ᠲᠡᠩᠳᠡᠬᠦᠤ ᠲᠠᠶᠢᠪᠤᠩ ᠲᠡᠯᠭᠡᠷᠮᠦ᠋ᠷᠡᠨ ᠤ ᠬᠦᠪᠡᠭᠡᠨ ᠳᠤ ᠶᠠᠭ ᠡᠳᠦᠢ ᠳᠤ ᠨᠠᠮᠤᠷ ᠴᠠᠭ ᠬᠤᠷᠮᠤᠢ ᠪᠠᠨ ᠲᠡᠯᠭᠡᠨ | ᠠᠮᠤᠰᠬᠢᠵᠤ ᠰᠠᠭᠤᠭ᠎ᠠ᠃ ᠵᠤᠨᠵᠢᠨ ᠨᠤᠭᠤᠭᠠᠨ ᠦᠩᠭᠡ ᠪᠠᠷ ᠢᠶᠠᠨ ᠭᠠᠶᠢᠬᠠᠭᠤᠯᠤᠭᠰᠠᠨ ᠬᠦᠭᠡ ᠴᠡᠴᠡᠭᠳᠤ ᠴᠠᠬᠢᠯᠳᠠᠭ | ᠢᠶᠠᠨ ᠰᠢᠷᠭᠠᠯ ᠰᠤᠷ ᠢᠶᠠᠷ ᠢᠶᠠᠨ ᠭᠤᠶᠤᠵᠤ᠂ ᠭᠤᠤᠯ ᠤᠨ ᠡᠷᠬᠢ ᠲᠠᠭᠠᠭᠰᠠᠨ ᠵᠦᠭᠡᠯᠡᠭᠡᠨ ᠰᠢᠷᠢᠬᠢ ᠬᠦᠨ ᠬᠦᠭᠡ | ᠦᠩᠭᠡᠨ ᠳᠤ ᠠᠭᠤᠰᠴᠤ᠂ ᠢᠷᠡᠬᠦ ᠴᠠᠭ ᠢ ᠬᠦᠯᠢᠶᠡᠨ ᠰᠠᠨᠠᠭᠠᠰᠢᠷᠠᠵᠤ ᠪᠠᠶᠢᠭ᠎ᠠ᠃ | ᠤᠰᠤ ᠲᠠᠢ ᠭᠠᠵᠠᠷ ᠲᠤ ᠤᠰᠤᠨ ᠤ ᠰᠢᠪᠠᠭᠤᠳ ᠢᠷᠡᠬᠦ ᠰᠢᠭ ᠭᠤᠶᠤ ᠠᠵᠠ ᠵᠢᠷᠭᠠᠯ᠂ ᠪᠠᠰᠠ ᠪᠤᠴᠠᠬᠤ | ᠰᠢᠭ᠋ ᠪᠢᠳᠡᠬᠦᠤ᠂ ᠬᠠᠳᠠᠭᠤ᠂ ᠪᠠᠷᠠᠭᠠᠨ ᠭᠤᠨᠢᠭ ᠪᠠᠶᠢᠳᠠᠭ ᠦᠭᠡᠢ᠃ ᠬᠠᠪᠤᠷ ᠬᠠᠮᠤᠭ ᠤᠨ ᠲᠦᠷᠦᠬᠦᠨ ᠠᠶᠢᠯᠴᠢᠯᠠᠵᠤ | ᠢᠷᠡᠭᠰᠡᠨ ᠰᠢᠪᠠᠭᠤ ᠶᠢ ᠪᠡᠶ᠎ᠠ ᠪᠡᠶ᠎ᠠ ᠠᠴᠠ ᠪᠠᠨ ᠦᠷᠢᠰᠦᠨ ᠬᠠᠷᠠᠬᠤ ᠬᠡᠵᠤ ᠬᠡᠦᠭᠡᠳ ᠤᠳ ᠬᠦᠯ ᠬᠦᠷ ᠪᠤᠯᠵᠠᠭᠠᠨ᠎ᠠ᠃ | ᠬᠦᠭᠰᠢᠳ ᠴᠦ ᠭᠡᠰᠡᠨ ᠲᠡᠳᠡᠨ ᠢ ᠪᠢᠳᠡᠬᠦᠭᠡᠨ ᠬᠦᠯᠢᠶᠡᠵᠤ᠂ ᠦᠷᠯᠦᠭᠡ ᠡᠷᠳᠡᠯᠡᠨ ᠠᠶᠢᠯ ᠳᠤ ᠤᠷᠤᠭᠰᠠᠨ ᠬᠦᠮᠦᠨ | ︽ᠬᠤᠶᠢᠳᠤ ᠲᠡᠷᠡᠰᠤᠨ ᠳᠤ ᠲᠤᠭᠤᠷᠤᠤ ᠢᠷᠡᠴᠢᠭᠡᠵᠤ︾᠂ ︽ᠠᠩᠬᠢᠷ ᠲᠤᠤᠭᠠᠷᠬᠤ ᠶᠢ ᠰᠤᠨᠤᠰᠪᠠ ᠦᠦ︖︾ | ᠬᠡᠭᠰᠡᠭᠡᠷ ᠬᠠᠭᠤᠴᠢ ᠲᠡᠯᠭᠡᠨ᠎ᠠ᠃ | ᠶᠠᠭ ᠯᠡ ᠲᠡᠬᠦᠨ ᠢᠶᠠᠨ ᠰᠢᠭ ᠰᠢᠪᠠᠭᠤ ᠪᠤᠴᠠᠬᠤ ᠶᠢ ᠰᠡᠳᠬᠢᠯ ᠢᠶᠠᠨ ᠰᠡᠮᠡᠯᠦᠨ ᠰᠡᠮᠡᠯᠦᠨ ᠬᠠᠷᠠᠵᠠᠭᠠᠨ᠎ᠠ᠃ | ᠲᠡᠭᠡᠭᠰᠡᠨ ᠬᠢᠷᠢ ᠨᠢ ᠬᠠᠷᠠᠭᠰᠠᠨ ᠦᠭᠡᠢ ᠲᠦᠷᠢ ᠦᠵᠡᠬᠦᠯᠦᠨ ᠲᠠᠭᠤ ᠪᠠᠨ ᠬᠤᠷᠢᠶᠠᠵᠠᠭᠠᠨᠠ᠃ | ᠬᠦᠮᠦᠰ ᠬᠦᠪᠰᠦᠬᠦᠯ ᠢ ᠶᠡᠭᠡ ᠯᠡ ᠬᠦᠢᠳᠡᠨ ᠰᠡᠷᠢᠬᠦᠭᠡᠨ ᠭᠠᠵᠠᠷ ᠬᠡᠵᠤ ᠲᠦᠰᠦᠭᠡᠯᠡᠳᠡᠭ᠃ ᠬᠠᠷᠢᠨ ᠨᠠᠳᠠᠳᠤ | ᠬᠡᠵᠢᠶ᠎ᠠ ᠴᠦ ᠲᠡᠭᠡᠵᠤ ᠰᠠᠨᠠᠭᠳᠠᠵᠤ ᠪᠠᠶᠢᠭᠰᠠᠨ ᠦᠭᠡᠢ᠃ ᠵᠤᠨ᠂ ᠨᠠᠮᠤᠷ ᠤᠨ ᠵᠢᠷᠭᠤᠭᠠᠨ ᠰᠠᠷ᠎ᠠ ᠳᠤ ᠮᠦᠷᠡᠨ ᠰᠢᠭ | ᠬᠠᠯᠠᠭᠤ ᠲᠦᠭᠡᠨᠡᠳᠡᠭ ᠭᠠᠵᠠᠷ ᠬᠤᠪᠤᠷᠬᠠᠨ ᠰᠠᠨᠠᠭᠳᠠᠳᠠᠭ ᠶᠤᠮ᠃ ᠨᠠᠷᠠᠨ ᠤ ᠢᠯᠴᠢ ᠨᠢᠭᠡ ᠯᠡ ᠦᠷᠯᠦᠭᠡ ᠬᠠᠷᠢᠵᠤ᠂ | ᠴᠡᠪᠴᠡᠶᠢᠭᠰᠡᠨ ᠴᠠᠭᠠᠨ ᠬᠢᠷᠠᠭᠤ ᠨᠡᠪᠰᠡᠶᠢᠳᠡᠯᠠ ᠪᠠᠭᠤᠴᠢᠬᠠᠭᠰᠠᠨ ᠪᠠᠶᠢᠳᠠᠭ ᠰᠠᠨ᠃ ᠦᠵᠦᠬᠦᠷ ᠨᠢ ᠰᠢᠷᠭᠠᠯᠳᠤᠭᠰᠠᠨ | ᠪᠤᠭᠤᠷᠤᠯ ᠡᠪᠡᠰᠦᠨ ᠲᠡᠭᠡᠷ᠎ᠠ ᠰᠤᠯᠨ ᠠᠰᠬᠠᠷᠠᠭᠰᠠᠨ ᠴᠡᠭᠡᠨ ᠬᠢᠷᠠᠭᠤ ᠶᠢ ᠨᠢᠴᠦᠬᠦᠨ ᠬᠦᠯ ᠢᠶᠠᠷ ᠢᠶᠠᠨ ᠬᠡ ᠭᠠᠷᠭᠠᠵᠤ | ᠲᠤᠭᠯᠠᠵᠠᠭᠠᠨᠠ᠃ ᠰᠡᠷᠢᠬᠦᠤ ᠪᠠᠭᠤᠬᠤ ᠲᠤᠳᠤᠮ ᠰᠢᠷᠭᠠᠯ ᠠᠩᠬᠢᠷ ᠲᠡᠯᠭᠡᠷᠮᠦ᠋ᠷᠡᠨ ᠤ ᠲᠤᠯᠠᠭᠠᠬᠠᠨ ᠤᠰᠤᠨ ᠳᠤ | ᠬᠤᠷᠭᠤᠳᠠᠨ ᠬᠤᠷᠭᠤᠳᠠᠨ ᠭᠠᠩᠭᠠᠨᠠᠵᠤ᠂ ᠲᠦᠷᠰᠦᠬᠦᠢ ᠲᠡᠭᠳᠡᠭᠡᠭᠡᠢ ᠪᠠᠨ ᠠᠭᠠᠰᠢᠯᠠᠨ ᠲᠠᠯᠠᠪᠴᠢ ᠪᠠᠷ ᠢᠶᠠᠨ ᠤᠰᠤ | ᠰᠠᠮᠤᠷᠳᠠᠨ ᠴᠢᠬᠤᠯᠳᠠᠨ᠎ᠠ᠃ ᠬᠦᠭᠡᠷᠦᠬᠦᠢ ᠠᠯᠤᠰ ᠤᠨ ᠵᠠᠮ ᠳᠤ ᠨᠢᠯᠬ᠎ᠠ ᠦᠷ᠎ᠠ ᠪᠠᠨ ᠠᠪᠴᠤ ᠶᠠᠪᠤᠬᠤ ᠬᠡᠵᠤ᠂ | ᠨᠡᠬᠦᠳᠡᠯ ᠤᠨ ᠰᠢᠪᠠᠭᠤᠳ ᠠᠶᠠᠨ ᠤ ᠵᠠᠮ ᠳᠤ ᠪᠡᠯᠡᠳᠭᠡᠬᠦ ᠬᠡᠵᠤ ᠬᠢᠷᠢᠨ ᠳᠡᠭᠡᠨ ᠯᠡ ᠶᠡᠭᠡ ᠵᠤᠪᠠᠳᠠᠭ ᠪᠠᠶᠢᠬᠤ ᠳ᠋ᠠ | ᠬᠡᠮᠡᠨ ᠪᠤᠳᠤᠬᠤ ᠪᠠᠷ ᠰᠡᠳᠬᠢᠯ ᠬᠦᠨᠳᠡᠬᠦᠷᠢᠯᠡᠭᠡᠳ ᠯᠡ ᠢᠷᠡᠨ᠎ᠠ᠃ | ᠠᠶᠠᠨᠴᠢ ᠰᠢᠪᠠᠭᠤᠳ ᠪᠦᠭᠡᠮ ᠪᠦᠭᠡᠮ ᠢᠶᠠᠷ ᠴᠤᠭᠯᠠᠨ ᠭᠠᠩᠭᠠᠨᠠᠯᠳᠤᠵᠤ᠂ ᠪᠠᠶᠢᠨ ᠪᠠᠶᠢᠨ ᠬᠦᠭᠡᠷᠴᠤ ᠪᠠᠭᠤᠨ | ᠲᠠᠯᠠᠪᠴᠢ ᠪᠠᠨ ᠰᠡᠭᠰᠦᠷᠵᠡᠭᠡᠨᠠ᠃ ᠤᠴᠢᠬᠤ ᠭᠠᠵᠠᠷ ᠤᠨ ᠬᠤᠯᠨ ᠶᠢ ᠪᠤᠳᠤᠵᠤ᠂ ᠶᠠᠪᠤᠬᠤ ᠵᠠᠮ ᠤᠨ ᠤᠷᠳᠤ ᠶᠢ | ᠰᠠᠨᠠᠨ ᠰᠠᠨᠠᠨ ᠠᠮᠢᠬᠠᠨ ᠳᠠᠭᠠᠨ ᠯᠡ ᠲᠦᠯᠦᠪᠯᠡᠭᠡ ᠪᠠᠨ ᠵᠤᠬᠢᠶᠠᠳᠠᠭ ᠪᠠᠶᠢᠬᠤ ᠳ᠋ᠠ ᠬᠡᠵᠤ ᠪᠤᠳᠤᠭᠳᠠᠳᠠᠭ ᠰᠠᠨ᠃ | ᠤᠯᠠᠨ ᠬᠤᠨᠤᠭ ᠴᠢᠭᠤᠯᠤᠭᠰᠠᠨ ᠤᠰᠤᠨ ᠤ ᠰᠢᠪᠠᠭᠤᠳ ᠲᠡᠭᠷᠢ ᠪᠦᠦᠳᠡᠶᠢᠵᠤ᠂ ᠤᠳᠤ ᠪᠦᠳᠡᠭᠢᠷᠡᠭᠰᠡᠨ ᠪᠠᠷᠠᠭᠠᠨ | ᠰᠦᠨᠢ ᠪᠠᠷ ᠵᠡᠯ᠎ᠠ ᠲᠠᠳᠠᠭᠤᠯᠤᠨ ᠨᠢᠰᠦᠭᠡᠳ ᠠᠯᠠᠭ᠎ᠠ ᠪᠤᠯᠵᠠᠭᠠᠨ᠎ᠠ᠃ ᠬᠦᠭᠡᠷᠦᠬᠦᠢ ᠳ᠋ᠥ᠋᠂ ᠲᠡᠯᠭᠡᠷᠮᠦ᠋ᠷᠡᠨ ᠤ | ᠲᠤᠩᠭᠠᠯᠠᠭ ᠤᠰᠤ ᠴᠡᠯᠡᠰᠬᠢᠳᠡᠯᠠ ᠮᠡᠯᠳᠡᠯᠵᠡᠵᠤ ᠪᠠᠶᠢᠬᠤ ᠳᠤ᠂ ᠲᠡᠩᠳᠡᠬᠦᠤ ᠴᠡᠩᠭᠡᠷ ᠲᠡᠭᠷᠢ ᠨᠢ ᠪᠦᠷᠳᠦᠶᠢᠬᠦ ᠴᠦ | ᠡᠬᠦᠯᠨ ᠦᠭᠡᠢ ᠲᠤᠨᠤᠷᠠᠵᠤ ᠪᠠᠶᠢᠬᠤ ᠳᠤ᠂ ᠬᠡᠪᠢᠰ ᠰᠢᠭ ᠵᠦᠭᠡᠯᠡᠭᠡᠨ ᠰᠢᠷᠢᠬᠢ ᠨᠤᠭᠤᠭᠠᠨ ᠢᠶᠠᠷ ᠢᠶᠠᠨ ᠲᠤᠯᠠᠭᠠᠬᠠᠨ | ᠪᠠᠶᠢᠬᠤ ᠳᠤ ᠬᠦᠮᠦᠨ ᠤ ᠨᠤᠳᠤᠭ ᠢ ᠵᠤᠷᠢᠵᠤ ᠴᠢᠳᠠᠳᠠᠭ ᠦᠭᠡᠢ ᠯᠡ ᠪᠠᠶᠢᠬᠤ ᠳ᠋ᠠ ᠲᠡᠳᠡ᠃ | ︽ᠪᠤᠴᠠᠬᠤ ᠰᠢᠪᠠᠭᠤᠳ ᠢ ᠪᠢᠳᠡᠬᠡᠢ ᠬᠠᠷ᠎ᠠ︾ ᠬᠡᠵᠤ ᠡᠵᠢ ᠮᠢᠨᠢ ᠵᠠᠬᠢᠳᠠᠭ ᠴᠦ ᠠᠯᠤᠰ ᠢ ᠵᠤᠷᠢᠵᠤ ᠪᠠᠶᠢᠭ᠎ᠠ | ᠠᠶᠠᠨᠴᠢ ᠰᠢᠪᠠᠭᠤᠳ ᠢ ᠬᠡᠨ ᠴᠦ ᠦᠳᠡᠵᠤ ᠦᠭᠬᠦ ᠦᠭᠡᠢ ᠳ᠋ᠧ ᠬᠡᠵᠤ ᠰᠠᠨᠠᠬᠤ ᠪᠠᠷ᠂ ᠬᠤᠷᠭᠤᠳᠠᠨ | ᠬᠤᠷᠭᠤᠳᠠᠭᠰᠠᠭᠠᠷ ᠨᠢᠰᠦᠭᠰᠡᠨ ᠡᠨᠡ ᠯᠡ ᠰᠢᠪᠠᠭᠤᠳ ᠬᠤᠯᠨ ᠶᠢᠨ ᠠᠶᠠᠨ ᠠᠴᠠ ᠪᠦᠷᠢᠨ ᠪᠦᠳᠦᠨ ᠡᠷᠬᠢᠵᠤ ᠢᠷᠡᠵᠤ | ᠴᠢᠳᠠᠬᠤ ᠦᠭᠡᠢ ᠳ᠋ᠧ ᠬᠡᠵᠤ ᠪᠤᠳᠤᠬᠤ ᠪᠠᠷ ᠤᠬᠢᠯᠠᠮᠠᠷ ᠰᠠᠨᠠᠭᠳᠠᠳᠠᠭ ᠰᠠᠨ᠃ | ᠡᠳᠦᠢ ᠬᠦᠷᠳᠡᠯ᠎ᠠ ᠰᠢᠪᠠᠭᠤᠳ ᠢᠶᠠᠨ ᠦᠳᠡᠭᠰᠡᠨ ᠨᠠᠮᠤᠷ ᠤᠨ ᠨᠠᠭᠤᠷ ᠰᠢᠭ᠋ ᠡᠵᠡᠨ ᠦᠭᠡᠢ᠂ ᠤᠶᠢᠳᠬᠠᠷᠳᠤ | ᠶᠡᠭᠡ ᠤᠰᠤ ᠶᠢ ᠬᠠᠷᠠᠭᠰᠠᠨ ᠦᠭᠡᠢ᠃ ᠤᠰᠤᠨ ᠤ ᠪᠢᠳᠡᠷ ᠲᠠᠭᠠᠨ ᠰᠢᠪᠠᠭᠤᠳ ᠤᠨ ᠦᠳᠤ ᠬᠦᠭᠯᠡᠷᠡᠵᠤ ᠰᠠᠶ᠋ᠢᠬᠠᠨ | ᠯᠡ ᠨᠤᠭᠤᠭᠠᠨ ᠢᠶᠠᠷ ᠢᠶᠠᠨ ᠪᠠᠶᠢᠭᠰᠠᠨ ᠰᠢᠷᠢᠬᠢ ᠵᠦᠯᠭᠡ ᠲᠡᠳᠡᠨ ᠢ ᠦᠳᠡᠵᠤ ᠦᠭᠬᠦᠭᠡᠳ ᠭᠤᠨᠢᠭ ᠢᠶᠠᠨ ᠲᠠᠭᠠᠭᠠᠯ | ᠦᠭᠡᠢ ᠰᠢᠷᠠᠯᠠᠴᠢᠬᠠᠭᠰᠠᠨ ᠶᠤᠮ ᠰᠢᠭ᠋ ᠨᠢᠭᠡ ᠤᠶᠢᠳᠠᠢ ᠬᠠᠷᠠᠭᠳᠠᠨ᠎ᠠ᠃ ᠡᠬᠡ ᠪᠤᠯᠤᠭᠰᠠᠨ ᠲᠡᠯᠭᠡᠷᠮᠦ᠋ᠷᠡᠨ᠂ ᠶᠡᠭᠡ | ᠬᠤᠯᠨ ᠶᠢ ᠵᠤᠷᠢᠬᠤ ᠰᠢᠪᠠᠭᠤᠳ ᠤᠨ ᠨᠡᠬᠦᠳᠡᠯ ᠤᠨ ᠴᠠᠭ ᠲᠠᠮᠵᠢᠨ ᠦᠷᠬᠦᠯᠵᠢᠯᠡᠭᠰᠡᠭᠡᠷ ᠯᠡ ᠪᠠᠶᠢᠭ᠎ᠠ᠃ | ᠦᠴᠦᠭᠡᠨ ᠲᠡᠷᠨ ᠵᠢᠬᠦᠷᠳᠡᠨ ᠠᠯᠤᠰ ᠤᠨ ᠠᠶᠠᠨ ᠠᠴᠠ ᠬᠠᠯᠭᠠᠵᠤ ᠪᠡᠷᠭᠡᠰᠢᠶᠡᠯ ᠦᠭᠡᠢ ᠨᠤᠳᠤᠭ ᠤᠰᠤ ᠪᠠᠨ | ᠵᠤᠷᠢᠨ ᠲᠡᠮᠡᠦᠯᠡᠵᠤ ᠪᠠᠶᠢᠬᠤ ᠳᠤ ᠦᠯᠦᠭᠡᠢ ᠪᠡᠯᠡᠳᠭᠡᠯᠭᠡᠵᠤ ᠢᠷᠡᠳᠡᠭ ᠬᠦᠮᠦᠨ ᠤ ᠦᠷ᠎ᠠ ᠶᠠᠭᠠᠬᠢᠭᠠᠳ ᠢᠵᠢᠢ ᠳᠡᠭᠡᠨ | ᠤᠴᠢᠵᠤ ᠠᠮᠵᠢᠭ᠎ᠠ ᠦᠭᠡᠢ ᠶᠤᠮ ᠪᠤᠯ ᠳ᠋ᠠ ᠬᠡᠵᠤ ᠪᠤᠳᠤᠬᠤ ᠪᠠᠷ ᠤᠬᠢᠯᠠᠮᠠᠷ ᠰᠠᠨᠠᠭᠳᠠᠭᠠᠳ ᠪᠠᠶᠢᠨ᠎ᠠ ᠁ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | |