ᠠᠶᠢᠷᠠᠭ ᠱᠠᠭᠠᠬᠢᠬᠤ ᠨᠠᠮᠤᠷ᠃ ᠠᠵᠢᠯ ᠤᠨ ᠴᠤᠤᠷᠢᠶ᠎ᠠ᠂ ᠵᠠᠮ ᠤᠨ ᠲᠣᠭᠤᠰᠣ ᠲᠡᠭᠷᠢ ᠳᠤ ᠬᠠᠳᠠᠨ᠎ᠠ᠃ | ᠠᠳᠤᠭᠤᠨ ᠠᠴᠠ ᠴᠠᠬᠢᠯᠤᠨ ᠵᠢᠭᠤᠳᠠᠬᠤ ᠣᠷᠤᠭ᠎ᠠ ᠴᠠᠪᠢᠳᠠᠷ ᠤᠨ ᠦᠨᠵᠢᠬᠦᠯ ᠳᠡᠯ ᠰᠢᠭ ᠴᠠᠭᠠᠨ ᠲᠣᠭᠤᠰᠤ ᠪᠤᠰᠬᠠᠨ | ᠰᠡᠯᠡᠩᠭᠡ ᠶᠢᠨ ᠵᠠᠮ ᠲᠤᠲᠠᠭᠠᠵᠤ᠂ ᠪᠤᠳᠠᠭ᠎ᠠ ᠵᠥᠭᠡᠭᠡᠭᠰᠡᠨ ᠲᠡᠷᠭᠡ ᠨᠦᠭᠦᠳ ᠲᠠᠯ᠎ᠠ ᠲᠠᠯ᠎ᠠ ᠠᠴᠠ ᠴᠤᠭᠯᠠᠷᠠᠭᠰᠠᠨ | ᠤᠷᠭᠠᠴᠢ ᠰᠠᠶᠢᠴᠤᠤᠯ ᠰᠢᠭ᠋ ᠨᠡᠭᠡᠨ ᠳᠤᠪᠲᠤᠯᠭᠠᠬᠤ ᠳᠤ ᠭᠡᠭᠡᠭᠳᠡᠭᠰᠡᠨ ᠪᠤᠳᠠᠭ᠎ᠠ ᠶᠢ ᠰᠢᠪᠠᠭᠤ ᠲᠡᠬᠦᠵᠤ ᠡᠰᠡ | ᠠᠮᠵᠢᠨ᠎ᠠ᠃ | ᠵᠢᠯᠣᠭᠤᠴᠢ ᠠᠬ᠎ᠠ ᠮᠠᠨᠢ ᠪᠤᠳᠠᠭ᠎ᠠ ᠵᠦᠭᠡᠭᠡᠬᠦ ᠪᠠᠷ ᠨᠤᠲᠤᠭ ᠠᠴᠠ ᠢᠷᠡᠵᠤ᠂ ᠶᠡᠭᠡ ᠠᠵᠢᠯ ᠤᠨ ᠡᠷᠬᠢᠯᠳᠠ ᠳᠤ | ᠲᠡᠷᠭᠡᠨ ᠤ ᠬᠢᠨᠢ ᠳᠤᠭᠤᠢ ᠬᠦᠷᠴᠤ ᠠᠮᠵᠢᠯ ᠦᠭᠡᠢ ᠨᠢᠭᠡᠨ ᠰᠠᠷ᠎ᠠ ᠪᠤᠯᠤᠨ᠎ᠠ᠃ ᠠᠬ᠎ᠠ ᠮᠠᠨᠢ ᠡᠨᠡ ᠵᠢᠯ ᠪᠠᠰᠠ ᠯᠡ | ᠢᠷᠡᠵᠤ ᠨᠠᠳᠠᠳᠤ ᠨᠢᠭᠡ ᠬᠦᠬᠦᠷ ᠠᠶᠢᠷᠠᠭ ᠠᠪᠴᠢᠷᠠᠪᠠ᠃ | ᠡᠵᠢ ᠶᠢᠨ ᠶᠠᠪᠤᠭᠤᠯᠤᠭᠰᠠᠨ ᠠᠶᠢᠷᠠᠭ ᠲᠤ ᠠᠪᠤ ᠶᠢᠨ ᠠᠳᠤᠭᠤ ᠪᠠᠭᠲᠠᠭᠠᠳ ᠢᠷᠡᠭᠰᠡᠨ ᠮᠡᠲᠤ ᠰᠠᠨᠠᠭᠳᠠᠨ᠎ᠠ᠃ | ᠴᠡᠭᠡᠯ ᠤᠨ ᠨᠠᠭᠤᠷ ᠲᠤ ᠤᠯᠠᠨ ᠠᠳᠤᠭᠤ ᠱᠠᠬᠢᠨ ᠤᠷᠤᠬᠤ ᠳᠤ ᠬᠠᠩᠬᠢ ᠶᠢᠨ ᠪᠤᠯᠠᠭ ᠠᠴᠠ ᠵᠤᠷᠢᠵᠤ ᠢᠷᠡᠭᠡᠳ | ᠠᠮᠠᠷᠠᠵᠤ ᠠᠮᠵᠢᠭ᠎ᠠ ᠦᠭᠡᠢ ᠯᠠᠮᠠ ᠰᠢᠪᠠᠭᠤ ᠨᠤᠭᠤᠳ ᠤᠰᠤ ᠪᠠᠨ ᠬᠠᠷᠠᠮᠨᠠᠬᠤ ᠮᠡᠲᠤ ᠤᠷᠢ ᠲᠠᠭᠤ ᠲᠠᠯᠪᠢᠨ ᠨᠢᠰᠴᠤ | ᠂ ᠠᠳᠤᠭᠤᠨ ᠲᠡᠭᠡᠬᠦᠷ ᠬᠡᠳᠦᠨᠳᠡ ᠦᠩᠭᠡᠷᠡᠬᠦᠢ᠂ ᠤᠰᠤᠨ ᠤ ᠵᠠᠬ᠎ᠠ ᠳᠤ ᠬᠤᠯᠭᠠᠨ ᠵᠣᠭᠰᠣᠭᠰᠠᠨ ᠬᠡᠨᠵᠡ ᠬᠠᠯᠳᠠᠷ | ᠤᠨᠠᠭ᠎ᠠ ᠲᠡᠳᠡᠨ ᠤ ᠰᠡᠬᠦᠳᠡᠷ ᠠᠴᠠ ᠰᠤᠴᠢᠨ ᠳᠠᠪᠬᠢᠵᠤ᠂ ᠲᠡᠬᠦᠨ ᠢ ᠪᠠᠨ ᠪᠤᠯᠵᠠᠭᠠᠷᠠᠭᠤᠯᠬᠤ ᠶᠢᠨ ᠲᠤᠯᠠᠳᠠ | ᠡᠷᠭᠢ ᠶᠢᠨ ᠨᠤᠭᠤᠭᠠᠨ ᠵᠥᠯᠭᠡᠨ ᠳᠡᠭᠡᠬᠦᠷ ᠲᠤᠩᠭᠤᠴᠢᠨ ᠳᠠᠪᠬᠢᠨ᠎ᠠ᠃ ᠬᠥᠭᠰᠢᠨ ᠬᠤᠩᠭᠤᠷ᠂ ᠤᠰᠤᠨ ᠠᠴᠠ | ᠵᠠᠶᠢᠳᠠᠭᠤ ᠨᠠᠷᠠᠯᠠᠨ ᠵᠣᠭᠰᠣᠵᠤ ᠪᠤᠳᠤᠯ ᠳᠤ ᠳᠠᠷᠤᠭᠳᠠᠨ᠎ᠠ᠃ ᠲᠡᠷᠡᠪᠡᠷ ᠢᠷᠡᠬᠦ ᠨᠠᠮᠤᠷ ᠤᠨ ᠨᠠᠷᠠ ᠶᠢ ᠦᠵᠡᠬᠦ ᠪᠢᠯᠢᠤ | ︖ ᠦᠭᠡᠢ ᠪᠢᠯᠢᠤ︖ ᠭᠡᠵᠤ ᠬᠤᠯᠠᠳᠠᠵᠤ ᠪᠠᠶᠢᠭ᠎ᠠ ᠨᠠᠷᠠᠨ ᠤ ᠰᠠᠴᠤᠷᠠᠭ ᠪᠦᠬᠦᠨ ᠢ ᠲᠡᠶᠢᠨᠬᠦ ᠬᠦᠨᠳᠦᠯᠡᠬᠦ ᠪᠦᠯᠦᠭᠡ | ᠃ | ᠬᠡᠨᠵᠡ ᠬᠠᠯᠳᠠᠷ ᠤᠨ ᠡᠬᠡ ᠤᠯᠠᠭᠠᠨ ᠬᠡᠭᠡᠭᠴᠢ ᠭᠡᠬᠦᠤ ᠤᠰᠤ ᠡᠪᠴᠢᠬᠦᠨ ᠳᠤ ᠬᠦᠷᠬᠦ ᠳᠤ ᠡᠷᠬᠢᠨ ᠦᠦᠷᠰᠡᠵᠤ᠂ | ᠣᠷᠤᠵᠤ ᠪᠤᠯᠬᠤ ᠦᠭᠡᠢ ᠭᠡᠰᠡᠨ ᠲᠤᠬᠢᠶ᠎ᠠ ᠥᠭᠬᠦᠨ᠎ᠡ᠃ | ᠠᠭᠠᠭ ᠢᠶᠠᠨ ᠪᠠᠭᠲᠠᠭᠠᠵᠤ ᠶᠠᠳᠠᠭᠰᠠᠨ ᠲᠠᠷᠭᠤᠨ ᠪᠠᠶᠢᠳᠠᠰᠤ ᠨᠤᠭᠤᠳ ᠨᠠᠭᠤᠷ ᠤᠨ ᠭᠤᠤᠯ ᠤᠷᠤᠭᠤ ᠶᠡᠭᠡ ᠯᠡ | ᠯᠠᠪ ᠤᠷᠣᠬᠤ ᠳᠤ ᠠᠳᠣᠭᠤᠨ ᠤ ᠵᠠᠬ᠎ᠠ ᠪᠠᠷᠢᠳᠠᠭ ᠠᠰᠠᠮᠠᠨ ᠵᠡᠭᠡᠷᠳᠡ ᠬᠤᠶᠢᠨ᠎ᠠ ᠠᠴᠠ ᠨᠢ ᠤᠴᠢᠮᠠᠷ ᠰᠠᠨᠠᠭᠳᠠᠪᠠᠴᠤ | ᠬᠡᠭᠡᠷ ᠠᠵᠢᠷᠭ᠎ᠠ ᠠᠴᠠ ᠪᠠᠭᠠᠬᠠᠨ ᠡᠮᠢᠶᠡᠨᠠ᠃ ᠲᠡᠭᠡᠭᠡᠳ ᠠᠵᠢᠷᠭ᠎ᠠ ᠶᠢ ᠬᠢᠯᠤᠯᠵᠠᠨ ︽ᠡᠨᠡ ᠮᠠᠭᠤ ᠬᠦᠭᠰᠢᠨ ᠬᠡᠭᠡᠷ | ᠨᠣᠷᠤᠭᠰᠠᠨ ᠳᠡᠯ ᠢᠶᠠᠨ ᠳᠠᠭᠠᠬᠤ ᠦᠭᠡᠢ︾ ᠭᠡᠵᠤ ᠰᠡᠮ ᠪᠤᠳᠤᠪᠠᠴᠤ᠂ ᠨᠢᠳᠤᠨᠤᠨ ᠵᠢᠯ ᠤᠨ ᠬᠠᠵᠠᠭᠤᠯᠤᠭᠰᠠᠨ | ᠬᠦᠨᠳᠡᠬᠦᠷᠢ ᠭᠠᠷᠤᠭ᠎ᠠ ᠦᠭᠡᠢ ᠲᠤᠯᠠ ᠠᠯᠪᠠ ᠪᠠᠷ ᠤᠰᠤ ᠴᠠᠪᠴᠢᠯᠠᠨ ᠪᠤᠳᠤᠯ ᠢᠶᠠᠨ ᠰᠠᠷᠨᠢᠭᠤᠯᠵᠤ ᠨᠢᠭᠦᠯ ᠢ | ᠤᠮᠠᠷᠳᠠᠨᠠ᠃ | ᠬᠥᠭᠰᠢᠨ ᠬᠤᠩᠭᠤᠷ ᠳᠥᠰᠢ ᠮᠡᠲᠤ ᠲᠤᠯᠤᠭᠠᠢ ᠪᠠᠨ ᠲᠠᠩᠬᠠᠭᠨᠠᠭᠤᠯᠤᠨ ᠦᠷᠭᠡᠯᠡᠨᠠ᠃ ᠲᠡᠬᠦᠨ ᠳᠤ | ᠰᠤᠮᠤ ᠶᠢᠨ ᠨᠠᠭᠠᠳᠤᠮ ᠳᠤ ᠲᠦᠷᠦᠬᠦᠯᠡᠭᠰᠡᠨ ᠵᠢᠯ ᠤᠨ ᠬᠢᠨᠢ ᠪᠠᠶᠠᠷ ᠵᠡᠭᠦᠳᠦᠯᠡᠭᠳᠡᠨᠡ᠃ ᠰᠡᠬᠦᠯ ᠤᠨ ᠦᠶ᠎ᠠ ᠳᠤ | ᠵᠡᠭᠦᠳᠦᠯᠡᠬᠦ ᠪᠦᠷᠢ ᠳᠡᠭᠡᠨ ᠡᠨᠡ ᠯᠡ ᠨᠠᠮᠤᠷ ᠢ ᠵᠡᠭᠦᠳᠦᠯᠡᠬᠦ ᠪᠦᠭᠡᠳ ᠨᠠᠷᠠᠨ ᠤᠯᠠᠮ ᠬᠤᠯᠠᠳᠠᠬᠤ ᠲᠤᠲᠤᠮ ᠲᠡᠭᠦᠨ ᠤ | ᠵᠡᠭᠦᠳᠦᠨ ᠤ ᠠᠷᠤ ᠠᠴᠠ ᠨᠢ ᠨᠡᠬᠡᠨ ᠬᠥᠭᠡᠭᠡᠬᠦ ᠮᠤᠷᠢᠳ ᠤᠨ ᠲᠦᠪᠡᠷᠭᠡᠨ ᠤᠯᠠᠮ ᠤᠶᠢᠷᠠᠲᠤᠨ ᠰᠣᠨᠤᠰᠤᠭᠳᠠᠬᠤ | ᠪᠣᠯᠵᠠᠢ᠃ | ᠡᠨᠡ ᠤᠳᠠᠭ᠎ᠠ ᠠᠷᠤ ᠶᠢᠨ ᠮᠤᠷᠢᠳ ᠲᠤ ᠬᠠᠷᠢᠭᠤ ᠦᠭᠡᠢ ᠭᠦᠢᠴᠡᠭᠳᠡᠳᠡᠭ ᠤᠨ ᠳᠠᠪᠠᠭᠠᠨ ᠲᠡᠭᠡᠷ᠎ᠠ ᠪᠠᠭ᠋ᠠᠷᠳᠠᠨ | ᠰᠡᠷᠢᠪᠡᠯ ᠠᠳᠤᠭᠤ ᠬᠤᠷᠢᠶᠠᠬᠤ ᠬᠦᠮᠦᠨ ᠭᠤᠸᠠᠭᠴᠢᠨ ᠲᠠᠪᠬᠢᠵᠤ ᠠᠶᠢᠰᠤᠢ᠃ | ᠤᠯᠠᠨ ᠠᠳᠤᠭᠤ ᠤᠰᠤᠨ ᠠᠴᠠ ᠱᠠᠬᠢᠨ ᠭᠠᠷᠴᠤ ᠰᠠᠭᠠᠮ᠎ᠠ ᠶᠢᠨ ᠵᠡᠯ᠎ᠠ ᠤᠷᠤᠭᠤ ᠴᠤᠪᠤᠬᠤ ᠳᠤ ᠰᠠᠭᠯᠠᠭ᠎ᠠ ᠠᠴᠠ | ᠨᠢ ᠤᠰᠤ ᠳᠤᠰᠤᠯᠠᠨ ᠤᠩᠭᠤᠵᠤ ᠪᠠᠶᠢᠭ᠎ᠠ ᠡᠪᠡᠰᠦᠨ ᠳᠤ ᠠᠳᠤᠭᠤᠨ ᠤ ᠮᠥᠷ ᠢᠶᠠᠷ ᠰᠢᠭᠦᠳᠡᠷᠢ ᠦᠯᠡᠳᠡᠨᠠ᠃ | | ᠰᠡᠯᠡᠩᠭᠡ ᠶᠢᠨ ᠰᠢᠷ᠎ᠠ ᠨᠠᠮᠤᠷ᠃ ᠵᠠᠮ ᠤᠨ ᠲᠣᠭᠤᠰᠤ᠂ ᠠᠵᠢᠯ ᠤᠨ ᠴᠤᠤᠷᠢᠶ᠎ᠠ ᠲᠡᠭᠷᠢ ᠳᠤ ᠬᠠᠳᠠᠵᠤ᠂ | ᠠᠬ᠎ᠠ ᠶᠢᠨ ᠠᠪᠴᠢᠷᠠᠵᠤ ᠦᠭᠬᠦᠭᠰᠡᠨ ᠬᠦᠬᠦᠷ ᠲᠠᠢ ᠠᠶᠢᠷᠠᠭ ᠤᠰᠤᠨ ᠳᠤ ᠣᠷᠣᠵᠤ ᠪᠠᠶᠢᠭ᠎ᠠ ᠠᠳᠤᠭᠤ ᠰᠢᠭ᠋ | ᠱᠠᠭᠢᠨ᠎ᠠ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | |