ᠪᠢ ᠢᠨᠢᠶᠡᠵᠦ ᠪᠠᠶᠢᠭ᠎ᠠ ᠦᠶ᠎ᠡ ᠳᠡᠭᠡᠨ ᠦᠪᠡᠷ ᠤᠨ ᠢᠶᠠᠨ ᠪᠢᠰᠢ᠂ ᠠᠪᠤ ᠶᠢᠨ ᠢᠶᠠᠨ ᠲᠠᠭᠤ ᠬᠤᠭᠤᠯᠠᠢ ᠶᠢ | ᠰᠤᠨᠤᠰᠳᠠᠭ ᠪᠢᠯᠠ᠃ ᠬᠦᠮᠥᠨ ᠦᠷ᠎ᠡ ᠬᠡᠤᠭᠡᠳ ᠲᠡᠭᠡᠨ ᠰᠢᠩᠬᠡᠵᠦ ᠤᠷᠤᠰᠢᠨ ᠪᠠᠶᠢᠬᠤ ᠨᠢ ᠦᠨᠡᠨ ᠬᠢᠬᠡᠳ ᠠᠪᠤ | ᠮᠢᠨᠢ ᠲᠠᠭᠠᠯᠠᠯ ᠲᠡᠭᠦᠰᠦᠭᠰᠡᠨ ᠠᠴᠠ ᠬᠤᠶᠢᠰᠢ 3 ᠵᠢᠯ ᠦᠩᠬᠡᠷᠡᠭᠰᠡᠨ ᠴᠦ ᠰᠠᠨᠠᠭ᠎ᠠ ᠰᠡᠳᠬᠢᠯ ᠠᠴᠠ ᠤᠭᠳᠤᠬᠠᠨ ᠴᠦ | ᠦᠯᠥ ᠭᠠᠷᠤᠨ᠎ᠠ᠃ ᠠᠪᠤ ᠮᠢᠨᠢ ᠨᠠᠮᠠᠢᠢ ᠪᠤᠳᠤᠪᠠᠯ ᠲᠦᠯᠬᠡᠨ ᠲᠠᠶᠢᠪᠤᠩ ᠬᠦᠮᠥᠨ ᠪᠠᠶᠢᠯ᠎ᠠ᠃ ᠶᠠᠮᠠᠷ ᠴᠦ ᠬᠦᠮᠥᠨ ᠲᠠᠢ | ᠦᠬᠡ ᠬᠡᠯᠡ ᠪᠠᠨ ᠤᠯᠤᠯᠴᠠᠨᠠ᠃ ᠬᠠᠮᠤᠭ ᠤᠨ ᠪᠤᠯᠳᠠᠭ ᠦᠬᠡᠢ ᠮᠠᠭᠤ ᠨᠡᠷ᠎ᠡ ᠲᠠᠢ ᠬᠦᠮᠥᠰ ᠴᠦ ᠬᠡᠰᠡᠨ ᠠᠪᠤ ᠳᠤ | ᠮᠢᠨᠢ ᠬᠠᠶᠢᠷᠠᠳᠠᠢ᠂ ᠬᠦᠨᠳᠦᠳᠭᠡᠳᠡᠭ ᠪᠠᠶᠢᠭᠰᠠᠨ᠃ ᠶᠠᠭᠤᠮ᠎ᠠ ᠶᠠᠭᠤᠮ᠎ᠠ ᠶᠢ ᠰᠠᠨᠠᠵᠦ ᠰᠡᠳᠬᠢᠬᠦ ᠲᠤᠷᠠᠳᠠᠢ᠃ ᠭᠠᠷ ᠤᠨ | ᠤᠷ᠎ᠠ ᠳ᠋ᠦᠢ ᠪᠠᠷ ᠬᠡᠨ ᠠᠴᠠ ᠴᠦ ᠲᠤᠤᠷ᠎ᠠ ᠤᠷᠤᠬᠤ ᠦᠬᠡᠢ ᠨᠢᠬᠡᠨ ᠪᠠᠶᠢᠪᠠ᠃ | ᠨᠠᠮᠠᠢᠢ ᠪᠠᠭ᠎ᠠ ᠪᠠᠶᠢᠬᠤ ᠳᠤ ᠠᠪᠤ ᠮᠢᠨᠢ ᠰᠤᠮᠤᠨ ᠳᠠᠭᠠᠨ ᠠᠩᠬ᠎ᠠ ᠰᠤᠩᠬᠢᠨ᠎ᠠ ᠲᠡᠷᠢᠵᠦ ᠤᠷᠭᠤᠭᠤᠯᠤᠭᠰᠠᠨ | ᠪᠦᠬᠡᠳ ᠲᠡᠬᠦᠨ ᠢ ᠪᠠᠨ ᠡᠳᠦᠷ ᠪᠦᠷᠢ ᠠᠷᠠᠴᠢᠯᠠᠵᠦ ᠬᠡᠤᠭᠡᠳ ᠰᠢᠭ ᠪᠠᠶᠠᠷᠯᠠᠨ᠂ ᠲᠡᠬᠦᠦ ᠪᠢᠳᠡ ᠬᠤᠶᠠᠷ ᠴᠦ ᠠᠪᠤ | ᠪᠠᠨ ᠲᠠᠭᠠᠨ ᠬᠦᠬᠡᠷᠳᠡᠭ ᠰᠠᠨ᠃ ᠬᠠᠷᠠᠮᠰᠠᠯᠳᠠᠢ ᠨᠢ ᠨᠡᠯᠢᠶᠡᠳ ᠰᠠᠶᠢᠬᠠᠨ ᠤᠷᠭᠤᠭᠠᠳ ᠢᠷᠡᠬᠦ ᠶᠢᠨ ᠬᠢᠨᠢ ᠦᠶ᠎ᠡ ᠳᠤ | ᠪᠠᠶᠠᠷᠰᠠᠶᠢᠬᠠᠨ ᠬᠡᠳᠡᠭ ᠰᠠᠬᠢᠯᠭ᠎ᠠ ᠦᠬᠡᠢ ᠪᠠᠨᠳᠢ ᠬᠡᠳᠦᠨ ᠰᠤᠩᠬᠢᠨ᠎ᠠ ᠶᠢ ᠨᠢ ᠵᠤᠯᠭᠠᠴᠢᠬᠠᠭᠰᠠᠨ ᠶᠤᠮ᠃ ᠠᠪᠤ ᠮᠢᠨᠢ | ᠨᠠᠮᠠᠢᠢ ᠲᠠᠪᠤᠨ ᠨᠠᠰᠤᠳᠠᠢ ᠪᠠᠶᠢᠬᠤ ᠳᠤ ᠲᠤᠭ᠎ᠠ ᠪᠢᠴᠢᠭ ᠵᠢᠭᠠᠵᠦ ᠬᠡᠶᠢᠬᠦᠯᠥᠨ᠂ ᠬᠡᠬᠡ ᠦᠬᠡᠢ ᠬᠠᠷᠠᠩᠭᠤᠢ ᠶᠠᠪᠤᠬᠤ | ᠠᠴᠠ ᠠᠪᠤᠷᠠᠭᠰᠠᠨ ᠪᠢᠯᠠ᠃ ᠪᠠᠭ᠎ᠠ ᠰᠤᠷᠭᠠᠭᠤᠯᠢ ᠳᠤ ᠤᠨᠴᠠ ᠰᠤᠷᠬᠤ ᠳᠤ ᠵᠢᠷᠤᠭ ᠲᠠᠢ ᠨᠤᠮ᠂ ᠦᠯᠢᠬᠡᠷ ᠲᠠᠢ | ᠨᠤᠮ ᠢᠶᠠᠷ ᠦᠷᠬᠦᠯᠵᠢ ᠱᠠᠩᠨᠠᠳᠠᠭ ᠪᠠᠶᠢᠭᠰᠠᠨ ᠨᠢ ᠶᠡᠭᠡ ᠭᠡᠷᠡᠭ ᠪᠤᠯᠤᠭᠰᠠᠨ ᠶᠤᠮ᠃ | ᠠᠪᠤ ᠮᠢᠨᠢ ᠪᠠᠭ᠎ᠠ ᠰᠤᠷᠭᠠᠭᠤᠯᠢ ᠲᠡᠭᠦᠰᠦᠬᠡ ᠦᠬᠡᠢ ᠪᠤᠯᠪᠠᠴᠦ ᠤᠬᠠᠭᠠᠨ ᠲᠠᠢ ᠬᠦᠮᠥᠨ ᠲᠤᠯᠠ ᠪᠢᠴᠢᠭ | ᠦᠰᠦᠭ ᠬᠤᠷᠳᠤᠨ ᠰᠤᠷᠴᠦ᠂ ᠦᠷ᠎ᠡ ᠭᠡᠤᠭᠡᠳ ᠢᠶᠠᠨ ᠡᠷᠳᠡᠮ ᠨᠤᠮ ᠲᠠᠢ ᠪᠤᠯᠭᠠᠬᠤ ᠰᠠᠨ ᠬᠡᠵᠦ ᠮᠦᠷᠦᠬᠡᠳᠳᠡᠭ | ᠪᠠᠶᠢᠯ᠎ᠠ᠃ ᠨᠠᠮᠠᠢᠢ ᠬᠤᠶᠠᠳᠤᠭᠠᠷ ᠠᠩᠬᠢ ᠳᠤ ᠪᠠᠶᠢᠬᠤ ᠳᠤ ᠵᠢᠵᠢᠭᠭᠡᠨ ᠭᠠᠷᠮᠤᠨᠢ ᠬᠦᠭᠵᠢᠮ ᠠᠪᠴᠦ ᠦᠭᠭᠦᠭᠰᠡᠨ ᠶᠤᠮ | ᠃ ᠡᠵᠢ ᠠᠭᠤᠷᠯᠠᠵᠦ ᠦᠨᠡᠳᠡᠢ ᠴᠡᠨᠡᠳᠡᠢ ᠶᠠᠭᠤᠮ᠎ᠠ ᠪᠠᠷ ᠬᠡᠤᠭᠡᠳ ᠲᠡᠮᠡᠢ ᠡᠷᠬᠡᠯᠡᠬᠦᠯᠥᠯᠡ ᠬᠡᠬᠦ ᠳᠤ᠂ ᠠᠪᠤ ᠮᠢᠨᠢ | ᠲᠤᠤᠭᠠᠷᠤᠭᠠ ᠦᠬᠡᠢ᠃ ᠲᠡᠷᠡ ᠦᠶ᠎ᠡ ᠳᠤ ᠮᠦᠨ ᠬᠦᠭᠵᠢᠮ 200 ᠨᠡᠯᠢᠶᠡᠳ ᠭᠠᠷᠤᠢ ᠲᠦᠬᠦᠷᠢᠭ ᠤᠨ ᠦᠨᠡᠳᠡᠢ᠂ | ᠡᠨᠡ ᠨᠢ ᠬᠦᠳᠡᠭᠡ ᠳᠤ ᠪᠤᠯ ᠢᠳᠡᠰᠢᠨ ᠤ ᠦᠬᠡᠷ ᠠᠪᠴᠦ ᠪᠤᠯᠬᠤ ᠪᠠᠶᠢᠭᠰᠠᠨ ᠲᠤᠯᠠ ᠤᠯᠠᠨ ᠬᠡᠤᠬᠡᠳ ᠲᠠᠢ ᠠᠵᠦ | ᠠᠮᠢᠳᠤᠷᠠᠯ ᠨᠢ ᠲᠡᠶᠢᠮᠥ ᠴᠦ ᠬᠢᠯᠪᠠᠷ ᠪᠤᠰᠦ ᠦᠶ᠎ᠡ ᠳᠤ ᠡᠵᠢ ᠮᠢᠨᠢ ᠪᠤᠬᠢᠮᠳᠤᠭᠰᠠᠨ ᠪᠠᠶᠢᠬᠤ᠂ ᠪᠢ ᠲᠡᠷᠡ ᠬᠦᠭᠵᠢᠮ ᠢ | ᠦᠷᠯᠦᠬᠡ ᠦᠳᠡᠰᠢ ᠦᠬᠡᠢ ᠪᠠᠷᠬᠢᠷᠠᠭᠤᠯᠵᠦ᠂ ᠬᠠᠪᠢ ᠶᠢᠨ ᠬᠡᠤᠭᠡᠳ ᠤᠳ ᠢ ᠴᠤᠭᠯᠠᠭᠤᠯᠤᠨ ᠲᠤᠭᠯᠠᠭᠰᠠᠭᠠᠷ ᠲᠠᠭᠤᠤ | ᠬᠦᠭᠵᠢᠮ ᠳᠤ ᠲᠤᠷ᠎ᠠ ᠰᠡᠳᠬᠢᠯ ᠢᠶᠠᠨ ᠦᠭᠭᠦ ᠵᠠᠮ ᠳᠤ ᠤᠷᠤᠵᠦ ᠪᠢᠯᠠ᠃ ᠠᠪᠤ ᠶᠢ ᠮᠢᠨᠢ ᠬᠤᠶᠠᠷ ᠨᠠᠰᠤᠳᠠᠢ ᠪᠠᠶᠢᠬᠤ | ᠳᠤ ᠮᠢᠨᠦ ᠡᠪᠦᠭᠡ ᠡᠴᠢᠬᠡ ᠵᠠᠮᠰᠠᠷᠠᠩ ᠳ᠋ᠠ ᠬᠡᠮᠡᠬᠦ ᠬᠦᠮᠥᠨ ᠲᠦᠴᠢ ᠭᠠᠷᠤᠢ ᠨᠠᠰᠤᠳᠠᠢ ᠲᠠᠭᠠᠯᠠᠯ ᠲᠡᠭᠦᠰᠴᠦ᠂ ᠡᠴᠢᠬᠡ | ᠬᠦᠮᠥᠨ ᠤ ᠬᠠᠶᠢᠷ᠎ᠠ ᠬᠠᠯᠠᠮᠵᠢ ᠶᠢ ᠦᠵᠡᠭᠡ ᠦᠬᠡᠢ ᠦᠰᠦᠭᠰᠡᠨ ᠠᠪᠤ ᠮᠢᠨᠢ ᠰᠡᠳᠬᠢᠯ ᠤᠨ ᠬᠦᠨ ᠳᠤ ᠪᠠᠨ ᠨᠠᠰᠤᠨ | ᠲᠤᠷᠰᠢ ᠨᠢᠬᠡᠨ ᠭᠤᠨᠢᠭ ᠬᠠᠳᠠᠭᠠᠯᠠᠨ ᠶᠠᠪᠤᠭᠰᠠᠨ ᠶᠤᠮ᠃ ᠠᠪᠤ ᠬᠠᠶᠠ ᠬᠠᠯᠠᠮᠴᠠᠭᠠᠳ ᠢᠷᠡᠬᠦ ᠳᠡᠭᠡᠨ᠄ ︽ᠨᠠᠷᠠᠯᠠᠭ | ᠦᠨᠳᠦᠷ ᠠᠯᠳᠠᠢ ᠶᠢᠨ ᠠᠭᠤᠯᠠᠨ ᠳᠤ᠂ ᠨᠠᠮᠤᠷ ᠤᠨ ᠬᠢᠷᠠᠭᠤ ᠤᠨᠠᠯ᠎ᠠ ᠳ᠋ᠠ᠂ ᠨᠠᠰᠤᠳᠠᠢ ᠪᠤᠭᠤᠷᠤᠯ ᠠᠪᠤ ᠮᠢᠨᠢ᠂ ᠨᠠᠮᠠᠢᠢ | ᠪᠠᠨ ᠲᠤᠷᠠᠰᠴᠦ ᠰᠠᠭᠤᠭ᠎ᠠ ᠳ᠋ᠠ᠂᠂᠂᠂︾ ᠬᠡᠵᠦ ᠨᠢᠯᠪᠤᠰᠦ ᠪᠦᠮᠪᠦᠷᠢᠬᠦᠯᠥᠨ ᠲᠠᠭᠤᠯᠠᠵᠦ ᠰᠡᠳᠬᠢᠯ ᠡᠪᠡᠳᠭᠡᠳᠡᠭ | ᠰᠠᠨ᠃ ᠠᠪᠤ ᠶᠢ ᠮᠢᠨᠢ ᠠᠷᠪᠠ ᠭᠠᠷᠤᠢ ᠨᠠᠰᠤᠳᠠᠢ ᠪᠠᠶᠢᠬᠤ ᠳᠤ ᠮᠠᠨ ᠤ ᠨᠤᠳᠤᠭ ᠤᠨ ᠴᠤᠬᠤᠷ ᠳ᠋ᠠᠨᠽᠠᠨ ᠬᠡᠳᠡᠭ | ᠬᠦᠮᠥᠨ ᠪᠠᠭ᠎ᠠ ᠦᠳᠡ ᠶᠢᠨ ᠬᠢᠷᠢ ᠳᠤ ᠬᠡᠷ ᠲᠤ ᠨᠢ ᠤᠷᠤᠬᠤ ᠳᠤ ᠠᠪᠤ ᠤᠨᠳᠠᠵᠦ ᠪᠠᠶᠢᠵᠠᠢ᠃ ᠲᠡᠷᠡ ᠬᠦᠮᠥᠨ | ᠬᠦᠨᠵᠢᠯᠠ ᠶᠢ ᠨᠢ ᠬᠠᠥ ᠲᠠᠳᠠᠨ ︽ᠪᠤᠰ ᠴᠢ᠂ ᠶᠠᠭᠠᠬᠢᠭᠰᠠᠨ ᠵᠠᠳᠠᠷᠠᠭᠰᠠᠨ ᠬᠦᠮᠥᠨ ᠪᠤᠢ︖ ᠡᠳᠦᠢ ᠪᠤᠯᠳᠠᠯ᠎ᠠ | ᠤᠨᠳᠠᠵᠦ ᠪᠠᠶᠢᠳᠠᠭ᠂ ᠡᠷᠳᠡ ᠪᠤᠰᠪᠠᠯ ᠨᠢᠬᠡ ᠶᠢ ᠦᠵᠡᠵᠦ᠂ ᠤᠷᠦᠢ ᠤᠨᠳᠠᠪᠠᠯ ᠨᠢᠬᠡ ᠶᠢ ᠰᠤᠨᠤᠰᠳᠠᠭ ᠶᠤᠮ︾ ᠬᠡᠵᠦ | ᠵᠠᠩᠨᠠᠭᠠᠳ ᠨᠤᠭᠳᠦ ᠪᠠᠷ ᠬᠡᠳᠦ ᠤᠷᠢᠶᠠᠯᠭᠠᠭᠰᠠᠨ ᠬᠡᠳᠡᠭ᠃ ᠲᠡᠬᠦᠨ ᠳᠤ ᠯᠠ ᠠᠪᠤ ᠶᠡᠭᠡ ᠪᠠᠶᠠᠷᠯᠠᠭᠰᠠᠨ ᠢᠶᠠᠨ | ᠦᠷᠬᠦᠯᠵᠢ ᠶᠠᠷᠢᠳᠠᠭ ᠰᠠᠨ᠃ ᠠᠶᠢᠯ ᠤᠨ ᠶᠢᠰᠦᠨ ᠬᠡᠤᠭᠡᠳ ᠤᠨ ᠤᠳᠬᠤᠨ ᠨᠢ ᠲᠤᠯᠠ ᠡᠵᠢ᠂ ᠠᠬ᠎ᠠ᠂ ᠡᠭᠡᠴᠢ ᠨᠡᠷ | ᠨᠢ ᠦᠨᠦᠴᠢᠨ ᠦᠷᠦᠬᠡᠰᠦᠨ ᠶᠤᠮ ᠭᠡᠳ ᠦᠬᠡ ᠬᠡᠯᠡᠳᠡᠭ ᠦᠬᠡᠢ᠂ ᠵᠢᠭᠠᠬᠠᠨ ᠲᠤᠷ᠎ᠠ ᠪᠠᠷ ᠪᠠᠶᠢᠵᠦ ᠯᠠ ᠳ᠋ᠠ᠃ | ᠳ᠋ᠠᠨᠽᠠᠨ ᠬᠡᠮᠡᠬᠦ ᠲᠡᠷᠡ ᠬᠦᠮᠥᠨ ᠤ ᠦᠬᠡ ᠠᠪᠤ ᠳᠤ ᠮᠢᠨᠢ ᠶᠡᠭᠡ ᠶᠢ ᠪᠤᠳᠤᠭᠳᠠᠭᠤᠯᠵᠦ᠂ ᠦᠷᠯᠦᠬᠡ ᠡᠷᠳᠡ ᠪᠤᠰᠴᠦ᠂ | ᠦᠳᠡᠰᠢ ᠤᠷᠦᠢ ᠤᠨᠳᠠᠵᠦ᠂ ᠬᠦᠮᠥᠨ ᠤ ᠬᠡᠤᠭᠡᠳ ᠬᠡᠵᠦ ᠪᠤᠳᠤᠯ ᠦᠬᠡᠢ ᠦᠪᠡᠷ ᠤᠨ ᠰᠢᠭ ᠨᠢ ᠵᠠᠩᠨᠠᠭᠰᠠᠨ ᠲᠡᠷᠡ | ᠬᠦᠮᠥᠨ ᠳᠤ ᠠᠪᠤ ᠮᠢᠨᠢ ᠬᠡᠵᠢᠶ᠎ᠡ ᠬᠤᠶᠢᠨ᠎ᠠ ᠴᠦ ᠬᠠᠶᠢᠷᠠᠳᠠᠢ ᠰᠠᠶᠢᠨ ᠬᠡᠪ ᠢᠶᠠᠷ ᠢᠶᠠᠨ ᠪᠠᠶᠢᠭᠰᠠᠨ ᠪᠠ ᠨᠠᠰᠤᠨ ᠡᠴᠦᠰ | ᠪᠤᠯᠬᠤ ᠳᠤ ᠨᠢ ᠡᠴᠢᠬᠡ ᠰᠢᠭ ᠢᠶᠠᠨ ᠰᠠᠨᠠᠵᠦ ᠤᠬᠢᠯᠠᠵᠦ ᠪᠠᠶᠢᠭᠰᠠᠨ ᠪᠢᠯᠠ᠃ ᠠᠪᠤ ᠮᠢᠨᠢ ᠦᠷᠦᠪᠴᠢ ᠵᠦᠬᠡᠯᠡᠨ | ᠰᠡᠳᠬᠢᠯ ᠲᠠᠢ᠃ ᠨᠠᠰᠣᠳᠠᠢ ᠬᠦᠮᠥᠨ ᠪᠤᠯᠤᠨ ᠦᠨᠦᠴᠢᠨ ᠦᠷᠦᠬᠡᠰᠦᠨ ᠬᠦᠮᠥᠨ ᠳᠤ ᠬᠠᠶᠢᠷᠠᠳᠠᠢ᠃ ᠬᠠᠷᠢᠨ ᠡᠷᠡᠯᠬᠡᠦ | ᠶᠡᠭᠡᠷᠬᠡᠥ ᠲᠠᠷᠤᠭ᠎ᠠ ᠨᠠᠷ ᠲᠠᠢ ᠪᠤᠯ ᠲᠠᠭᠠᠷᠠᠳᠠᠭ ᠦᠬᠡᠢ᠂ ᠬᠠᠳᠠᠭᠤ ᠦᠬᠡ ᠬᠡᠯᠡᠴᠢᠬᠡᠳᠡᠭ᠃ ᠲᠡᠬᠦᠨ ᠠᠴᠠ ᠪᠠᠨ | ᠪᠤᠯᠤᠭᠠᠳ ᠠᠵᠦ ᠠᠮᠢᠳᠤᠷᠠᠯ ᠤᠨ ᠬᠠᠳᠠᠭᠤ ᠬᠦᠳᠦᠬᠦᠦ ᠶᠢ ᠠᠮᠰᠠᠭᠰᠠᠨ ᠲᠡᠳᠦᠢ ᠦᠬᠡᠢ᠂ ᠤᠷᠤᠨ ᠱᠤᠷᠤᠩ ᠤᠨ | ᠲᠡᠮᠦᠷ ᠲᠤᠤᠷ ᠢᠶᠠᠷ ᠬᠦᠷᠢᠶᠡᠯᠡᠬᠦᠯᠦᠭᠰᠡᠨ ᠬᠠᠰᠢᠶᠠᠨ ᠤ ᠭᠠᠳᠠᠨ᠎ᠠ ᠬᠦᠢᠳᠡᠨ ᠰᠦᠨᠢ ᠤᠬᠢᠯᠠᠨ ᠵᠤᠭᠰᠤᠵᠦ ᠠᠪᠤ ᠶᠢ | ᠪᠠᠨ ᠠᠪᠤᠷᠠᠬᠤ ᠲᠡᠩᠬᠡᠬᠡ ᠦᠬᠡᠢ ᠶᠠᠪᠤᠭᠰᠠᠨ ᠠᠷᠪᠠᠨ ᠲᠤᠯᠤᠭᠠᠬᠠᠨ ᠨᠠᠰᠦ ᠮᠢᠨᠢ ᠬᠦᠬᠡᠷᠦᠬᠦᠢ᠂᠂᠂᠂ | ᠬᠡᠳᠦᠨ ᠰᠠᠷ᠎ᠠ ᠰᠠᠭᠤᠭᠠᠳ ᠭᠡᠷᠡᠭ ᠨᠢ ᠴᠠᠭᠠᠳᠬᠠᠭᠳᠠᠵᠦ᠂ ᠭᠠᠷᠴᠦ ᠢᠷᠡᠬᠦ ᠳᠡᠭᠡᠨ ︽ᠡᠷ᠎ᠡ ᠬᠦᠮᠥᠨ ᠭᠡᠵᠢᠶ᠎ᠡ | ᠴᠦ ᠱᠤᠷᠤᠩ ᠤᠨ ᠬᠠᠭᠠᠯᠭ᠎ᠠ ᠲᠠᠳᠠᠬᠤ ᠦᠬᠡᠢ︾ ᠬᠡᠵᠦ ᠠᠮᠠ ᠭᠠᠷᠴᠦ ᠪᠤᠯᠬᠤ ᠦᠬᠡᠢ ᠰᠢᠥ ᠬᠡᠮᠡᠨ ᠵᠡᠬᠢᠵᠦ ᠪᠢᠯᠠ᠃ | ᠨᠢᠬᠡ ᠶᠠᠪᠤᠳᠠᠯ ᠰᠠᠨᠠᠭᠠᠨ ᠠᠴᠠ ᠭᠠᠷᠳᠠᠭ ᠦᠬᠡᠢ ᠶᠤᠮ᠃ ᠲᠡᠷᠡ ᠦᠶ᠎ᠡ ᠳᠤ ᠪᠢ ᠲᠠᠪᠤ᠂ ᠵᠢᠷᠭᠤᠭᠠᠨ | ᠨᠠᠰᠦᠳᠠᠢ ᠪᠠᠶᠢᠭᠰᠠᠨ ᠪᠤᠯᠪᠠ ᠤᠤ᠂ ᠨᠠᠮᠤᠷ ᠤᠷᠦᠶᠢᠬᠠᠨ ᠡᠵᠢ ᠮᠢᠨᠢ ᠬᠤᠷᠠᠭᠠᠨ ᠲᠤᠳᠤᠷ ᠲᠠᠢ ᠴᠤ᠋ ᠰᠢᠨᠡᠭᠡᠨ ᠲᠡᠪᠡᠯ | ᠠᠪᠤ ᠳᠤ ᠮᠢᠨᠢ ᠤᠶᠤᠵᠦ᠂ ᠠᠪᠤ ᠴᠦ ᠰᠢᠨᠡᠬᠡᠨ ᠲᠡᠪᠡᠯ ᠢᠶᠠᠨ ᠡᠮᠤᠰᠤᠭᠡᠳ ᠶᠡᠭᠡ ᠯᠠ ᠪᠠᠶᠠᠷ ᠲᠠᠢ ᠮᠤᠷᠳᠠᠵᠦ ᠪᠢᠯᠠ᠃ | ᠲᠡᠷᠡ ᠦᠶ᠎ᠡ ᠳᠤ ᠠᠪᠤ ᠪᠠᠷᠢᠭᠠᠳᠠ ᠶᠢᠨ ᠲᠠᠷᠤᠭ᠎ᠠ ᠪᠠᠶᠢᠭᠰᠠᠨ ᠶᠤᠮ᠃ ᠤᠷᠦᠶᠢᠬᠠᠨ ᠲᠠᠰᠢ ᠪᠠᠨ ᠨᠦᠢᠳᠡᠨ ᠰᠢᠮᠠᠷᠭ᠎ᠠ | ᠲᠠᠯᠪᠢᠵᠦ᠂ ᠰᠡᠬᠦᠯ ᠳᠡᠭᠡᠨ ᠴᠠᠭᠠᠨ ᠰᠢᠭᠤᠷᠭ᠎ᠠ ᠪᠤᠯᠪᠠ᠃ ᠲᠡᠭᠡᠰᠭᠢᠭᠡᠳ ᠰᠢᠭᠤᠷᠭ᠎ᠠ ᠴᠦ ᠲᠠᠳᠠᠷᠠᠵᠦ᠂ ᠬᠠᠷᠢᠨ ᠠᠪᠤ | ᠠᠯᠠᠭ᠎ᠠ᠃ ᠡᠵᠢ ᠳ᠋ᠧᠩ ᠤᠨ ᠭᠡᠷᠡᠯ ᠳᠤ ᠶᠠᠭᠤᠮ᠎ᠠ ᠤᠶᠤᠵᠦ᠂ ᠲᠡᠭᠦᠦ ᠪᠢᠳᠡ ᠬᠤᠶᠠᠭᠤᠯᠠ ᠠᠪᠤ ᠶᠢ ᠪᠠᠨ ᠬᠦᠯᠢᠶᠡᠨ | ᠪᠠᠷᠠᠭᠤᠨ ᠤᠷᠤᠨ ᠲᠡᠭᠡᠷ᠎ᠡ ᠰᠦᠨᠢ ᠲᠦᠯᠢ ᠪᠤᠯᠳᠠᠯ᠎ᠠ ᠰᠡᠷᠡᠬᠦᠨ ᠬᠡᠪᠳᠡᠵᠦ ᠪᠢᠯᠠ᠃ | ᠤᠳᠠᠯ ᠦᠬᠡᠢ ᠠᠪᠤ ᠮᠢᠨᠢ ᠢᠷᠡᠯ᠎ᠡ᠃ ᠭᠠᠳᠠᠭ᠎ᠠ ᠢᠷᠡᠭᠡᠳ ᠵᠠᠪᠠᠯ ᠬᠤᠭᠤᠯᠠᠢ ᠪᠠᠨ ᠵᠠᠰᠠᠵᠦ᠂ ᠬᠠᠨᠢᠶᠠᠵᠦ | ᠴᠢᠮᠡᠭᠡ ᠦᠭᠳᠡᠭ ᠪᠠᠶᠢᠭᠰᠠᠨ ᠶᠤᠮ᠃ ᠫᠤᠩᠰᠤᠭᠳᠧᠯᠢᠭ ᠪᠢᠳᠡ ᠬᠤᠶᠠᠷ ᠴᠦ ᠤᠷᠤᠯᠳᠤᠨ ᠪᠤᠰᠴᠦ᠂ ᠠᠪᠤ ᠢᠷᠡᠯ᠎ᠡ | ᠬᠡᠵᠦ ᠡᠬᠦᠳᠡ ᠤᠷᠤᠭᠤ ᠭᠦᠶᠦᠯᠳᠦᠬᠦ ᠳᠤ ᠬᠠᠭᠠᠯᠭ᠎ᠠ ᠨᠡᠭᠡᠭᠡᠭᠳᠡᠨ ᠬᠦᠢᠳᠡᠨ ᠰᠡᠷᠢᠬᠦᠦ ᠲᠠᠳᠠᠭᠤᠯᠤᠭᠰᠠᠭᠠᠷ ᠬᠠᠮᠤᠭ | ᠬᠤᠪᠴᠠᠰᠦ ᠨᠢ ᠨᠤᠷᠤᠭᠰᠠᠨ ᠠᠪᠤ ᠮᠢᠨᠢ ᠤᠷᠤᠵᠦ ᠢᠷᠡᠭᠰᠡᠨ ᠰᠠᠨ᠃ ᠲᠡᠪᠡᠯ ᠤᠨ ᠬᠢᠨᠢ ᠡᠪᠦᠷ ᠲᠦᠭᠳᠦᠶᠢᠵᠦ᠂ ᠨᠢᠬᠡ | ᠶᠡᠭᠡ ᠶᠠᠭᠤᠮ᠎ᠠ ᠴᠢᠬᠢᠭᠰᠡᠨ ᠮᠡᠳᠦ ᠪᠠᠶᠢᠯ᠎ᠠ᠃ ᠠᠪᠤ ᠡᠪᠤᠷ ᠠᠴᠠ ᠪᠠᠨ ᠱᠠᠯ ᠨᠤᠶᠢᠳᠡᠨ ᠨᠢᠯᠬ᠎ᠠ ᠲᠤᠭᠤᠯ ᠭᠠᠷᠭᠠᠵᠦ | ᠢᠷᠡᠪᠡ᠃ ᠳ᠋᠊ — ᠶᠢᠨ ᠦᠨᠢᠶ᠎ᠡ ᠲᠤᠭᠤᠯᠯᠠᠴᠢᠬᠠᠵᠦ᠂ ᠲᠤᠭᠤᠯ ᠨᠢ ᠬᠦᠯᠳᠡᠵᠦ ᠦᠬᠦᠬᠦ ᠰᠢᠬᠠᠭᠰᠠᠨ ᠪᠠᠶᠢᠬᠤ ᠳᠤ | ᠲᠠᠭᠠᠷᠠᠯᠳᠦᠵᠦ ᠡᠪᠦᠷᠳᠦᠯᠡᠵᠦ ᠢᠷᠡᠯ᠎ᠡ ᠬᠡᠬᠦ ᠳᠤ ᠡᠵᠢ ᠠᠭᠤᠷᠯᠠᠪᠠ᠃ ᠠᠷᠭ᠎ᠠ ᠴᠦ ᠦᠬᠡᠢ ᠪᠢᠵᠡ᠃ ᠬᠠᠮᠤᠭ ᠴᠢᠳᠠᠯ | ᠢᠶᠠᠨ ᠰᠢᠪᠬᠠᠨ ᠭᠠᠭᠴᠠ ᠲᠡᠪᠡᠯ ᠲᠠᠢ ᠪᠤᠯᠭᠠᠬᠤ ᠳᠤ ᠰᠢᠥ᠃ ᠲᠡᠷᠡ ᠦᠶ᠎ᠡ ᠳᠤ ᠤᠯᠢᠭ ᠲᠠᠢ ᠲᠡᠪᠡᠯ ᠤᠨ ᠭᠠᠳᠠᠷ | ᠨᠢᠳᠤᠨ ᠤ ᠬᠡᠮ ᠪᠠᠶᠢᠭᠰᠠᠨ ᠶᠤᠮ ᠴᠨᠢ︕ ᠬᠠᠷᠢᠨ ᠠᠪᠤ ᠮᠢᠨᠢ ᠲᠤᠭᠤᠯ ᠢ ᠬᠡᠷ ᠤᠨ ᠪᠠᠷᠠᠭᠤᠨ ᠤᠷᠢᠳᠦ ᠲᠠᠯᠪᠢᠭᠠᠳ | ︽ᠨᠢᠯᠬ᠎ᠠ ᠠᠮᠢᠳᠠᠨ ᠡᠨᠡ ᠬᠤᠶᠠᠷ ᠠᠴᠠ ᠢᠯᠭᠠᠭ᠎ᠠ ᠶᠠᠭᠤ ᠪᠠᠶᠢᠬᠤ ᠪᠤᠢ︖︾ ᠬᠡᠵᠦ ᠲᠡᠭᠦᠦ ᠪᠢᠳᠡ ᠬᠤᠶᠠᠷ | ᠤᠷᠤᠭᠤ ᠲᠤᠬᠢᠵᠦ ᠪᠢᠯᠠ᠃ ᠡᠨᠡ ᠨᠢ ᠨᠠᠳᠠ ᠨᠠᠰᠤᠨ ᠲᠤᠷᠰᠢ ᠠᠷᠢᠯᠥᠰᠢ ᠦᠬᠡᠢ ᠤᠢ ᠤᠬᠠᠭᠠᠨ ᠳᠤ ᠮᠢᠨᠢ ᠨᠢᠬᠡ ᠶᠢ | ᠰᠢᠪᠡᠨᠡᠭᠰᠡᠨ ᠶᠤᠮ᠃ ᠠᠪᠤ ᠶᠢᠨ ᠮᠢᠨᠢ ᠵᠢᠵᠢᠭᠭᠡᠨ ᠬᠦᠷᠡᠩ ᠨᠤᠮ ᠤᠨ ᠰᠠᠩ ᠳᠤ100 ᠭᠠᠷᠦᠢ ᠨᠤᠮ ᠪᠠᠶᠢᠭᠰᠠᠨ | ᠪᠦᠬᠡᠳ ᠵᠠᠯᠠᠭᠤ ᠳᠠᠭᠠᠨ ᠤᠷᠠᠯᠠᠵᠦ ᠬᠢᠭᠰᠡᠨ ᠲᠡᠷᠡᠬᠦ ᠨᠤᠮ ᠤᠨ ᠵᠢᠵᠢᠭ ᠱᠦᠬᠦᠢ ᠨᠢ ︽ᠮᠢᠨᠦ ᠠᠩᠬᠠᠨ ᠤ ᠶᠡᠭᠡ | ᠰᠤᠷᠭᠠᠭᠤᠯᠢ︾ ᠪᠠᠶᠢᠭᠰᠠᠨ ᠶᠤᠮ᠃ ᠲᠡᠨᠳᠡ ᠯᠠ ᠪᠢ ᠠᠩᠬ᠎ᠠ ᠠᠩᠬ᠎ᠠ ᠨᠠᠴᠤᠭᠳᠦᠷᠵᠢ ᠲᠠᠢ ᠲᠠᠨᠢᠯᠴᠠᠵᠦ᠂ ᠵᠤᠵᠠᠭᠠᠨ | ᠨᠤᠭᠤᠭᠠᠨ ᠨᠤᠮ ᠢ ᠨᠢ ᠦᠷᠯᠦᠬᠡ ᠦᠳᠡᠰᠢ ᠦᠬᠡᠢ ᠤᠩᠰᠢᠵᠦ᠂ ᠰᠢᠯᠥᠭ ᠤᠳ ᠢ ᠨᠢ ᠴᠡᠬᠡᠵᠢᠯᠡᠨ᠂ ᠪᠠᠰᠠ ︽ | ᠡᠷᠳᠡᠮᠳᠡᠨ ᠲᠤᠤᠸ᠋ᠯ ᠲᠤᠯᠤᠭᠠᠢ︾ ᠵᠡᠷᠭᠡ ᠨᠤᠮ ᠤᠳ ᠢ ᠰᠢᠮᠳᠠᠨ ᠣᠩᠰᠢᠳᠠᠭ ᠰᠠᠨ᠃ ᠲᠠᠯᠠᠨ ᠬᠡᠳᠦᠨ ᠤᠨ ᠤ | ᠲᠤᠮᠳᠠᠭᠤᠷ ᠠᠪᠤ ᠮᠢᠨᠢ ᠨᠠᠳᠠ ᠠᠯᠳᠠᠷᠳᠦ ︽ᠫᠠᠨᠴᠠᠳᠠᠨᠳᠠᠷ᠎ᠠ ᠪᠤᠶᠦ ᠲᠠᠪᠤᠨ ᠰᠤᠷᠭᠠᠮᠵᠢ︾ ᠬᠡᠮᠡᠬᠦ ᠨᠤᠮ ᠢ | ᠠᠪᠴᠢᠷᠠᠭᠰᠠᠨ ᠨᠢ ᠰᠠᠨᠠᠭᠳᠠᠨ᠎ᠠ᠃ | ᠨᠠᠮᠠᠢᠢ ᠬᠤᠶᠢᠨ᠎ᠠ ᠰᠤᠷᠴᠦ ᠪᠠᠶᠢᠬᠤ ᠦᠶ᠎ᠡ ᠳᠤ ︽ᠢᠨᠤᠰᠲᠷᠡᠨᠡᠶᠡ᠂ ᠯᠢᠲᠶᠡᠷᠡᠲᠤᠷᠡ︾ ᠰᠡᠳᠭᠦᠯ ᠢ ᠪᠦᠬᠦᠯᠢ | ᠳ᠋ᠤᠭᠠᠷ ᠢᠶᠠᠷ ᠨᠢ ᠵᠠᠬᠢᠶᠠᠯᠠᠨ᠂ ᠬᠦᠦ ᠳᠤ ᠮᠢᠨᠢ ᠬᠡᠷᠡᠭ ᠪᠤᠯᠤᠨ᠎ᠠ ᠬᠡᠮᠡᠨ ᠬᠠᠳᠠᠭᠠᠯᠠᠳᠠᠭ ᠰᠠᠨ᠃ ᠨᠢᠬᠡ ᠤᠳᠠᠭ᠎ᠠ | ᠫᠷᠦᠰᠫᠧᠷ ᠮᠧᠷᠢᠮᠧᠬᠢ ᠶᠢᠨ 4 ᠪᠤᠳᠢ᠂ ᠶᠧᠰᠧᠨᠢᠨ ᠤ ᠭᠤᠷᠪᠠᠨ ᠪᠤᠳᠢ᠂ ᠷᠤᠮᠠᠶᠢᠨ ᠷᠤᠯᠠᠨ ᠤ ᠶᠢᠰᠦᠨ ᠪᠤᠳᠢ ᠶᠢ | ᠨᠠᠳᠠ ᠠᠪᠴᠦ ᠲᠠᠯᠪᠢᠭᠰᠠᠨ ᠪᠠᠶᠢᠵᠦ ᠪᠢᠯᠠ᠃ ᠲᠡᠳᠡᠭᠡᠷ ᠡᠴᠠᠷᠤᠮᠠᠶᠢᠨ ᠷᠤᠯᠠᠨ ᠤ ᠲᠡᠭᠦᠪᠦᠷᠢ ᠨᠦᠭᠦᠳ ᠤᠳᠤ ᠴᠦ | ᠨᠠᠳᠠ ᠪᠤᠢ᠂᠂᠂᠂ ᠶᠠᠮᠠᠷ ᠴᠦ ᠭᠡᠰᠡᠨ ᠠᠪᠤ ᠮᠢᠨᠢ ᠵᠦᠩ ᠰᠤᠪᠢᠩ ᠢᠶᠠᠷ ᠢᠶᠠᠨ ᠬᠡᠷᠡᠭ ᠲᠠᠢ ᠨᠤᠮ ᠤᠳ ᠢᠶᠠᠨ ᠲᠠᠨᠢᠵᠦ | ᠮᠡᠳᠡᠷᠡᠳᠡᠭ ᠪᠠᠶᠢᠭᠰᠠᠨ ᠶᠤᠮ᠃ ᠠᠮᠢᠳᠤᠷᠠᠵᠦ ᠴᠢᠳᠠᠭᠰᠠᠨ ᠬᠦᠮᠥᠨ ᠯᠠ ᠦᠬᠦᠵᠦ ᠴᠢᠳᠠᠳᠠᠭ ᠬᠡᠵᠦ ᠬᠡᠵᠢᠶ᠎ᠡ ᠴᠦ | ᠪᠢᠯᠡ ᠨᠢᠬᠡᠨ ᠮᠡᠷᠬᠡᠨ ᠦᠬᠡ ᠰᠤᠨᠤᠰᠤᠭᠰᠠᠨ ᠶᠤᠮ᠃ ᠡᠳᠡᠭᠡᠷᠡᠰᠢ ᠦᠬᠡᠢ ᠬᠦᠨᠳᠦ ᠡᠪᠡᠳᠴᠢᠨ ᠲᠤᠰᠴᠦ ᠠᠪᠤ ᠮᠢᠨᠢ | ᠬᠡᠪᠳᠡᠷᠢ ᠳᠤ ᠤᠷᠤᠭᠠᠳ᠂ ᠪᠢ ᠰᠠᠷ᠎ᠠ ᠪᠦᠷᠢ ᠯᠠ ᠬᠤᠳᠠ ᠠᠴᠠ ᠡᠮ ᠲᠡᠷᠢᠶ᠎ᠡ ᠠᠪᠴᠦ ᠨᠢᠰᠴᠦ ᠤᠴᠢᠳᠠᠭ ᠪᠠᠶᠢᠪᠠ᠃ | ᠠᠷᠠᠢ ᠭᠠᠶᠢᠭᠤᠢ ᠪᠤᠯᠵᠦ ᠪᠠᠶᠢᠨ᠎ᠠ ᠬᠡᠵᠦ ᠠᠪᠤ ᠴᠦ᠂ ᠪᠢᠳᠡ ᠴᠦ ᠡᠪᠡᠳᠴᠢᠨ ᠳᠤ ᠬᠠᠭᠤᠷᠳᠠᠵᠦ ᠪᠢᠯᠠ᠃ 1987 | ᠤᠨ ᠤ 5 ᠰᠠᠷ᠎ᠠ ᠳᠤ ᠪᠢ ᠠᠪᠤ ᠲᠠᠢ ᠪᠠᠨ ᠠᠭᠤᠯᠵᠠᠬᠤ ᠪᠠᠷ ᠰᠦᠬᠡᠪᠠᠭᠠᠳᠦᠷ ᠠᠶᠢᠮᠠᠭ ᠤᠷᠤᠭᠤ ᠤᠴᠢᠪᠠᠰᠦ᠂ ᠠᠪᠤ | ᠮᠢᠨᠢ ᠠᠯᠳᠠᠨ — ᠤᠪᠤᠭᠠᠨ ᠲᠡᠭᠡᠷ᠎ᠡ ᠪᠠᠨ ᠭᠠᠷᠤᠨ᠎ᠠ ᠬᠡᠳ ᠲᠦᠷᠦᠵᠦ ᠦᠰᠦᠭᠰᠡᠨ ᠨᠤᠳᠤᠭ ᠤᠷᠤᠭᠤ ᠪᠠᠨ | ᠶᠠᠪᠤᠴᠢᠬᠠᠭᠰᠠᠨ ᠪᠠᠶᠢᠯ᠎ᠠ᠃ ᠲᠡᠭᠦᠦ ᠪᠢᠳᠡ ᠬᠤᠶᠠᠷ ᠠᠷᠦ ᠠᠴᠠ ᠨᠢ ᠮᠠᠰᠢᠨ ᠢᠶᠠᠷ ᠶᠠᠪᠤᠵᠦ ᠤᠴᠢᠬᠤ ᠳᠤ ᠭᠠᠶᠢᠭᠤᠢ | ᠯᠠ ᠪᠠᠶᠢᠪᠠ᠃ | ᠦᠷᠯᠦᠬᠡ ᠡᠷᠳᠡ ᠪᠢᠳᠡ ᠤᠪᠤᠭᠠᠨ ᠲᠡᠭᠡᠷ᠎ᠡ ᠭᠠᠷᠤᠭᠰᠠᠨ ᠪᠦᠬᠡᠳ ᠠᠪᠤ ᠴᠦ ᠰᠡᠳᠬᠢᠯ ᠦᠨᠳᠦᠷ᠂ ᠴᠡᠯᠡᠶᠢᠨ | ᠴᠡᠩᠭᠡᠷᠯᠡᠬᠦ ᠨᠤᠳᠤᠭ ᠢᠶᠠᠨ ᠬᠠᠷᠠᠭᠰᠠᠨ ᠳᠠᠭᠠᠨ ᠠᠭᠤᠵᠢᠷᠠᠵᠦ ᠵᠠᠯᠪᠠᠷᠢᠯ ᠦᠢᠯᠡᠳᠦᠨ᠂ ᠠᠷᠴᠡ ᠬᠦᠵᠢ ᠠᠰᠠᠭᠠᠨ ᠰᠠᠩ | ᠲᠠᠯᠪᠢᠭᠠᠳ ᠪᠠᠭᠤᠭᠰᠠᠨ ᠪᠢᠯᠠ᠃ ᠲᠡᠷᠡ ᠡᠳᠦᠷ ᠪᠢ ᠠᠪᠤ ᠲᠠᠢ ᠪᠠᠨ ᠡᠴᠦᠰ ᠤᠨ ᠤᠳᠠᠭ᠎ᠠ ᠠᠭᠤᠯᠵᠠᠵᠦ ᠪᠠᠶᠢᠭ᠎ᠠ | ᠪᠠᠨ ᠬᠡᠷᠬᠢᠨ ᠮᠡᠳᠡᠬᠦ ᠪᠢᠯᠠ᠃ ᠠᠯᠳᠠᠨ — ᠤᠪᠤᠭᠠᠨ ᠤ ᠶᠠᠭ ᠡᠩᠭᠡᠷ ᠲᠡᠭᠡᠷ᠎ᠡ ᠠᠴᠠ ᠪᠢᠳᠠ ᠬᠤᠶᠠᠷ ᠰᠠᠯᠤᠭᠰᠠᠨ | ᠶᠤᠮ᠃ ᠠᠪᠤ ᠮᠢᠨᠢ ᠡᠵᠢ ᠲᠠᠢ ᠴᠤᠭ ᠤᠪᠤᠭ᠎ᠠ ᠡᠷᠬᠢᠨ᠎ᠡ ᠬᠡᠳ ᠦᠯᠡᠳᠡᠵᠦ᠂ ᠲᠡᠬᠦᠦ ᠪᠢᠳᠡ ᠬᠤᠶᠡᠷ ᠢ | ᠦᠨᠦᠰᠦᠬᠡᠳ ᠬᠤᠴᠤᠷᠴᠦ ᠪᠢᠯᠠ᠃ ᠠᠶᠢᠮᠠᠭ ᠤᠷᠤᠭᠤ ᠪᠠᠨ ᠪᠤᠴᠠᠵᠦ ᠶᠠᠪᠤᠬᠤ ᠳᠤ ᠰᠡᠳᠬᠢᠯ ᠨᠢᠬᠡᠯᠡ | ᠬᠦᠨᠳᠦᠭᠦᠷᠯᠡᠨ ᠵᠦᠩ ᠰᠤᠪᠢᠩ ᠮᠢᠨᠢ ᠨᠢᠬᠡ ᠶᠢ ᠬᠡᠯᠡᠬᠡᠳ ᠪᠠᠶᠢᠭᠰᠠᠨ ᠢ ᠲᠡᠨᠡᠭᠭᠡᠨ ᠪᠢ ᠲᠡᠷᠡ ᠦᠶ᠎ᠡ ᠳᠤ ᠮᠡᠳᠡᠷᠡᠭᠡ | ᠦᠬᠡᠢ ᠪᠦᠬᠡᠳ ᠣᠷᠦᠢ ᠨᠢ ᠠᠶᠢᠮᠠᠭ ᠲᠤ ᠢᠷᠡᠵᠦ᠂ ᠶᠠᠭᠠᠬᠢᠭᠰᠠᠨ ᠴᠦ ᠶᠤᠮ ᠵᠢᠭᠳᠡᠶᠢᠬᠡᠨ ᠭᠤᠨᠢᠭᠳᠠᠢ ᠰᠢᠯᠥᠭ | ᠪᠢᠴᠢᠵᠦ ᠪᠢᠯᠠ᠃ ᠲᠡᠷᠡ ᠪᠤᠯ ᠠᠪᠤ᠂ ᠡᠵᠢ᠂ ᠲᠠᠷᠢᠭᠠᠩᠭ᠎ᠠ ᠶᠢᠨ ᠲᠤᠬᠠᠢ ᠰᠡᠪᠡᠯᠵᠡᠭᠰᠡᠨ ᠰᠠᠯᠬᠢ ᠲᠠᠢ ᠰᠢᠯᠥᠭ ᠤᠳ | ᠪᠠᠶᠢᠯ᠎ᠠ᠃ ᠲᠡᠳᠡᠨ ᠢ ᠪᠢ ︽ᠵᠡᠬᠦᠳᠦᠨ ᠤ ᠮᠦᠩᠬᠦᠨ ᠰᠢᠪᠠᠭᠤ︾ ᠨᠤᠮ ᠳᠠᠭᠠᠨ ᠤᠷᠤᠭᠤᠯᠤᠭᠰᠠᠨ᠃ | ᠬᠤᠳᠠ ᠳᠤ ᠢᠷᠡᠭᠡᠳ ᠪᠢ ᠤᠳᠠᠯ ᠦᠬᠡᠢ ᠬᠤᠶᠢᠰᠢ ᠠᠵᠢᠯ ᠢᠶᠠᠷ ᠶᠠᠪᠤᠭᠰᠠᠨ ᠪᠦᠭᠡᠳ ᠤᠷᠤᠭᠰᠢ ᠪᠠᠨ | ᠶᠠᠷᠢᠬᠤ ᠳᠤ ᠠᠪᠤ ᠮᠢᠨᠢ ᠪᠡᠶ᠎ᠡ ᠰᠠᠶᠢᠨ ᠪᠠᠶᠢᠨ᠎ᠠ᠂ ᠲᠠᠨ ᠢ ᠶᠠᠪᠤ ᠭᠡᠰᠡᠨ ᠬᠡᠵᠦ ᠲᠡᠬᠦᠦ ᠬᠡᠯᠡᠵᠦ ᠪᠢᠯᠠ᠃ ᠪᠢ | ᠠᠷᠪᠠᠭᠠᠳ ᠬᠤᠨᠤᠭ ᠶᠠᠪᠤᠬᠤ ᠲᠤᠯᠠ ᠨᠢᠬᠡ ᠶᠡᠭᠡ ᠰᠠᠨᠠᠭ᠎ᠠ ᠵᠤᠪᠠᠭ᠎ᠠ ᠦᠬᠡᠢ᠃ ᠮᠤᠰᠺᠸᠡ᠂ ᠪᠠᠯᠲ ᠤᠨ ᠲᠠᠩᠬᠢᠰ | ᠤᠨ ᠬᠦᠪᠡᠬᠡᠨ ᠳᠠᠬᠢ ᠨᠠᠷᠢᠨ ᠬᠡᠮᠡᠬᠦ ᠨᠤᠳᠤᠭ ᠢᠶᠠᠷ ᠶᠠᠪᠤᠵᠦ᠂ ᠺᠢᠶᠧᠪᠲ ᠲᠤ ᠢᠷᠡᠭᠰᠡᠨ ᠠᠴᠠ ᠬᠤᠶᠢᠰᠢ ᠮᠦᠨ ᠯᠠ | ᠲᠡᠷᠡ ᠬᠡᠬᠦ ᠰᠢᠯᠳᠠᠭᠠᠨ ᠦᠬᠡᠢ ᠬᠢᠷᠢ ᠨᠢ ᠰᠡᠳᠬᠢᠯ ᠭᠤᠨᠢᠭᠯᠠᠵᠦ᠂ ᠨᠤᠳᠤᠭ ᠤᠷᠤᠨ ᠰᠠᠨᠠᠭᠳᠠᠵᠦ᠂ ᠶᠠᠭ | ᠲᠠᠷᠢᠭᠠᠩᠭ᠎ᠠ ᠠᠴᠠ ᠭᠠᠷᠤᠭᠰᠠᠨ ᠡᠳᠦᠷ ᠰᠢᠭ ᠰᠡᠳᠬᠢᠯ ᠰᠡᠩᠰᠡᠷᠡᠨ᠂ ᠶᠠᠭᠤᠮ᠎ᠠ ᠦᠵᠡᠵᠦ ᠬᠠᠷᠠᠬᠤ ᠠᠴᠠ ᠪᠠᠨ ᠲᠤᠷ᠎ᠠ | ᠦᠬᠡᠢ ᠬᠦᠷᠴᠦ᠂ ᠪᠤᠰᠢᠭᠤᠬᠠᠨ ᠪᠤᠴᠠᠬᠤ ᠶᠢ ᠬᠦᠰᠡᠵᠦ᠂ ᠵᠤᠴᠢᠳ ᠤᠨ ᠪᠠᠭᠤᠳᠠᠯ ᠳᠤ ᠭᠡᠪᠳᠡᠵᠦ ᠪᠠᠶᠢᠪᠠ᠃ | ᠲᠡᠭᠡᠭᠰᠡᠨ ᠢᠶᠠᠨ ᠰᠦᠮ᠎ᠡ ᠳᠤ ᠣᠴᠢᠮᠠᠷ ᠰᠠᠨᠠᠭᠳᠠᠵᠦ ᠪᠢᠯᠠ᠃ ᠡᡁᠢᠷᠢᠰᠲ᠋ᠤᠰ ᠤᠨ ᠱᠠᠰᠢᠨ ᠤ ᠰᠦᠮ᠎ᠡ ᠳᠤ ᠪᠢ | ᠴᠤᠬᠤᠮ ᠶᠠᠭᠠᠬᠢᠬᠤ ᠶᠤᠰᠤᠳᠠᠢ ᠪᠠᠨ ᠮᠡᠳᠡᠬᠦ ᠦᠬᠡᠢ ᠲᠤᠯᠠ ᠲᠡᠮᠡᠢ ᠪᠠᠭ᠋ᠠᠨ ᠬᠠᠷᠠᠵᠦ ᠪᠠᠶᠢᠭᠠᠳ ᠭᠠᠷᠴᠦ ᠢᠷᠡᠯ᠎ᠡ᠃ | 7 ᠳ᠋ᠤᠭᠠᠷ ᠰᠠᠷ᠎ᠠ ᠶᠢᠨ 9 ᠤ ᠦᠷᠯᠦᠬᠡ ᠺᠢᠶᠧᠪᠲ ᠡᠴᠠᠮᠤᠰᠺᠸᠡ ᠳᠤ ᠢᠷᠡᠬᠦ ᠳᠤ ᠨᠠᠳᠠᠳᠦ ᠪᠦᠬᠦ ᠶᠠᠭᠤᠮ᠎ᠠ ᠤᠴᠢᠷ | ᠤᠳᠬ᠎ᠠ ᠦᠬᠡᠢ᠂ ᠶᠢᠷᠳᠢᠨᠴᠦ ᠲᠡᠬᠢᠨ ᠰᠢᠷᠭᠠᠯᠳᠦᠵᠦ᠂ ᠶᠡᠷᠦ ᠠᠴᠠ ᠪᠠᠨ ᠰᠡᠳᠬᠢᠯ ᠲᠠᠶᠢᠪᠤᠩ ᠦᠬᠡᠢ᠂ ᠪᠤᠰᠤᠨ | ᠰᠠᠭᠤᠨ ᠬᠤᠯᠬᠢᠭᠰᠠᠭᠠᠷ ᠪᠠᠶᠢᠪᠠ᠃ ᠵᠦᠪᠯᠡᠯᠳᠦ ᠶᠢᠨ ᠵᠤᠬᠢᠶᠠᠯᠴᠢ ᠶᠢᠨ ᠬᠤᠷᠢᠶ᠎ᠠ ᠤᠷᠤᠭᠤ ᠤᠳᠠᠰᠦᠳᠡᠵᠦ ᠯᠤᠮᠠᠺᠢᠨᠡ | ᠭᠡᠳᠡᠭ ᠡᠮᠡᠭᠳᠡᠢ ᠠᠴᠠ ᠠᠰᠠᠭᠤᠭᠰᠠᠨ ᠴᠢᠨᠢ ︽ᠴᠢ ᠶᠠᠭᠠᠷᠯᠳᠠᠢ ᠶᠠᠪᠤᠬᠤ ᠬᠡᠷᠡᠭᠳᠡᠢ ᠪᠤᠯᠤᠭᠰᠠᠨ ᠪᠠᠶᠢᠨ᠎ᠠ᠃ ᠠᠪᠤ ᠶᠢᠨ | ᠴᠢᠨᠢ ᠪᠡᠶ᠎ᠡ ᠮᠠᠭᠤ ᠪᠠᠶᠢᠨ᠎ᠠ︾ ᠭᠡᠪᠡ᠃ ᠮᠤᠰᠺᠸᠡ ᠠᠴᠠ ᠡᠷᠬᠦᠦ ᠬᠦᠷᠳᠡᠯ᠎ᠡ᠂ ᠡᠷᠬᠦᠦ ᠠᠴᠠ ᠤᠯᠠᠭᠠᠨᠪᠠᠭᠠᠳᠦᠷ | ᠬᠦᠷᠳᠡᠯ᠎ᠡ ᠪᠢ ᠴᠤᠷᠮ᠎ᠠ ᠬᠢᠬᠡ ᠦᠬᠡᠢ ᠪᠦᠬᠡᠳ ᠰᠦᠨᠢᠵᠢᠨ ᠵᠠᠯᠪᠠᠷᠢᠵᠦ᠂ ᠬᠠᠮᠢᠭᠠᠰᠢ ᠳᠠᠭᠠᠨ ᠪᠦᠬᠦ ᠶᠠᠭᠤᠮ᠎ᠠ | ᠦᠩᠬᠡᠷᠡᠭᠰᠡᠨ ᠢ ᠤᠶᠢᠯᠠᠭᠠᠵᠦ ᠪᠢᠯᠠ᠃ | ᠪᠢ ᠠᠪᠤ ᠶᠢ ᠪᠠᠨ ᠲᠦᠩᠬᠡᠵᠢ ᠬᠦᠳᠡᠬᠡᠯᠡᠬᠦᠯᠬᠦ ᠠᠴᠠ ᠡᠮᠦᠨ᠎ᠡ ᠤᠴᠢᠭᠰᠠᠨ ᠶᠤᠮ᠃ ᠨᠠᠷᠠ ᠮᠠᠨᠳᠤᠬᠤ ᠦᠶ᠎ᠡ | ᠪᠠᠷ ᠬᠡᠷ ᠠᠴᠠ ᠨᠢ ᠭᠠᠷᠭᠠᠭᠰᠠᠨ ᠪᠦᠭᠡᠳ ᠠᠶᠢᠯ ᠤᠨ ᠲᠤᠮᠤ ᠬᠦᠦ ᠶᠢᠨ ᠬᠤᠪᠢ ᠳᠤ ᠡᠴᠦᠰ ᠤᠨ ᠤᠳᠠᠭ᠎ᠠ ᠠᠪᠤ | ᠲᠠᠢ ᠪᠠᠨ ᠰᠠᠯᠬᠤ ᠶᠤᠰᠦ ᠭᠦᠢᠴᠡᠳᠭᠡᠵᠦ ᠦᠬᠡ ᠬᠡᠯᠡᠬᠦ ᠪᠤᠯᠤᠭᠰᠠᠨ᠃ | ︽᠂᠂᠂᠂ ᠪᠢᠳᠡ ᠦᠨᠦᠳᠦᠷ ᠶᠢᠷᠳᠢᠨᠴᠦ ᠶᠢᠨ ᠬᠠᠮᠤᠭ ᠰᠠᠶᠢᠬᠠᠨ ᠰᠡᠳᠬᠢᠯ ᠲᠠᠢ ᠬᠠᠮᠤᠭ ᠤᠨ ᠰᠢᠳᠤᠷᠭᠤ | ᠬᠦᠮᠥᠰ ᠤᠨ ᠨᠢᠬᠡ ᠶᠢ ᠡᠴᠤᠰ ᠤᠨ ᠵᠠᠮ ᠳᠤ ᠨᠢ ᠦᠳᠡᠵᠦ ᠪᠠᠶᠢᠨ᠎ᠠ᠃ ᠠᠪᠤ ᠮᠢᠨᠢ ᠠᠷᠪᠠᠨ ᠬᠡᠤᠭᠡᠳ ᠲᠦᠷᠦᠬᠦᠯᠡᠵᠦ | ᠦᠰᠭᠡᠭᠰᠡᠨ᠂ ᠬᠡᠷᠪᠡ ᠭᠦᠮᠥᠨ ᠠᠷᠠᠳ ᠲᠤ ᠲᠤᠰᠠᠳᠠᠢ ᠵᠢᠭᠠᠬᠠᠨ ᠴᠦ ᠬᠡᠰᠡᠨ ᠶᠠᠭᠤᠮ᠎ᠠ ᠬᠢᠪᠡᠯ ᠠᠪᠤ ᠮᠢᠨᠢ ᠪᠢᠳᠡᠨ | ᠢᠶᠠᠷ ᠲᠠᠮᠵᠢᠭᠤᠯᠤᠨ ᠲᠠ ᠨᠠᠷ ᠲᠠᠭᠠᠨ ᠲᠤᠰᠠᠯᠠᠵᠦ ᠪᠠᠶᠢᠨ᠎ᠠ ᠬᠡᠵᠦ ᠪᠤᠳᠤᠭᠠᠷᠠᠢ᠃ ᠪᠢᠳᠡ ᠶᠠᠯᠢᠬᠤ ᠦᠬᠡᠢ ᠴᠦ ᠬᠡᠰᠡᠨ | ᠨᠢᠬᠡᠨ ᠮᠠᠭᠤ ᠦᠢᠯᠡ ᠦᠢᠯᠡᠳᠪᠡᠯ ᠲᠡᠷᠡ ᠪᠦᠬᠦᠨ ᠠᠪᠤ ᠳᠤ ᠮᠢᠨᠢ ᠤᠭᠳᠤᠬᠠᠨ ᠴᠦ ᠬᠠᠮᠢᠶ᠎ᠠ ᠦᠬᠡᠢ᠂ ᠵᠦᠪᠬᠡᠨ | ᠪᠢᠳᠡᠨ ᠤ ᠨᠢᠬᠦᠯ ᠶᠤᠮ ᠰᠢᠥ᠂᠂᠂᠂ ᠪᠢ ᠦᠨᠦᠳᠦᠷ ᠠᠪᠤ ᠲᠠᠢ ᠪᠠᠨ ᠰᠠᠯᠬᠤ ᠶᠤᠰᠤ ᠬᠦᠢᠴᠡᠳᠭᠡᠭᠦ ᠦᠬᠡᠢ᠂ | ᠶᠠᠭᠠᠬᠢᠭᠠᠳ ᠭᠡᠪᠡᠯ ᠬᠡᠵᠢᠶ᠎ᠡ ᠨᠢᠬᠡᠨ ᠴᠠᠭ ᠲᠤ᠂ ᠬᠡᠳᠤᠨ ᠠᠷᠪᠠ᠂ ᠵᠠᠭᠤ ᠡᠰᠡᠭᠦᠯ᠎ᠡ ᠬᠡᠳᠦᠨ ᠮᠢᠩᠭ᠎ᠠ᠂ ᠮᠠᠭᠠᠳ ᠪᠤᠮ | ᠰᠠᠶ᠎ᠠ᠂ ᠲᠡᠷᠪᠤᠮ ᠵᠢᠯ ᠤᠨ ᠲᠠᠷᠠᠭ᠎ᠠ ᠴᠦ ᠶᠤᠮ ᠤᠤ᠂ ᠪᠤᠷᠬᠠᠨ ᠤ ᠡᠯᠢᠬᠡᠨ ᠲᠡᠭᠡᠷ᠎ᠡ ᠪᠢᠳᠡ ᠠᠭᠤᠯᠵᠠᠨ᠎ᠠ᠃ ᠪᠤᠷᠬᠠᠨ | ᠪᠤᠢ᠂ ᠪᠢ ᠠᠪᠤ ᠶᠢᠨ ᠢᠶᠠᠨ ᠠᠯᠳᠠᠨ ᠰᠠᠶᠢᠬᠠᠨ ᠪᠡᠶ᠎ᠡ ᠶᠢ ᠨᠢ ᠭᠠᠵᠠᠷ ᠲᠡᠯᠡᠬᠡᠢ ᠳᠤ᠂ ᠠᠷᠢᠭᠤᠨ ᠰᠦᠨᠡᠰᠦ ᠶᠢ ᠨᠢ | ᠲᠠᠭᠠᠳᠬᠠᠯ᠎ᠠ᠃ ᠠᠪᠤ ᠮᠢᠨᠢ ᠬᠡᠷᠪᠡ ᠡᠷᠬᠢᠵᠦ ᠲᠦᠷᠦᠬᠦ ᠶᠤᠰᠤᠳᠠᠢ ᠶᠤᠮ ᠪᠤᠯ ᠦᠷ᠎ᠡ ᠬᠡᠤᠭᠡᠳ ᠪᠢᠳᠡᠨ ᠤ ᠪᠠᠨ ᠬᠡᠨ | ᠨᠢᠬᠡᠨ ᠳᠤ ᠬᠦᠦ ᠪᠤᠯᠵᠦ ᠢᠷᠡᠬᠦ ᠪᠤᠯᠳᠤᠭᠠᠢ᠂᠂᠂᠂︾ ᠬᠡᠰᠡᠨ ᠪᠢᠯᠡ᠃ ᠪᠢ ᠵᠡᠬᠦᠵᠦ ᠶᠠᠪᠤᠭᠰᠠᠨ ᠴᠠᠭ ᠢᠶᠠᠨ ᠠᠪᠤ | ᠶᠢᠨ ᠢᠶᠠᠨ ᠪᠠᠭᠤᠤ ᠳᠤ ᠬᠢᠵᠦ ᠤᠷᠬᠢᠭᠰᠠᠨ ᠪᠦᠭᠡᠳ ᠭᠡᠳᠦᠶᠢᠪᠡᠷ ᠭᠠᠵᠠᠷ ᠲᠤᠤᠷ᠎ᠠ ᠤᠷᠤᠭᠰᠠᠨ ᠴᠦ ᠬᠡᠰᠡᠨ᠂ ᠭᠠᠵᠠᠷ | ᠲᠡᠭᠡᠷᠡᠭᠢ ᠠᠮᠢᠳᠤᠷᠠᠯ ᠲᠠᠢ ᠬᠡᠳᠦᠨ ᠴᠠᠭ ᠢᠶᠠᠷ ᠪᠤᠯᠳᠤᠭᠠᠢ ᠬᠤᠯᠪᠤᠭᠳᠠᠭ ᠬᠡᠵᠦ ᠪᠤᠳᠤᠭᠰᠠᠨ ᠪᠢᠯᠠ᠃ ᠴᠤ᠋ ᠰᠢᠨ᠎ᠡ | ᠲᠡᠷᠡ ᠴᠠᠭ ᠨᠡᠯᠢᠶᠡᠳ ᠤᠯᠠᠨ ᠴᠠᠭ ᠴᠤᠬᠢᠯᠠᠭᠰᠠᠨ ᠪᠠᠶᠢᠬᠤ ᠤᠴᠢᠷᠳᠡᠢ᠃ ᠲᠡᠷᠡ ᠴᠠᠭ ᠵᠤᠭᠰᠤᠳᠠᠯ᠎ᠠ ᠠᠪᠤ ᠮᠢᠨᠢ | ᠨᠠᠷᠠᠳᠦ ᠶᠢᠨ ᠠᠮᠢᠳᠤᠷᠠᠯ ᠳᠤ ᠶᠠᠮᠠᠷᠬᠠᠨ ᠨᠢᠬᠡ ᠰᠢᠵᠢᠮ ᠢᠶᠠᠷ ᠬᠤᠯᠪᠤᠭᠠᠳᠠᠢ ᠪᠠᠶᠢᠭᠰᠠᠨ ᠪᠢᠵᠡ᠃ ᠰᠡᠬᠦᠯᠴᠢ ᠶᠢᠨ | ᠡᠳᠦᠷ ᠤᠳ ᠤᠨ ᠲᠤᠬᠠᠢ ᠪᠢ ᠰᠡᠬᠦᠯ ᠳᠤ ᠨᠢ ᠰᠤᠨᠤᠰᠤᠭᠰᠠᠨ ᠪᠦᠬᠡᠳ ᠠᠪᠤ ᠪᠠᠷ ᠢᠶᠠᠨ ᠪᠠᠭ᠋ᠠᠷᠬᠠᠭᠰᠠᠨ ᠶᠤᠮ᠃ | ᠵᠤᠨ ᠤ ᠢᠳᠡ ᠹᠦ᠋ ᠶᠢᠨ ᠡᠳᠦᠷ ᠤᠳ ᠲᠤ ᠪᠠᠶ᠎ᠠ ᠨᠢ ᠨᠢᠬᠡᠯᠡ ᠮᠠᠭᠤᠳᠠᠵᠦ ᠬᠠᠰᠢ ᠳᠠᠭᠠᠨ ᠨᠠᠮᠠᠢᠢ ᠬᠦᠯᠢᠶᠡᠵᠦ | ᠴᠢᠳᠠᠬᠤ ᠦᠬᠡᠢ ᠪᠤᠯᠤᠭᠰᠠᠨ ᠢᠶᠠᠨ ᠮᠡᠳᠡᠭᠰᠡᠨ ᠠᠪᠤ ᠮᠢᠨᠢ ᠠᠮᠢᠳᠦ ᠳᠤ ᠨᠢ ᠠᠮᠵᠢᠵᠦ ᠢᠷᠡᠬᠦ ᠦᠬᠡᠢ ᠴᠦ ᠬᠡᠰᠡᠨ᠂ | ᠬᠦᠳᠡᠭᠡᠯᠡᠬᠦᠯᠬᠦ ᠳᠤ ᠨᠢ ᠦᠪᠡᠷ ᠤᠨ ᠪᠠᠶ᠎ᠠ ᠪᠠᠷ ᠤᠷᠤᠯᠴᠠᠵᠦ᠂ ᠶᠡᠰᠦ ᠶᠢ ᠨᠢ ᠪᠠᠷᠢᠭ ᠭᠡᠰᠡᠨ ᠪᠤᠯᠤᠯᠳᠠᠢ᠃ ᠴᠢᠩ | ᠵᠤᠷᠢᠭ ᠢ ᠪᠠᠷᠢᠵᠦ᠂ ᠬᠡᠳᠦ ᠬᠤᠨᠤᠭ ᠬᠤᠳᠤᠭᠤᠳᠦ ᠲᠤᠳᠦᠷ ᠢᠶᠠᠨ ᠴᠡᠪᠡᠷᠯᠡᠨ᠎ᠡ ᠬᠡᠳ ᠶᠠᠭᠤ ᠴᠦ ᠢᠳᠡᠵᠦ ᠤᠤᠭᠤᠬᠤ | ᠪᠠᠨ ᠪᠤᠯᠢᠭᠰᠠᠨ ᠬᠡᠨ᠎ᠡ᠃ ᠲᠡᠬᠦᠨ ᠤ ᠰᠢᠯᠳᠠᠭᠠᠨ ᠨᠢ ᠲᠠᠯᠢᠢᠭᠴᠢ ᠪᠤᠯᠤᠭᠰᠠᠨ ᠬᠦᠮᠥᠨ ᠵᠤᠨ ᠤ ᠬᠠᠯᠠᠭᠤᠨ ᠳᠤ | ᠲᠤᠳᠤᠷ ᠠᠴᠠ ᠪᠠᠨ ᠡᠬᠢᠯᠠᠵᠦ ᠮᠠᠭᠤᠳᠠᠳᠠᠭ ᠭᠡᠵᠦ ᠰᠤᠨᠤᠰᠤᠭᠰᠠᠨ ᠤ ᠪᠤᠯᠤᠯᠳᠠᠢ᠃ ᠲᠡᠭᠡᠭᠡᠳ ᠬᠦᠮᠥᠨ ᠰᠢᠭ | ᠦᠬᠦᠶ᠎ᠡ ᠬᠡᠵᠦ ᠰᠢᠢᠳᠦᠭᠰᠡᠨ ᠪᠢᠵᠡ᠃ ᠤᠶᠢᠴᠢᠬᠤ ᠠᠴᠠ ᠪᠠᠨ ᠡᠮᠦᠨ᠎ᠡ ᠡᠮᠨᠡᠯᠬᠡ ᠶᠢᠨ ᠬᠢ ᠶᠢ ᠲᠠᠭᠤᠳᠠᠵᠦ | ᠬᠤᠳᠤᠭᠤᠳᠦ ᠲᠤᠳᠦᠷ ᠢᠶᠠᠨ ᠴᠡᠪᠡᠷᠯᠡᠬᠦᠯᠦᠭᠰᠡᠨ ᠬᠢᠬᠡᠳ ᠠᠮᠠ ᠵᠠᠶᠢᠯᠬᠤ ᠲᠡᠳᠦᠢ ᠯᠠ ᠴᠠᠢ ᠠᠮᠰᠠᠨ᠎ᠠ᠂᠂᠂᠂ ᠲᠡᠶᠢᠮᠥ | ᠡ᠂ ᠠᠪᠤ ᠮᠢᠨᠢ ᠰᠠᠨᠠᠭᠰᠠᠨ ᠳᠠᠭᠠᠨ ᠬᠦᠷᠴᠦ ᠨᠠᠮᠠᠢᠢ ᠤᠯᠠᠨ ᠬᠤᠨᠤᠭ ᠤᠨ ᠲᠠᠷᠠᠭ᠎ᠠ ᠤᠴᠢᠬᠤ ᠳᠤ ᠴᠤᠭᠴᠠᠰ ᠨᠢ | ᠤᠭᠳᠤᠬᠠᠨ ᠴᠦ ᠮᠠᠭᠤᠳᠠᠭ᠎ᠠ ᠦᠬᠡᠢ᠂ ᠴᠡᠪᠡᠷᠬᠡᠨ ᠤᠨᠳᠠᠵᠦ ᠪᠠᠶᠢᠭ᠎ᠠ ᠬᠦᠮᠥᠨ ᠰᠢᠭ ᠯᠠ ᠪᠠᠶᠢᠯ᠎ᠠ᠃ ᠶᠡᠷᠦ ᠨᠢ ᠮᠠᠨ | ᠤ ᠡᠪᠦᠭᠡ ᠲᠡᠭᠡᠳᠦᠰ ᠶᠢᠷᠳᠢᠨᠴᠦ ᠠᠴᠠ ᠤᠳᠬᠤ ᠠᠴᠠ ᠪᠠᠨ ᠡᠮᠦᠨ᠎ᠡ ᠦᠪᠡᠷ ᠢ ᠪᠠᠨ ᠪᠦᠷᠢᠨ ᠠᠷᠢᠭᠤᠳᠬᠠᠬᠤ ᠶᠢ | ᠡᠷᠬᠢᠮᠯᠡᠳᠡᠭ ᠪᠠᠶᠢᠭᠰᠠᠨ ᠨᠢᠬᠡᠨ ᠰᠠᠶᠢᠬᠠᠨ ᠵᠠᠩᠰᠢᠯ ᠶᠡᠭᠡ ᠯᠠ ᠬᠦᠨ ᠬᠦᠨᠵᠡᠬᠡᠢ ᠤᠳᠬ᠎ᠠ ᠲᠠᠢ ᠶᠤᠮ᠃ ︽ᠠᠪᠤ ᠴᠢᠨᠢ | ᠦᠭᠡᠷ᠎ᠡ ᠬᠦᠮᠥᠨ ᠪᠠᠶᠢᠭᠰᠠᠨ ᠪᠤᠯᠬᠤᠷ᠂ ᠲᠡᠭᠡᠯᠬᠦᠢ ᠶᠠᠭᠠᠬᠢᠬᠤ ᠪᠤᠢ︾ ᠬᠡᠵᠦ ᠡᠵᠢ ᠬᠡᠯᠡᠵᠦ ᠪᠢᠯᠡ᠃ | ᠲᠡᠷᠡ ᠴᠠᠭ ᠠᠴᠠ ᠬᠤᠶᠢᠰᠢ ᠭᠤᠷᠪᠠᠨ ᠵᠢᠯ ᠦᠩᠬᠡᠷᠡᠯ᠎ᠡ᠃ ᠠᠪᠤ ᠲᠠᠢ ᠪᠠᠨ ᠠᠭᠤᠯᠵᠠᠵᠦ ᠴᠢᠳᠠᠭ᠎ᠠ ᠦᠬᠡᠢ | ᠭᠤᠨᠢᠭ᠂ ᠰᠡᠳᠬᠢᠯ ᠢ ᠮᠢᠨᠢ ᠰᠢᠨᠠᠯᠭᠠᠭᠰᠠᠭᠠᠷ᠂᠂᠂᠂ ᠡᠨᠡ ᠲᠤᠬᠠᠢ ᠪᠢ ︽ᠵᠠᠯᠠᠭᠤᠰ ᠲᠡᠭᠦᠤᠨᠡᠷ ᠲᠡᠭᠡᠨ ᠬᠦᠷᠬᠡᠬᠦ | ᠰᠢᠯᠥᠭ︾ ᠲᠡᠭᠡᠨ ᠪᠢᠴᠢᠭᠰᠡᠨ ᠪᠢᠯᠡ᠃ ᠰᠦᠮ᠎ᠡ ᠬᠡᠶᠢᠳ᠂ ᠨᠤᠮ ᠰᠤᠳᠤᠷ᠂ ᠶᠤᠰᠤᠯᠠᠯ ᠤᠨ ᠦᠪ ᠢ ᠬᠠᠮᠠᠭᠠᠯᠠᠬᠤ | ᠠᠰᠠᠭᠤᠳᠠᠯ ᠢ ᠪᠢᠴᠢᠵᠦ᠂ ᠬᠦᠨᠳᠡᠬᠦ᠂ ᠬᠦᠬᠡᠬᠡᠴᠡᠯᠳᠦᠬᠦ ᠠᠵᠢᠯ ᠮᠢᠨᠢ ᠲᠡᠷᠡ ᠦᠶ᠎ᠡ ᠡᠬᠢᠯᠡᠵᠦ᠂ ᠡᠨᠡ ᠪᠦᠬᠦᠨ ᠢᠶᠠᠨ | ᠪᠢ ᠠᠪᠤ ᠶᠢᠨ ᠢᠶᠠᠨ ᠲᠦᠯᠦᠬᠡ ᠬᠢᠵᠦ ᠪᠤᠢ᠂ ᠠᠪᠤ ᠮᠢᠨᠢ ᠨᠠᠳᠠ ᠪᠠᠷ ᠲᠠᠮᠵᠢᠭᠤᠯᠤᠨ ᠬᠦᠮᠥᠰ ᠲᠤ ᠵᠢᠭᠠᠬᠠᠨ ᠴᠦ | ᠪᠤᠯᠤᠭᠰᠠᠨ ᠪᠤᠶᠠᠨ ᠦᠢᠯᠡᠳᠴᠦ ᠪᠤᠢ ᠬᠡᠵᠦ ᠦᠪᠡᠷ ᠢ ᠪᠠᠨ ᠲᠠᠶᠢᠪᠤᠰᠢᠷᠠᠭᠤᠯᠤᠨ᠂ ᠰᠢᠯᠥᠭ ᠵᠤᠬᠢᠶᠠᠯ ᠪᠦᠬᠦᠨ | ᠮᠢᠨᠦᠬᠢ ᠪᠢᠰᠢ᠂ ᠭᠠᠭᠴᠠ ᠲᠡᠬᠦᠨ ᠤ ᠯᠠ ᠪᠦᠳᠦᠬᠡᠯ᠂ ᠠᠪᠤ ᠮᠢᠨᠢ ᠨᠠᠳᠠ ᠪᠠᠷ ᠲᠡᠮᠵᠢᠨ ᠠᠮᠢᠳᠦ ᠰᠡᠷᠡᠬᠦᠨ ᠪᠠᠶᠢᠨ᠎ᠠ | ᠬᠡᠵᠦ ᠪᠤᠳᠤᠳᠠᠭ ᠪᠤᠯᠤᠭᠰᠠᠨ ᠶᠤᠮ᠃ | ᠬᠡᠷᠪᠡ ᠮᠢᠨᠥ ᠵᠤᠬᠢᠶᠠᠯ ᠪᠦᠳᠦᠬᠡᠯ ᠠᠴᠠ ᠬᠦᠮᠦᠰ ᠲᠠ ᠨᠠᠷ ᠲᠠᠭᠠᠨ ᠭᠠᠭᠴᠠ ᠴᠦ ᠠᠳᠤᠭᠠᠢ ᠲᠠᠭᠠᠯᠠᠭᠳᠠᠪᠠᠯ | ᠲᠡᠷᠡ ᠮᠢᠨᠦ ᠪᠤᠰᠦ᠂ ᠠᠪᠤ ᠶᠢᠨ ᠮᠢᠨᠢ ᠪᠤᠶᠠᠨ ᠪᠦᠯᠦᠬᠡ᠂ ᠨᠠᠳᠠᠳᠦ ᠪᠠᠶᠠᠷ ᠬᠦᠷᠬᠡᠳᠡᠭ ᠬᠡᠨ ᠪᠦᠬᠦᠨ ᠠᠪᠤ ᠳᠤ ᠮᠢᠨᠢ | ᠪᠤᠶᠠᠨ ᠰᠠᠨᠠᠵᠦ᠂ ᠠᠪᠤ ᠶᠢ ᠮᠢᠨᠢ ᠬᠦᠨᠳᠤᠯᠡᠬᠦ ᠪᠤᠯᠤᠭᠠᠰᠠᠢ︕ ᠰᠠᠶᠢᠨ ᠪᠤᠶᠠᠨ ᠲᠡᠯᠭᠡᠷᠡᠳᠦᠬᠡᠢ︕ | | ︵ᠬᠤᠯᠪᠤᠭ᠎ᠠ ᠰᠦᠯᠵᠢᠶ᠎ᠠ ᠳᠠᠬᠢ ᠬᠡᠷᠡᠳᠠᠢ ᠬᠠᠰᠪᠠᠶᠠᠷ ᠤᠨ ᠪᠦᠷᠭᠡ ᠠᠴᠠ ᠰᠢᠯᠵᠢᠬᠦᠯᠪᠡ︶ | |