᠡ ᠤᠯᠤᠯ᠎ᠠ᠃ ᠤᠩᠭᠤᠴᠠᠨ ᠤ ᠪᠢᠯᠧᠲ ᠠᠪᠬᠤ ᠪᠠᠷ ᠶᠠᠪᠤᠵᠤ ᠪᠠᠶᠢᠳᠠᠯ᠎ᠠ ᠨᠢᠭᠡ ︽ᠲᠠᠨᠢᠯ︾ | ᠰᠢᠯ ᠶᠠᠭᠤᠮ᠎ᠠ ᠠᠪᠴᠢᠬᠠᠭᠰᠠᠨ ᠲᠠᠭᠠᠷᠠᠯᠳᠤᠪᠠ᠃ ᠵᠠᠪᠠᠯ ᠨᠠᠳᠠ ᠲᠠᠢ ᠬᠤᠪᠢᠶᠠᠵᠤ ᠤᠤᠭᠤᠨ᠎ᠠ ᠬᠡᠳ ᠰᠠᠯᠳᠠᠭ ᠦᠭᠡᠢ | ᠃ ᠪᠢ ᠴᠤ ᠲᠡᠰᠦᠭᠰᠡᠨ ᠦᠭᠡᠢ ᠤᠤᠭᠤᠴᠢᠬᠠᠭᠰᠠᠨ ᠴᠢᠨᠢ ᠨᠢᠭᠡ ᠮᠡᠳᠡᠬᠦ ᠳᠤ ᠨᠦᠬᠦᠭᠡ ᠮᠦᠩᠬᠦ ᠤᠷᠤᠭᠤ ᠪᠠᠨ | ᠤᠷᠤᠴᠢᠬᠠᠵᠠᠢ᠃ ᠮᠠᠷᠭᠠᠰᠢ ᠨᠢ ᠡᠷᠡᠬᠦᠯᠵᠢᠬᠦᠯᠬᠦ ᠳᠤ ᠤᠬᠠᠭᠠᠨ ᠤᠷᠤᠪᠠ᠃ ᠢᠩᠬᠢᠭᠡᠳ ᠯᠡ ᠶᠠᠪᠤᠵᠤ ᠴᠢᠳᠠᠭ᠎ᠠ | ᠦᠭᠡᠢ ᠶᠤᠮ ᠳ᠋ᠠ᠃ ᠡᠨᠡ ᠵᠢᠯ ᠠᠷᠢᠬᠢᠨ ᠤ ᠡᠮᠴᠢᠯᠡᠭᠡ ᠬᠢᠯᠭᠡᠭᠡᠳ ᠤᠳᠠᠭ᠎ᠠ ᠦᠭᠡᠢ ᠪᠠᠶᠢᠨ᠎ᠠ᠃ ᠤᠳᠤ ᠴᠦ ᠡᠨᠡ | ᠬᠠᠷ᠎ᠠ ᠤᠰᠤ ᠶᠢ ᠠᠬᠢᠵᠤ ᠠᠮᠰᠠᠬᠤ ᠦᠭᠡᠢ ᠡ᠃ ᠪᠢ ᠲᠠᠩᠴᠢ ᠦᠭᠡᠳᠠ ᠦᠭᠡᠢ ᠬᠦᠮᠦᠨ᠂ ᠲᠦᠷᠦᠭᠰᠡᠨ ᠡᠬᠡ ᠪᠠᠨ | ᠮᠠᠷᠳᠠᠭᠰᠠᠨ ᠁ ᠡᠬᠦᠨ ᠢ ᠪᠠᠨ ᠪᠤᠳᠤᠭᠠᠳ ᠪᠤᠭᠤᠵᠤ ᠦᠬᠦᠮᠡᠷ ᠰᠠᠨᠠᠭᠳᠠᠬᠤ ᠶᠤᠮ᠃︾ ᠬᠡᠵᠤ ᠬᠡᠯᠡᠭᠡᠳ | ᠨᠢᠳᠤᠨ ᠳᠤ ᠨᠢ ᠨᠢᠯᠪᠤᠰᠤ ᠬᠦᠶᠦᠯᠭᠡᠨᠡᠵᠤ ᠬᠤᠭᠤᠯᠠᠢ ᠨᠢ ᠵᠠᠩᠬᠢᠷᠠᠭᠠᠳ ᠢᠷᠡᠪᠡ᠃ | ᠪᠢ ︽ᠡᠨᠡ ᠬᠦᠮᠦᠨ ᠬᠤᠵᠢᠭᠤ ᠤᠬᠠᠭᠠᠷᠠᠵᠤ ᠳ᠋ᠧ︾ ᠬᠡᠵᠤ ᠪᠤᠳᠤᠭᠠᠳ ᠰᠠᠨᠳᠠᠯᠢ ᠠᠴᠠ ᠪᠠᠨ ᠪᠤᠰᠪᠠ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | ᠡᠬᠢ ᠰᠤᠷᠪᠤᠯᠵᠢ >>> | |