— ︵ᠮᠤᠩᠭᠤᠯ︶ ᠪᠡ᠊ · ᠴᠤᠤᠵᠢᠴᠢᠯᠠᠭᠤᠨᠴᠡᠴᠡᠭ | | | ᠡᠪᠤᠭᠡᠨ ᠲᠡᠨᠳᠡᠪ ᠤᠨ ᠪᠡᠶ᠎ᠠ ᠮᠠᠭᠤᠳᠠᠵᠤ᠂ ︽ᠰᠡᠭᠡᠭᠡᠨ︾ ᠨᠡᠷᠡᠳᠠᠢ ᠰᠡᠵᠢᠭ ᠬᠦᠷᠦᠮᠡᠷ ᠬᠦᠢᠳᠡᠨ ᠬᠦᠨᠳᠡᠢ᠂ | ᠨᠡᠯᠦᠩᠬᠢ ᠳᠡᠭᠡᠨ ᠴᠠᠭᠠᠨ ᠦᠷᠦᠭᠡᠨ ᠳᠤ ᠠᠷᠪᠠ ᠭᠠᠷᠤᠢ ᠬᠤᠨᠤᠭ ᠬᠡᠪᠳᠡᠯᠠ᠃ ᠭᠡᠷ ᠤᠨ ᠬᠢᠨ ᠨᠢ ᠭᠠᠳᠠᠭ᠎ᠠ ᠡᠬᠦᠳᠡ | ᠮᠠᠨᠠᠵᠤ᠂ ᠨᠢᠳᠦᠨ ᠠᠴᠠ ᠪᠠᠨ ᠪᠤᠰᠤᠳ ᠢ ᠲᠠᠯᠳᠠᠯᠠᠭᠰᠠᠨ ᠶᠡᠬᠡᠮᠰᠦᠭ᠂ ᠬᠢᠮᠰᠠᠭᠠᠷ ᠡᠮᠴᠢ ᠨᠠᠷ ᠢ ᠴᠢᠷᠠᠶᠢᠴᠢᠯᠠᠵᠤ᠂ | ᠲᠡᠳᠡᠨ ᠢ ᠨᠢᠭᠡ ᠪᠤᠯ ᠠᠪᠤᠷᠠᠯ ᠤᠨ ᠡᠯᠴᠢ᠂ ᠡᠰᠡᠪᠡᠯ ᠡᠷᠯᠢᠭ ᠤᠨ ᠡᠯᠴᠢ ᠰᠢᠭ ᠯᠡ ᠪᠤᠳᠤᠵᠤ᠂ ᠭᠤᠷᠢᠳᠠᠯᠭ᠎ᠠ | ᠲᠦᠬᠦᠷᠡᠩ ᠨᠢᠳᠤ ᠪᠠᠷ ᠲᠠᠭᠠᠭᠤᠯᠵᠤ ᠬᠠᠷᠠᠭᠰᠠᠭᠠᠷ ᠠᠷᠪᠠᠨ ᠵᠢᠷᠭᠤᠭ᠎ᠠ ᠬᠤᠨᠤᠪᠠ᠃ ᠨᠢᠭᠡ ᠦᠷᠯᠦᠭᠡ ᠬᠡᠯ᠎ᠠ ᠲᠠᠢ | ᠬᠡᠯᠨ ᠦᠭᠡᠢ ᠨᠢ ᠦᠯᠤ ᠮᠡᠳᠡᠭᠳᠡᠬᠦ ᠦᠨᠳᠦᠷ ᠴᠠᠭᠠᠨ ᠬᠡᠦᠭᠡᠨ ᠬᠡᠨᠡᠳᠳᠠ ᠠᠮᠠ ᠨᠡᠭᠡᠭᠡᠵᠤ᠄ ︽ᠲᠡᠨᠳᠡᠪ ᠭᠤᠸᠠᠢ ᠶᠢᠨ | ᠠᠷᠤ ᠭᠡᠷ ᠤᠨ ᠬᠢᠨ ᠤᠷᠤᠵᠤ ᠪᠤᠯᠤᠨ᠎ᠠ︾ ᠬᠡᠮᠡᠨ ᠤᠷᠢᠶᠠᠯᠢᠭᠬᠠᠨ ᠬᠢᠷᠢ ᠨᠢ ᠨᠢᠭᠡ ᠯᠡ ᠬᠦᠨᠳᠡᠢ ᠬᠤᠭᠤᠰᠤᠨ | ᠬᠡᠯᠡᠴᠢᠭᠡᠭᠡᠳ ᠡᠬᠦᠳᠡ ᠪᠠᠨ ᠨᠡᠭᠡᠭᠡᠯᠠ᠃ ᠲᠡᠨᠳᠡᠪ ᠡᠪᠤᠭᠡᠨ ᠤ ᠪᠡᠶ᠎ᠠ ᠪᠠᠷᠤᠭᠳᠠᠶᠢᠬᠠᠨ ᠪᠠᠶᠢᠭ᠎ᠠ ᠨᠢ ᠬᠠᠷᠠᠪᠠᠰᠤ | ᠢᠯᠡᠳᠳᠠ᠃ ᠬᠦᠨᠳᠦᠷᠡᠵᠤ᠂ ᠴᠡᠯᠭᠡᠷᠡᠭᠰᠡᠨ ᠵᠤᠪᠬᠢ ᠪᠠᠨ ᠠᠷᠠᠶᠢᠬᠠᠨ ᠡᠷᠬᠦᠵᠤ᠂ ᠬᠦᠭᠡ ᠰᠤᠳᠠᠰᠤ ᠬᠦᠷᠡᠯᠵᠡᠭᠰᠡᠨ | ᠭᠠᠷ ᠢᠶᠠᠨ ᠬᠦᠳᠡᠯᠭᠡᠬᠦ ᠭᠡᠳ ᠴᠢᠳᠠᠭᠰᠠᠨ ᠦᠭᠡᠢ᠃ ᠲᠠᠪᠢᠨ ᠵᠢᠯ ᠴᠠᠢ ᠪᠠᠨ ᠬᠤᠪᠢᠶᠠᠭᠰᠠᠨ ᠡᠮᠡᠭᠡᠨ ᠢᠶᠠᠨ ᠦᠷᠤ | ᠡᠪᠡᠳᠦᠭᠰᠡᠨ ᠨᠢᠳᠤ ᠪᠠᠷ ᠬᠠᠷᠠᠵᠤ ᠪᠠᠶᠢᠭᠰᠠᠨ ᠢᠶᠠᠨ᠄ ︽ᠮᠢᠨᠤ ᠠᠵᠢᠯ ᠤᠨ ᠪᠤᠷᠤ ᠴᠦᠩᠬᠦ ᠶᠢ ᠠᠪᠤᠭᠠᠳ ᠢᠷᠡᠭᠡᠴᠢ ᠁ | ︾ ᠬᠡᠮᠡᠨ ᠲᠠᠰᠤᠯᠳᠠᠩᠭᠤᠢ ᠰᠤᠯᠠᠬᠠᠨ ᠲᠠᠭᠤ ᠪᠠᠷ ᠬᠡᠯᠡᠭᠡᠳ ᠴᠢᠮᠡᠭᠡ ᠲᠠᠰᠤᠷᠠᠴᠢᠬᠠᠪᠠ᠃ ᠬᠡᠳᠦᠨ ᠬᠡᠦᠭᠡᠳ ᠨᠢ | ᠭᠠᠶᠢᠬᠠᠵᠤ᠂ ᠮᠡᠩᠳᠡᠵᠤ᠂ ᠬᠠᠷᠢᠨ ᠲᠤᠯᠮ᠎ᠠ ᠬᠦᠭᠰᠢᠨ᠄ ︽ᠠᠯᠢᠪ ᠬᠦᠤ ᠮᠢᠨᠢ ᠲᠠᠪᠬᠢᠭᠠᠷᠠᠢ᠃ ᠵᠤᠰᠠᠯᠠᠩ ᠤᠨ | ᠠᠮᠪᠠᠷ᠎ᠠ ᠳᠤ᠂ ᠮᠢᠨᠤ ᠨᠤᠪᠰᠢ ᠬᠠᠳᠠᠭᠠᠯᠠᠳᠠᠭ ᠪᠤᠷᠤ ᠠᠪᠳᠠᠷ᠎ᠠ ᠶᠢᠨ ᠢᠷᠤᠭᠠᠯ ᠳᠤ ᠪᠠᠶᠢᠭ᠎ᠠ ᠪᠠᠶᠢᠬᠤ᠃ ᠶᠠᠭᠠᠬᠢᠪᠠ | ᠳ᠋ᠧ᠂ ᠠᠪᠤ ᠴᠢᠨᠢ ᠵᠠᠯᠠᠭᠤ ᠳᠠᠭᠠᠨ ᠯᠡ ᠡᠬᠦᠷᠴᠤ ᠶᠠᠪᠤᠳᠠᠭ ᠪᠠᠶᠢᠭᠰᠠᠨ ᠵᠢᠵᠢᠭ ᠪᠤᠷᠤ ᠴᠦᠩᠬᠦ ᠁︾ ᠬᠡᠮᠡᠨ | ᠰᠠᠨᠳᠤᠷᠴᠤ᠂ ᠪᠠᠭ᠎ᠠ ᠬᠦᠤ ᠨᠢ ᠤᠬᠤᠰᠬᠢᠨ ᠭᠠᠷᠤᠯ᠎ᠠ᠃ | ᠠᠪᠳᠠᠷ᠎ᠠ ᠶᠢᠨ ᠢᠷᠤᠭᠠᠯ ᠳᠤ ᠪᠠᠷᠤᠭ ᠬᠤᠷᠢᠭᠠᠳ ᠵᠢᠯ ᠬᠡᠪᠳᠡᠵᠤ ᠪᠠᠶᠢᠭ᠎ᠠ ᠪᠤᠷᠤ ᠴᠦᠩᠬᠦ ᠶᠢ ᠤᠯᠬᠤ ᠬᠡᠵᠤ | ᠪᠠᠭ᠎ᠠ ᠬᠦᠤ ᠴᠢᠮᠡᠬᠦᠢ ᠴᠠᠭ ᠵᠠᠷᠤᠭᠰᠠᠨ ᠤᠴᠢᠷ ᠠᠴᠠ ᠨᠡᠯᠢᠶᠡᠳ ᠠᠮᠢᠰᠬᠤᠭ᠎ᠠ ᠦᠨᠳᠦᠷ ᠲᠠᠢ ᠤᠷᠤᠵᠤ ᠢᠷᠡᠪᠡ᠃ | ︽ᠬᠦᠭᠰᠢᠨ ᠡ᠂ ᠴᠦᠩᠬᠦ ᠶᠢ ᠴᠢᠨᠢ ᠠᠪᠤᠭᠠᠳ ᠢᠷᠡᠯ᠎ᠠ︾ ᠬᠡᠵᠤ ᠲᠤᠯᠮ᠎ᠠ ᠬᠦᠭᠰᠢᠨ ᠢ ᠨᠠᠮᠤᠭᠤᠬᠠᠨ ᠲᠠᠭᠤᠳᠠᠬᠤ | ᠳᠤ ᠲᠡᠨᠳᠡᠪ ᠠᠩᠬ᠎ᠠ ᠤᠳᠠᠭ᠎ᠠ ᠯᠡ ᠬᠦᠭᠰᠢᠨ ᠢᠶᠠᠨ ᠬᠠᠷᠠᠵᠤ ᠪᠠᠶᠢᠭ᠎ᠠ ᠶᠤᠮ ᠰᠢᠭ᠋ ᠲᠤᠮᠤ ᠬᠠᠷᠠᠭᠰᠠᠨ ᠢᠶᠠᠨ ᠴᠦᠩᠬᠦ | ᠪᠠᠨ ᠠᠭᠤᠳᠠᠯᠠ ᠬᠡᠮᠡᠨ ᠭᠠᠷ ᠢᠶᠠᠷ ᠢᠶᠠᠨ ᠵᠠᠩᠭᠠᠬᠤ ᠨᠢ ᠲᠡᠷᠨ᠃ ᠲᠦᠷᠪᠡᠨ ᠬᠡᠦᠭᠡᠳ᠂ ᠭᠤᠷᠪᠠᠨ ᠪᠡᠷᠢ᠂ ᠪᠠᠰᠠ | ᠲᠤᠯᠮ᠎ᠠ ᠬᠦᠭᠰᠢᠨ ᠤᠶᠤᠳᠠᠯ ᠢᠶᠠᠷ ᠢᠶᠠᠨ ᠬᠠᠩᠵᠠᠷᠠᠵᠤ᠂ ᠲᠤᠭᠤᠰᠤ ᠰᠢᠷᠤᠢ ᠳᠤ ᠲᠠᠷᠤᠭᠳᠠᠨ ᠪᠤᠳᠤᠭ ᠨᠢ | ᠬᠠᠯᠴᠠᠷᠠᠭᠰᠠᠨ ᠬᠠᠭᠤᠴᠢᠨ ᠪᠤᠷᠤ ᠴᠦᠩᠬᠦ ᠶᠢ ᠨᠢᠳᠤ ᠰᠠᠯᠭᠠᠯ ᠦᠭᠡᠢ ᠬᠠᠷᠠᠵᠤ᠂ ᠴᠤᠬᠤᠮ ᠶᠠᠭᠤ ᠭᠠᠷᠴᠤ ᠢᠷᠡᠬᠦ ᠶᠢ | ᠲᠡᠰᠴᠤ ᠶᠠᠳᠠᠨ ᠬᠦᠯᠢᠶᠡᠵᠤ ᠪᠠᠶᠢᠯ᠎ᠠ᠃ ᠲᠡᠨᠳᠡᠪ ᠡᠪᠤᠭᠡᠨ ᠪᠦᠬᠦᠶᠢᠯᠨ ᠨᠠᠰᠤ ᠪᠠᠷ ᠢᠶᠠᠨ ᠠᠶᠢᠮᠠᠭ ᠤᠨ ᠰᠢᠤᠳᠠᠨ | ᠬᠤᠯᠪᠤᠭᠠᠨ ᠳᠤ ᠠᠵᠢᠯᠯᠠᠵᠤ᠂ ᠲᠡᠳᠬᠦᠪᠤᠷᠢ ᠳᠡᠭᠡᠨ ᠭᠠᠷᠬᠤ ᠠᠴᠠ ᠡᠮᠦᠨ᠎ᠠ ᠡᠨᠡ ᠪᠤᠷᠤ ᠴᠦᠩᠬᠦ ᠶᠢ ᠡᠬᠦᠷᠴᠢᠭᠡᠭᠡᠳ | ᠬᠡᠳᠦᠨ ᠵᠢᠯ ᠰᠢᠷᠤᠢ ᠮᠠᠨᠠᠷᠠᠭᠠᠨ ᠪᠢᠴᠢᠭ ᠴᠠᠭᠠᠰᠤ ᠵᠦᠭᠡᠭᠡᠭᠰᠡᠨ ᠨᠢᠭᠡᠨ᠃ ᠬᠤᠷᠢᠶᠠᠵᠤ ᠬᠤᠮᠢᠭᠰᠠᠨ ᠡᠳ᠋ ᠵᠦᠢᠯ ᠭᠡᠬᠦ | ᠪᠠᠷ ᠶᠠᠭᠤᠮ᠎ᠠ ᠪᠠᠶᠢᠬᠤ ᠦᠭᠡᠢ ᠶᠢ ᠲᠤᠮᠤ ᠬᠦᠤ᠂ ᠬᠦᠭᠰᠢᠨ ᠬᠤᠶᠠᠷ ᠨᠢ ᠯᠡ ᠰᠠᠶᠢᠨ ᠮᠡᠳᠡᠵᠤ ᠪᠠᠶᠢᠯ᠎ᠠ᠃ ᠬᠠᠷᠢᠨ | ᠪᠤᠰᠤᠳ ᠨᠢ ᠲᠡᠷᠨ ᠵᠢᠵᠢᠭᠭᠡᠨ ᠨᠠᠪᠰᠠᠭᠠᠷ ᠴᠦᠩᠬᠦᠨ ᠠᠴᠠ ᠠᠯᠳᠠ ᠡᠷᠳᠡᠨᠢᠰ ᠭᠠᠷᠬᠤ ᠶᠤᠮ ᠰᠢᠭ᠋ ᠯᠡ ᠠᠮᠠ ᠪᠠᠨ | ᠠᠩᠭᠠᠶᠢᠨ ᠬᠠᠷᠠᠵᠤ᠂ ᠪᠡᠶ᠎ᠠ ᠪᠡᠶ᠎ᠠ ᠶᠢ ᠪᠠᠨ ᠲᠦᠯᠬᠢᠨ ᠡᠪᠤᠭᠡᠨ ᠤᠷᠤᠭᠤ ᠤᠯᠠᠮ ᠤᠶᠢᠷᠠᠳᠤᠪᠠ᠃ ᠲᠤᠯᠮ᠎ᠠ ᠬᠦᠭᠰᠢᠨ | ᠪᠤᠷᠤ ᠴᠦᠩᠬᠦ ᠶᠢ ᠤᠬᠤᠵᠤ ᠤᠬᠤᠵᠤ᠂ ᠰᠤᠨᠢᠨ ᠳᠤ ᠪᠤᠭᠤᠵᠤ᠂ ᠭᠠᠳᠠᠭᠤᠷ ᠨᠢ ᠬᠢᠯᠠᠭᠠᠷ ᠤᠭᠤᠳᠠᠨ ᠳᠤ | ᠰᠠᠪᠠᠯᠠᠭᠰᠠᠨ ᠴᠠᠭᠠᠰᠤ ᠭᠠᠷᠭᠠᠵᠤ ᠢᠷᠡᠪᠡ᠃ ᠲᠡᠨᠳᠡᠪ ᠡᠪᠤᠭᠡᠨ᠄ ︽ᠨᠠᠭᠠᠳᠤ ᠵᠠᠬᠢᠶ᠎ᠠ ᠪᠠᠨ ᠵᠠᠳᠠᠯᠤᠭᠠᠳ ᠤᠩᠰᠢᠭᠠᠳ | ᠦᠭᠬᠦᠭᠡᠴᠢ︾ ᠬᠡᠮᠡᠨ ᠲᠤᠮᠤ ᠬᠦᠤ ᠤᠷᠤᠭᠤ ᠪᠠᠨ ᠭᠤᠶᠤᠭᠰᠠᠨ ᠬᠠᠷᠠᠴᠨ ᠪᠠᠷ ᠬᠠᠷᠠᠵᠤ ᠬᠡᠯᠡᠬᠦ ᠨᠢ ᠲᠡᠷᠨ᠃ ᠤᠯᠠᠨ | ᠲᠠᠪᠬᠤᠷ ᠴᠠᠭᠠᠰᠤᠨ ᠳᠤ ᠪᠤᠭᠤᠭᠰᠠᠨ᠂ ᠪᠤᠯᠤᠩ ᠨᠢ ᠬᠦᠷᠳᠡᠯ᠎ᠠ ᠡᠯᠡᠭᠳᠡᠴᠢᠭᠡᠭᠰᠡᠨ ᠴᠡᠩᠭᠡᠷ ᠲᠤᠭᠳᠤᠢ᠃ ᠲᠤᠮᠤ ᠬᠦᠤ | ᠵᠠᠬᠢᠳᠠᠯ ᠤᠨ ᠬᠠᠶ᠋ᠢᠭ ᠢ ᠬᠠᠷᠠᠭᠠᠳ ᠰᠤᠴᠢᠨ᠂ ᠪᠤᠨᠳᠤᠭᠤᠰᠬᠢᠪᠡ᠃ ᠲᠡᠷᠨ ᠵᠠᠬᠢᠳᠠᠯ ᠤᠨ ᠪᠤᠯᠤᠩ ᠳᠤ ︽ᠳ᠋ᠧᠪᠡᠵᠠᠨ | ᠳᠤ ᠪᠠᠶᠢᠭ᠎ᠠ ᠮᠢᠨᠤ ᠡᠵᠢ ᠳᠤ︾ ᠬᠡᠵᠤ ᠶᠡᠭᠡ ᠯᠡ ᠬᠢᠴᠢᠶᠡᠩᠬᠦᠶᠢᠯᠡᠨ ᠪᠢᠴᠢᠭᠰᠡᠨ ᠪᠠᠶᠢᠯ᠎ᠠ᠃ ᠰᠤᠨᠢᠨ ᠬᠠᠶ᠋ᠢᠭ ᠲᠠᠢ | ᠵᠠᠬᠢᠶ᠎ᠠ ᠶᠢ ᠵᠠᠳᠠᠯᠤᠯ᠎ᠠ᠃ ᠤᠯᠠᠨ ᠵᠢᠯ ᠬᠤᠷᠠᠯ ᠤᠨ ᠲᠠᠷᠤᠭ᠎ᠠ ᠬᠢᠭᠰᠡᠨ ᠡᠷ᠎ᠠ ᠲᠤᠩ ᠡᠪ ᠬᠠᠪᠤ ᠮᠠᠭᠤᠳᠠᠶᠢᠬᠠᠨ ᠢᠶᠠᠷ᠄ | ︽ᠰᠠᠶᠢᠨ ᠪᠠᠶᠢᠨ᠎ᠠ ᠦᠦ ᠡᠵᠢ ᠡ︖ ᠨᠠᠮᠤᠷ ᠤᠨ ᠰᠢᠷ᠎ᠠ ᠡᠳᠦᠷ ᠤᠳ ᠨᠠᠪᠴᠢᠰ ᠤᠨ ᠶᠤᠤᠯᠠᠬᠤ ᠲᠠᠭᠤ ᠲᠠᠢ ᠬᠠᠮᠳᠤ | ᠦᠩᠭᠡᠷᠡᠵᠤ ᠪᠠᠶᠢᠨ᠎ᠠ᠃ ᠨᠠᠷᠠᠨ ᠤ ᠢᠯᠴᠢ ᠬᠠᠷᠢᠭᠰᠠᠨ ᠡᠨᠡ ᠰᠢᠷ᠎ᠠ ᠡᠳᠦᠷ ᠤᠳ ᠰᠡᠳᠬᠢᠯ ᠰᠡᠮᠡᠯᠡᠭᠡᠳ᠂ ᠬᠤᠯᠨ | ᠶᠠᠪᠤᠭᠰᠠᠨ ᠲᠠᠨ ᠢ ᠰᠠᠨᠠᠭᠠᠳ ᠭᠠᠭᠴᠠᠭᠠᠷᠳᠠᠵᠤ ᠪᠠᠶᠢᠨ᠎ᠠ᠃ ᠡᠬᠡ ᠭᠠᠵᠠᠷ ᠤᠨ ᠵᠦᠭᠡᠯᠡᠨ ᠬᠦᠷᠦᠰᠤ᠂ ᠨᠠᠷᠠ ᠬᠤᠷ᠎ᠠ | ᠳᠤ ᠤᠬᠢᠶᠠᠭᠳᠠᠵᠤ᠂ ᠡᠷᠬᠢᠬᠦ ᠲᠦᠷᠪᠡᠨ ᠴᠠᠭ ᠪᠡᠶ᠎ᠠ ᠪᠡᠶ᠎ᠡ ᠪᠠᠨ ᠲᠡᠷᠡᠯᠡᠨ ᠵᠡᠬᠦᠷᠮᠡᠭᠯᠡᠵᠤ᠂ ᠬᠤᠷᠸ᠎ᠠ ᠲᠡᠯᠡᠭᠡᠢ ᠪᠠᠶᠢᠳᠠᠭ | ᠢᠶᠠᠷ ᠢᠶᠠᠨ ᠡᠷᠬᠢᠵᠤ ᠪᠠᠶᠢᠭ᠎ᠠ ᠴᠦ ᠬᠦᠭᠡᠷᠦᠬᠦᠢ ᠳ᠋ᠧ᠂ ᠲᠡᠨᠡᠭ ᠬᠡᠨᠡᠭᠡᠨ ᠦᠬᠢᠨ ᠤ ᠲᠠᠨᠢ ᠰᠡᠳᠬᠢᠯ ᠳᠤ ᠡᠪᠤᠯ ᠤᠨ | ᠵᠢᠪᠠᠷ ᠬᠤᠷᠭᠠᠴᠢᠬᠠᠭᠠᠳ ᠰᠠᠯᠬᠤ ᠦᠭᠡᠢ ᠪᠠᠶᠢᠨ᠎ᠠ᠃ ᠲᠡᠯᠡᠭᠡᠢ ᠶᠠᠮᠠᠷ ᠲᠠᠭᠠᠭᠠᠬᠤ ᠦᠭᠡᠢ ᠬᠡᠰᠡᠨ ᠪᠢᠰᠢ ᠳ᠋ᠧ᠃ | ᠲᠡᠷᠭᠡᠳᠠ ᠮᠢᠨᠢ ᠰᠠᠭᠤᠵᠤ᠂ ᠵᠢᠭᠠᠬᠠᠨ ᠴᠦ ᠬᠡᠰᠡᠨ ᠠᠮᠠᠷᠠᠬᠤ ᠦᠭᠡᠢ ᠶᠠᠭᠠᠬᠢᠭᠰᠠᠨ ᠶᠤᠮ᠃ ᠦᠭᠡᠳᠠ ᠦᠭᠡᠢ ᠡᠨᠡ | ᠤᠷᠴᠢᠯᠠᠩ ᠲᠡᠭᠡᠷ᠎ᠠ ᠮᠢᠩᠭ᠎ᠠ ᠮᠢᠩᠭᠠᠨ ᠬᠦᠮᠦᠰ ᠦᠷ᠎ᠠ ᠠᠪᠤᠯᠭ᠎ᠠ ᠪᠠᠨ ᠨᠡᠭᠡᠵᠤ ᠠᠮᠢᠳᠤᠷᠠᠭᠠᠳ ᠯᠡ ᠪᠠᠶᠢᠬᠤ ᠳᠤ | ᠦᠭᠡᠳᠡᠰᠬᠡᠨ ᠵᠢᠭᠠᠬᠠᠨ ᠦᠬᠢᠨ ᠳᠤ ᠪᠠᠨ ᠠᠴᠢ ᠶᠢ ᠲᠠᠨᠢ ᠬᠠᠷᠢᠭᠤᠯᠵᠤ ᠪᠠᠶᠠᠷᠯᠠᠭᠤᠯᠬᠤ ᠡᠳᠦᠷ ᠬᠤᠨᠤᠭ ᠵᠢᠭᠠᠬᠠᠨ | ᠴᠦ ᠬᠡᠰᠡᠨ ᠦᠯᠡᠳᠡᠭᠡᠬᠦ ᠦᠭᠡᠢ ᠶᠠᠭᠠᠬᠢᠭᠰᠠᠨ ᠶᠤᠮ᠃︾ ᠬᠡᠮᠡᠨ ᠤᠩᠰᠢᠭᠠᠳ ᠨᠢᠯᠪᠤᠰᠤ ᠪᠠᠨ ᠠᠷᠴᠢᠨ ᠠᠪᠤ | ᠤᠷᠤᠭᠤ ᠪᠠᠨ ᠵᠤᠷᠢᠭ ᠮᠠᠭᠤᠳᠠᠶᠢᠬᠠᠨ ᠬᠠᠷᠠᠪᠠ᠃ ᠡᠪᠤᠭᠡᠨ ᠲᠡᠨᠳᠡᠪ ᠨᠢᠳᠤ ᠪᠠᠨ ᠴᠤ ᠨᠡᠭᠡᠭᠡᠭᠰᠡᠨ ᠦᠭᠡᠢ᠃ ︽ | ᠴᠢᠨᠠᠭᠰᠢ ᠤᠩᠰᠢ︾ ᠬᠡᠵᠤ ᠪᠠᠶᠢᠭ᠎ᠠ ᠪᠤᠯᠤᠯᠳᠠᠢ ᠲᠤᠯᠤᠭᠠᠢ ᠪᠠᠨ ᠲᠤᠬᠢᠬᠤ ᠨᠢ ᠲᠡᠷᠨ᠃ ᠬᠦᠤ ᠨᠢ ᠤᠩᠰᠢᠬᠤ | ᠬᠡᠰᠡᠨ ᠴᠤ ᠬᠤᠭᠤᠯᠠᠢ ᠨᠢ ᠴᠡᠴᠡᠷᠡᠵᠤ᠂ ᠭᠠᠷ ᠨᠢ ᠰᠠᠯᠭᠠᠯᠠᠭᠠᠳ ᠲᠤᠩ ᠶᠡᠭᠡ ᠰᠠᠨᠳᠤᠷᠴᠤ ᠪᠠᠶᠢᠭ᠎ᠠ ᠨᠢ ᠢᠯᠡᠳᠳᠠ᠃ | ︽ᠴᠡᠭᠡᠵᠢᠨ ᠳᠤ ᠪᠦᠭᠡᠮ ᠭᠤᠨᠢᠭ᠂ ᠪᠠᠰᠠ ᠪᠦᠭᠡᠮ ᠭᠤᠮᠤᠳᠠᠯ ᠦᠶᠡᠷᠯᠡᠭᠡᠳ ᠪᠠᠶᠢᠭ᠎ᠠ ᠴᠦ ᠴᠤᠷᠢ ᠶᠢᠨ | ᠭᠠᠭᠴᠠᠬᠠᠨ ᠤᠳᠠᠭ᠎ᠠ ᠪᠢᠴᠢᠬᠦ ᠡᠨᠡ ᠵᠠᠬᠢᠳᠠᠯ ᠢ ᠲᠠᠭᠤᠰᠬᠠᠮᠠᠷ ᠦᠭᠡᠢ ᠪᠠᠶᠢᠨ᠎ᠠ᠃ ᠠᠮᠢ ᠠᠴᠠ ᠪᠠᠨ ᠠᠮᠢ ᠲᠠᠰᠤᠯᠵᠤ | ᠤᠷᠭᠤᠭᠤᠯᠤᠭᠰᠠᠨ᠂ ᠴᠡᠭᠡᠵᠢᠨ ᠠᠴᠠ ᠪᠠᠨ ᠰᠦ ᠨᠡᠷᠡᠵᠤ ᠠᠮᠢᠯᠠᠭᠤᠯᠤᠭᠰᠠᠨ ᠴᠡᠴᠡᠭ ᠤᠨ ᠲᠠᠪᠤᠨ ᠢᠯᠳᠡᠰᠤ ᠰᠢᠭ᠋ | ᠦᠷᠡᠰ ᠲᠠᠨᠢ ᠰᠠᠶᠢᠨ ᠪᠠᠶᠢᠭ᠎ᠠ᠃ ᠡᠵᠢ ᠪᠠᠨ ᠰᠠᠨᠠᠳᠠᠭ ᠴᠤᠷᠢ ᠶᠢᠨ ᠭᠠᠭᠴᠨ ᠵᠤᠪᠠᠯᠠᠩ ᠲᠠᠢ᠂ ᠡᠬᠡ ᠬᠦᠮᠦᠨ ᠤ | ᠡᠩᠬᠦᠷᠡᠶᠢᠯᠠᠯ ᠬᠠᠶᠢᠷ᠎ᠠ ᠠᠴᠠ ᠦᠭᠡᠷ᠎ᠠ ᠲᠤᠳᠠᠭᠳᠠᠬᠤ ᠵᠦᠢᠯ ᠦᠭᠡᠢ ᠠᠮᠤᠭᠤᠯᠠᠩ ᠪᠠᠶᠢᠭ᠎ᠠ᠃ ᠡᠩᠭᠡᠷ ᠲᠠᠨᠢ ᠵᠡᠬᠦᠭᠳᠡᠬᠦ | ᠪᠠᠷ ᠢᠶᠠᠨ ᠦᠩᠭᠡ ᠤᠷᠤᠨ ᠬᠢᠯᠠᠯᠵᠠᠳᠠᠭ᠂ ᠡᠷᠭᠡᠯᠡᠵᠤ᠂ ᠨᠢᠯᠬᠠᠷᠠᠵᠤ᠂ ᠰᠢᠬᠢᠷ ᠰᠢᠭ ᠬᠠᠶᠢᠷᠠᠨ ᠳᠤ ᠲᠠᠨᠢ ᠲᠡᠪᠳᠦᠳᠡᠭ | ᠂ ᠡᠷᠭᠡ ᠲᠦᠷᠪᠡᠨ ᠵᠢᠭᠡ ᠲᠠᠨᠢ ᠡᠳᠦᠷ ᠤᠨ ᠤᠷᠳᠤ ᠳᠤ ᠦᠰᠴᠤ᠂ ᠰᠦᠨᠢ ᠶᠢᠨ ᠤᠷᠳᠤ ᠳᠤ ᠦᠨᠳᠦᠷ ᠪᠤᠯᠵᠤ | ᠪᠠᠶᠢᠭ᠎ᠠ᠃ ᠰᠠᠨᠠᠭ᠎ᠠ ᠵᠤᠪᠠᠭ᠋ᠤ ᠬᠡᠷᠡᠭ ᠦᠭᠡᠢ ᠳ᠋ᠧ᠃ ᠮᠢᠨᠤ ᠵᠢᠭᠠᠬᠠᠨ ᠡᠵᠢ᠃ ᠲᠠᠨ ᠤ ᠤᠷᠤᠰᠢᠨ ᠪᠠᠶᠢᠭ᠎ᠠ ᠮᠢᠨᠤ | ᠮᠡᠳᠡᠬᠦ ᠦᠭᠡᠢ ᠲᠡᠷᠨ ᠤᠷᠤᠨ ᠵᠠᠢ ᠲᠤᠷᠭ᠎ᠠ ᠮᠡᠳᠤ ᠵᠦᠭᠡᠯᠡᠭᠡᠨ᠂ ᠡᠬᠡ ᠶᠢᠨ ᠬᠡᠪᠡᠯᠢ ᠰᠢᠭ ᠲᠤᠯᠠᠭᠠᠬᠠᠨ᠃ ᠲᠡᠨᠳᠡᠬᠢ | ᠶᠢᠨ ᠬᠦᠮᠦᠰ ᠬᠡᠷᠡᠬᠦᠯ ᠲᠡᠮᠡᠴᠡᠯ᠂ ᠬᠤᠪ ᠵᠢᠪ ᠦᠭᠡᠢ ᠠᠮᠤᠷ ᠠᠮᠤᠭᠤᠯᠠᠩ᠃ ᠲᠡᠷᠨ ᠭᠠᠵᠠᠷ ᠬᠠᠭᠠᠨ ᠤ ᠬᠠᠷᠰᠢ ᠰᠢᠭ᠋ | ᠡᠷᠬᠢᠮᠰᠦᠭ ᠲᠠᠩᠰᠤᠭ᠂ ᠬᠡᠵᠢᠶ᠎ᠠ ᠴᠦ ᠲᠤᠳᠠᠭᠳᠠᠬᠤ ᠭᠠᠴᠢᠭᠳᠠᠬᠤ ᠶᠢᠨ ᠵᠤᠪᠠᠯᠠᠩ ᠦᠭᠡᠢ ᠡᠯᠪᠡᠭ ᠲᠡᠯᠪᠡᠭ ᠪᠠᠶᠢᠭ᠎ᠠ | ᠬᠡᠳᠡᠭ ᠲᠤ ᠢᠳᠡᠭᠡᠵᠤ ᠪᠠᠶᠢᠨ᠎ᠠ᠃ ᠦᠨᠢ ᠮᠦᠩᠭᠡ ᠶᠢᠨ ᠠᠮᠤᠷ ᠠᠮᠤᠭᠤᠯᠠᠩ ᠲᠡᠷᠨ ᠨᠤᠳᠤᠭ ᠲᠤ ᠦᠷᠡᠰ ᠢᠶᠠᠨ ᠴᠤ | ᠰᠠᠨᠠᠬᠤ ᠵᠤᠪᠠᠯᠠᠩ ᠦᠭᠡᠢ ᠲᠠᠶᠢᠪᠤᠩ ᠰᠠᠭᠤᠭᠠᠷᠠᠢ ᠮᠢᠨᠤ ᠵᠢᠭᠠᠬᠠᠨ ᠡᠵᠢ︕ ᠬᠤᠷᠸ᠎ᠠ ᠶᠢᠨ ᠶᠠᠭᠤᠮ᠎ᠠ ᠪᠦᠬᠦᠨ | ᠮᠠᠷᠳᠠᠭᠳᠠᠵᠤ᠂ ᠬᠠᠭᠤᠴᠢᠷᠠᠵᠤ ᠡᠯᠡᠳᠡᠭ ᠴᠤ ᠬᠡᠰᠡᠨ ᠬᠦᠭᠡᠷᠦᠬᠦᠢ ᠬᠦᠮᠦᠨ ᠤ ᠦᠷ᠎ᠠ ᠡᠵᠢ ᠪᠠᠨ ᠯᠡ ᠬᠡᠵᠢᠶ᠎ᠠ ᠴᠦ | ᠮᠠᠷᠳᠠᠵᠤ ᠴᠢᠳᠠᠳᠠᠭ ᠦᠭᠡᠢ ᠶᠤᠮ ᠪᠠᠶᠢᠨ᠎ᠠ᠃ ᠬᠡᠵᠢᠶ᠎ᠠ ᠨᠢᠭᠡᠨ ᠴᠠᠭ ᠲᠤ ᠲᠠ ᠪᠤᠷᠬᠠᠨ ᠲᠠᠢ ᠠᠭᠤᠯᠵᠠᠬᠤ ᠶᠤᠮ ᠪᠤᠯ | ᠂ ᠬᠡᠷᠡᠭ ᠪᠤᠯᠭᠠᠵᠤ ᠭᠠᠭᠴᠠᠬᠠᠨ ᠵᠦᠢᠯ ᠢ ᠯᠡ ᠭᠤᠶᠤᠭᠠᠷᠠᠢ᠃ ︿ᠦᠷᠡᠰ ᠢ ᠡᠵᠢ ᠠᠴᠠ ᠨᠢ ᠰᠠᠯᠭᠠᠬᠤ ᠳᠠᠭᠠᠨ | ᠦᠷᠦᠪᠳᠡᠵᠤ ᠬᠠᠶᠢᠷᠠᠯᠠᠭᠠᠴᠢ﹀ ᠬᠡᠵᠤ ᠬᠡᠯᠡᠵᠤ ᠪᠠᠶᠢᠨ᠎ᠠ ᠬᠡᠳᠡᠭ ᠢ ᠮᠢᠨᠢ ᠲᠠᠮᠵᠢᠭᠤᠯᠵᠤ ᠦᠭᠬᠦᠭᠡᠷᠡᠢ᠃ ᠪᠦᠭᠡᠷ᠎ᠠ | ᠠᠯᠠᠭ ᠲᠡᠯᠡᠭᠡᠢ ᠳᠤ ᠠᠮᠢ ᠲᠠᠢ ᠪᠦᠬᠦᠨ ᠡᠵᠢ ᠲᠠᠢ᠃ ᠪᠦᠬᠦᠶᠢᠯᠨ ᠬᠦᠮᠦᠨ ᠤ ᠡᠮᠦᠨ᠎ᠠ ᠠᠴᠠ ᠭᠤᠶᠤᠵᠤ ᠪᠠᠶᠢᠨ᠎ᠠ | ᠬᠡᠳᠡᠭ ᠢ ᠮᠢᠨᠢ ᠲᠠᠮᠵᠢᠭᠤᠯᠤᠭᠠᠷᠠᠢ᠃ ︿ᠦᠩᠭᠡ ᠮᠦᠩᠬᠦ ᠶᠢᠨ ᠡᠨᠡ ᠬᠤᠷᠸ᠎ᠠ ᠲᠡᠭᠡᠷ᠎ᠠ ᠦᠴᠢᠨᠡᠨ ᠲᠡᠷᠪᠤᠮ ᠬᠦᠮᠦᠨ | ᠴᠢᠬᠢᠯᠳᠦᠨ ᠠᠮᠢᠳᠤᠷᠠᠳᠠᠭ ᠴᠦ ᠦᠪᠡᠷ ᠤᠨ ᠮᠢᠨᠢ ᠡᠵᠢ ᠠᠴᠠ ᠦᠭᠡᠷ᠎ᠠ ᠡᠨᠡᠷᠢᠯᠳᠠᠢ ᠬᠦᠮᠦᠨ ᠠᠯᠠᠭ᠎ᠠ᠃ ᠬᠠᠯᠠ | ᠬᠠᠶᠢᠷ᠎ᠠ ᠲᠦᠬᠦᠷᠡᠩ ᠤᠷᠴᠢᠯᠠᠩ ᠲᠡᠩᠳᠡᠬᠦᠤ ᠬᠠᠭᠤᠷᠮᠠᠴᠢ᠂ ᠬᠠᠶᠢᠷᠠᠳᠠᠢ ᠡᠵᠢ ᠰᠢᠭ ᠮᠢᠨᠢ ᠦᠨᠡᠨᠴᠢ ᠬᠦᠮᠦᠨ ᠪᠠᠶᠢᠬᠤ | ᠦᠭᠡᠢ ᠪᠠᠶᠢᠨ᠎ᠠ﹀ ᠬᠡᠵᠤ ᠬᠠᠭᠠᠴᠠᠯ ᠤᠨ ᠰᠡᠬᠦᠳᠡᠷ ᠲᠤ ᠲᠠᠭᠠᠷᠢᠭᠤᠯᠤᠭᠰᠠᠨ ᠰᠠᠶ᠎ᠠ ᠰᠠᠶ᠎ᠠ ᠬᠦᠮᠦᠨ ᠤᠬᠢᠯᠠᠵᠤ ᠪᠠᠶᠢᠨ᠎ᠠ | ᠬᠡᠵᠤ ᠦᠷᠦᠪᠳᠡᠬᠦ ᠶᠢ ᠮᠡᠳᠡᠬᠦ ᠦᠭᠡᠢ ᠲᠡᠷᠨ ᠪᠤᠷᠬᠠᠨ ᠳᠤ ᠬᠡᠯᠡᠭᠡᠳ ᠦᠭᠬᠦᠭᠡᠴᠢ ᠡᠵᠢ ᠡ︕ ᠦᠪᠡᠷ ᠠᠴᠠ ᠮᠢᠨᠢ | ᠦᠭᠡᠷ᠎ᠠ ᠬᠦᠮᠦᠨ ᠤ ᠦᠷ᠎ᠠ ᠡᠵᠢ ᠠᠴᠠ ᠪᠠᠨ ᠪᠢᠳᠡᠭᠡᠢ ᠬᠠᠭᠠᠴᠠᠭᠠᠰᠠᠢ ᠬᠡᠰᠡᠨ ᠳᠡᠭᠡᠨ᠂ ᠦᠨᠦᠴᠢᠨ ᠲᠡᠷᠡᠰᠦᠨ ᠤ | ᠪᠤᠳᠠᠨ ᠳᠤ ᠬᠦᠷᠳᠡᠯ᠎ᠠ ᠨᠢᠭᠤᠭᠳᠠᠵᠤ ᠠᠮᠢᠳᠤᠷᠠᠳᠠᠭ ᠡᠷᠡᠬᠡᠢ ᠶᠢᠨ ᠴᠢᠨᠡᠭᠡ ᠲᠠᠤᠯᠠᠢ ᠶᠢᠨ ᠪᠦᠵᠦᠩ ᠴᠤ ᠡᠵᠢ ᠲᠠᠢ | ᠪᠠᠨ ᠬᠠᠮᠳᠤ ᠪᠠᠶᠢᠭ ᠬᠡᠰᠡᠨ ᠳᠡᠭᠡᠨ ᠡᠨᠡᠬᠦ ᠵᠠᠬᠢᠳᠠᠯ ᠢ ᠢᠯᠡᠭᠡᠵᠤ ᠪᠠᠶᠢᠨ᠎ᠠ᠃ 1981 ᠤᠨ ᠤ 12 ᠰᠠᠷ᠎ᠠ ᠶᠢᠨ 23 | ᠃︾ ᠬᠡᠮᠡᠨ ᠪᠢᠴᠢᠭᠰᠡᠨ ᠪᠠᠶᠢᠯ᠎ᠠ᠃ ᠵᠠᠬᠢᠳᠠᠯ ᠢ ᠤᠩᠰᠢᠵᠤ ᠲᠠᠭᠤᠰᠬᠤ ᠳᠤ ᠪᠦᠬᠦ ᠬᠦᠮᠦᠨ ᠤ ᠨᠢᠳᠤ ᠴᠢᠬᠢᠭᠳᠡᠢ᠃ | ᠡᠪᠤᠭᠡᠨ ᠲᠡᠨᠳᠡᠪ ᠵᠠᠬᠢᠶᠠᠨ ᠤ ᠦᠭᠡ ᠪᠦᠷᠢ ᠶᠢ ᠦᠪᠡᠷ ᠲᠡᠭᠡᠨ ᠰᠢᠩᠭᠡᠭᠡᠵᠤ ᠠᠪᠤᠭᠰᠠᠨ ᠶᠤᠮ ᠰᠢᠭ᠋ ᠤᠷᠳᠤ ᠪᠠᠷ | ᠰᠠᠨᠠᠭ᠎ᠠ ᠠᠯᠳᠠᠪᠠ᠃ ᠡᠨᠡ ᠵᠠᠬᠢᠳᠠᠯ ᠤᠨ ᠡᠵᠡᠨ ᠢ ᠤᠯᠬᠤ ᠬᠡᠵᠤ ᠲᠡᠨᠳᠡᠪ ᠤᠯᠠᠨ ᠵᠢᠯ ᠬᠠᠶᠢᠭᠰᠠᠨ ᠶᠤᠮᠰᠠᠨᠵᠠᠢ᠃ | ᠠᠩᠵᠠᠷᠠᠭᠠ ᠮᠠᠭᠤᠳᠠᠢ ᠢᠯᠭᠠᠭᠴᠢ ᠭᠡᠦᠭᠡᠨ ︽ᠳ᠋ᠧᠪᠠᠵᠠᠨ︾ ᠬᠡᠰᠡᠨ ᠦᠭᠡᠢ ᠶᠢ ᠲᠠᠮᠪᠠᠵᠠᠪ ᠬᠡᠵᠤ ᠤᠩᠰᠢᠭᠠᠳ | ᠪᠦᠷᠢᠳᠭᠡᠯ ᠤᠨ ᠲᠡᠪᠳᠡᠷ ᠲᠡᠭᠡᠨ ᠲᠡᠮᠳᠡᠭᠯᠡᠴᠢᠭᠡᠭᠰᠡᠨ ᠪᠠᠶᠢᠯ᠎ᠠ᠃ ᠠᠪᠠᠴᠢᠭᠠᠳ ᠦᠭᠬᠦ ᠡᠵᠡᠨ ᠦᠭᠡᠢ᠂ ᠪᠤᠴᠠᠭᠠᠭᠠᠳ | ᠶᠠᠪᠤᠭᠤᠯᠬᠤ ᠡᠵᠡᠨ ᠦᠭᠡᠢ ᠡᠨᠡ ᠵᠠᠬᠢᠳᠠᠯ ᠢ ᠵᠠᠳᠠᠯᠵᠤ ᠦᠵᠡᠬᠦ ᠬᠡᠵᠤ ᠬᠡᠳᠤ ᠬᠡᠳᠦᠨ ᠤᠳᠠᠭ᠎ᠠ ᠤᠷᠤᠯᠳᠤᠭᠰᠠᠨ ᠴᠦ | ᠵᠢᠷᠦᠭᠡ ᠬᠦᠷᠦᠯ ᠦᠭᠡᠢ ᠴᠦᠩᠬᠦᠯᠡᠵᠤ ᠪᠠᠶᠢᠭᠰᠠᠨ ᠤᠳᠠᠭ᠎ᠠ ᠲᠠᠢ᠃ ᠤᠳᠤ ᠯᠡ ᠡᠪᠤᠭᠡᠨ ᠲᠡᠨᠳᠡᠪ ᠬᠤᠷᠢᠨ ᠵᠢᠯ | ᠬᠠᠶᠢᠭᠰᠠᠨ ᠵᠠᠬᠢᠶᠠᠨ ᠤ ᠡᠵᠡᠨ ᠢ ᠤᠯᠵᠤ ᠠᠪᠠᠴᠢᠵᠤ ᠦᠭᠬᠦ ᠴᠠᠭ ᠨᠢ ᠪᠤᠯᠤᠭᠰᠠᠨ ᠪᠤᠯᠤᠯᠳᠠᠢ᠃ | ᠪᠦᠬᠦᠶᠢᠯᠨ ᠨᠠᠰᠤ ᠪᠠᠷ ᠢᠶᠠᠨ ᠪᠠᠶᠠᠷ ᠭᠤᠨᠢᠭ᠂ ᠭᠤᠮᠤᠳᠠᠯ᠂ ᠵᠢᠷᠭᠠᠯ ᠲᠡᠭᠡᠭᠡᠭᠰᠡᠨ ᠰᠡᠳᠬᠢᠯ ᠤᠨ ᠦᠭᠡ ᠲᠠᠢ | ᠵᠠᠬᠢᠳᠠᠯ ᠵᠦᠭᠡᠭᠡᠭᠰᠡᠨ ᠡᠪᠤᠭᠡᠨ ᠬᠠᠮᠤᠭ ᠤᠨ ᠰᠡᠬᠦᠯᠴᠢ ᠶᠢᠨ ᠵᠠᠬᠢᠳᠠᠯ ᠢᠶᠠᠨ ᠬᠦᠷᠭᠡᠵᠤ ᠦᠭᠬᠦ ᠪᠠᠷ ᠬᠠᠭᠠᠯᠭ᠎ᠠ | ᠲᠠᠳᠠᠵᠤ ᠪᠠᠶᠢᠯ᠎ᠠ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | |