ᠭᠠᠩ ᠲᠠᠢ ᠵᠢᠯ ᠤᠨ ᠪᠣᠷᠤᠭ᠎ᠠ ᠭᠡᠭᠴᠢ ᠪᠠᠶᠠᠷ ᠪᠠᠶᠠᠰᠬᠤᠯᠠᠩ ᠪᠢᠯᠡ᠃ ᠭᠤᠪᠢ ᠶᠢᠨ ᠮᠠᠯᠴᠢᠨ ᠦᠦᠷ ᠤᠨ | ᠭᠡᠭᠡ ᠠᠴᠠ ᠦᠳᠡᠰᠢ ᠶᠢᠨ ᠪᠦᠷᠦᠢ ᠬᠦᠷᠲᠡᠯ᠎ᠡ ᠬᠡᠭᠡᠷ᠎ᠡ ᠶᠢᠨ ᠪᠡᠯᠴᠢᠭᠡᠷ ᠲᠤ ᠮᠠᠯ ᠳᠠᠭᠠᠬᠤ ᠳᠠᠭᠠᠨ ᠲᠡᠭᠷᠢ ᠳᠤ | ᠬᠤᠷᠠᠯᠳᠤᠬᠤ ᠡᠭᠦᠯᠡ᠂ ᠲᠡᠷᠳᠡᠭᠡ ᠳᠤ ᠴᠠᠶᠢᠷᠠᠬᠤ ᠪᠣᠷᠤᠭ᠎ᠠ ᠶᠢ ᠨᠢᠭᠡᠨ ᠠᠳᠠᠯᠢ ᠬᠠᠷᠢᠭᠤᠯᠵᠤ᠂ ᠬᠦᠯᠯᠡᠨ | ᠣᠶᠢᠷᠠᠲᠤᠬᠤ ᠪᠣᠷᠤᠭ᠎ᠠ ᠬᠠᠷᠠᠬᠤᠯ᠎ᠠ ᠬᠦᠨᠳᠦᠳᠦ ᠵᠣᠴᠢᠨ ᠠᠶᠢᠰᠤᠢ ᠮᠡᠲᠦ ᠪᠠᠶᠠᠷᠯᠠᠬᠤ ᠪᠦᠭᠡᠳ ᠬᠡᠷᠪᠡ ᠲᠡᠷᠡ | ᠵᠤᠷᠪᠤᠰᠬᠠᠨ ᠪᠣᠷᠤᠭ᠎ᠠ ᠬᠠᠵᠠᠭᠤ ᠪᠠᠷ ᠨᠢ ᠦᠩᠭᠡᠷᠡᠪᠡᠯ ᠬᠤᠳᠠ ᠳᠤ ᠰᠠᠭᠤᠳᠠᠭ ᠬᠦᠤ ᠨᠢ ᠰᠤᠮᠤ ᠶᠢᠨ ᠲᠥᠪ ᠳᠡᠭᠡᠷ᠎ᠠ | ᠢᠷᠡᠭᠡᠳ ᠭᠡᠷ ᠲᠤ ᠪᠠᠨ ᠤᠷᠣᠯ ᠦᠭᠡᠢ ᠪᠤᠴᠠᠴᠢᠬᠠᠭᠰᠠᠨ ᠲᠠᠢ ᠠᠳᠠᠯᠢ ᠭᠤᠮᠤᠳᠠᠩᠬᠠᠨ ᠪᠤᠬᠢᠮᠳᠠᠨᠠ᠃ | ᠪᠤᠷᠤᠭ᠎ᠠ ᠤᠷᠤᠨ᠎ᠠ᠃ ᠭᠤᠪᠢ ᠶᠢᠨ ᠪᠠᠶᠢᠭᠠᠯᠢ ᠭᠠᠷ ᠲᠡᠨᠡᠶᠢᠨ ᠰᠤᠩᠭᠠᠭᠠᠳ ᠳᠤᠰᠤᠭᠰᠠᠨ ᠳᠤᠰᠤᠯ ᠪᠦᠬᠦᠨ ᠢ | ᠦᠨᠡᠲᠦ ᠡᠷᠳᠡᠨᠢ ᠮᠡᠲᠦ ᠬᠦᠨᠳᠦᠯᠡᠨ ᠲᠤᠰᠴᠤ ᠴᠡᠭᠡᠯᠭᠡᠨ ᠡᠪᠦᠷ ᠲᠡᠭᠡᠨ ᠰᠢᠩᠭᠡᠭᠡᠬᠦ ᠪᠦᠭᠡᠳ ︽ᠠᠢ ᠳ᠋ᠠ︕︾ | ᠬᠡᠮᠡᠨ ᠤᠤᠯᠭ᠎ᠠ ᠠᠯᠳᠠᠨ᠎ᠠ᠃ ᠴᠠᠭᠠᠨ ᠭᠡᠷ ᠤᠨ ᠲᠡᠭᠡᠪᠤᠷ ᠢ ᠫᠢᠵᠢᠬᠢᠨᠡᠬᠦᠯᠬᠦ ᠰᠣᠳᠤᠨ ᠴᠢᠮᠡᠭᠡ ᠮᠠᠯᠴᠢ ᠡᠵᠡᠨ ᠳᠤ | ᠤᠳᠤᠨ ᠭᠠᠷᠳᠠᠭᠤᠯᠬᠤ ᠶᠡᠭᠡ ᠲᠠᠩᠬᠢᠮ ᠤᠨ ᠠᠯᠠᠭ᠎ᠠ ᠲᠠᠰᠢᠯᠲᠠ ᠰᠢᠭ᠋ ᠲᠠᠭᠠᠳᠠᠢ ᠪᠦᠭᠡᠳ ᠰᠡᠳᠬᠢᠯ | ᠳᠤᠭᠳᠤᠯᠤᠭᠤᠯᠤᠮ᠎ᠠ ᠪᠢᠯᠡ᠃ ᠡᠬᠦᠳᠠ ᠬᠠᠪᠢ ᠶᠢᠨ ᠲᠠᠭᠳᠠᠷᠰᠢᠭᠰᠠᠨ ᠭᠠᠵᠠᠷ ᠲᠦᠳᠡᠯ ᠦᠭᠡᠢ ᠤᠰᠤ ᠲᠤᠨᠤᠵᠤ᠂ | ᠠᠰᠬᠠᠷᠠᠭᠰᠠᠨ ᠪᠤᠷᠤᠭᠠᠨ ᠤ ᠳᠤᠰᠤᠯ ᠲᠡᠭᠦᠨ ᠯᠦᠭᠡ ᠨᠠᠭᠠᠳᠬᠤ ᠨᠢ ᠭᠡᠷ ᠤᠨ ᠬᠤᠶᠢᠮᠤᠷ ᠠᠴᠠ ᠶᠡᠭᠡ ᠲᠤᠭᠤᠭᠠᠨ ᠳᠤ | ᠪᠤᠳᠠᠭ᠎ᠠ ᠴᠢᠨᠠᠵᠤ ᠪᠠᠶᠢᠬᠤ ᠰᠢᠭ᠋ ᠦᠵᠡᠭᠳᠡᠨ᠎ᠡ᠃ ᠲᠡᠨᠵᠢ ᠲᠡᠪᠢᠰᠭᠡᠷ ᠤᠨ ᠤᠰᠤ ᠳᠤᠤᠷᠬᠠᠨ ᠢᠶᠠᠨ ᠬᠠᠯᠢᠶᠠᠲᠤᠨ | ᠪᠠᠷᠠᠭᠤᠨ ᠠᠭᠤᠯᠠ ᠶᠢᠨ ᠨᠠᠭᠠᠲᠤ ᠭᠤᠣᠯ ᠢᠶᠠᠷ ᠬᠤᠩᠭᠤᠷ ᠠᠵᠢᠷᠭ᠎ᠠ ᠲᠠᠢ ᠠᠳᠤᠭᠤ ᠲᠠᠪᠬᠢᠯᠳᠦᠨ ᠭᠠᠷᠴᠤ ᠢᠷᠡᠬᠦ | ᠰᠢᠭ ᠦᠶᠡᠷ ᠱᠠᠭᠠᠬᠢᠬᠤ ᠨᠢ ᠰᠦᠷ ᠲᠠᠢ ᠰᠠᠶᠢᠬᠠᠨ᠂ ᠭᠡᠷ ᠤᠨ ᠨᠤᠬᠠᠢ ᠲᠡᠭᠦᠨ ᠢ ᠠᠮᠠᠳᠠᠨ ᠪᠠᠶᠠᠷᠯᠠᠨ ᠲᠠᠪᠬᠢᠨ᠎ᠠ᠃ | ᠶᠠᠤᠲᠠᠨ ᠴᠤᠪᠠ ᠲᠠᠢ ᠡᠬᠡᠨᠡᠷ ᠭᠠᠳᠠᠭ᠎ᠠ ᠠᠷᠭᠠᠯ ᠲᠦᠯᠡᠰᠢ ᠶᠠᠩᠵᠤᠯᠠᠨ ᠶᠠᠭᠠᠷᠠᠬᠤ ᠳᠠᠭᠠᠨ᠄ ︽ᠢᠩᠭᠡ ᠮᠢᠨᠢ | ᠦᠷᠯᠥᠭᠡ ᠡᠷᠳᠠ ᠲᠠᠩᠴᠢ ᠬᠤᠷᠤᠭᠳᠠᠭᠠᠳ ᠪᠠᠶᠢᠭᠰᠠᠨ ᠶᠤᠮ ᠠ᠃ ᠪᠢ ᠪᠦᠷ ᠪᠣᠷᠤᠭ᠎ᠠ ᠤᠷᠤᠬᠤ ᠨᠢ ᠬᠡᠵᠤ | ᠮᠡᠳᠡᠭᠰᠡᠨ ᠶᠤᠮ︾ ᠬᠡᠮᠡᠨ ᠪᠠᠭ᠋ᠠᠷᠬᠠᠵᠤ᠂ ᠬᠦᠮᠦᠨ ᠤ ᠳᠡᠷᠭᠡᠳᠠ ᠭᠤᠲᠤᠯ ᠪᠠᠷᠤᠭ ᠲᠠᠶᠢᠯᠳᠠᠭ ᠦᠭᠡᠢ ᠢᠴᠢᠮᠡᠭᠡᠢ | ᠬᠤᠩᠭᠤᠷ ᠲᠡᠷᠡᠪᠡᠷ ᠪᠣᠷᠤᠭ᠎ᠠ ᠲᠠᠯᠢᠮᠳᠠᠭᠤᠯᠤᠨ ᠬᠥᠯ ᠨᠢᠴᠦᠬᠦᠯᠡᠭᠡᠳ ᠪᠠᠶᠢᠨ ᠪᠠᠶᠢᠨ ᠤᠷᠤᠵᠤ ᠭᠠᠷᠬᠤ ᠨᠢ ︽ᠪᠢ | ᠡᠶᠢᠮᠤ ᠬᠦᠭᠡᠷᠦᠬᠦᠨ ᠴᠠᠭᠠᠨ ᠬᠥᠯ ᠲᠠᠢ᠂ ᠬᠠᠷᠠᠪᠠᠯ ᠬᠠᠷᠠᠵᠠᠭ᠎ᠠ︾ ᠭᠡᠰᠡᠨ ᠮᠡᠲᠦ᠃ | ᠪᠠᠷᠠᠭᠤᠨ ᠤᠷᠢᠳᠤ ᠲᠠᠮᠠᠬᠢ ᠲᠠᠲᠠᠨ ᠰᠠᠭᠤᠭᠰᠠᠨ ᠶᠥᠭᠵᠦᠬᠦᠷ ᠡᠪᠤᠭᠡᠨ ᠠᠴᠢ ᠪᠠᠨ ᠡᠭᠦᠷᠴᠦ ᠶᠠᠪᠤᠭᠠᠳ | ᠲᠦᠩᠭᠡᠵᠢ ᠰᠠᠶ᠋ᠢ ᠪᠠᠭᠤᠯᠭᠠᠴᠢᠬᠠᠭᠰᠠᠨ ᠶᠤᠮ ᠰᠢᠭ᠋ ᠨᠢᠷᠤᠭᠤ ᠴᠡᠭᠡᠵᠢ ᠪᠠᠨ ᠪᠠᠶᠢᠨ ᠪᠠᠶᠢᠨ ᠬᠦᠳᠡᠯᠭᠡᠵᠤ ᠲᠡᠭᠷᠢ | ᠪᠤᠷᠬᠠᠨ ᠤ ᠲᠤᠬᠠᠢ ᠠᠶᠠᠳᠠᠢ ᠵᠦᠭᠡᠯᠡᠨ ᠲᠤᠤᠭᠠᠷᠴᠤ᠄ ︽ᠲᠡᠭᠷᠢ ᠶᠢᠨ ᠲᠠᠭᠤ ᠨᠢᠭᠡ ᠯᠡ ᠠᠶᠠᠳᠠᠶᠢᠬᠠᠨ ᠨᠦᠷᠬᠢᠯᠡᠭᠡᠳ | ᠪᠠᠶᠢᠨ᠎ᠠ᠂ ᠡᠨᠡ ᠵᠤᠨ ᠬᠤᠷ᠎ᠠ ᠲᠠᠢ ᠵᠤᠨ ᠪᠤᠯᠬᠤ ᠨᠢ ᠡ︕︾ ᠬᠡᠮᠡᠪᠡᠯ᠂ ᠵᠡᠬᠦᠨ ᠤᠷᠤᠨ ᠲᠡᠭᠡᠷ᠎ᠠ ᠬᠡᠪᠳᠡᠭᠰᠡᠨ | ᠡᠮᠡᠭᠡᠨ ᠪᠠᠰᠠ ᠶᠠᠷᠢᠶᠠᠨ ᠳᠤ ᠤᠷᠤᠯᠴᠠᠨ᠄ ︽ᠤᠯᠠᠨ ᠯᠤᠤ ᠲᠠᠢ ᠵᠢᠯ ᠴᠦ ᠬᠤᠷ᠎ᠠ ᠲᠠᠢ ᠪᠠᠶᠢᠳᠠᠭ ᠶᠤᠮ ᠬᠡᠨ᠎ᠠ ᠪᠢᠯᠨ | ᠃ ᠤᠯᠠᠨ ᠯᠤᠤ ᠯᠡ ᠲᠡᠭᠡᠵᠤ ᠠᠶᠠᠳᠠᠶᠢᠬᠠᠨ ᠨᠦᠷᠬᠢᠯᠡᠵᠤ ᠲᠤᠤᠭᠠᠷᠤᠨᠠ ᠳ᠋ᠠ︾ ᠭᠡᠯ᠎ᠠ᠃ | ᠪᠤᠷᠤᠭ᠎ᠠ ᠬᠡᠨᠡᠳᠳᠠ ᠤᠷᠤᠭᠰᠠᠨ ᠲᠠᠢ ᠪᠠᠨ ᠠᠳᠠᠯᠢ ᠬᠡᠨᠡᠳᠳᠠ ᠵᠤᠭᠰᠤᠬᠤ ᠨᠢ ᠤᠷᠤᠯᠳᠤᠭᠠᠨ ᠤ ᠮᠤᠷᠢᠳ | ᠫᠢᠵᠢᠬᠢᠨᠡᠯᠳᠦᠨ ᠦᠩᠭᠡᠷᠡᠬᠦ ᠲᠠᠢ ᠠᠳᠠᠯᠢ ᠪᠤᠯᠪᠠᠴᠤ ᠤᠷᠤᠯᠳᠤᠭᠠᠨ ᠤ ᠮᠤᠷᠢ ᠠᠷᠤ ᠳᠠᠭᠠᠨ ᠲᠤᠭᠤᠰᠤ ᠲᠠᠢ᠂ ᠭᠤᠪᠢ | ᠶᠢᠨ ᠪᠤᠷᠤᠭ᠎ᠠ ᠤᠷᠢᠳᠤ ᠪᠠᠨ ᠲᠤᠭᠤᠰᠤ ᠲᠠᠢ ᠪᠢᠯᠨ᠃ ᠪᠤᠷᠤᠭ᠎ᠠ ᠠᠷᠢᠯᠤᠩᠭᠤᠳᠠ ᠡᠷᠦᠭᠡ ᠲᠠᠳᠠᠬᠤ ᠮᠡᠳᠤ | ᠢᠷᠠᠨ ᠭᠡᠶᠢᠬᠦᠯᠵᠤ᠂ ᠬᠡᠦᠭᠡᠳ ᠤᠳ ᠵᠡᠯᠡᠨ ᠲᠠᠭᠡᠷ᠎ᠠ ᠲᠠᠳᠠᠭᠰᠠᠨ ᠭᠠᠶᠢᠬᠠᠮᠰᠢᠭᠳᠤ ᠰᠤᠯᠤᠩᠭ᠎ᠠ ᠶᠢ ᠬᠦᠰᠡᠭᠰᠡᠭᠡᠷ | ᠰᠠᠭᠠᠬᠠᠯᠳᠠ ᠰᠢᠬᠠᠭᠤ ᠶᠠᠪᠤᠴᠢᠬᠠᠬᠤ ᠳᠤ ᠰᠠᠶ᠋ᠢᠬᠢ ᠰᠤᠯᠤᠩᠭ᠎ᠠ ᠮᠥᠨ ᠯᠡ ᠵᠡᠯᠡᠨ ᠲᠡᠭᠡᠷ᠎ᠠ ᠭᠠᠶᠢᠬᠠᠭᠤᠯᠤᠨ | ᠭᠤᠶᠤᠮᠰᠤᠭ ᠢᠶᠠᠷ ᠦᠯᠡᠳᠡᠨᠠ᠃ ᠬᠦᠮᠦᠰ ᠨᠠᠰᠢ ᠴᠠᠰᠢ ᠪᠠᠶᠠᠷᠳᠠᠢ ᠬᠦᠯᠬᠢᠯᠳᠦᠨ ᠠᠳᠠ ᠲᠡᠨᠳᠠ ᠭᠠᠵᠠᠷ ᠤᠬᠤᠵᠤ᠄ | ︽ᠬᠠᠳᠠᠭᠤ ᠭᠠᠵᠠᠷ ᠲᠦᠷᠪᠡᠨ ᠬᠤᠷᠤᠭᠤ᠂ ᠵᠦᠭᠡᠯᠡᠨ ᠭᠠᠵᠠᠷ ᠠᠯᠠᠭ᠎ᠠ ᠲᠠᠷᠤᠮ᠎ᠠ ᠴᠢᠭᠢᠭ ᠪᠠᠭᠤᠵᠠᠢ᠃ ᠤᠷᠭᠤᠨ᠎ᠠ᠂ | ᠤᠷᠭᠤᠨ᠎ᠠ︾ ᠭᠡᠯᠴᠡᠨᠠ᠃ | ᠠᠳᠠ ᠲᠡᠨᠳᠠ ᠦᠭᠡᠢ ᠬᠢᠯᠪᠠᠯᠵᠠᠬᠤ ᠵᠢᠵᠢᠭᠭᠡᠨ ᠱᠠᠯᠪᠠᠭ ᠨᠤᠭᠤᠳ ᠲᠤᠮᠤ ᠲᠤᠯᠢᠨ ᠤ ᠬᠠᠭᠠᠷᠬᠠᠢ ᠯᠤᠭ᠎ᠠ | ᠠᠳᠠᠯᠢ ᠁ | ︽ᠭᠤᠪᠢ ᠴᠢ ᠭᠤᠶᠤᠪᠠᠯ ᠭᠤᠶᠤ ᠳ᠋ᠠ︕︾ ᠬᠡᠵᠤ ᠲᠤᠯᠢ ᠰᠢᠳᠡᠵᠤ ᠦᠭᠭᠦᠭᠰᠡᠨ ᠨᠢ ᠬᠠᠭ᠎ᠠ ᠦᠰᠦᠷᠴᠤ | ᠦᠦ ᠬᠡᠮᠡᠷ᠃ | ᠵᠠ ᠶᠠᠭᠠᠬᠢᠬᠤᠪ᠂ ᠪᠤᠷᠤᠭ᠎ᠠ ᠤᠷᠤᠭᠰᠠᠨ ᠬᠤᠶᠢᠨ᠎ᠠ ᠭᠤᠪᠢ ᠮᠢᠨᠢ ᠲᠤᠯᠢ ᠲᠠᠢ ᠲᠤᠯᠢ ᠦᠭᠡᠢ ᠭᠤᠶᠤᠨ᠎ᠠ ᠳ᠋ᠠ | ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | |