ᠪ᠊ · ᠯᠾᠠᠠᠪᠠᠰᠦ᠋ᠷᠦᠩ᠄ ᠠᠪᠤ ᠮᠢᠨᠢ ᠪᠤᠷᠤᠭᠠᠨ ᠳᠤ ᠨᠤᠷᠤᠭᠰᠠᠨ ᠡᠷᠦᠭᠡ ᠰᠢᠭ ᠵᠤᠪᠬᠢ ᠪᠠᠨ ᠠᠷᠠᠢ ᠶᠠᠳᠠᠨ | ᠡᠷᠬᠦᠵᠤ ︽ᠡᠷ᠎ᠠ ᠬᠦᠮᠦᠨ ᠨᠢᠯᠪᠤᠰᠤ ᠬᠤᠪᠤᠷ ᠲᠠᠢ ᠶᠠᠪᠤᠳᠠᠭ ᠶᠤᠮ ᠰᠢᠤ︾ ᠬᠡᠵᠤ ᠪᠢᠯᠨ᠃ | ᠁ ᠶᠡᠷᠤ ᠨᠢ ᠬᠤᠷᠸ᠎ᠠ ᠶᠢᠨ ᠬᠦᠮᠦᠰ ᠡᠴᠢᠭᠡ ᠶᠢ ᠪᠠᠭ᠎ᠠ᠂ ᠡᠬᠡ ᠶᠢ ᠪᠠᠨ ᠶᠡᠭᠡ ᠶᠠᠷᠢᠭᠰᠠᠭᠠᠷ ᠲᠠᠭᠤᠰᠳᠠᠭ | ᠶᠤᠮ ᠦᠦ ᠳ᠋ᠠ᠃ ᠠᠪᠤ ᠶᠢ ᠪᠠᠨ ᠬᠠᠮᠢᠭ᠎ᠠ ᠨᠢᠭᠡ ᠭᠠᠵᠠᠷ ᠶᠠᠪᠤᠵᠤ ᠪᠠᠶᠢᠭᠠᠳ ᠶᠡᠭᠡ ᠲᠠᠭᠠᠷᠠᠬᠤ ᠳᠠᠭᠠᠨ ᠶᠤᠮ ᠦᠦ | ᠭᠤᠳᠤᠯ ᠬᠤᠪᠴᠠᠰᠤ ᠮᠠᠭᠤᠳᠠᠵᠤ ᠡᠯᠡᠬᠦ ᠦᠶ᠎ᠠ ᠳᠤ ᠯᠡ ᠪᠤᠳᠤᠳᠠᠭ᠃ ᠪᠠᠰᠠ ᠦᠯᠦᠰᠬᠦ ᠦᠶ᠎ᠠ ᠳᠡᠭᠡᠨ᠃ ᠪᠢ | ᠨᠢᠭᠡᠨᠳᠠ ᠬᠦᠢᠳᠠᠨ ᠬᠠᠭᠠᠷᠢᠭᠤ ᠴᠠᠭ ᠢᠶᠠᠷ ᠬᠦᠨᠵᠢᠯᠨ ᠪᠠᠨ ᠢᠷᠠᠵᠤ ᠤᠨᠠᠭᠠᠭᠠᠳ ᠲᠠᠭᠠᠷᠠᠵᠤ ᠰᠡᠷᠢᠭᠰᠡᠨ ᠤ ᠪᠠᠨ | ᠲᠠᠷᠠᠭ᠎ᠠ ᠠᠪᠤ ᠶᠢ ᠪᠠᠨ ᠶᠡᠭᠡ ᠰᠠᠨᠠᠵᠤ ᠪᠢᠯᠨ᠃ ᠠᠪᠤ ᠬᠦᠮᠦᠨ ᠦᠳᠭᠡᠨ ᠲᠤᠷᠠᠳᠬᠠᠯ ᠦᠯᠡᠳᠡᠭᠡᠳᠡᠭ ᠦᠭᠡᠢ᠃ ᠡᠵᠢ | ᠰᠢᠭ ᠤᠶᠢᠷ᠎ᠠ ᠪᠠᠶᠢᠳᠠᠭ ᠦᠭᠡᠢ ᠤᠴᠢᠷ ᠠᠴᠠ ᠲᠡᠷᠨ ᠪᠠᠶᠢᠬᠤ᠃ ᠪᠢ ᠵᠠᠷᠢᠮ ᠳᠠᠭᠠᠨ ᠠᠪᠤ ᠲᠠᠢ ᠪᠠᠨ ᠠᠮᠢᠳᠤ ᠶᠤᠮ | ᠰᠢᠭ᠋ ᠶᠠᠷᠢᠳᠠᠭ ᠶᠤᠮ᠃ ᠬᠤᠪ ᠬᠡᠯᠡᠵᠤ ᠪᠠᠶᠢᠭ᠎ᠠ ᠶᠤᠮ ᠰᠢᠭ᠋ ᠰᠢᠯᠦᠭ ᠴᠦ ᠪᠤᠢ᠃ ᠪᠠᠶᠢᠬᠤ ᠦᠭᠡᠢ ᠶᠠᠭᠤᠮᠠᠨ ᠳᠤ | ᠲᠡᠭᠡᠵᠤ ᠬᠡᠯᠡᠭᠰᠡᠨ ᠢᠶᠠᠷ ᠨᠢᠭᠡᠨ ᠪᠤᠳᠤᠯ ᠤᠨ ᠭᠤᠨᠢᠭ ᠵᠤᠪᠠᠯᠠᠩ ᠢᠶᠠᠨ ᠡᠮᠴᠢᠯᠡᠵᠤ ᠰᠠᠨᠠᠭ᠎ᠠ ᠪᠠᠨ ᠲᠠᠶᠢᠪᠤᠰᠢᠷᠠᠭᠤᠯᠵᠤ | ᠪᠠᠶᠢᠭ᠎ᠠ ᠬᠡᠷᠡᠭ ᠶᠤᠮ ᠦᠦ ᠳ᠋ᠠ᠃ ᠠᠪᠤ ᠶᠢ ᠪᠠᠨ ᠠᠯᠠᠭ᠎ᠠ ᠪᠤᠯᠤᠭᠰᠠᠨ ᠤ ᠲᠠᠷᠠᠭ᠎ᠠ ᠯᠡ ᠡᠬᠦᠨ ᠢ ᠢᠯᠡᠬᠦᠤ ᠮᠡᠳᠡᠷᠡᠭᠰᠡᠨ | ᠃ ᠭᠠᠳᠠᠭᠠᠳᠤ ᠲᠦᠷᠬᠦ ᠨᠢ ᠠᠳᠠᠯᠢᠬᠠᠨ ᠬᠦᠮᠦᠨ ᠲᠠᠢ ᠲᠠᠭᠠᠷᠢᠯᠳᠤᠬᠤ᠂ ᠲᠠᠨᠢᠳᠠᠭ ᠬᠦᠮᠦᠨ ᠲᠠᠢ ᠨᠢ ᠠᠭᠤᠯᠵᠠᠬᠤ | ᠰᠠᠶᠢᠬᠠᠨ ᠰᠢᠤ᠃ ᠮᠢᠨᠤ ᠬᠤᠪᠢ ᠳᠤ ᠲᠡᠶᠢᠮᠤ ᠬᠦᠮᠦᠨ ᠶᠡᠭᠡ ᠦᠨᠡᠳᠠᠢ ᠪᠤᠯᠵᠤ ᠪᠢᠯᠨ᠃ | ᠠᠪᠤ ᠮᠢᠨᠢ ᠨᠠᠳᠠᠳᠠᠢ ᠠᠳᠠᠯᠢ ᠨᠢᠯᠴᠠᠭᠠᠷ ᠬᠦᠮᠦᠨ ᠪᠠᠶᠢᠭ᠎ᠠ ᠦᠭᠡᠢ | ᠠᠪᠤ ᠮᠢᠨᠢ ᠡᠷᠡᠭᠡ ᠦᠭᠡᠢ᠂ ᠬᠦᠳᠡᠷ ᠬᠠᠳᠠᠷ ᠲᠠᠯ᠎ᠠ ᠳᠠᠭᠠᠨ᠃ ᠨᠠᠳᠠᠳᠠᠢ ᠠᠳᠠᠯᠢ ᠨᠢᠯᠴᠠᠭᠠᠷ ᠬᠦᠮᠦᠨ ᠪᠠᠶᠢᠭ᠎ᠠ | ᠦᠭᠡᠢ᠃ ᠡᠪᠡᠳᠴᠢᠨ ᠢ ᠪᠠᠭ᠎ᠠ ᠲᠤᠭᠤᠳᠠᠭ ᠬᠡᠩᠭᠡᠭ ᠬᠦᠮᠦᠨ ᠪᠠᠶᠢᠭᠰᠠᠨ ᠶᠤᠮ᠃ ᠡᠵᠢ ᠶᠢ ᠤᠷᠤᠰᠢᠭᠤᠯᠬᠤ ᠳᠠᠭᠠᠨ | ᠱᠠᠷᠢᠯ ᠲᠡᠭᠡᠷ᠎ᠠ ᠨᠢ ᠬᠠᠷᠢᠨ ᠶᠡᠭᠡ ᠦᠭᠡᠷ᠎ᠠ ᠦᠭᠡ ᠬᠡᠯᠡᠭᠰᠡᠨ᠃ ᠶᠡᠬᠡᠩᠬᠢ ᠬᠦᠮᠦᠨ ᠨᠠᠮᠳᠠᠷ ᠤᠩᠰᠢᠳᠠᠭ ᠪᠤᠯᠬᠤ ᠪᠠᠷ | ᠪᠢ ᠲᠡᠶᠢᠮᠦᠷᠬᠦ ᠦᠭᠡ ᠬᠡᠯᠡᠬᠦ ᠪᠠᠶᠢᠬᠤ ᠬᠡᠵᠤ ᠪᠤᠳᠤᠭᠰᠠᠨ᠃ ᠬᠡᠳᠡᠯ᠎ᠠ ᠠᠪᠤ ᠮᠢᠨᠢ᠄ ︽ᠭᠠᠳᠠᠭ᠎ᠠ ᠶᠡᠭᠡ ᠲᠤᠯᠠᠭᠠᠬᠠᠨ | ᠪᠠᠶᠢᠨ᠎ᠠ᠃ ᠠᠬ᠎ᠠ ᠲᠡᠬᠦᠤ ᠨᠠᠷ ᠴᠢᠨᠢ ᠪᠦᠬᠦᠳᠠ ᠢᠷᠡᠵᠠᠢ᠂ ᠬᠦᠤ ᠪᠢᠳᠠ ᠬᠤᠶᠠᠷ ᠴᠢᠨᠢ ᠠᠳᠠ ᠪᠠᠶᠢᠨ᠎ᠠ︾ ᠬᠡᠳ | ᠬᠤᠭᠤᠯᠠᠢ ᠨᠢ ᠵᠠᠩᠬᠢᠷᠠᠭᠠᠳ ᠴᠢᠨᠠᠭᠰᠢ ᠦᠭᠡ ᠬᠡᠯᠡᠵᠤ ᠴᠢᠳᠠᠭ᠎ᠠ ᠦᠭᠡᠢ᠃ ᠡᠶᠢᠮᠤ ᠦᠭᠡ ᠰᠤᠨᠤᠰᠤᠭ᠎ᠠ ᠦᠭᠡᠢ | ᠨᠠᠳᠠᠳᠤ ᠶᠡᠭᠡ ᠰᠤᠳᠤᠨ ᠪᠠᠶᠢᠯ᠎ᠠ᠃ | ᠡᠷᠡᠴᠦᠳ ᠶᠡᠭᠡ ᠦᠨ᠎ᠠ ᠦᠭᠡᠢ ᠬᠦᠮᠦᠰ ᠶᠤᠮ ᠦᠦ ᠳ᠋ᠠ | ᠠᠪᠤ ᠨᠠᠳᠠᠳᠤ ᠤᠬᠠᠭᠠᠨ ᠲᠠᠢ ᠬᠦᠮᠦᠨ ᠲᠤᠯᠠᠳᠠ ᠡᠷᠭᠡᠯᠡᠭᠡ ᠦᠭᠡᠢ᠂ ᠬᠠᠶᠠ ᠬᠦᠰᠡᠳᠡᠭ ᠪᠠᠶᠢᠭᠰᠠᠨ ᠴᠤ | ᠪᠠᠶᠢᠵᠤ ᠮᠠᠭᠠᠳ ᠦᠭᠡᠢ᠂ ᠬᠡᠯ᠎ᠠ ᠴᠦ ᠡᠷᠬᠡᠯᠡᠵᠤ ᠴᠢᠳᠠᠭ᠎ᠠ ᠦᠭᠡᠢ᠃ ᠵᠦᠭᠡᠯᠡᠨ ᠭᠤᠳᠤᠯ ᠴᠤ ᠨᠡᠭᠡᠭᠰᠡᠨ ᠦᠭᠡᠢ᠂ | ᠭᠠᠭᠴᠨ ᠬᠦᠤ ᠶᠢᠨ ᠢᠶᠠᠨ ᠠᠶ᠎ᠠ ᠶᠢ ᠲᠠᠭᠠᠭᠠᠳ ᠯᠡ ᠶᠠᠪᠤᠭᠰᠠᠨ᠃ ᠲᠡᠪᠴᠢᠶᠡᠷᠢ ᠲᠠᠢ ᠬᠦᠮᠦᠨ ᠳ᠋ᠧ᠃ ᠬᠠᠷᠢᠨ ᠪᠢ | ᠲᠡᠭᠡᠬᠦ ᠦᠭᠡᠢ ᠡ᠂ ᠡᠨᠡ ᠬᠡᠳᠦᠨ ᠬᠡᠦᠭᠡᠳ ᠲᠡᠭᠡᠨ ᠡᠷᠬᠡᠯᠡᠵᠤ᠂ ᠲᠤᠨᠢᠷᠬᠠᠵᠤ᠂ ᠠᠶᠤᠯᠭᠠᠵᠤ ᠪᠠᠶᠢᠵᠤ ᠦᠬᠦᠶᠠ | ᠬᠡᠵᠤ ᠪᠤᠳᠤᠳᠠᠭ ᠶᠤᠮ᠃ ᠡᠨᠡ ᠨᠢ ᠬᠡᠦᠭᠡᠳ ᠤᠳ ᠢᠶᠠᠨ ᠦᠯᠡᠳᠡᠬᠦ ᠳᠤ ᠨᠢ ᠭᠤᠮᠤᠳᠠᠯ ᠢ ᠨᠢ ᠪᠠᠭ᠎ᠠ ᠪᠠᠶᠢᠯᠭᠠᠬᠤ | ᠬᠡᠰᠡᠨ ᠶᠤᠮ᠃ ᠪᠢ ᠠᠪᠤ ᠶᠢ ᠪᠠᠨ ᠦᠭᠡᠳᠠ ᠪᠤᠯᠤᠭᠰᠠᠨ ᠤ ᠲᠠᠷᠠᠭ᠎ᠠ ᠨᠢ ᠲᠡᠭᠡᠬᠦ ᠮᠢᠨᠢ ᠶᠠᠭᠠᠬᠢᠯ᠎ᠠ ᠢᠩᠬᠢᠬᠦ ᠮᠢᠨᠢ | ᠶᠠᠭᠠᠬᠢᠯ᠎ᠠ ᠬᠡᠵᠤ ᠶᠡᠭᠡ ᠪᠤᠳᠤᠭᠰᠠᠨ᠃ ᠨᠢᠭᠡᠨ ᠪᠤᠳᠤᠯ ᠤᠨ ᠦᠪᠡᠷ ᠢ ᠪᠠᠨ ᠶᠡᠭᠡ ᠶᠠᠯᠠᠯᠠᠭᠰᠠᠨ᠃ ᠵᠠᠷᠢᠮ ᠳᠠᠭᠠᠨ ᠪᠢ | ᠡᠷ᠎ᠠ ᠬᠦᠮᠦᠨ ᠨᠢᠭᠡ ᠶᠡᠭᠡ ᠦᠨ᠎ᠠ ᠦᠭᠡᠢ ᠬᠦᠮᠦᠰ ᠶᠤᠮ ᠦᠦ ᠳ᠋ᠠ ᠬᠡᠵᠤ ᠪᠤᠳᠤᠳᠠᠭ᠃ | ᠡᠴᠢᠭᠡ ᠮᠢᠨᠢ ᠰᠢᠳᠤᠷᠭᠤ ᠵᠠᠩ ᠢᠶᠠᠷ ᠬᠤᠷᠸ᠎ᠠ ᠶᠢ ᠲᠤᠭᠤᠴᠢᠵᠤ ᠦᠩᠭᠡᠷᠡᠭᠡᠭᠰᠡᠨ ᠳ᠋ᠧ | ᠲᠠᠭᠤᠤ ᠰᠢᠯᠦᠭ ᠢᠶᠠᠷ ᠬᠦᠮᠦᠨ ᠢ ᠠᠷᠭᠠᠳᠠᠳᠠᠭ᠂ ᠦᠬᠦᠭᠰᠡᠨ ᠠᠴᠠ ᠨᠢ ᠬᠤᠶᠢᠰᠢ ᠶᠠᠮᠠᠷ ᠶᠠᠪᠤᠭᠰᠠᠨ ᠢᠶᠠᠷ | ᠠᠷᠭᠠᠳᠠᠳᠠᠭ᠃ ᠠᠴᠢ ᠬᠦᠤ ᠨᠢ ᠠᠪᠤ ᠶᠢᠨ ᠢᠶᠠᠨ ᠬᠦᠷᠦᠭ ᠢ ᠵᠢᠷᠤᠭᠰᠠᠨ ᠲᠡᠷᠨ ᠦᠶ᠎ᠠ ᠳᠤ ᠨᠠᠳᠠ ᠠᠴᠠ ᠢᠯᠡᠬᠦᠤ | ᠠᠴᠢ ᠶᠢ ᠨᠢ ᠬᠠᠷᠢᠭᠤᠯᠴᠢᠬᠠᠪᠠ ᠦᠦ ᠬᠡᠵᠤ ᠪᠤᠳᠤᠭᠳᠠᠭᠰᠠᠨ ᠰᠢᠤ᠃ ᠠᠪᠤ ᠮᠢᠨᠢ ᠠᠷᠢᠬᠢ᠂ ᠠᠶᠢᠷᠠᠭ ᠪᠢᠳᠡᠬᠡᠢ ᠬᠡᠯᠨ | ᠲᠠᠷᠠᠭ ᠴᠤ ᠤᠤᠭᠤᠬᠤ ᠦᠭᠡᠢ᠃ ᠪᠢ ᠠᠪᠤ ᠶᠢ ᠪᠠᠨ ᠲᠠᠯᠨ ᠭᠠᠷᠤᠭᠰᠠᠨ ᠬᠤᠶᠢᠨ᠎ᠠ ᠨᠢ ᠬᠤᠶᠠᠷ ᠤᠳᠠᠭ᠎ᠠ | ᠬᠠᠯᠠᠮᠴᠠᠬᠤ ᠶᠢ ᠯᠡ ᠦᠵᠡᠭᠰᠡᠨ᠃ ᠨᠢᠭᠡ ᠨᠢ ᠬᠠᠮᠤᠭ ᠤᠨ ᠰᠡᠬᠦᠯᠴᠢ ᠶᠢᠨ ᠤᠳᠠᠭ᠎ᠠ ᠨᠤᠳᠤᠭ ᠲᠠᠭᠠᠨ᠂ ᠨᠦᠬᠦᠭᠡ | ᠨᠢ ᠨᠤᠳᠤᠭ ᠤᠨ ᠬᠡᠳᠦᠨ ᠬᠦᠭᠰᠢᠴᠤᠤᠯ ᠲᠠᠢ ᠪᠠᠨ ᠵᠢᠭᠠᠬᠠᠨ ᠬᠠᠯᠠᠭᠰᠠᠨ᠃ ᠮᠡᠳᠡᠭᠡ ᠤᠷᠤᠭᠰᠠᠨ ᠴᠠᠭ ᠠᠴᠠ ᠪᠠᠨ | ᠬᠤᠶᠢᠰᠢ ᠮᠢᠨᠤ ᠦᠵᠡᠭᠰᠡᠨ ︽ᠠᠪᠤ ᠶᠢᠨ ᠮᠢᠨᠢ ᠠᠯᠳᠠᠭ᠎ᠠ︾ ᠡᠨᠡ᠃ ᠠᠮᠢᠳᠤᠷᠠᠯ ᠤᠨ ᠢᠶᠠᠨ ᠲᠤᠷᠰᠢᠳᠠ ᠴᠡᠷᠢᠭ | ᠲᠠᠷᠤᠭ᠎ᠠ ᠶᠢᠨ ᠠᠯᠪᠠ ᠬᠠᠰᠢᠵᠤ ᠶᠠᠪᠤᠬᠤ ᠳᠠᠭᠠᠨ ᠰᠠᠶᠢᠰᠢᠶᠠᠯ ᠱᠠᠩᠨᠠᠯ ᠲᠦᠷᠤ ᠠᠴᠠ ᠬᠦᠷᠳᠡᠵᠤ ᠰᠢᠳᠤᠷᠭᠤ ᠵᠠᠩ | ᠲᠠᠢ ᠨᠢᠭᠡᠨ ᠬᠤᠷᠸ᠎ᠠ ᠶᠢ ᠲᠤᠭᠤᠴᠢᠵᠤ ᠦᠩᠭᠡᠷᠡᠭᠡᠭᠰᠡᠨ ᠳ᠋ᠧ ᠡᠴᠢᠭᠡ ᠮᠢᠨᠢ᠃ ᠠᠪᠤ ᠮᠢᠨᠢ ᠨᠠᠮ᠎ᠠ ᠶᠢ ᠲᠠᠪᠤᠳᠤᠭᠠᠷ | ᠠᠩᠬᠢ ᠪᠠᠶᠢᠬᠤ ᠳᠤ ᠬᠠᠯᠳᠠᠪᠤᠷᠢᠳᠤ ᠭᠢᠫᠠᠲ᠋ᠢᠲ ︵ᠡᠯᠢᠭᠡᠨ ᠤ ᠦᠷᠪᠢᠰᠦᠯ — ᠪᠠᠭᠤᠯᠭᠠᠭᠴᠢ ᠠᠴᠠ︶ ᠡᠪᠡᠳᠴᠢᠨ | ᠢᠶᠠᠷ ᠬᠦᠨᠳᠤ ᠡᠪᠡᠳᠦᠭᠰᠡᠨ᠂ ᠬᠤᠵᠢᠮ ᠡᠯᠢᠭᠡᠨ ᠤ ᠬᠤᠤᠷᠳᠤ ᠬᠠᠪᠤᠳᠠᠷ ᠢᠶᠠᠷ ᠨᠠᠰᠤᠨ ᠠᠯᠳᠠᠬᠤ ᠶᠢᠨ ᠬᠢᠨᠢ ᠡᠬᠢᠯᠡᠯ | ᠲᠡᠷᠨ ᠪᠠᠶᠢᠭᠰᠠᠨ ᠶᠤᠮ ᠪᠤᠯᠪᠠᠤ ᠬᠡᠵᠤ ᠪᠢ ᠪᠤᠳᠤᠳᠠᠭ᠃ ᠠᠷᠢᠬᠢ ᠤᠤᠭᠤᠳᠠᠭ ᠦᠭᠡᠢ ᠲᠠᠮᠠᠬᠢ ᠲᠠᠳᠠᠳᠠᠭ ᠦᠭᠡᠢ | ᠬᠦᠮᠦᠨ ᠡᠨᠡ ᠡᠪᠡᠳᠴᠢᠨ ᠢᠶᠠᠷ ᠡᠪᠡᠳᠬᠦ ᠦᠭᠡᠢ ᠶᠤᠮ ᠰᠢᠭ᠋ ᠰᠠᠨᠠᠵᠤ ᠶᠠᠪᠤᠭᠰᠠᠨ ᠨᠠᠳᠠᠳᠤ ᠬᠠᠴᠢᠨ ᠰᠠᠨᠠᠭᠳᠠᠵᠤ | ᠪᠠᠶᠢᠯ᠎ᠠ᠃ ᠡᠯᠳᠡᠪ ᠤᠨ ᠦᠨᠡᠨ ᠬᠤᠳᠠᠯ ᠰᠤᠷᠳᠠᠯᠴᠢᠯᠠᠭ᠎ᠠ ᠨᠠᠮ᠎ᠠ ᠶᠢ ᠲᠡᠶᠢᠮᠤ ᠪᠤᠯᠭᠠᠭᠰᠠᠨ ᠬᠡᠷᠡᠭ᠃ | ᠲᠤᠶᠢᠯᠳᠠᠭᠰᠠᠨ ᠠᠪᠤ ᠶᠢ ᠪᠠᠨ ᠬᠠᠷᠠᠵᠤ ᠪᠢ ᠨᠢᠭᠡ ᠶᠡᠭᠡ ᠤᠬᠢᠯᠠᠭᠰᠠᠨ | ᠠᠪᠤ ᠮᠢᠨᠢ ᠪᠦᠳᠦᠨ ᠭᠤᠷᠪᠠᠨ ᠰᠠᠷ᠎ᠠ ᠬᠡᠪᠳᠡᠷᠢ ᠳᠤ ᠤᠷᠤᠵᠤ ᠰᠢᠨᠠᠯᠵᠤ ᠵᠤᠪᠠᠭ᠋ᠤ ᠳᠠᠭᠠᠨ ︽ᠶᠤᠤ︾ ᠬᠡᠵᠤ | ᠭᠠᠭᠴᠨ ᠬᠡᠯᠡᠭᠡ ᠦᠭᠡᠢ ᠳ᠋ᠧ᠃ ᠲᠤᠶᠢᠯᠳᠠᠭᠰᠠᠨ ᠠᠪᠤ ᠶᠢ ᠪᠠᠨ ᠬᠠᠷᠠᠵᠤ ᠪᠢ ᠨᠢᠭᠡ ᠶᠡᠭᠡ ᠤᠬᠢᠯᠠᠭᠰᠠᠨ᠃ ᠤᠴᠢᠵᠤ | ᠤᠴᠢᠵᠤ ᠲᠡᠷᠠ ᠶᠢᠨ ᠬᠢᠨᠢ ᠲᠡᠷᠭᠡᠳᠠ ᠰᠢᠤ᠃ ᠠᠪᠤ ᠮᠢᠨᠢ ᠪᠤᠷᠤᠭᠠᠨ ᠳᠤ ᠨᠤᠷᠤᠭᠰᠠᠨ ᠡᠷᠦᠭᠡ ᠰᠢᠭ ᠵᠤᠪᠬᠢ ᠪᠠᠨ | ᠠᠷᠠᠢ ᠶᠠᠳᠠᠨ ᠡᠷᠬᠦᠵᠤ᠄ ︽ᠡᠷ᠎ᠠ ᠬᠦᠮᠦᠨ ᠨᠢᠯᠪᠤᠰᠤ ᠬᠤᠪᠤᠷᠳᠠᠢ ᠶᠠᠪᠤᠳᠠᠭ ᠶᠤᠮ ᠰᠢᠤ︾ ᠬᠡᠵᠤ ᠬᠡᠯᠡᠭᠡᠳ ᠠᠮᠠ ᠨᠢ | ᠦᠮᠦᠯᠵᠡᠵᠤ᠂ ᠲᠠᠭᠠᠭᠠᠬᠤ ᠦᠭᠡᠢ ᠪᠤᠯᠤᠭᠰᠠᠨ ᠭᠠᠷ ᠤᠨ ᠬᠢᠨᠢ ᠦᠵᠦᠬᠦᠷ ᠬᠦᠳᠡᠯᠬᠦ ᠠᠶᠠᠳᠠᠭᠰᠠᠨ᠃ ᠨᠠᠮ᠎ᠠ ᠶᠢ | ᠲᠡᠪᠡᠷᠢᠵᠤ ᠦᠨᠦᠰᠬᠦ ᠬᠡᠵᠤ ᠪᠠᠰᠠ ᠤᠬᠢᠯᠠᠭᠰᠠᠨ ᠪᠠᠶᠢᠬᠤ᠃ ᠨᠢᠯᠪᠤᠰᠤ ᠨᠢ ᠭᠠᠳᠠᠭᠰᠢ ᠪᠠᠨ ᠪᠢᠰᠢ ᠲᠤᠳᠤᠭᠰᠢ ᠪᠠᠨ | ᠤᠷᠤᠰᠴᠤ ᠪᠠᠶᠢᠭᠰᠠᠨ ᠪᠢᠵᠠ ᠳ᠋ᠧ᠃ ᠨᠠᠮ᠎ᠠ ᠶᠢ ᠭᠠᠷ ᠢ ᠨᠢ ᠠᠳᠬᠤᠬᠤ ᠳᠤ ᠵᠢᠷᠦᠭᠡ ᠨᠢ ᠠᠯᠠᠭᠠᠨ ᠲᠤᠳᠤᠷ᠎ᠠ ᠨᠢ | ᠤᠷᠤᠴᠢᠬᠠᠭᠰᠠᠨ ᠶᠤᠮ ᠰᠢᠭ᠋ ᠲᠡᠩᠳᠡᠬᠦᠤ ᠬᠤᠷᠳᠤᠨ ᠴᠤᠬᠢᠯᠠᠵᠤ ᠪᠠᠶᠢᠯ᠎ᠠ᠃ ᠠᠪᠤ ᠪᠢᠳᠠ ᠬᠤᠶᠠᠷ ᠤᠨ ᠬᠠᠮᠤᠭ ᠤᠨ | ᠰᠡᠬᠦᠯ ᠳᠤ ᠰᠤᠯᠢᠭᠰᠠᠨ ᠦᠭᠡ ᠶᠡᠷᠤ ᠳᠡᠭᠡᠨ ᠯᠡ ᠡᠨᠡ᠃ ᠬᠠᠷᠢᠭᠤ ᠦᠭᠡᠢ ᠦᠭᠡᠳᠠ ᠪᠤᠯᠬᠤ ᠬᠡᠵᠤ ᠪᠠᠶᠢᠭ᠎ᠠ ᠠᠪᠤ | ᠶᠢᠨ ᠢᠶᠠᠨ ᠪᠡᠶ᠎ᠠ ᠶᠢᠨ ᠪᠠᠶᠢᠳᠠᠯ ᠨᠢᠳᠦᠨ ᠠᠴᠠ ᠨᠢ ᠬᠦᠮᠦᠨ ᠠᠮᠢᠳᠤᠷᠠᠯ ᠳᠤ ᠲᠤᠷᠠᠯᠠᠵᠤ ᠠᠮᠢᠳᠤᠷᠠᠵᠤ᠂ ᠠᠮᠢᠳᠤᠷᠠᠯ ᠢ | ᠦᠵᠡᠨ ᠶᠠᠳᠠᠵᠤ ᠪᠤᠴᠠᠳᠠᠭ ᠶᠤᠮ ᠪᠠᠶᠢᠨ᠎ᠠ ᠬᠡᠳᠡᠭ ᠢ ᠬᠠᠷᠠᠭᠰᠠᠨ᠃ ᠤᠳᠠᠭᠠᠨ ᠵᠤᠪᠠᠭᠰᠠᠨ ᠠᠴᠠ ᠴᠤ ᠢᠩᠬᠢᠳᠡᠭ | ᠪᠠᠶᠢᠵᠤ ᠮᠡᠳᠡᠬᠦ ᠶᠤᠮ᠃ ᠡᠷ᠎ᠠ ᠵᠤᠷᠢᠭ ᠢ ᠭᠠᠷᠭᠠᠯ᠎ᠠ ᠴᠤ ᠶᠡᠭᠡ ᠵᠠᠮ ᠤᠨ ᠬᠦᠯ ᠳᠤ ᠬᠦᠮᠦᠨ ᠬᠡᠳᠡᠭ ᠲᠠᠩᠴᠢ | ᠦᠴᠦᠭᠡᠨ᠃ | ᠠᠪᠤ ᠶᠢᠨ ᠢᠶᠠᠨ ᠡᠮᠦᠨ᠎ᠠ ᠦᠬᠦᠵᠤ ᠯᠡ ᠪᠠᠶᠢᠵᠤ ︽ᠯᠤᠶᠢᠪᠠᠷᠳᠠᠵᠤ︾ ᠲᠠᠭᠤᠰᠬᠤ ᠠᠭᠤᠤ ᠶᠡᠭᠡ ᠦᠷᠢ ᠲᠠᠢ | ᠦᠯᠡᠳᠡᠭᠰᠡᠨ | ᠡᠵᠢ ᠮᠢᠨᠢ 1971 ᠤᠨ ᠳᠤ ᠦᠭᠡᠳᠠ ᠪᠤᠯᠤᠭᠰᠠᠨ ᠠᠴᠠ ᠬᠤᠶᠢᠰᠢ ᠠᠪᠤ ᠪᠢᠳᠠ ᠬᠤᠶᠠᠷ ᠶᠡᠭᠡ | ᠦᠨᠦᠴᠢᠷᠡᠭᠰᠡᠨ ᠳ᠋ᠧ᠃ ᠨᠡᠮᠡᠵᠤ ᠪᠠᠰᠠ ᠦᠨᠦᠴᠢᠷᠡᠬᠦ ᠬᠦᠮᠦᠰ ᠢ ᠵᠦᠩᠳᠡᠭᠡᠨ ᠴᠤᠭᠯᠠᠭᠤᠯᠤᠭᠰᠠᠨ ᠶᠤᠮ ᠪᠢ᠃ ᠮᠢᠨᠤ | ᠬᠠᠨᠢ ᠬᠡᠦᠭᠡᠳ ︽ᠦᠬᠦᠯ ᠤᠨ ᠲᠦᠢᠮᠡᠷ︾ ᠲᠤ ᠡᠪᠡᠰᠤ ᠮᠡᠳᠤ ᠠᠰᠠᠭᠰᠠᠨ ᠳ᠋ᠠ᠃ ᠬᠦᠮᠦᠨ ᠤ ᠦᠷ᠎ᠠ ᠬᠡᠦᠭᠡᠳ | ᠬᠡᠵᠤ ᠦᠷ᠎ᠠ ᠬᠡᠦᠭᠡᠳ ᠯᠡ ᠪᠠᠶᠢᠳᠠᠭ᠃ ᠬᠠᠨᠢ ᠪᠠᠶᠢᠵᠤ ᠴᠢᠳᠠᠳᠠᠭ ᠦᠭᠡᠢ ᠶᠤᠮ ᠪᠢᠯᠨ᠃ ᠠᠪᠤ ᠶᠢ ᠪᠠᠨ ᠪᠢ | ᠭᠤᠮᠤᠳᠠᠭᠠᠵᠤ ᠵᠤᠪᠠᠭᠠᠵᠤ ᠪᠠᠶᠢᠭ᠎ᠠ ᠦᠭᠡᠢ ᠴᠤ ᠠᠬᠠᠷ ᠱᠠᠬᠠᠷᠬᠠᠨ ᠬᠡᠶᠢᠬᠦᠯᠵᠤ ᠶᠠᠪᠤᠭᠰᠠᠨ ᠮᠢᠨᠢ ᠠᠪᠤ ᠶᠢᠨ ᠮᠢᠨᠢ | ᠨᠠᠮ᠎ᠠ ᠶᠢ ᠬᠡᠰᠡᠨ ᠬᠠᠶᠢᠷ᠎ᠠ ᠶᠢᠨ ᠲᠡᠷᠭᠡᠳᠠ ᠶᠠᠭᠤ ᠴᠤ ᠪᠢᠰᠢ᠃ ᠠᠪᠤ ᠶᠢᠨ ᠢᠶᠠᠨ ᠡᠮᠦᠨ᠎ᠠ ᠦᠬᠦᠵᠤ ᠯᠡ ᠪᠠᠶᠢᠵᠤ ︽ | ᠯᠤᠶᠢᠪᠠᠷᠳᠠᠵᠤ︾ ᠲᠠᠭᠤᠰᠬᠤ ᠠᠭᠤᠤ ᠶᠡᠭᠡ ᠦᠷᠢ ᠲᠠᠢ ᠦᠯᠡᠳᠡᠭᠰᠡᠨ᠃ ᠪᠡᠶ᠎ᠠ ᠨᠢ ᠨᠢᠭᠡ ᠶᠡᠭᠡ ᠲᠤᠷᠤᠶᠢᠳᠠᠭᠠ | ᠦᠭᠡᠢ ᠪᠠᠶᠢᠬᠤ ᠳᠠᠭᠠᠨ ᠨᠢᠭᠡ ᠦᠷᠯᠦᠭᠡ᠂ ᠮᠢᠨᠤ ᠬᠦᠤ ᠶᠢ ᠭᠤᠶᠤᠵᠤ ᠤᠷᠳᠤ ᠶᠢᠨ ᠲᠠᠭᠤᠤ ᠲᠠᠯᠪᠢᠭᠠᠳ | ᠦᠭᠬᠦᠭᠡᠴᠢ ᠬᠡᠰᠡᠨ ᠬᠡᠳᠡᠭ᠃ ᠰᠤᠨᠤᠰᠤᠭᠠᠳ ᠨᠢᠯᠪᠤᠰᠤ ᠨᠢ ᠤᠷᠤᠰᠤᠭᠠᠳ ᠪᠠᠶᠢᠭᠰᠠᠨ ᠬᠡᠵᠤ ᠬᠦᠤ ᠮᠢᠨᠢ ᠨᠠᠳᠠᠳᠤ | ᠬᠡᠯᠡᠭᠰᠡᠨ᠃ ᠤᠷᠴᠢᠯᠠᠩ ᠳᠤ ᠬᠦᠮᠦᠨ ᠶᠡᠭᠡ ᠬᠤᠷᠭᠤᠳᠠᠳᠠᠭ ᠶᠤᠮ ᠪᠢᠯᠨ᠃ ᠲᠡᠭᠡᠵᠤ ᠶᠠᠪᠤᠭᠠᠷᠠᠢ᠂ ᠢᠩᠬᠢᠵᠤ | ᠠᠮᠢᠳᠤᠷᠠᠬᠤ ᠶᠤᠰᠤᠳᠠᠢ ᠬᠡᠵᠤ ᠨᠠᠳᠠᠳᠤ ᠶᠠᠷᠢᠳᠠᠭ ᠦᠭᠡᠢ᠂ ᠰᠤᠷᠭᠠᠳᠠᠭ ᠦᠭᠡᠢ ᠪᠠᠶᠢᠭᠰᠠᠨ᠃ ᠨᠢᠭᠡ ᠤᠳᠠᠭ᠎ᠠ | ᠬᠠᠷᠢᠨ ︽ᠮᠢᠨᠤ ᠬᠦᠤ ᠴᠤ ᠰᠠᠶᠢᠨ ᠬᠦᠤ ᠯᠡ ᠳ᠋ᠧ᠃ ᠦᠷᠯᠦᠭᠡ ᠪᠤᠰᠬᠤ ᠳᠠᠭᠠᠨ ᠤᠴᠠᠭᠠᠷ ᠲᠠᠢ ᠪᠤᠰᠬᠤ ᠶᠤᠮ᠃ | ᠪᠢᠳᠡᠭᠡᠢ ᠲᠡᠭᠡᠵᠤ ᠪᠠᠢ᠂ ᠡᠳᠦᠷᠵᠢᠨ ᠠᠵᠢᠯ ᠴᠢᠨᠢ ᠪᠦᠳᠦᠬᠦ ᠦᠭᠡᠢ ᠰᠢᠤ ᠳ᠋ᠧ︾ ᠬᠡᠰᠡᠨ ᠲᠠᠭᠤ ᠪᠠᠨ | ᠦᠨᠳᠦᠷᠰᠦᠭᠡᠭᠡ ᠦᠭᠡᠢ᠂ ᠠᠭᠤᠷ ᠦᠭᠡᠢ ᠬᠡᠯᠡᠭᠰᠡᠨ ᠡᠨᠡ ᠦᠭᠡ ᠨᠠᠳᠠᠳᠤ ᠶᠠᠮᠠᠷ ᠴᠢᠩᠭ᠎ᠠ ᠪᠠᠭᠤᠭᠰᠠᠨ ᠬᠡᠵᠤ ᠰᠠᠨᠠᠨ᠎ᠠ | ᠃ ᠡᠴᠢᠭᠡ ᠬᠡᠳᠡᠭ ᠶᠡᠷᠤ ᠨᠢ ᠵᠢᠳᠬᠦᠵᠤ ᠡᠯᠡᠭᠳᠡᠳᠡᠭ ᠡᠬᠢ ᠡᠬᠦᠰᠭᠡᠯ ᠪᠤᠯᠤᠯᠳᠠᠢ ᠶᠤᠮ᠃ ᠦᠷ᠎ᠠ ᠨᠢ ᠪᠠᠭ᠎ᠠ | ᠬᠠᠶᠢᠷᠠᠯᠠᠳᠠᠭ ᠲᠠᠭᠠᠨ ᠪᠢᠰᠢ᠂ ᠬᠠᠯᠳᠠᠵᠤ ᠪᠤᠯᠳᠠᠭ ᠦᠭᠡᠢ ᠳᠡᠭᠡᠨ᠂ ᠨᠤᠤᠯᠠᠵᠤ ᠪᠤᠯᠳᠠᠭ ᠦᠭᠡᠢ ᠳᠡᠭᠡᠨ᠂ ᠨᠢᠯᠤᠭᠤᠨ | ᠪᠢᠰᠢ ᠳᠡᠭᠡᠨ᠂ ︽ᠬᠤᠯᠨ ᠶᠢᠨ ᠠᠭᠤᠯᠨ︾ ᠪᠠᠶᠢᠳᠠᠭ ᠠᠵᠠᠢ᠃ | ᠬᠦᠮᠦᠨ ᠬᠠᠯᠠᠨ ᠳᠤ ᠪᠢᠰᠢ ᠬᠠᠶᠢᠷᠠᠨ ᠳᠤ ᠬᠦᠮᠦᠨ ᠪᠤᠯᠳᠠᠭ ᠶᠤᠮ ᠪᠠᠶᠢᠨ᠎ᠠ | ᠠᠪᠤ ᠮᠢᠨᠢ ᠨᠢᠭᠡ ᠡᠳᠦᠷ ︽ᠪᠢ ᠵᠠᠶᠠᠭ᠎ᠠ ᠮᠠᠭᠤᠳᠠᠢ ᠬᠦᠮᠦᠨ ᠳ᠋ᠧ︾ ᠬᠡᠰᠡᠨ᠃ ᠦᠭᠡᠢ ᠶᠡᠷᠦ ᠨᠢ ᠶᠠᠭᠤᠨ | ᠠᠴᠠ ᠢᠩᠬᠢᠵᠤ ᠬᠡᠯᠡᠪᠡ ᠬᠡᠵᠤ ᠪᠤᠳᠤᠭᠠᠳ ᠪᠠᠶᠢᠭᠰᠠᠨ ᠴᠢᠨᠢ ᠶᠠᠩᠵᠤ ᠪᠦᠷᠢ ᠶᠢᠨ ᠬᠠᠷᠢᠭᠤ ᠭᠠᠷᠴᠤ ᠪᠠᠶᠢᠪᠠ᠃ ᠪᠢ | ᠬᠠᠷᠢᠭᠤ ᠶᠢ ᠨᠢ ᠤᠨᠤᠭᠠᠵᠤ ᠤᠯᠬᠤ ᠦᠭᠡᠢ ᠪᠤᠯᠬᠤ ᠪᠠᠷ ᠢᠶᠠᠨ ᠨᠢᠭᠡᠨᠳᠠ ᠠᠪᠤ ᠠᠴᠠ ᠪᠠᠨ ᠠᠰᠠᠭᠤᠯ᠎ᠠ᠃ ᠲᠡᠭᠡᠬᠦ ᠳᠤ | ᠠᠪᠤ ᠮᠢᠨᠢ᠄ ︽ᠬᠠᠨᠢ ᠪᠠᠨ ᠵᠠᠯᠠᠴᠢᠬᠠᠭᠰᠠᠨ ᠬᠦᠮᠦᠨ ᠶᠠᠭᠠᠬᠢᠵᠤ ᠵᠠᠶᠠᠭ᠎ᠠ ᠲᠠᠢ ᠪᠠᠶᠢᠬᠤ ᠪᠤᠢ ᠳ᠋ᠧ︾ ᠬᠡᠳ ᠶᠡᠭᠡ | ᠰᠢᠷᠦᠬᠦᠨ ᠬᠠᠷᠠᠭᠰᠠᠨ᠃ ᠪᠢ ᠨᠢᠭᠡ ᠶᠡᠭᠡ ᠰᠠᠳᠬᠢᠳᠡᠭ ᠬᠦᠮᠦᠨ ᠪᠤᠯᠬᠤ ᠬᠡᠵᠤ᠄ ︽ᠨᠢᠭᠡ ᠠᠪᠰᠠᠨ ᠳᠤ ᠬᠤᠶᠠᠷ | ᠬᠦᠮᠦᠨ ᠪᠠᠭᠳᠠᠳᠠᠭ ᠦᠭᠡᠢ ᠶᠤᠮ ᠴᠢᠨᠢ ᠳ᠋ᠧ ᠠᠪᠤ ᠮᠢᠨᠢ︾ ᠬᠡᠳ ᠬᠡᠯᠡᠭᠡᠳ ᠲᠠᠯᠪᠢᠴᠢᠬᠠᠭᠰᠠᠨ ᠴᠢᠨᠢ ᠤᠴᠠᠭᠠᠷ ᠲᠠᠢ | ᠨᠢ ᠠᠷᠭ᠎ᠠ ᠦᠭᠡᠢ᠄ ︽ᠢᠷᠠᠭᠤ ᠨᠠᠶᠢᠷᠠᠭ ᠴᠢᠨᠢ ᠠᠳᠠ ᠬᠠᠮᠢᠶ᠎ᠠ ᠦᠭᠡᠢ︾ ᠬᠡᠵᠤ ᠰᠢᠭᠤᠳ ᠭᠠᠷᠤᠭᠠᠳ | ᠠᠯᠬᠤᠴᠢᠬᠠᠭᠰᠠᠨ᠃ ᠠᠯᠳᠠᠰ ᠬᠢᠭᠰᠡᠨ ᠳᠡᠭᠡᠨ ᠪᠢ ᠦᠬᠦᠳᠡᠯ᠎ᠠ ᠬᠡᠮᠰᠢᠭᠰᠡᠨ ᠰᠢᠤ᠃ ᠡᠨᠡ ᠮᠦᠴᠨ ᠳᠤ ᠪᠢ ᠢᠷᠠᠭᠤ | ᠨᠠᠶᠢᠷᠠᠭ ᠬᠡᠷᠡᠭ ᠦᠭᠡᠢ ᠭᠠᠵᠠᠷ ᠪᠠᠶᠢᠳᠠᠭ ᠶᠤᠮ ᠪᠠᠶᠢᠨ᠎ᠠ ᠬᠡᠵᠤ ᠪᠤᠳᠤᠭᠳᠠᠵᠤ᠂ ᠱᠠᠳᠤ ᠪᠠᠷ ᠲᠤᠭᠤᠭᠰᠢ ᠪᠠᠭᠤᠵᠤ | ᠶᠠᠪᠤᠭ᠎ᠠ ᠠᠪᠤ ᠶᠢᠨ ᠮᠢᠨᠢ ᠲᠠᠶᠠᠭ ᠤᠨ ᠲᠠᠭᠤ ᠨᠢᠮᠭᠡᠨ ᠬᠠᠭᠠᠯᠭᠠᠨ ᠤ ᠴᠠᠭᠠᠨ᠎ᠠ ᠠᠴᠠ ᠰᠤᠨᠤᠰᠤᠭᠳᠠᠬᠤ ᠨᠢ ᠱᠠᠳᠤ ᠶᠢ | ᠪᠢᠰᠢ ᠮᠢᠨᠤ ᠲᠤᠯᠤᠭᠠᠢ ᠶᠢ ᠲᠤᠩᠰᠢᠭᠠᠳ ᠪᠠᠶᠢᠬᠤ ᠰᠢᠭ᠋ ᠰᠠᠨᠠᠭᠳᠠᠭᠰᠠᠨ᠃ ᠰᠦᠨᠢ ᠨᠢ ᠨᠤᠶᠢᠷ ᠬᠦᠷᠳᠡᠭ ᠦᠭᠡᠢ᠃ | ᠮᠠᠷᠭᠠᠰᠢ ᠨᠢ ᠪᠠᠭ᠎ᠠ ᠦᠳᠠ ᠶᠢᠨ ᠠᠯᠳᠠ ᠳᠤ ᠠᠪᠤ ᠮᠢᠨᠢ ᠠᠮᠢᠰᠬᠤᠭᠠᠳᠠᠭᠰᠠᠭᠠᠷ ᠤᠷᠤᠵᠤ ᠢᠷᠡᠬᠦ ᠳᠤ ᠤᠷᠤᠬᠤ | ᠪᠠᠶᠢᠬᠤ ᠭᠠᠵᠠᠷ ᠤᠯᠳᠠᠬᠤ ᠦᠭᠡᠢ ᠰᠠᠨᠠᠭᠳᠠᠭᠰᠠᠨ᠃ ᠠᠪᠤ ᠮᠢᠨᠢ ᠬᠡᠨᠡᠭ ᠦᠭᠡᠢ ᠨᠢ ᠠᠷᠭ᠎ᠠ ᠦᠭᠡᠢ᠄ ︽ᠠᠪᠤ ᠨᠢ | ᠲᠡᠳᠭᠦᠪᠤᠷᠢ ᠪᠠᠨ ᠠᠪᠤᠭᠠᠳ︾ ᠬᠡᠳ ᠨᠢᠰᠤᠨ ᠤ ᠠᠯᠴᠢᠭᠤᠷ ᠲᠠᠭᠠᠨ ᠪᠤᠭᠤᠵᠤ ᠪᠤᠭᠤᠴᠢᠬᠠᠭᠰᠠᠨ ᠬᠤᠶᠠᠷ | ᠬᠠᠶᠢᠷᠴᠠᠭ ︽BT︾ ᠲᠠᠮᠠᠬᠢ ᠭᠠᠷᠭᠠᠵᠤ ᠦᠭᠬᠦᠯ᠎ᠠ᠃ ᠲᠡᠨᠡᠭᠯᠡᠭᠰᠡᠨ ᠤ ᠪᠠᠨ ᠲᠦᠯᠦᠭᠡ ᠪᠢ ᠲᠠᠮᠠᠬᠢ ᠪᠠᠷ | ᠱᠠᠩᠨᠠᠭᠤᠯᠪᠠ᠃ ᠠᠪᠤ ᠮᠢᠨᠢ ᠲᠡᠷᠨ ᠰᠦᠨᠢ ᠪᠠᠰᠠ ᠨᠤᠶᠢᠷ ᠦᠭᠡᠢ ᠬᠤᠨᠤᠭᠰᠠᠨ ᠪᠢᠵᠠ ᠡ᠃ ᠬᠦᠮᠦᠨ ᠤ ᠠᠪᠤ ᠬᠡᠳᠡᠭ | ᠡᠶᠢᠮᠤ ᠯᠡ ᠠᠮᠢᠳᠠᠨ᠃ ᠮᠢᠨᠤ ᠬᠡᠷᠡᠭᠯᠡᠳᠡᠭ ︽ᠬᠤᠤᠷ᠎ᠠ︾᠂ ᠠᠪᠤ ᠳᠤ ᠮᠢᠨᠢ ᠲᠡᠳᠬᠦᠪᠤᠷᠢ ᠶᠢᠨ ᠬᠡᠳᠦᠨ ᠮᠦᠩᠬᠦᠨ | ᠠᠴᠠ ᠨᠢ ᠦᠨᠡᠳᠠᠢ ᠪᠠᠶᠢᠨ᠎ᠠ᠃ ᠨᠠᠮ᠎ᠠ ᠶᠢ ᠬᠠᠶᠢᠷᠠᠯᠠᠳᠠᠭ ᠬᠠᠶᠢᠷ᠎ᠠ ᠨᠢ ᠲᠡᠶᠢᠮᠤ ᠨᠠᠨᠳᠢᠨ ᠬᠡᠵᠤ ᠪᠢ ᠶᠠᠰᠤ ᠮᠢᠬᠠᠨ | ᠳᠠᠭᠠᠨ ᠰᠢᠩᠭᠡᠳᠡᠯᠠ ᠤᠬᠠᠭᠠᠷᠠᠭᠰᠠᠨ᠃ ᠲᠡᠭᠡᠭᠡᠳ ᠪᠢ ᠬᠦᠮᠦᠨ ᠬᠠᠯᠠᠨ ᠳᠤ ᠪᠢᠰᠢ᠂ ᠬᠠᠶᠢᠷᠠᠨ ᠳᠤ ᠬᠦᠮᠦᠨ ᠪᠤᠯᠳᠠᠭ | ᠶᠤᠮ ᠪᠠᠶᠢᠨ᠎ᠠ ᠬᠡᠵᠤ ᠬᠡᠳᠦᠨ ᠬᠡᠦᠭᠡᠳ ᠢᠶᠠᠨ ᠠᠪᠤ ᠰᠢᠭ᠋ ᠢᠶᠠᠨ ᠯᠡ ᠡᠷᠭᠡᠯᠡᠬᠦᠯᠵᠤ ᠦᠰᠭᠡᠭᠰᠡᠨ᠃ ᠮᠢᠨᠤ ᠪᠤᠷᠤᠭᠤ | ᠵᠦᠪ ᠤᠨ ᠳ᠋ᠦᠩ ᠤᠳᠤ ᠪᠤᠯᠳᠠᠯ᠎ᠠ ᠭᠠᠷᠤᠭ᠎ᠠ ᠦᠭᠡᠢ ᠯᠡ ᠪᠠᠶᠢᠨ᠎ᠠ᠃ | ᠲᠦᠴᠢ ᠶᠢᠰᠦᠨ ᠵᠢᠯ ᠠᠩᠬᠢᠷ ᠰᠢᠷᠭᠠᠯ ᠨᠠᠷᠠᠨ ᠲᠤᠤᠷ᠎ᠠ ᠠᠪᠤ ᠲᠠᠢ ᠪᠠᠨ ᠪᠠᠶᠢᠵᠠᠢ | ᠠᠪᠤ ᠮᠢᠨᠢ ᠲᠠᠯᠠᠨ ᠵᠢᠷᠭᠤᠭᠠᠨ ᠨᠠᠰᠤ ᠵᠤᠭᠤᠭᠯᠠᠭᠰᠠᠨ᠂ ᠬᠤᠷᠢᠨ ᠲᠤᠯᠤᠭ᠎ᠠ ᠲᠠᠢ ᠳᠤ ᠨᠢ ᠪᠢ ᠭᠠᠷᠤᠭᠰᠠᠨ | ᠬᠡᠬᠦ ᠳᠤ ᠲᠦᠴᠢ ᠶᠢᠰᠦᠨ ᠵᠢᠯ ᠠᠪᠤ ᠳᠠᠭᠠᠨ ᠡᠷᠬᠡᠯᠡᠵᠤ᠂ ᠦᠨᠦᠰᠦᠬᠦᠯᠵᠤ᠂ ᠲᠡᠨᠡᠭᠯᠡᠵᠤ ᠶᠠᠪᠤᠵᠤ ᠳ᠋ᠧ᠃ ᠦᠭᠡᠷ᠎ᠠ | ᠪᠠᠷ ᠬᠡᠯᠡᠪᠡᠯ ᠲᠦᠴᠢ ᠶᠢᠰᠦᠨ ᠵᠢᠯ ᠠᠩᠬᠢᠷ ᠰᠢᠷᠭᠠᠯ ᠨᠠᠷᠠᠨ ᠲᠤᠤᠷ᠎ᠠ ᠠᠪᠤ ᠲᠠᠢ ᠪᠠᠨ ᠪᠠᠶᠢᠵᠠᠢ᠃ ᠵᠢᠯ ᠬᠡᠳᠡᠭ | ᠬᠠᠴᠢᠨ᠂ ᠮᠢᠨᠤ ᠬᠤᠷᠢᠨ ᠲᠠᠪᠤᠨ ᠤ ᠵᠢᠯ ᠤᠷᠤᠵᠤ ᠪᠠᠶᠢᠬᠤ ᠳᠤ ᠢᠵᠢᠢ ᠦᠭᠡᠳᠠ ᠪᠤᠯᠵᠤ᠂ ᠲᠦᠴᠢ ᠶᠢᠰᠦᠨ ᠤ | ᠵᠢᠯ ᠤᠷᠤᠬᠤ ᠳᠤ ᠠᠪᠤ ᠮᠢᠨᠢ ᠦᠭᠡᠳᠠ ᠪᠤᠯᠤᠭᠰᠠᠨ ᠳ᠋ᠤᠤ᠃ ᠠᠪᠤ ᠶᠢ ᠪᠠᠨ ᠦᠭᠡᠳᠠ ᠪᠤᠯᠤᠭᠰᠠᠨ ᠠᠴᠠ ᠬᠤᠶᠢᠰᠢ 3 | ᠵᠢᠯ ᠤᠨ ᠲᠠᠷᠠᠭ᠎ᠠ ᠤᠩᠭᠤᠯᠠᠭᠰᠠᠨ ᠭᠠᠵᠠᠷ ᠢ ᠨᠢ ᠡᠷᠬᠢᠯᠡ᠃ ᠭᠠᠵᠠᠷ ᠲᠡᠭᠡᠷ᠎ᠠ ᠨᠢ ᠤᠴᠢᠬᠤ ᠳᠤ ᠰᠢᠪᠡᠷᠡᠭᠡ ᠪᠤᠷᠤᠭᠠᠨ | ᠲᠠᠢ ᠪᠤᠳᠠᠩ ᠪᠠᠭᠤᠴᠢᠬᠠᠭᠰᠠᠨ ᠪᠠᠶᠢᠭᠰᠠᠨ᠃ ᠬᠦᠯ ᠭᠠᠷ ᠤᠨ ᠬᠢᠨᠢ ᠠᠯᠢᠨ ᠤ ᠬᠢᠨᠢ ᠶᠤᠮ ᠭᠠᠭᠴᠠᠬᠠᠨ ᠭᠠᠭᠴᠠᠬᠠᠨ | ᠱᠠᠭᠠᠢ ᠶᠢᠨ ᠴᠢᠨᠡᠭᠡ ᠴᠠᠶᠢᠭᠰᠠᠨ ᠦᠶ᠎ᠠ ᠶᠢᠨ ᠶᠠᠰᠤ ᠯᠡ ᠦᠯᠡᠳᠡᠵᠠᠢ᠃ ᠪᠢ ᠬᠠᠨᠢ ᠲᠠᠢ ᠪᠠᠨ ᠬᠡᠦᠭᠡᠳ ᠤᠳ ᠲᠠᠢ | ᠪᠠᠨ ᠬᠠᠷ᠎ᠠ ᠪᠠᠭ᠎ᠠ ᠶᠢᠨ ᠨᠠᠶᠢᠵᠠ ᠬᠤᠭᠤᠷᠴᠢ᠂ ᠤᠯᠤᠰ ᠤᠨ ᠭᠠᠪᠢᠶᠠᠳᠤ ᠵᠦᠴᠦᠭᠡᠴᠢᠨ ᠢᠳᠡᠷᠪᠡᠳᠤ ᠲᠠᠢ ᠪᠠᠨ | ᠤᠴᠢᠭᠰᠠᠨ ᠶᠤᠮ᠃ ᠶᠠᠭ ᠲᠠᠯᠪᠢᠭᠰᠠᠨ ᠭᠠᠵᠠᠷ ᠤᠨ ᠬᠢᠨᠢ ᠦᠯᠮᠡᠢ ᠳᠤ ᠯ᠊ · ᠢᠳᠡᠷᠪᠡᠳᠤ ᠮᠢᠨᠢ ᠬᠤᠭᠤᠷ ᠢᠶᠠᠨ | ᠤᠳᠠᠭᠠᠨ ᠬᠡᠭᠴᠢ ᠨᠢ ᠲᠠᠳᠠᠭᠰᠠᠨ᠃ ᠬᠤᠭᠤᠷ ᠤᠨ ᠡᠬᠡᠰᠢᠭ ᠲᠤ ᠠᠭᠤᠯᠨ ᠬᠠᠳᠠ ᠦᠨᠳᠡᠶᠢᠭᠡᠳ ᠢᠷᠡᠬᠦ ᠰᠢᠭ | ᠰᠠᠨᠠᠭᠳᠠᠭᠰᠠᠨ᠃ ᠠᠪᠤ ᠮᠢᠨᠢ ᠬᠤᠭᠤᠷ ᠤᠨ ᠡᠬᠡᠰᠢᠭ ᠰᠤᠨᠤᠰᠳᠠᠭ ᠴᠤ ᠦᠭᠡᠢ ᠪᠠᠶᠢᠭ᠎ᠠ ᠳ᠋ᠠ ᠬᠡᠬᠦ ᠳᠡᠭᠡᠨ | ᠬᠤᠭᠤᠷᠳᠠᠭᠤᠯᠤᠭᠰᠠᠨ ᠬᠡᠷᠡᠭ᠃ ᠮᠤᠷᠢᠨ ᠬᠤᠭᠤᠷ ᠤᠨ ᠡᠬᠡᠰᠢᠭ ᠲᠡᠷᠨ ᠦᠨᠳᠦᠷ ᠠᠭᠤᠯᠨ ᠶᠢᠨ ᠡᠩᠭᠡᠷ ᠲᠤ | ᠪᠠᠭᠳᠠᠬᠤ ᠦᠭᠡᠢ ᠤᠷᠢᠳᠤ ᠶᠡᠭᠡ ᠬᠦᠨᠳᠡᠢ ᠶᠢ ᠲᠦᠬᠦᠷᠡᠩ ᠪᠠᠶᠢᠬᠤ ᠰᠢᠭ᠋᠃ ᠲᠡᠭᠡᠬᠦ ᠳᠤ ᠪᠢ ᠨᠢᠭᠡ ᠴᠡᠭᠡᠵᠢ ᠪᠠᠨ | ᠤᠩᠭᠤᠶᠢᠳᠠᠯ᠎ᠠ ᠤᠬᠢᠯᠠᠭᠰᠠᠨ ᠳ᠋ᠠ᠃ ᠦᠳᠡᠯᠬᠦ ᠲᠤᠰᠤᠮ ᠨᠤᠳᠤᠭ ᠬᠡᠳᠡᠭ ᠰᠠᠨᠠᠭᠳᠠᠨ᠎ᠠ᠃ ᠲᠡᠬᠡᠬᠦ ᠲᠤᠭᠠᠯᠠᠨ ᠠᠪᠤ | ᠶᠢᠨ ᠮᠢᠨᠢ ︽ᠨᠤᠳᠤᠭ ᠲᠤ ᠮᠢᠨᠢ ᠨᠠᠮ᠎ᠠ ᠶᠢ ᠲᠠᠯᠪᠢᠭᠠᠷᠠᠢ︾ ᠬᠡᠵᠤ ᠬᠢᠴᠢᠶᠡᠩᠬᠦᠶᠢᠯᠡᠨ ᠵᠠᠬᠢᠭᠰᠠᠨ ᠤᠴᠢᠷ ᠢ ᠴᠠᠭ | ᠮᠦᠴᠨ ᠲᠤᠭᠠᠯᠠᠨ ᠶᠠᠰᠤᠨ ᠳᠠᠭᠠᠨ ᠬᠠᠳᠠᠳᠠᠯ᠎ᠠ ᠤᠶᠢᠯᠠᠭᠠᠬᠤ ᠪᠤᠯᠤᠯᠳᠠᠢ᠃ ᠪᠢ ᠦᠪᠡᠷ ᠢᠶᠠᠨ ᠠᠮᠢᠷᠯᠠᠬᠤ ᠶᠢᠨ ᠴᠠᠭ | ᠲᠠᠭᠠᠨ ᠠᠩᠬᠢᠯᠠᠨ ᠲᠡᠭᠡᠳᠦᠯᠡᠵᠤ ᠨᠤᠳᠤᠭᠯᠠᠭᠤᠯᠳᠠᠭ ︽ᠠᠯᠳᠠᠨ ᠦᠯᠦᠭᠡᠢ︾ ᠳᠤ ᠠᠯᠳᠠᠷ ᠢᠶᠠᠨ ᠲᠠᠭᠠᠵᠤ ᠤᠴᠢᠬᠤ | ᠦᠭᠡᠢ᠂ ᠠᠩᠬ᠎ᠠ ᠤᠨᠠᠭᠰᠠᠨ ᠨᠤᠳᠤᠭ ᠲᠠᠭᠠᠨ ᠰᠦᠨᠡᠰᠤ ᠪᠠᠨ ᠲᠠᠭᠠᠵᠤ ᠤᠴᠢᠨ᠎ᠠ᠃ ᠠᠪᠤ ᠳᠠᠭᠠᠨ ᠤᠶᠢᠷᠠᠬᠠᠨ | ᠤᠴᠢᠨ᠎ᠠ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | |