ᠪᠢᠴᠢᠬᠠᠨ ᠬᠦᠯᠦᠭᠡ ᠠᠩᠬ᠎ᠠ ᠡᠬᠡ ᠠᠴᠠ ᠲᠦᠷᠦᠵᠤ᠂ ᠨᠢᠳᠤ ᠪᠠᠨ ᠨᠡᠭᠡᠭᠡᠬᠦ ᠳᠤ ᠯᠡ ᠤᠷᠴᠢᠯᠠᠩ ᠶᠢᠷᠳᠢᠨᠴᠤ | ᠶᠢ ᠶᠡᠭᠡᠳᠠ ᠰᠤᠨᠢᠭᠤᠴᠢᠷᠬᠠᠨ ᠬᠠᠷᠠᠭᠰᠠᠨ ᠰᠠᠨ᠃ ᠡᠬᠡ ᠠᠴᠠ ᠬᠠᠮᠳᠤ ᠭᠠᠷᠤᠭᠰᠠᠨ ᠠᠬ᠎ᠠ ᠡᠬᠡᠴᠢ ᠨᠠᠷ ᠢᠶᠠᠨ ᠨᠢᠭᠡ | ᠶᠡᠭᠡ ᠰᠤᠨᠢᠷᠬᠠᠭᠠ ᠦᠭᠡᠢ᠂ ᠬᠠᠷᠢᠨ ᠡᠵᠢ ᠶᠢᠨ ᠬᠢᠨᠢ ᠠᠮᠳᠠᠳᠤ ᠰᠦ ᠯᠡ ᠬᠠᠮᠤᠭ ᠤᠨ ᠰᠠᠶᠢᠬᠠᠨ ᠪᠠᠶᠢᠯ᠎ᠠ᠃ | ᠬᠠᠰᠢᠶᠠᠨ ᠤ ᠪᠤᠯᠤᠩ ᠳᠤ ᠬᠡᠳᠦᠨ ᠬᠦᠯᠦᠭᠡ ᠬᠦᠬᠦᠬᠦᠯᠦᠨ ᠬᠤᠷᠭᠤᠳᠠᠬᠤ ᠵᠢᠩᠬᠢᠷ ᠢ ᠶᠡᠭᠡ ᠪᠠᠭ᠎ᠠ ᠦᠭᠡᠢ ᠯᠡ | ᠠᠳᠠ ᠦᠵᠡᠨ᠎ᠠ᠃ ᠨᠢᠭᠡ ᠡᠳᠦᠷ ᠠᠶᠢᠯ ᠤᠨ ᠡᠵᠡᠨ᠂ ᠬᠡᠰᠡᠭ ᠬᠦᠮᠦᠰ ᠲᠠᠭᠠᠭᠤᠯᠵᠤ ᠢᠷᠡᠭᠡᠳ᠄ ︽ᠵᠠ ᠦᠵᠡᠵᠤ | ᠪᠠᠶᠢᠭᠠᠳ ᠲᠤᠷᠠᠳᠠᠢ ᠬᠦᠯᠦᠭᠡ ᠪᠠᠨ ᠠᠪ᠃ ᠵᠢᠩᠬᠢᠨᠢ ᠮᠤᠩᠭᠤᠯ ᠨᠤᠬᠠᠢ ᠶᠢᠨ ᠤᠳᠤᠮ᠂ ᠲᠠ ᠨᠠᠷ ᠲᠡᠷᠨ ᠪᠡᠶ᠎ᠠ ᠬᠠ | ᠶᠢ ᠨᠢ ᠬᠠᠷ᠎ᠠ᠃ ᠲᠦᠩᠭᠡᠵᠢ ᠲᠦᠷᠦᠭᠡᠳ ᠤᠳᠠᠭ᠎ᠠ ᠦᠭᠡᠢ ᠬᠦᠯᠦᠭᠡ ᠡᠶᠢᠮᠤ ᠪᠠᠶᠢᠬᠤ ᠦᠭᠡᠢ᠃ ᠶᠠᠭ ᠪᠠᠩᠬᠠᠷ ᠰᠢᠤ | ᠂ ᠰᠠᠶᠢᠨ ᠬᠠᠷ᠎ᠠ᠃ ᠭᠤᠷᠪᠠᠨ ᠮᠢᠩᠭ᠎ᠠ ᠪᠠᠷ ᠠᠪ᠃︾ | ᠰᠢᠷᠦᠬᠦᠨ ᠪᠠᠶᠢᠷᠢ ᠶᠢᠨ ᠬᠠᠷᠠᠴᠨ ᠲᠠᠢ᠂ ᠤᠯᠠᠨ ᠵᠢᠯ ᠲᠠᠮᠠᠬᠢ ᠲᠠᠳᠠᠭᠰᠠᠨ ᠢ ᠨᠢ ᠬᠡᠷᠡᠴᠢᠯᠡᠬᠦ ᠪᠠᠳᠬ᠎ᠠ ᠲᠠᠢ | ᠨᠢᠭᠤᠷ᠂ ᠬᠦᠭᠡᠴᠤ ᠲᠠᠢ ᠰᠢᠳᠤ ᠢᠷᠵᠠᠶᠢᠯᠭᠠᠨ ᠢᠨᠢᠶᠡᠬᠦ ᠡᠷ᠎ᠠ ᠤᠶᠢᠷᠠᠳᠤᠨ ᠢᠷᠡᠵᠤ᠂ ᠪᠢᠴᠢᠬᠠᠨ ᠬᠦᠯᠦᠭᠡ ᠶᠢᠨ | ᠠᠷᠤ ᠲᠠᠭᠵᠠᠨ ᠠᠴᠠ ᠲᠡᠭᠡᠭᠰᠢ ᠡᠷᠬᠦᠨ ᠰᠡᠭᠰᠦᠷᠡᠭᠡᠳ ᠭᠠᠩ ᠬᠢᠵᠤ ᠲᠤᠤᠭᠠᠷᠬᠤ ᠦᠭᠡᠢ ᠪᠠᠶᠢᠭ᠎ᠠ ᠳᠤ ᠨᠢ ᠶᠡᠭᠡᠳᠠ | ᠤᠯᠵᠠᠭᠤᠷᠬᠠᠨ᠄ ︽ᠬᠦᠭᠰᠢᠨ ᠡ᠂ ᠡᠨᠡ ᠬᠦᠯᠦᠭᠡ ᠶᠢ ᠴᠢᠨᠢ ᠠᠪᠤᠶ᠎ᠠ᠂ ᠬᠡᠬᠦ ᠳᠡᠭᠡᠨ ᠲᠡᠩᠳᠡᠬᠦᠤ ᠵᠢᠵᠢᠭ ᠶᠤᠮ᠂ | ᠮᠢᠩᠭ᠎ᠠ ᠪᠠᠷ ᠦᠭᠴᠢᠭᠡ᠂ ᠤᠴᠢᠭᠠᠳ ᠦᠬᠦᠴᠢᠬᠡᠬᠦ ᠴᠦ ᠶᠤᠮ ᠪᠢᠯᠢᠤ︕︾ | ︽ᠵᠠ᠂ ᠵᠠ᠂ ᠠᠪ ᠁︾ ᠬᠡᠮᠡᠨ ᠡᠵᠡᠨ ᠨᠢ ᠰᠠᠶ᠋ᠢᠬᠢ ᠡᠷ᠎ᠠ ᠶᠢᠨ ᠰᠠᠷᠪᠠᠶᠢᠬᠤ ᠮᠢᠩᠭᠠᠨ ᠲᠦᠬᠦᠷᠢᠭ ᠢ | ᠠᠪᠤᠨ ᠬᠠᠯᠠᠭᠠᠰᠤᠨ ᠳᠠᠭᠠᠨ ᠬᠢᠪᠡ᠃ | ᠢᠩᠬᠢᠭᠡᠳ ᠯᠡ ᠬᠦᠭᠡᠷᠦᠬᠦᠢ ᠬᠦᠯᠦᠭᠡ ᠦᠪᠡᠷ ᠤᠨ ᠬᠡᠰᠡᠨ ᠡᠵᠡᠨ ᠲᠠᠢ ᠪᠤᠯᠪᠠ᠃ ᠲᠠᠯᠬᠠᠨ ᠤ ᠦᠷᠡᠳᠡᠰᠤ | ᠬᠤᠭᠤᠯᠠᠨ ᠤ ᠰᠢᠪᠬᠠᠷᠤ ᠶᠠᠭᠤ ᠦᠭᠬᠦᠭᠰᠡᠨ ᠢ ᠨᠢ ᠯᠡ ᠢᠳᠡᠨ᠎ᠠ᠃ | ᠬᠠᠷᠢᠨ ᠭᠡᠷ ᠤᠨ ᠡᠵᠡᠭᠳᠠᠢ ᠰᠢᠭᠡᠵᠤ ᠪᠠᠭᠠᠯᠠ ᠬᠡᠮᠡᠨ ᠬᠦᠭᠡᠭᠡᠵᠤ ᠲᠠᠭᠤᠬᠤ ᠳᠤ ᠨᠢ ᠭᠠᠳᠠᠭ᠎ᠠ ᠬᠤᠨᠤᠬᠤ ᠯᠡ | ᠵᠢᠭᠠᠬᠠᠨ ᠲᠡᠶᠢᠮᠦᠭᠡᠨ᠃ | ᠡᠨᠡ ᠠᠶᠢᠯ ᠭᠠᠭᠴᠨ ᠬᠦᠤ ᠲᠠᠢ᠂ ᠦᠷᠯᠦᠭᠡᠨ ᠠᠴᠠ ᠤᠷᠤᠢ ᠪᠤᠯᠳᠠᠯ᠎ᠠ ᠪᠤᠷᠪᠢ ᠪᠤᠬᠢᠰᠬᠢᠨᠠ ᠬᠡᠵᠤ ᠦᠭᠡᠢ᠃ | ︽ᠬᠦᠶ᠋ᠢ᠂ ᠪᠤᠷᠤᠬᠦᠤ ᠲᠡᠭᠡ᠂ ᠦᠭᠡᠢ ᠴᠢ ᠶᠠᠭᠠᠬᠢᠴᠢᠬᠠᠪᠠ᠂ ᠡᠷᠬᠢᠬᠦᠤ ᠮᠠᠯ᠂ ᠶᠠᠭᠠᠬᠢᠳᠠᠭ ᠬᠠᠷ᠎ᠠ ᠲᠤᠷᠠᠭᠠᠯ ᠪᠤᠢ᠂ | ᠲᠡᠭᠡᠭᠡᠴᠢ᠂ ᠢᠩᠬᠢᠭᠡᠴᠢ ᠁︾ ᠬᠡᠬᠦ ᠲᠠᠭᠤ ᠪᠠᠶᠢᠩᠭᠤ ᠰᠤᠨᠤᠰᠳᠠᠬᠤ ᠨᠢ ᠶᠤᠰᠤ ᠬᠡᠯᠳᠠᠢ᠃ | ᠵᠠᠷᠢᠮ ᠦᠶ᠎ᠠ ᠳᠤ ᠭᠡᠷ ᠤᠨ ᠬᠤᠶᠠᠷ ᠭᠠᠳᠠᠭᠰᠢ ᠶᠠᠪᠤᠬᠤ ᠦᠶ᠎ᠠ ᠲᠠᠭᠠᠷᠠᠪᠠᠯ ᠬᠦᠯᠦᠭᠡ ᠬᠠᠴᠢᠨ ᠶᠡᠭᠡ | ᠪᠠᠶᠠᠷᠯᠠᠨ᠎ᠠ᠃ ᠪᠤᠷᠤᠬᠦᠤ ᠲᠡᠬᠦᠨ ᠢ ᠬᠡᠷ ᠲᠡᠭᠡᠨ ᠤᠷᠤᠭᠤᠯᠤᠨ ᠪᠠᠶᠢᠳᠠᠭ ᠢᠶᠠᠷ ᠨᠢ ᠡᠷᠬᠡᠯᠡᠬᠦᠯᠬᠦ᠃ ᠰᠢᠬᠢᠷ ᠬᠦᠷᠳᠡᠯ᠎ᠠ | ᠦᠭᠬᠦᠨ᠎ᠠ᠃ ᠡᠰᠨ ᠪᠤᠯ ᠠᠪᠤ ᠡᠵᠢ ᠳᠡᠭᠡᠨ ᠭᠤᠮᠤᠳᠠᠭᠰᠠᠨ ᠰᠡᠳᠬᠢᠯ ᠢᠶᠠᠨ ᠶᠠᠷᠢᠵᠤ ᠲᠠᠶᠢᠳᠬᠤᠷᠠᠨᠠ᠃ | ︽ᠬᠤᠶᠢᠯᠤᠭ ᠮᠢᠨᠢ ᠴᠢ ᠬᠡᠷᠪᠡ ᠲᠤᠮᠤ ᠠᠴᠠ ᠲᠤᠮᠤ ᠦᠯᠢᠭᠡᠷ ᠤᠨ ᠪᠠᠭᠠᠳᠤᠷ ᠪᠠᠶᠢᠭᠰᠠᠨ ᠪᠤᠯ ᠬᠡᠴᠢᠨᠡᠨ | ᠰᠠᠶᠢᠬᠠᠨ᠃ ᠨᠠᠮ᠎ᠠ ᠶᠢ ᠵᠤᠳᠤᠵᠤ ᠵᠠᠩᠨᠠᠬᠤ ᠪᠦᠷᠢ ᠦᠮᠦᠭᠡᠷᠡᠭᠡᠳ ᠯᠡ᠃ ᠲᠡᠭᠡᠪᠡᠯ ᠠᠪᠤ ᠡᠵᠢ ᠬᠤᠶᠠᠷ ᠴᠢᠮ᠎ᠠ ᠠᠴᠠ | ᠠᠶᠤᠬᠤ ᠳᠠᠭᠠᠨ ᠨᠠᠮ᠎ᠠ ᠶᠢ ᠭᠡᠷ ᠲᠤ ᠬᠤᠷᠢᠬᠤ ᠪᠠᠨ ᠪᠠᠶᠢᠵᠤ᠂ ᠪᠤᠰᠤᠳ ᠠᠶᠢᠯ ᠤᠨ ᠬᠡᠦᠭᠡᠳ ᠤᠳ ᠰᠢᠭ᠋ | ᠰᠤᠷᠭᠠᠭᠤᠯᠢ ᠳᠤ ᠶᠠᠪᠤᠭᠤᠯᠤᠨ᠎ᠠ᠃ ᠲᠡᠶᠢᠮᠤ ᠡ ᠁︾ ᠡᠶᠢᠨ ᠶᠠᠷᠢᠬᠤ ᠳᠠᠭᠠᠨ ᠪᠤᠷᠤᠬᠦᠤ ᠬᠦᠯᠦᠭᠡ ᠪᠠᠨ | ᠲᠡᠪᠡᠷᠢᠨ ᠨᠠᠷᠠᠨ ᠤ ᠡᠰᠡᠷᠬᠦ ᠨᠢᠳᠤ ᠪᠠᠨ ᠠᠨᠢᠪᠴᠢᠨ ᠪᠠᠶᠢᠵᠤ᠂ ᠢᠳᠢ ᠰᠢᠳᠢᠳᠤ ᠦᠯᠢᠭᠡᠷ ᠤᠨ ᠪᠠᠭᠠᠳᠤᠷ ᠤᠯᠵᠤ | ᠬᠠᠷᠠᠬᠤ ᠬᠡᠵᠤ ᠦᠨᠡᠨ ᠰᠡᠳᠬᠢᠯ ᠠᠴᠠ ᠪᠠᠨ ᠬᠢᠴᠢᠶᠡᠨ᠎ᠠ᠃ | ᠬᠠᠷᠢᠨ ᠪᠢᠴᠢᠬᠠᠨ ᠬᠦᠯᠦᠭᠡ ᠤᠭᠳᠤ ᠦᠭᠡᠷ᠎ᠠ ᠪᠤᠳᠤᠯ ᠡᠷᠬᠢᠯᠳᠦᠬᠦ᠃ ᠪᠤᠷᠤᠬᠦᠤ ᠶᠢᠨ ᠢᠩᠬᠢᠵᠤ ᠶᠡᠭᠡ | ᠭᠤᠮᠤᠳᠠᠵᠤ ᠴᠦᠬᠦᠷᠡᠬᠦ ᠦᠶ᠎ᠠ ᠳᠤ ᠪᠢᠴᠢᠬᠠᠨ ᠬᠦᠯᠦᠭᠡ ᠭᠠᠶᠢᠬᠠᠰᠬᠢᠨᠠ᠃ ᠠᠪᠤ ᠡᠵᠢ ᠭᠡᠳ ᠬᠤᠶᠠᠷ ᠡᠵᠡᠨ ᠲᠠᠢ᠂ | ᠪᠠᠰᠠ ᠲᠤᠮᠤ ᠰᠠᠶᠢᠬᠠᠨ ᠪᠠᠶᠢᠰᠢᠩ ᠲᠤᠳᠤᠷ᠎ᠠ ᠵᠦᠭᠡᠯᠡᠨ ᠲᠤᠯᠠᠭᠠᠨ ᠬᠡᠪᠳᠡᠷᠢ ᠲᠠᠢ ᠪᠠᠶᠢᠵᠤ ᠶᠠᠭᠤᠨ ᠳᠠᠭᠠᠨ | ᠭᠤᠮᠤᠳᠠᠳᠠᠭ ᠪᠠᠶᠢᠨ᠎ᠠ ᠬᠡᠵᠤ ᠪᠤᠳᠤᠨ᠎ᠠ᠃ | ᠠᠩᠬᠠᠨ ᠤ ᠴᠠᠰᠤ ᠤᠷᠤᠭᠰᠠᠨ ᠰᠡᠷᠢᠬᠦᠭᠡᠨ ᠡᠳᠦᠷ ᠪᠠᠶᠢᠯ᠎ᠠ᠃ ᠭᠡᠷ ᠲᠤᠳᠤᠷ᠎ᠠ ᠠᠴᠠ ᠪᠦᠭᠡᠮ ᠱᠤᠤᠬᠢᠶᠠᠨ᠃ | ︽ᠦ᠂ ᠶᠠᠮᠠᠷ ᠲᠠᠪᠠᠭᠤᠷᠠᠭᠰᠠᠨ ᠬᠤᠯᠠᠭᠠᠶᠢᠴᠢ ᠪᠤᠢ︖ ᠮᠠᠯ ᠲᠡᠵᠢᠭᠡᠪᠡᠯ ᠠᠮᠠ ᠲᠤᠰᠤᠳᠠᠨᠠ᠂ ᠬᠦᠮᠦᠨ | ᠲᠡᠵᠢᠭᠡᠪᠡᠯ ᠲᠤᠯᠤᠭᠠᠢ ᠴᠢᠰᠤᠳᠠᠨᠠ ᠭᠡᠭᠴᠢ ᠨᠢ ᠰᠢᠪ ᠳ᠋ᠧ︕ ᠢᠩᠬᠢᠭᠡᠳ ᠴᠢ ᠬᠠᠮᠢᠭ᠎ᠠ ᠭᠠᠵᠠᠷ ᠠᠴᠠ ᠡᠨᠡ | ᠵᠤᠯᠪᠢᠨ ᠰᠢᠭᠡᠰᠤ ᠶᠢ ᠠᠪᠴᠢᠷᠠᠭ᠎ᠠ ᠪᠤᠢ︖ ᠵᠠᠪᠠᠭᠠᠷᠠᠵᠤ ᠶᠠᠪᠤᠭᠰᠠᠨ ᠬᠡᠦᠭᠡᠨ ᠨᠦᠭᠦᠳ ᠠᠴᠠ ᠦᠪᠡᠷ ᠤᠨ ᠢᠶᠠᠨ | ᠰᠢᠭᠡᠰᠤ ᠶᠢ ᠠᠪᠴᠢᠷᠠᠭᠰᠠᠨ ᠳ᠋ᠠ︕ ᠲᠠᠭᠠᠷᠠᠭᠰᠠᠨ ᠴᠦ ᠲᠠᠭᠠᠷ ᠰᠢᠭᠤᠳᠠᠢ ᠨᠤᠭᠤᠳ ᠪᠤᠯ ᠳ᠋ᠤᠤ᠂ ᠦᠬᠦᠭᠰᠡᠨ | ᠬᠤᠶᠢᠨ᠎ᠠ ᠪᠠᠨ᠂ ᠤᠳᠤ ᠪᠦᠷ ᠲᠠᠪᠠᠭᠤᠷᠠᠬᠤ ᠨᠢ ᠰᠢᠪ ᠳ᠋ᠧ︕︾ ᠬᠡᠮᠡᠨ ᠡᠮᠡᠭᠳᠠᠢ ᠬᠦᠮᠦᠨ ᠤ ᠬᠠᠰᠬᠢᠴᠢᠵᠤ | ᠤᠷᠢᠯᠠᠬᠤ ᠲᠠᠭᠤᠨ ᠤ ᠬᠠᠵᠠᠭᠤ ᠪᠠᠷ᠄ ︽ᠲᠤᠭᠤᠢ ᠪᠠᠢ ᠬᠢᠴᠢ ᠮᠢᠨᠢ︕ ᠠᠯᠠᠴᠢᠬᠠᠬᠤ ᠨᠢ ᠰᠢᠤ ᠁ ᠴᠢ | ᠲᠡᠶᠢᠮᠤ ᠰᠦᠷᠡᠭᠡᠢ ᠶᠤᠮ ᠪᠤᠯ ᠨᠤᠶᠢᠳᠠᠨ ᠰᠤᠷᠮᠤᠤᠰᠤ ᠲᠠᠢ ᠬᠡᠦᠭᠡᠳ ᠤᠨᠠᠭᠠᠬᠤ ᠦᠭᠡᠢ ᠶᠠᠭᠠᠬᠢᠭᠰᠠᠨ ᠶᠤᠮ᠂ | ᠬᠡᠦᠭᠡᠳ ᠤᠷᠤᠭᠤ ᠪᠢᠳᠡᠭᠡᠢ ᠲᠠᠭᠠᠷᠢᠭᠠᠳ ᠪᠠᠢ︕ ᠬᠤᠪ ᠵᠢᠪ ᠬᠦᠭᠡᠭᠡᠴᠡᠯᠳᠦᠵᠤ ᠶᠠᠪᠤᠬᠤ ᠪᠠᠷ ᠬᠤᠶᠢᠰᠢ ᠤᠷᠤᠭᠰᠢ | ᠶᠠᠭᠤᠮ᠎ᠠ ᠪᠠᠨ ᠲᠠᠯᠳᠠ ᠬᠢᠬᠦ ᠦᠭᠡᠢ ᠶᠠᠭᠠᠬᠢᠭᠰᠠᠨ ᠶᠤᠮ︕︾ ᠬᠡᠮᠡᠨ ᠦᠨᠦᠬᠢ ᠡᠷ᠎ᠠ ᠶᠢᠨ ᠲᠠᠭᠤ ᠴᠢᠩᠭᠠᠷᠠᠬᠤ ᠳᠤ | ᠪᠤᠷᠤᠬᠦᠤ ᠭᠡᠷ ᠠᠴᠠ ᠬᠦᠶᠦᠬᠦ ᠪᠠᠷ ᠢᠶᠠᠨ ᠭᠠᠷᠴᠤ ᠢᠷᠡᠨ ᠬᠦᠯᠦᠭᠡ ᠶᠢ ᠲᠡᠪᠡᠷᠢᠨ ᠬᠠᠮᠢᠭᠠᠰᠢ ᠪᠠᠨ ᠴᠦ ᠶᠤᠮ ᠪᠤᠤ | ᠮᠡᠳᠠ ᠬᠠᠷᠠᠭᠰᠠᠨ ᠵᠦᠭ ᠲᠡᠭᠡᠨ ᠯᠡ ᠶᠠᠪᠤᠵᠤ ᠪᠠᠶᠢᠪᠠ᠃ ᠠᠷᠤ ᠳᠤ ᠲᠦᠴᠢᠭᠡᠨᠡᠨ ᠵᠤᠳᠤᠯᠳᠤᠬᠤ ᠴᠢᠮᠡᠭᠡ᠂ ᠡᠮᠡᠭᠳᠠᠢ | ᠬᠦᠮᠦᠨ ᠤ᠄ ︽ᠠᠯᠠᠯ᠎ᠠ᠂ ᠶᠤᠤ ᠶᠤᠤ ᠁︾ ᠬᠡᠬᠦ ᠰᠤᠨᠤᠰᠤᠭᠳᠠᠨᠠ᠃ ᠲᠡᠳᠠ ᠬᠢᠷᠢ ᠴᠤ ᠤᠳᠠᠭᠠᠨ ᠶᠠᠪᠤᠭᠰᠠᠨ | ᠶᠤᠮ ᠪᠤᠤ ᠮᠡᠳᠡ᠃ ᠬᠠᠷᠠᠩᠭᠤᠢ ᠨᠦᠮᠦᠷᠬᠦ ᠲᠤᠳᠤᠮ ᠪᠤᠷᠤᠬᠦᠤ ᠠᠶᠤᠨ ᠴᠡᠴᠡᠷᠡᠬᠦ ᠶᠢᠨ ᠬᠠᠵᠠᠭᠤ ᠪᠠᠷ ᠦᠪᠡᠷ ᠤᠨ | ᠡᠷᠭᠡ ᠦᠭᠡᠢ ᠤᠬᠢᠯᠠᠨ ᠪᠠᠶᠢᠪᠠ᠃ ᠲᠤᠮᠤ᠂ ᠲᠤᠮᠤ ᠪᠦᠯᠢᠶᠡᠨ ᠨᠢᠯᠪᠤᠰᠤ ᠬᠦᠯᠦᠭᠡ ᠶᠢᠨ ᠲᠤᠯᠤᠭᠠᠢ ᠲᠡᠭᠡᠷ᠎ᠠ | ᠦᠷᠬᠦᠯᠵᠢᠯᠡᠨ ᠲᠤᠰᠤᠯᠬᠤ ᠳᠤ ᠲᠡᠷᠡᠪᠡᠷ ᠪᠤᠷᠤᠬᠦᠤ ᠶᠢ ᠶᠡᠭᠡᠳᠠ ᠦᠷᠦᠪᠳᠦᠨ ᠭᠠᠷ ᠢ ᠨᠢ ᠲᠤᠯᠢᠶᠠᠨ ᠪᠠᠶᠢᠬᠤ ᠳᠤ | ᠪᠠᠨ᠄ ︽ᠲᠡᠷᠨ ᠰᠠᠶᠢᠬᠠᠨ ᠤᠷᠤᠮᠵᠢᠨ ᠠᠴᠠ ᠵᠢᠭᠤᠳᠠᠭᠠᠳ ᠤᠳᠤ ᠬᠠᠮᠢᠭ᠎ᠠ ᠤᠴᠢᠬᠤ ᠪᠤᠢ ᠳ᠋ᠠ︖ ᠡᠨᠡ ᠡᠰᠡᠪᠡᠯ | ᠨᠦᠬᠦᠭᠡ ᠰᠠᠶᠢᠬᠠᠨ ᠬᠡᠪᠢᠰᠦᠨ ᠲᠡᠭᠡᠷ᠎ᠠ ᠨᠢ ᠰᠢᠭᠡᠴᠢᠭᠡᠭᠡᠳ ᠨᠠᠳᠠ ᠰᠢᠭ᠋ ᠬᠦᠭᠡᠭᠡᠭᠳᠡᠭᠰᠡᠨ ᠪᠠᠶᠢᠬᠤ︕ ᠵᠠ | ᠶᠠᠭᠠᠬᠢᠬᠤᠪ᠂ ᠶᠠᠮᠠᠷ ᠴᠦ ᠪᠠᠶᠢᠭᠰᠠᠨ ᠠᠶᠤᠮᠠᠷ ᠠᠪᠠᠭᠠᠢ ᠶᠢᠨ ᠬᠠᠷᠢᠶᠠᠯ ᠴᠢᠬᠢᠨ ᠳᠤ ᠰᠤᠨᠤᠰᠤᠭᠳᠠᠬᠤ ᠦᠭᠡᠢ ᠪᠤᠯᠬᠤ | ᠨᠢ᠃︾ | ᠴᠠᠰᠤ ᠤᠯᠠᠮ ᠪᠦᠷ ᠯᠠᠪᠰᠠᠯᠠᠨ ᠤᠷᠤᠭᠰᠠᠭᠠᠷ ᠁ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | |