| ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠵᠠᠰᠠᠭ ᠤᠨ ᠰᠤᠷᠠᠭ ᠵᠠᠩᠬᠢ ᠶᠢ ᠢᠯᠡ ᠪᠤᠯᠭᠠᠬᠤ | ᠲᠦᠷᠢᠮ︾ ᠵᠢᠴᠢ ︽ᠦᠪᠤᠷ ᠮᠤᠩᠭᠤᠯ ᠤᠨ ᠥᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ | ᠠᠯᠪᠠᠨ ᠲᠢᠩᠬᠢᠮ ᠤᠨ ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠵᠠᠰᠠᠭ ᠤᠨ ᠰᠤᠷᠠᠭ ᠵᠠᠩᠬᠢ ᠶᠢ ᠢᠯᠡ | ᠪᠤᠯᠭᠠᠬᠤ ᠲᠦᠷᠢᠮ ᠢ ᠬᠡᠷᠡᠭᠵᠢᠬᠦᠯᠬᠦ ᠪᠡᠯᠡᠳᠬᠡᠯ ᠠᠵᠢᠯ ᠢ ᠰᠠᠶᠢᠳᠤᠷ ᠬᠢᠬᠦ ᠲᠤᠬᠠᠢ ᠮᠡᠳᠡᠭᠳᠡᠯ︾ ᠤᠨ ᠵᠤᠷᠢᠭ ᠰᠠᠨᠠᠭ᠎ᠠ | ᠶᠢ ᠦᠨᠳᠤᠰᠤᠯᠠᠨ᠂ ᠲᠤᠰ ᠪᠠᠶᠢᠭᠤᠯᠤᠯᠭ᠎ᠠ ᠶᠢᠨ ᠡᠵᠡᠮᠰᠢᠵᠤ ᠪᠠᠶᠢᠭ᠎ᠠ ᠵᠠᠰᠠᠭ ᠤᠨ ᠰᠤᠷᠠᠭ ᠵᠠᠩᠬᠢ ᠳᠤ ᠬᠠᠤᠯᠢ | ᠶᠤᠰᠤᠭᠠᠷ ᠢᠯᠡ ᠪᠤᠯᠭᠠᠬᠤ ᠦᠭᠡᠢ ᠪᠠᠶᠢᠵᠤ ᠪᠤᠯᠬᠤ ᠠᠴᠠ ᠭᠠᠳᠠᠨ᠎ᠠ᠂ ᠠᠵᠤ ᠠᠬᠤᠢ᠂ ᠨᠡᠶᠢᠬᠡᠮ ᠤᠨ ᠬᠠᠮᠢᠶᠠᠷᠤᠯᠳᠠ | ᠪᠠ ᠤᠯᠠᠨ ᠨᠡᠶᠢᠳᠠ ᠶᠢᠨ ᠦᠢᠯᠡᠴᠢᠯᠡᠭᠡ ᠳᠤ ᠬᠤᠯᠪᠤᠭᠳᠠᠭᠰᠠᠨ ᠵᠠᠰᠠᠭ ᠤᠨ ᠰᠤᠷᠠᠭ ᠵᠠᠩᠬᠢ ᠪᠦᠬᠦᠨ ᠢ ᠢᠯᠡ | ᠪᠤᠯᠭᠠᠬᠤ ᠪᠤᠶᠤ ᠠᠷᠠᠳ ᠢᠷᠬᠡᠳ᠂ ᠬᠠᠤᠯᠢ ᠶᠢᠨ ᠡᠷᠬᠡᠳᠡᠨ ᠪᠠ ᠪᠤᠰᠤᠳ ᠵᠤᠬᠢᠶᠠᠨ ᠪᠠᠶᠢᠭᠤᠯᠤᠯᠳᠠ ᠶᠢᠨ | ᠭᠤᠶᠤᠴᠢᠯᠠᠯ ᠢ ᠦᠨᠳᠤᠰᠤᠯᠠᠨ ᠬᠠᠩᠭᠠᠨ᠎ᠠ᠃ | ᠵᠠᠰᠠᠭ ᠤᠨ ᠰᠤᠷᠠᠭ ᠵᠠᠩᠬᠢ ᠶᠢ ᠢᠯᠡ ᠪᠤᠯᠭᠠᠬᠤ ᠦᠢᠯᠡᠴᠢᠯᠡᠭᠡ ᠶᠢ ᠨᠡᠩ ᠰᠠᠶᠢᠨ ᠢᠶᠠᠷ ᠬᠠᠩᠭᠠᠬᠤ ᠶᠢᠨ | ᠲᠦᠯᠦᠬᠡ᠂ ᠲᠤᠰ ᠪᠠᠶᠢᠭᠤᠯᠤᠯᠭ᠎ᠠ ︽ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠷᠠᠭ | ᠵᠠᠩᠬᠢ ᠶᠢ ᠢᠯᠡ ᠪᠤᠯᠭᠠᠬᠤ ᠵᠢᠯᠤᠭᠤᠳᠤᠮᠵᠢ︾ ︵ᠲᠤᠷᠤᠭᠰᠢ ︽ᠵᠢᠯᠤᠭᠤᠳᠤᠮᠵᠢ︾ ᠬᠡᠵᠤ ᠲᠦᠬᠦᠮᠴᠢᠯᠡᠨ᠎ᠡ︶ ᠶᠢ | ᠤᠨᠴᠠᠭᠠᠶᠢᠯᠠᠨ ᠨᠠᠶᠢᠷᠠᠭᠤᠯᠪᠠ᠃ ᠲᠤᠰ ᠪᠠᠶᠢᠭᠤᠯᠤᠯᠭ᠎ᠠ ᠶᠢᠨ ᠵᠠᠰᠠᠭ ᠤᠨ ᠰᠤᠷᠠᠭ ᠵᠠᠩᠬᠢ ᠶᠢᠨ ᠦᠢᠯᠡᠴᠢᠯᠡᠭᠡ ᠶᠢ | ᠬᠦᠷᠳᠡᠬᠦ ᠬᠡᠷᠡᠭᠴᠡᠭᠡ ᠲᠠᠢ ᠠᠷᠠᠳ ᠢᠷᠬᠡᠳ᠂ ᠬᠠᠤᠯᠢ ᠶᠢᠨ ᠡᠷᠬᠡᠳᠡᠨ ᠪᠠ ᠪᠤᠰᠤᠳ ᠵᠤᠬᠢᠶᠠᠨ ᠪᠠᠶᠢᠭᠤᠯᠤᠯᠳᠠ ᠲᠤᠰ | ︽ᠵᠢᠯᠤᠭᠤᠳᠤᠮᠵᠢ︾ ᠠᠴᠠ ᠵᠠᠰᠠᠭ ᠤᠨ ᠬᠠᠮᠢᠶ᠎ᠠ ᠪᠦᠬᠦᠢ ᠰᠤᠷᠠᠭ ᠵᠠᠩᠬᠢ ᠶᠢ ᠡᠷᠢᠵᠤ ᠤᠯᠵᠤ ᠪᠤᠯᠤᠨ᠎ᠠ᠃ | ︽ᠵᠢᠯᠤᠭᠤᠳᠤᠮᠵᠢ︾ ᠶᠢ ᠵᠢᠯ ᠪᠦᠷᠢ ᠳᠤ ᠨᠢᠬᠡ ᠤᠳᠠᠭ᠎ᠠ ᠰᠢᠨᠡᠴᠢᠯᠡᠨ᠎ᠡ᠂ ᠠᠷᠠᠳ ᠢᠷᠬᠡᠳ᠂ ᠬᠠᠤᠯᠢ ᠶᠢᠨ | ᠡᠷᠬᠡᠳᠡᠨ ᠪᠠ ᠪᠤᠰᠤᠳ ᠵᠤᠬᠢᠶᠠᠨ ᠪᠠᠶᠢᠭᠤᠯᠤᠯᠳᠠ ᠲᠤᠰ ᠪᠠᠶᠢᠭᠤᠯᠤᠯᠭ᠎ᠠ ᠶᠢᠨ ᠰᠦᠯᠵᠢᠶᠡᠨ ᠠᠴᠠ ︽ᠵᠢᠯᠤᠭᠤᠳᠤᠮᠵᠢ︾ | ᠶᠢ ᠡᠷᠢᠵᠤ ᠦᠵᠡᠵᠤ ᠪᠤᠯᠤᠨ᠎ᠠ᠂ ᠪᠠᠰᠠ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠷᠠᠭ | ᠵᠠᠩᠬᠢ ᠶᠢ ᠢᠯᠡ ᠪᠤᠯᠭᠠᠬᠤ ᠠᠵᠢᠯ ᠤᠨ ᠠᠯᠪᠠᠨ ᠬᠡᠷ ᠲᠤ ᠬᠦᠷᠴᠤ ᠦᠵᠡᠵᠤ ᠪᠤᠯᠤᠨ᠎ᠠ᠃ | ᠨᠢᠬᠡ᠂ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ | ︵ᠨᠢᠭᠡ︶ ᠢᠯᠡ ᠪᠤᠯᠭᠠᠬᠤ ᠬᠦᠷᠢᠶ᠎ᠡ ᠬᠡᠪᠴᠢᠶ᠎ᠡ᠃ ᠲᠤᠰ ᠪᠠᠶᠢᠭᠤᠯᠤᠯᠭ᠎ᠠ ᠶᠢᠨ ᠰᠠᠨᠠᠭᠠᠴᠢᠯᠠᠭ᠎ᠠ ᠠᠴᠠ ᠪᠠᠨ | ᠨᠡᠶᠢᠬᠡᠮ ᠳᠤ ᠲᠦᠯᠦᠪᠤᠷᠢ ᠦᠭᠡᠢ ᠪᠠᠷ ᠢᠯᠡ ᠪᠤᠯᠭᠠᠬᠤ ᠰᠤᠷᠠᠭ ᠵᠠᠩᠬᠢ ᠶᠢᠨ ᠬᠦᠷᠢᠶ᠎ᠡ ᠬᠡᠪᠴᠢᠶ᠎ᠡ ᠶᠢ ᠲᠤᠰ | ᠪᠠᠶᠢᠭᠤᠯᠤᠯᠭ᠎ᠠ ᠶᠢᠨ ᠨᠠᠶᠢᠷᠠᠭᠤᠯᠤᠭᠰᠠᠨ ︽ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠷᠠᠭ | ᠵᠠᠩᠬᠢ ᠶᠢ ᠢᠯᠡ ᠪᠤᠯᠭᠠᠬᠤ ᠭᠠᠷᠴᠠᠭ︾ ︵ᠲᠤᠷᠤᠭᠰᠢ ︽ᠭᠠᠷᠴᠠᠭ︾ ᠬᠡᠵᠤ ᠲᠦᠬᠦᠮᠴᠢᠯᠡᠨ᠎ᠡ︶ ᠠᠴᠠ ᠯᠠᠪᠯᠠᠵᠤ | ᠦᠵᠡᠬᠡᠷᠠᠢ᠃ ᠠᠷᠠᠳ ᠢᠷᠬᠡᠳ᠂ ᠬᠠᠤᠯᠢ ᠶᠢᠨ ᠡᠷᠬᠡᠳᠡᠨ ᠪᠠ ᠪᠤᠰᠤᠳ ᠵᠤᠬᠢᠶᠠᠨ ᠪᠠᠶᠢᠭᠤᠯᠤᠯᠳᠠ ᠲᠤᠰ | ᠪᠠᠶᠢᠭᠤᠯᠤᠯᠭ᠎ᠠ ᠶᠢᠨ ᠰᠦᠯᠵᠢᠶᠡᠨ ᠠᠴᠠ ︽ᠭᠠᠷᠴᠠᠭ︾ ᠢ ᠡᠷᠢᠵᠤ ᠦᠵᠡᠵᠤ ᠪᠤᠯᠤᠨ᠎ᠠ᠂ ᠪᠠᠰᠠ ᠬᠡᠰᠢᠭᠳᠡᠨ | ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠷᠠᠭ ᠵᠠᠩᠬᠢ ᠶᠢ ᠢᠯᠡ ᠪᠤᠯᠭᠠᠬᠤ ᠠᠵᠢᠯ ᠤᠨ ᠠᠯᠪᠠᠨ ᠬᠡᠷ | ᠲᠤ ᠬᠦᠷᠴᠤ ᠦᠵᠡᠵᠤ ᠪᠤᠯᠤᠨ᠎ᠠ᠃ | ︵ᠬᠤᠶᠠᠷ︶ ᠢᠯᠡ ᠪᠤᠯᠭᠠᠬᠤ ᠬᠡᠯᠪᠡᠷᠢ᠃ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ ᠰᠤᠷᠠᠭ ᠵᠠᠩᠬᠢ ᠶᠢ | ᠲᠤᠰ ᠪᠠᠶᠢᠭᠤᠯᠤᠯᠭ᠎ᠠ ᠭᠤᠤᠯᠳᠠᠭᠤ ᠰᠦᠯᠵᠢᠶᠡᠨ ᠲᠡᠭᠡᠷ᠎ᠡ ᠢᠯᠡ ᠪᠤᠯᠭᠠᠬᠤ ᠪᠠ ᠨᠢᠭᠤᠷᠳᠠᠨ ᠬᠦᠯᠢᠶᠡᠨ ᠰᠢᠢᠳᠪᠤᠷᠢᠯᠡᠬᠦ | ᠴᠢᠭ᠋ ᠲᠤ ᠢᠯᠡ ᠪᠤᠯᠭᠠᠬᠤ ᠬᠤᠶᠠᠷ ᠵᠦᠢᠯ ᠤᠨ ᠬᠡᠯᠪᠡᠷᠢ ᠶᠢ ᠬᠡᠷᠡᠭᠯᠡᠨ᠎ᠡ᠃ | ᠲᠤᠰ ᠪᠠᠶᠢᠭᠤᠯᠤᠯᠭ᠎ᠠ ᠶᠢᠨ ᠰᠦᠯᠵᠢᠶᠡᠨ ᠬᠠᠶ᠋ᠢᠭ᠄ www.kqmw.gov.cn᠃ | ᠲᠤᠰ ᠪᠠᠶᠢᠭᠤᠯᠤᠯᠭ᠎ᠠ ᠶᠢᠨ ᠨᠢᠭᠤᠷᠳᠠᠨ ᠬᠦᠯᠢᠶᠡᠨ ᠰᠢᠢᠳᠪᠤᠷᠢᠯᠡᠬᠦ ᠴᠢᠭ᠋᠄ ᠬᠡᠰᠢᠭᠳᠡᠨ ᠬᠤᠰᠢᠭᠤᠨ ᠤ ᠠᠷᠠᠳ | ᠤᠨ ᠵᠠᠰᠠᠭ ᠤᠨ ᠤᠷᠳᠤᠨ ᠤ ᠰᠤᠷᠠᠭ ᠵᠠᠩᠬᠢ ᠶᠢ ᠢᠯᠡ ᠪᠤᠯᠭᠠᠬᠤ ᠠᠵᠢᠯ ᠤᠨ ᠠᠯᠪᠠᠨ ᠬᠡᠷ᠂ | ᠠᠵᠢᠯᠯᠠᠬᠤ ᠴᠠᠭ᠄ ᠦᠳᠠ ᠶᠢᠨ ᠡᠮᠤᠨ᠎ᠡ ᠶᠢᠨ 8:30 — 11:30᠂ | ᠦᠳᠡ ᠶᠢᠨ ᠬᠤᠶᠢᠨ᠎ᠠ ᠶᠢᠨ 14:30 —17:00 ︵ᠪᠠᠶᠠᠷ ᠤᠨ ᠡᠳᠤᠷ ᠵᠢᠴᠢ | ᠠᠮᠠᠷᠠᠯᠳᠠ ᠶᠢᠨ ᠡᠳᠤᠷ ᠠᠴᠠ ᠭᠠᠳᠠᠨ᠎ᠠ︶︔ | ᠬᠠᠷᠢᠯᠴᠠᠬᠤ ᠤᠳᠠᠰᠤ᠄ 0476 —5235221᠃ | ᠲᠤᠰ ᠪᠠᠶᠢᠭᠤᠯᠤᠯᠭ᠎ᠠ ᠪᠠᠰᠠ ᠰᠤᠨᠢᠨ ᠮᠡᠳᠡᠭᠡ ᠨᠡᠶᠢᠳᠡᠯᠡᠬᠦ ᠬᠤᠷᠠᠯ᠂ ᠰᠤᠨᠢᠨ ᠰᠡᠳᠬᠦᠯ ᠮᠡᠳᠡᠬᠡᠯᠡᠯ ᠵᠡᠷᠬᠡ | ᠲᠤᠰᠠᠯᠠᠮᠵᠢ ᠶᠢᠨ ᠴᠢᠨᠠᠷᠳᠠᠢ ᠠᠷᠭ᠎ᠠ ᠬᠡᠯᠪᠡᠷᠢ ᠪᠠᠷ ᠢᠯᠡ ᠪᠤᠯᠭᠠᠨ᠎ᠠ᠃ | ︵ᠭᠤᠷᠪᠠ︶ ᠵᠠᠰᠠᠭ ᠤᠨ ᠡᠯ᠎ᠡ ᠵᠦᠢᠯ ᠤᠨ ᠰᠤᠷᠠᠭ ᠵᠠᠩᠬᠢ ᠪᠤᠢ ᠪᠤᠯᠤᠭᠰᠠᠨ ᠤ ᠰᠡᠬᠦᠯᠡᠷ᠂ ᠲᠤᠰ | ᠪᠠᠶᠢᠭᠤᠯᠤᠯᠭ᠎ᠠ ᠴᠢᠳᠠᠬᠤ ᠶᠢᠨ ᠬᠢᠷᠢ ᠳᠤ ᠴᠠᠭ ᠲᠤᠬᠠᠢ ᠳᠤᠨᠢ ᠢᠯᠡ ᠪᠤᠯᠭᠠᠨ᠎ᠠ᠂ ᠬᠠᠮᠤᠭ ᠤᠨ ᠤᠳᠠᠭᠠᠨ ᠳᠠᠭᠠᠨ | ᠰᠤᠷᠠᠭ ᠵᠠᠩᠬᠢ ᠪᠤᠢ ᠪᠤᠯᠤᠭᠰᠠᠨ ᠤ ᠲᠠᠷᠠᠭᠠᠬᠢ 20 ᠡᠳᠤᠷ ᠤᠨ ᠲᠤᠳᠤᠷ᠎ᠠ ᠢᠯᠡ ᠪᠤᠯᠭᠠᠨ᠎ᠠ᠃ | ᠬᠤᠶᠠᠷ᠂ ᠭᠤᠶᠤᠴᠢᠯᠠᠯ ᠢ ᠦᠨᠳᠤᠰᠤᠯᠠᠨ ᠢᠯᠡ ᠪᠤᠯᠭᠠᠬᠤ | ᠠᠷᠠᠳ ᠢᠷᠬᠡᠳ᠂ ᠬᠠᠤᠯᠢ ᠶᠢᠨ ᠡᠷᠬᠡᠳᠡᠨ ᠪᠠ ᠪᠤᠰᠤᠳ ᠵᠤᠬᠢᠶᠠᠨ ᠪᠠᠶᠢᠭᠤᠯᠤᠯᠳᠠ ᠲᠤᠰ ᠪᠠᠶᠢᠭᠤᠯᠤᠯᠭ᠎ᠠ | ᠶᠢᠨ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ ᠠᠴᠠ ᠭᠠᠳᠠᠨᠠᠬᠢ ᠵᠠᠰᠠᠭ ᠤᠨ ᠰᠤᠷᠠᠭ ᠢ ᠬᠦᠷᠳᠡᠬᠦ ᠬᠡᠷᠡᠭᠴᠡᠭᠡ ᠪᠤᠯ | ᠲᠤᠰ ᠪᠠᠶᠢᠭᠤᠯᠤᠯᠭ᠎ᠠ ᠳᠤ ᠭᠤᠶᠤᠴᠢᠯᠠᠨ ᠬᠦᠷᠳᠡᠵᠤ ᠪᠤᠯᠤᠨ᠎ᠠ᠃ ᠲᠤᠰ ᠪᠠᠶᠢᠭᠤᠯᠤᠯᠭ᠎ᠠ ᠭᠤᠶᠤᠴᠢᠯᠠᠯ ᠢ | ᠦᠨᠳᠤᠰᠤᠯᠠᠨ ᠰᠤᠷᠠᠭ ᠵᠠᠩᠬᠢ ᠬᠠᠩᠭᠠᠬᠤ ᠦᠶᠡᠰ᠂ ᠲᠤᠰ ᠰᠤᠷᠠᠭ ᠵᠠᠩᠬᠢ ᠶᠢᠨ ᠪᠤᠳᠠᠳᠠᠢ ᠡᠵᠡᠮᠰᠢᠵᠤ ᠪᠠᠶᠢᠭ᠎ᠠ | ᠪᠠᠶᠢᠳᠠᠯ ᠢᠶᠠᠨ ᠦᠨᠳᠤᠰᠤᠯᠠᠨ ᠬᠠᠩᠭᠠᠨ᠎ᠠ᠂ ᠰᠤᠷᠠᠭ ᠵᠠᠩᠬᠢ ᠶᠢ ᠪᠤᠯᠪᠠᠰᠤᠷᠠᠭᠤᠯᠬᠤ᠂ ᠪᠦᠷᠢᠳᠬᠡᠬᠦ᠂ ᠰᠤᠳᠤᠯᠬᠤ᠂ | ᠵᠠᠳᠠᠯᠬᠤ ᠪᠤᠶᠤ ᠪᠤᠰᠤᠳ ᠠᠷᠭ᠎ᠠ ᠪᠠᠷ ᠰᠢᠢᠳᠪᠤᠷᠢᠯᠡᠬᠦ ᠦᠭᠡᠢ᠃ | ︵ᠨᠢᠭᠡ︶ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ᠃ ᠲᠤᠰ ᠪᠠᠶᠢᠭᠤᠯᠤᠯᠭ᠎ᠠ ᠶᠢᠨ ᠰᠤᠷᠠᠭ ᠵᠠᠩᠬᠢ ᠢ ᠢᠯᠡ | ᠪᠤᠯᠭᠠᠬᠤ ᠭᠤᠶᠤᠴᠢᠯᠠᠯ ᠢ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ | ᠤᠨ ᠤᠷᠳᠤᠨ ᠤ ᠰᠤᠷᠠᠭ ᠵᠠᠩᠬᠢ ᠶᠢ ᠢᠯᠡ ᠪᠤᠯᠭᠠᠬᠤ ᠠᠵᠢᠯ ᠤᠨ ᠠᠯᠪᠠᠨ ᠬᠡᠷ︔ | ᠠᠯᠪᠠᠯᠠᠬᠤ ᠬᠠᠶ᠋ᠢᠭ᠄ ᠬᠡᠰᠢᠭᠳᠡᠨ ᠬᠤᠰᠢᠭᠤᠨ ᠤ ᠪᠢᠷᠠᠭᠤ ᠪᠠᠯᠭᠠᠰᠤ ᠶᠢᠨ ᠨᠠᠮ ᠵᠠᠰᠠᠭ ᠤᠨ ᠶᠡᠷᠦᠩᠬᠡᠶᠢᠯᠡᠭᠰᠡᠨ | ᠠᠯᠪᠠᠨ ᠠᠰᠠᠷ ᠤᠨ 921 ᠲᠠᠰᠤᠭ︔ | ᠠᠵᠢᠯᠯᠠᠬᠤ ᠴᠠᠭ᠄ ᠦᠳᠠ ᠶᠢᠨ ᠡᠮᠤᠨ᠎ᠡ ᠶᠢᠨ 8:30 — 11:30᠂ | ᠦᠳᠡ ᠶᠢᠨ ᠬᠤᠶᠢᠨ᠎ᠠ ᠶᠢᠨ 14:30 —17:00︔ | ᠬᠠᠷᠢᠯᠴᠠᠬᠤ ᠤᠳᠠᠰᠤ᠄ 0476 —5235221︔ | ᠹᠠᠺᠰ ᠤᠨ ᠨᠤᠮᠧᠷ᠄ 0476 —5228806︔ | ᠢᠮᠧᠯ᠄ kq _wjl@126.com︔ | ᠰᠢᠤᠳᠠᠨ ᠨᠤᠮᠧᠷ᠄ 025350᠃ | ︵ᠬᠤᠶᠠᠷ︶ ᠬᠦᠯᠢᠶᠡᠨ ᠰᠢᠢᠳᠪᠤᠷᠢᠯᠡᠬᠦ ᠠᠯᠬᠤᠮ ᠲᠠᠷᠠᠭ᠎ᠠ᠃ | ⒈ ᠭᠤᠶᠤᠴᠢᠯᠠᠭᠴᠢ ᠲᠤᠰ ᠪᠠᠶᠢᠭᠤᠯᠤᠯᠭ᠎ᠠ ᠳᠤ ᠵᠠᠰᠠᠭ ᠤᠨ ᠰᠤᠷᠠᠭ ᠵᠠᠩᠬᠢ ᠶᠢ ᠢᠯᠡ ᠪᠤᠯᠭᠠᠬᠤ ᠪᠠᠷ | ᠭᠤᠶᠤᠴᠢᠯᠠᠪᠠᠯ᠂ ︽ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠷᠠᠭ ᠵᠠᠩᠬᠢ ᠶᠢ ᠢᠯᠡ | ᠪᠤᠯᠭᠠᠬᠤ ᠭᠤᠶᠤᠴᠢᠯᠠᠯ ᠤᠨ ᠬᠦᠰᠦᠨᠦᠭ︾ ︵ᠲᠠᠭᠠᠯᠳᠠᠭᠤᠯᠤᠭᠰᠠᠨ ᠬᠦᠰᠦᠨᠦᠭ ᠠᠴᠠ ᠦᠵᠡᠬᠡᠷᠠᠢ᠂ ᠲᠤᠷᠤᠭᠰᠢ ︽ | ᠭᠤᠶᠤᠴᠢᠯᠠᠯ ᠤᠨ ᠬᠦᠰᠦᠨᠦᠭ︾ ᠬᠡᠵᠤ ᠲᠦᠬᠦᠮᠴᠢᠯᠡᠨ᠎ᠡ︶ ᠢ ᠲᠠᠭᠯᠠᠪᠠᠯ ᠵᠤᠬᠢᠨ᠎ᠠ᠃ ︽ᠭᠤᠶᠤᠴᠢᠯᠠᠯ ᠤᠨ | ᠬᠦᠰᠦᠨᠦᠭ︾ ᠢ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠤᠨ ᠭᠠᠵᠠᠷ ᠠᠴᠠ ᠠᠪᠬᠤ ᠪᠤᠶᠤ ᠦᠪᠡᠷᠳᠡᠬᠡᠨ | ᠲᠠᠷᠤᠮᠠᠯᠯᠠᠨ ᠠᠪᠴᠤ ᠪᠤᠯᠤᠨ᠎ᠠ᠂ ᠲᠤᠰ ᠪᠠᠶᠢᠭᠤᠯᠤᠯᠭ᠎ᠠ ᠶᠢᠨ ᠰᠦᠯᠵᠢᠶ᠎ᠡ ︵ᠰᠦᠯᠵᠢᠶᠠᠨ ᠬᠠᠶ᠋ᠢᠭ᠄ | www.kqmw.gov.cn︶ ᠠᠴᠠ ᠪᠠᠭᠤᠯᠭᠠᠵᠤ ᠠᠪᠴᠤ ᠪᠠᠰᠠ ᠪᠤᠯᠤᠨ᠎ᠠ᠃ ᠭᠤᠶᠤᠴᠢᠯᠠᠭᠴᠢ ᠬᠤᠯᠪᠤᠭᠳᠠᠯ | ᠪᠦᠬᠦᠢ ᠭᠠᠷ ᠬᠦᠢᠴᠡᠳᠬᠡᠯ ᠢ ᠬᠠᠷᠢᠯᠴᠠᠬᠤ ᠤᠳᠠᠰᠤ ᠪᠠᠷ ᠠᠰᠠᠭᠤᠨ ᠯᠠᠪᠯᠠᠵᠤ ᠪᠤᠯᠤᠨ᠎ᠠ᠃ | ᠭᠤᠶᠤᠴᠢᠯᠠᠯ ᠢ ᠰᠢᠢᠳᠪᠤᠷᠢᠯᠡᠬᠦ ᠦᠷ᠎ᠡ ᠪᠦᠳᠦᠮᠵᠢ ᠶᠢ ᠲᠡᠭᠡᠭᠰᠢᠯᠡᠬᠦᠯᠬᠦ ᠶᠢᠨ ᠲᠤᠰᠠᠳᠠ᠂ ᠭᠤᠶᠤᠴᠢᠯᠠᠭᠴᠢ | ᠬᠡᠷᠡᠭᠴᠡᠭᠡ ᠪᠦᠬᠦᠢ ᠰᠤᠷᠠᠭ ᠢᠶᠠᠨ ᠴᠢᠳᠠᠬᠤ ᠶᠢᠨ ᠬᠢᠷᠢ ᠪᠠᠷ ᠨᠠᠷᠢᠯᠢᠭ᠂ ᠲᠤᠳᠤᠷᠬᠠᠢ ᠲᠤᠭᠠᠴᠢᠨ᠎ᠠ︔ ᠪᠤᠯᠤᠮᠵᠢ ᠲᠠᠢ | ᠪᠤᠯ᠂ ᠰᠤᠷᠠᠭ ᠵᠠᠩᠬᠢ ᠶᠢᠨ ᠭᠠᠷᠴᠠᠭ᠂ ᠨᠡᠶᠢᠳᠡᠯᠡᠭᠰᠡᠨ ᠴᠠᠭ ᠬᠤᠭᠤᠴᠠᠭ᠎ᠠ᠂ ᠪᠢᠴᠢᠭ ᠤᠨ ᠳ᠋ᠤᠭᠠᠷ ᠪᠤᠶᠤ ᠲᠤᠰ | ᠪᠠᠶᠢᠭᠤᠯᠤᠯᠭ᠎ᠠ ᠶᠢᠨ ᠰᠤᠷᠠᠭ ᠤᠨ ᠠᠴᠢᠶᠠᠯᠠᠪᠤᠷᠢ ᠶᠢ ᠲᠤᠳᠤᠷᠬᠠᠶᠢᠯᠠᠬᠤ ᠳᠤ ᠲᠤᠰᠠ ᠪᠦᠬᠦᠢ ᠰᠠᠨᠠᠭᠤᠯᠤᠮᠵᠢ | ᠬᠠᠩᠭᠠᠨ᠎ᠠ᠃ | ⒉ ᠭᠤᠶᠤᠴᠢᠯᠠᠬᠤ ᠬᠡᠯᠪᠡᠷᠢ | ⑴ ᠲᠤᠬᠠᠢ ᠶᠢᠨ ᠲᠠᠯᠠᠪᠠᠢ ᠳᠤ ᠭᠤᠶᠤᠴᠢᠯᠠᠬᠤ᠃ ᠭᠤᠶᠤᠴᠢᠯᠠᠭᠴᠢ ᠲᠤᠰ ᠪᠠᠶᠢᠭᠤᠯᠤᠯᠭ᠎ᠠ ᠶᠢᠨ ᠬᠦᠯᠢᠶᠡᠨ | ᠰᠢᠢᠳᠪᠤᠷᠢᠯᠡᠬᠦ ᠪᠠᠶᠢᠭᠤᠯᠤᠮᠵᠢ ᠳᠤ ᠬᠦᠷᠴᠤ ᠵᠠᠰᠠᠭ ᠤᠨ ᠰᠤᠷᠠᠭ ᠵᠠᠩᠬᠢ ᠶᠢ ᠬᠦᠷᠳᠡᠬᠦ ᠪᠠᠷ ᠭᠤᠶᠤᠴᠢᠯᠠᠵᠤ | ᠪᠤᠯᠤᠨ᠎ᠠ᠂ ᠬᠠᠮᠳᠤ ᠳᠤ ᠨᠢ ︽ᠭᠤᠶᠤᠴᠢᠯᠠᠯ ᠤᠨ ᠬᠦᠰᠦᠨᠦᠭ︾ ᠢ ᠲᠠᠭᠯᠠᠨ᠎ᠠ᠃ ᠪᠢᠴᠢᠬᠦ ᠳᠤ ᠬᠦᠴᠢᠷᠳᠡᠪᠡᠯ | ᠶᠠᠷᠢᠵᠤ ᠭᠤᠶᠤᠴᠢᠯᠠᠵᠤ ᠪᠤᠯᠤᠨ᠎ᠠ᠃ | ⑵ ᠪᠢᠴᠢᠭ ᠤᠨ ᠬᠡᠯᠪᠡᠷᠢ ᠪᠠᠷ ᠭᠤᠶᠤᠴᠢᠯᠠᠬᠤ᠃ ᠭᠤᠶᠤᠴᠢᠯᠠᠭᠴᠢ ︽ᠭᠤᠶᠤᠴᠢᠯᠠᠯ ᠤᠨ ᠬᠦᠰᠦᠨᠦᠭ︾ ᠢ | ᠲᠠᠭᠯᠠᠭᠰᠠᠨ ᠤ ᠲᠠᠷᠠᠭ᠎ᠠ᠂ ᠹᠠᠺᠰ᠂ ᠵᠠᠬᠢᠳᠠᠯ ᠤᠨ ᠬᠡᠯᠪᠡᠷᠢ ᠪᠠᠷ ᠲᠠᠮᠵᠢᠭᠤᠯᠵᠤ ᠭᠤᠶᠤᠴᠢᠯᠠᠵᠤ ᠪᠤᠯᠤᠨ᠎ᠠ᠃ ᠵᠠᠬᠢᠳᠠᠯ | ᠤᠨ ᠬᠡᠯᠪᠡᠷᠢ ᠪᠠᠷ ᠭᠤᠶᠤᠴᠢᠯᠠᠪᠠᠯ᠂ ᠵᠠᠬᠢᠳᠠᠯ ᠤᠨ ᠵᠡᠬᠦᠨ ᠲᠤᠤᠷ᠎ᠠ ᠦᠨᠴᠦᠭ ᠲᠤ ︽ᠵᠠᠰᠠᠭ ᠤᠨ ᠰᠤᠷᠠᠭ ᠵᠠᠩᠬᠢ ᠶᠢ | ᠢᠯᠡ ᠪᠤᠯᠭᠠᠬᠤ ᠭᠤᠶᠤᠴᠢᠯᠠᠯ︾ ᠬᠡᠬᠦ ᠦᠰᠦᠭ ᠢᠶᠠᠷ ᠲᠤᠳᠤᠷᠬᠠᠶᠢᠯᠠᠵᠤ ᠦᠭᠪᠠᠯ ᠵᠤᠬᠢᠨ᠎ᠠ᠃ | ⑶ ᠰᠦᠯᠵᠢᠶᠡᠨ ᠲᠡᠭᠡᠷ᠎ᠡ ᠭᠤᠶᠤᠴᠢᠯᠠᠬᠤ᠃ ᠭᠤᠶᠤᠴᠢᠯᠠᠭᠴᠢ ᠲᠤᠰ ᠪᠠᠶᠢᠭᠤᠯᠤᠯᠭ᠎ᠠ ᠶᠢᠨ ᠰᠦᠯᠵᠢᠶᠡᠨ | ᠲᠡᠭᠡᠷ᠎ᠡ ᠡᠯᠧᠺᠲᠷᠤᠨ ᠬᠡᠪᠯᠡᠯ ᠤᠨ ︽ᠭᠤᠶᠤᠴᠢᠯᠠᠯ ᠤᠨ ᠬᠦᠰᠦᠨᠦᠭ︾ ᠢ ᠲᠠᠭᠯᠠᠵᠤ᠂ ᠢᠮᠧᠯ ᠤᠨ ᠬᠡᠯᠪᠡᠷᠢ ᠪᠠᠷ | ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠶᠢᠨ ᠢᠮᠧᠯ ᠤᠨ ᠬᠠᠶᠢᠷᠴᠠᠭ ᠲᠤ ᠢᠯᠡᠬᠡᠵᠤ ᠪᠤᠯᠤᠨ᠎ᠠ᠃ | ⒊ ᠭᠤᠶᠤᠴᠢᠯᠠᠯ ᠢ ᠲᠠᠩᠰᠠᠯᠠᠬᠤ | ᠲᠤᠰ ᠪᠠᠶᠢᠭᠤᠯᠤᠯᠭ᠎ᠠ ᠶᠢᠨ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠭᠤᠶᠤᠴᠢᠯᠠᠭᠴᠢ ᠶᠢᠨ ᠭᠤᠶᠤᠴᠢᠯᠠᠯ ᠢ | ᠬᠤᠷᠢᠶᠠᠨ ᠤᠯᠤᠭᠰᠠᠨ ᠤ ᠲᠠᠷᠠᠭ᠎ᠠ᠂ ᠠᠭᠤᠯᠭ᠎ᠠ ᠨᠢ ᠪᠦᠷᠢᠨ ᠬᠦᠢᠴᠡᠳ ᠭᠤᠶᠤᠴᠢᠯᠠᠯ ᠢ ᠲᠠᠷᠤᠶᠢᠬᠠᠨ ᠲᠠᠩᠰᠠᠯᠠᠵᠤ᠂ | ᠨᠤᠮᠧᠷᠯᠠᠬᠤ ᠶᠢᠨ ᠬᠠᠮᠳᠤ ᠭᠤᠶᠤᠴᠢᠯᠠᠭᠴᠢ ᠳᠤ ᠰᠤᠷᠠᠭ ᠵᠠᠩᠬᠢ ᠶᠢ ᠢᠯᠡ ᠪᠣᠯᠭᠠᠬᠤ ᠶᠢ ᠬᠦᠯᠢᠶᠡᠨ ᠰᠢᠢᠳᠪᠤᠷᠢᠯᠡᠬᠦ | ᠬᠠᠷᠢᠭᠤ ᠪᠠᠷᠢᠮᠳᠠ ᠢᠯᠡᠬᠡᠨᠡ᠃ | ⒋ ᠬᠦᠯᠢᠶᠡᠨ ᠰᠢᠢᠳᠪᠤᠷᠢᠯᠡᠬᠦ ᠬᠡᠯᠪᠡᠷᠢ | ⑴ ᠲᠤᠰ ᠪᠠᠶᠢᠭᠤᠯᠤᠯᠭ᠎ᠠ ᠳᠤ ᠬᠠᠷᠢᠶᠠᠯᠠᠭᠳᠠᠬᠤ ᠵᠠᠰᠠᠭ ᠤᠨ ᠰᠤᠷᠠᠭ ᠵᠠᠩᠬᠢ ᠶᠢ ᠲᠤᠰ ᠪᠠᠶᠢᠭᠤᠯᠤᠯᠭ᠎ᠠ ᠶᠢᠨ | ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠠᠴᠠ ᠵᠤᠬᠢᠶᠠᠨ ᠪᠠᠶᠢᠭᠤᠯᠵᠤ ᠬᠢᠨᠠᠨ ᠪᠠᠶᠢᠴᠠᠭᠠᠨ᠎ᠠ᠂ ᠤᠳᠤᠷᠢᠳᠤᠯᠭ᠎ᠠ ᠶᠢᠨ | ᠬᠢᠨᠠᠨ ᠵᠦᠪᠰᠢᠶᠡᠷᠡᠯ ᠢ ᠤᠯᠤᠭᠰᠠᠨ ᠤ ᠲᠡᠷᠠᠭ᠎ᠠ ᠭᠤᠶᠤᠴᠢᠯᠠᠭᠴᠢ ᠳᠤ ᠰᠢᠭᠤᠳ ᠬᠠᠷᠢᠭᠤᠯᠳᠠ ᠦᠭᠬᠦᠨ᠎ᠡ᠃ | ⑵ ᠲᠤᠰ ᠪᠠᠶᠢᠭᠤᠯᠤᠯᠭ᠎ᠠ ᠶᠢᠨ ᠡᠵᠡᠮᠰᠢᠯ ᠳᠤ ᠬᠠᠷᠢᠶᠠᠯᠭᠳᠠᠬᠤ ᠦᠭᠡᠢ ᠵᠠᠰᠠᠭ ᠤᠨ ᠰᠤᠷᠠᠭ ᠵᠠᠩᠬᠢ ᠶᠢ ᠲᠤᠰ | ᠪᠠᠶᠢᠭᠤᠯᠤᠯᠭ᠎ᠠ ᠶᠢᠨ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠠᠴᠠ ᠭᠤᠶᠤᠴᠢᠯᠠᠭᠴᠢ ᠳᠤ ᠴᠠᠭ ᠲᠤᠬᠠᠢ ᠳᠤᠨᠢ | ᠮᠡᠳᠡᠭᠳᠡᠨ᠎ᠡ᠃ ᠬᠡᠷᠪᠡ ᠲᠤᠰ ᠰᠤᠷᠠᠭ ᠵᠠᠩᠬᠢ ᠶᠢᠨ ᠬᠠᠷᠢᠶᠠᠯᠠᠭᠳᠠᠬᠤ ᠪᠠᠶᠢᠭᠤᠯᠤᠯᠭ᠎ᠠ ᠶᠢ ᠲᠤᠳᠤᠷᠬᠠᠶᠢᠯᠠᠵᠤ ᠲᠠᠶᠢᠯᠪᠠᠯ | ᠂ ᠭᠤᠶᠤᠴᠢᠯᠠᠭᠴᠢ ᠳᠤ ᠬᠠᠷᠢᠯᠴᠠᠬᠤ ᠠᠷᠭ᠎ᠠ ᠶᠢ ᠮᠡᠳᠡᠭᠳᠡᠨ᠎ᠡ᠃ | ⒌ ᠲᠦᠷᠦᠯ ᠬᠤᠪᠢᠶᠠᠨ ᠬᠠᠷᠢᠭᠤᠯᠳᠠ ᠦᠭᠬᠦ | ᠲᠤᠰ ᠪᠠᠶᠢᠭᠤᠯᠤᠯᠭ᠎ᠠ ᠶᠢᠨ ᠬᠦᠯᠢᠶᠡᠨ ᠰᠢᠢᠳᠪᠤᠷᠢᠯᠡᠬᠦ ᠪᠠᠶᠢᠭᠤᠯᠤᠮᠵᠢ ᠭᠤᠶᠤᠴᠢᠯᠠᠯ ᠢ ᠬᠤᠷᠢᠶᠠᠨ ᠤᠯᠤᠭᠰᠠᠨ | ᠠᠴᠠ ᠡᠬᠢᠯᠡᠨ 10 ᠠᠵᠢᠯᠯᠠᠬᠤ ᠡᠳᠤᠷ ᠤᠨ ᠲᠤᠳᠤᠷ᠎ᠠ ︵ᠤᠨᠴᠠᠭᠠᠢ ᠪᠠᠶᠢᠳᠠᠯ ᠪᠤᠯ ᠬᠢᠨᠠᠨ ᠵᠦᠪᠰᠢᠶᠡᠷᠡᠭᠰᠡᠨ ᠤ | ᠲᠠᠷᠠᠭ᠎ᠠ 10 ᠠᠵᠢᠯᠯᠠᠬᠤ ᠡᠳᠤᠷ ᠤᠷᠳᠤᠳᠬᠠᠵᠤ ᠪᠤᠯᠤᠨ᠎ᠠ︶ ᠵᠠᠰᠠᠭ ᠤᠨ ᠰᠤᠷᠠᠭ ᠵᠠᠩᠬᠢ ᠶᠢ ᠢᠯᠡ ᠪᠤᠯᠭᠠᠬᠤ | ᠰᠢᠢᠳᠪᠤᠷᠢ ᠶᠢᠨ ᠪᠢᠴᠢᠭ ᠢ ᠲᠤᠤᠷᠠᠬᠢ ᠮᠡᠳᠤ ᠪᠠᠷ ᠲᠤᠭᠳᠠᠭᠠᠨ ᠨᠡᠶᠢᠳᠡᠯᠡᠬᠦ ᠶᠢᠨ ᠬᠠᠮᠳᠤ ᠭᠤᠶᠤᠴᠢᠯᠠᠭᠴᠢ ᠳᠤ | ᠬᠦᠷᠬᠡᠨ ᠦᠭᠬᠦᠨ᠎ᠡ᠄ | ⑴ ᠢᠯᠡ ᠪᠤᠯᠭᠠᠵᠤ ᠪᠤᠯᠬᠤ ᠵᠠᠰᠠᠭ ᠤᠨ ᠰᠤᠷᠠᠭ ᠵᠠᠩᠬᠢ ᠳᠤ ᠬᠠᠷᠢᠶᠠᠯᠭᠳᠠᠪᠠᠯ᠂ ᠭᠤᠶᠤᠴᠢᠯᠠᠭᠴᠢ ᠳᠤ | ᠰᠤᠷᠠᠭ ᠵᠠᠩᠬᠢ ᠭᠦᠷᠳᠡᠬᠦ ᠴᠠᠭ᠂ ᠭᠠᠵᠠᠷ ᠪᠠ ᠠᠷᠭ᠎ᠠ ᠬᠡᠯᠪᠡᠷᠢ ᠶᠢ ᠮᠡᠳᠡᠭᠳᠡᠨ᠎ᠡ᠃ | ⑵ ᠬᠡᠰᠡᠭ ᠢᠯᠡ ᠪᠤᠯᠭᠠᠵᠤ ᠪᠤᠯᠬᠤ ᠵᠠᠰᠠᠭ ᠤᠨ ᠰᠤᠷᠠᠭ ᠵᠠᠩᠬᠢ ᠳᠤ ᠬᠠᠷᠢᠶᠠᠯᠭᠳᠠᠪᠠᠯ᠂ ᠭᠤᠶᠤᠴᠢᠯᠠᠭᠴᠢ ᠳᠤ | ᠰᠤᠷᠠᠭ ᠵᠠᠩᠬᠢ ᠬᠦᠷᠳᠡᠬᠦ ᠴᠠᠭ᠂ ᠭᠠᠵᠠᠷ ᠪᠠ ᠠᠷᠭ᠎ᠠ ᠬᠡᠯᠪᠡᠷᠢ ᠶᠢ ᠮᠡᠳᠡᠭᠳᠡᠬᠦ ᠶᠢᠨ ᠬᠠᠮᠳᠤ ᠭᠤᠶᠤᠴᠢᠯᠠᠭᠴᠢ ᠳᠤ | ᠢᠯᠡ ᠪᠤᠯᠭᠠᠵᠤ ᠪᠤᠯᠬᠤ ᠦᠭᠡᠢ ᠬᠡᠰᠡᠭ ᠤᠨ ᠰᠢᠯᠳᠠᠭᠠᠨ ᠵᠢᠴᠢ ᠲᠤᠰᠠᠯᠠᠮᠵᠢ ᠶᠢᠨ ᠠᠷᠭ᠎ᠠ ᠵᠠᠮ ᠢ ᠮᠡᠳᠡᠭᠳᠡᠨ᠎ᠡ᠃ | ⑶ ᠢᠯᠡ ᠪᠤᠯᠭᠠᠵᠤ ᠦᠯᠤ ᠪᠤᠯᠬᠤ ᠵᠠᠰᠠᠭ ᠤᠨ ᠰᠤᠷᠠᠭ ᠵᠠᠩᠬᠢ ᠳᠤ ᠬᠠᠷᠢᠶᠠᠯᠠᠭᠳᠠᠪᠠᠯ᠂ ᠭᠤᠶᠤᠴᠢᠯᠠᠭᠴᠢ ᠳᠤ | ᠢᠯᠡ ᠪᠤᠯᠭᠠᠬᠤ ᠦᠭᠡᠢ ᠰᠢᠯᠳᠠᠭᠠᠨ ᠵᠢᠴᠢ ᠲᠤᠰᠠᠯᠠᠮᠵᠢ ᠶᠢᠨ ᠠᠷᠭ᠎ᠠ ᠵᠠᠮ ᠢ ᠮᠡᠳᠡᠭᠳᠡᠨ᠎ᠡ᠃ | ⑷ ᠢᠯᠡ ᠪᠤᠯᠭᠠᠬᠤ ᠪᠠᠷ ᠭᠤᠶᠤᠴᠢᠯᠠᠭᠰᠠᠨ ᠵᠠᠰᠠᠭ ᠤᠨ ᠰᠤᠷᠠᠭ ᠵᠠᠩᠬᠢ ᠤᠷᠤᠰᠢᠬᠤ ᠦᠭᠡᠢ ᠪᠤᠯ᠂ | ᠭᠤᠶᠤᠴᠢᠯᠠᠭᠴᠢ ᠳᠤ ᠪᠤᠳᠠᠳᠠᠢ ᠪᠠᠶᠢᠳᠠᠯ ᠢ ᠮᠡᠳᠡᠭᠳᠡᠨ᠎ᠡ᠃ | ᠭᠤᠷᠪᠠ᠂ ᠲᠤᠰᠠᠯᠠᠮᠵᠢ ᠦᠵᠡᠬᠦᠯᠬᠦ ᠬᠡᠯᠪᠡᠷᠢ ᠪᠠ ᠠᠯᠬᠤᠮ ᠲᠠᠷᠠᠭ᠎ᠠ | ᠠᠷᠠᠳ ᠢᠷᠬᠡᠳ᠂ ᠬᠠᠤᠯᠢ ᠶᠢᠨ ᠡᠷᠭᠡᠳᠡᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠠᠴᠠ ᠲᠤᠰ | ᠪᠠᠶᠢᠭᠤᠯᠤᠯᠭ᠎ᠠ ᠶᠢ ᠵᠠᠰᠠᠭ ᠤᠨ ᠰᠤᠷᠠᠭ ᠵᠠᠩᠬᠢ ᠶᠢ ᠢᠯᠡ ᠪᠤᠯᠭᠠᠬᠤ ᠡᠬᠦᠷᠬᠡ ᠪᠠᠨ ᠬᠠᠤᠯᠢ ᠶᠤᠰᠤᠭᠠᠷ | ᠬᠦᠢᠴᠡᠳᠬᠡᠭᠰᠡᠨ ᠦᠭᠡᠢ ᠬᠡᠵᠤ ᠦᠵᠡᠪᠠᠯ᠂ ᠬᠢᠨᠠᠯᠳᠠ ᠲᠠᠯᠪᠢᠬᠤ ᠰᠠᠯᠠᠭ᠎ᠠ ᠮᠦᠴᠢᠷ ᠲᠤ ᠵᠠᠭᠠᠯᠳᠤᠵᠤ ᠪᠤᠯᠤᠨ᠎ᠠ᠃ | ᠬᠢᠨᠠᠯᠳᠠ ᠲᠠᠯᠪᠢᠬᠤ ᠤᠳᠠᠰᠤ᠄ ︵0476︶5235221︔ | ᠬᠠᠶ᠋ᠢᠭ᠄ ᠬᠡᠰᠢᠭᠳᠡᠨ ᠬᠤᠰᠢᠭᠤᠨ ᠤ ᠪᠢᠷᠠᠭᠤ ᠪᠠᠯᠭᠠᠰᠤ ᠶᠢᠨ ᠨᠠᠮ ᠵᠠᠰᠠᠭ ᠤᠨ ᠶᠡᠷᠦᠩᠬᠡᠶᠢᠯᠡᠭᠰᠡᠨ ᠠᠯᠪᠠᠨ | ᠠᠰᠠᠷ ᠤᠨ 921 ᠲᠡᠰᠤᠭ︔ | ᠰᠢᠤᠳᠠᠨ ᠨᠤᠮᠧᠷ᠄ 025350᠃ | ᠠᠷᠠᠳ ᠢᠷᠬᠡᠳ᠂ ᠬᠠᠤᠯᠢ ᠶᠢᠨ ᠡᠷᠬᠡᠳᠡᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠨᠢ ᠪᠠᠰᠠ ᠬᠢᠨᠠᠨ | ᠪᠠᠶᠢᠴᠠᠭᠠᠬᠤ ᠪᠠᠶᠢᠭᠤᠯᠤᠯᠭ᠎ᠠ ᠪᠤᠶᠤ ᠲᠡᠭᠡᠷ᠎ᠡ ᠱᠠᠳᠤᠨ ᠤ ᠵᠠᠰᠠᠭ ᠤᠨ ᠤᠷᠳᠤᠨ ᠤ ᠪᠠᠶᠢᠭᠤᠯᠤᠯᠭ᠎ᠠ ᠳᠤ ᠢᠯᠡᠴᠢᠯᠡᠨ | ᠮᠡᠳᠡᠬᠦᠯᠵᠤ ᠪᠤᠯᠤᠨ᠎ᠠ᠂ ᠢᠯᠡᠴᠢᠯᠡᠨ ᠮᠡᠳᠡᠬᠦᠯᠬᠦ ᠶᠢ ᠬᠦᠯᠢᠶᠡᠭᠰᠡᠨ ᠪᠠᠶᠢᠭᠤᠯᠤᠯᠭ᠎ᠠ ᠬᠠᠮᠢᠶ᠎ᠠ ᠪᠦᠬᠦᠢ ᠲᠤᠭᠳᠠᠭᠠᠯ ᠢ | ᠦᠨᠳᠤᠰᠤᠯᠠᠨ ᠪᠠᠶᠢᠴᠠᠭᠠᠨ ᠰᠢᠢᠳᠪᠤᠷᠢᠯᠡᠨ᠎ᠡ᠃ | |