ᠰᠢᠨᠵᠢᠯᠡᠬᠦ ᠤᠬᠠᠭᠠᠨᠲᠠᠨ ᠲᠠᠲᠠᠯᠴᠠᠬᠤ ᠬᠦᠴᠦᠨ ᠤ ᠳᠣᠯᠭᠢᠶᠠᠨ ᠢ ᠢᠯᠡᠷᠡᠬᠦᠯᠦᠭᠰᠡᠨ ᠢᠶᠠᠷ ᠳᠡᠯᠬᠡᠷᠡᠩᠬᠦᠢ ᠬᠠᠷᠢᠴᠠᠩᠭᠤᠢ ᠶᠢᠨ ᠤᠨᠤᠯ ᠤᠨ ᠡᠴᠦᠰ ᠤᠨ ᠵᠦᠡᠭᠨᠡᠯ ᠨᠤᠳᠠᠯᠠᠭᠳᠠᠪᠠ
ᠨᠡᠶᠢᠲᠡᠯᠡᠭᠰᠡᠨ ᠴᠠᠭ᠄
2016/2/14
       ᠠᠷᠠᠳ ᠤᠨ ᠡᠳᠤᠷ ᠤᠨ ᠰᠤᠨᠢᠨ ᠤ ᠯᠣᠰ ᠠᠩᠵᠧᠯᠧᠰ ᠤᠨ 2 ᠰᠠᠷ᠎ᠠ ᠶᠢᠨ 12᠎ ᠤᠨ ᠡᠳᠤᠷ ᠤᠨ ᠮᠡᠳᠡᠭᠡ ︵ᠰᠤᠷᠪᠤᠯᠵᠢᠯᠠᠭᠴᠢ ᠯᠢᠶᠤᠤ ᠵᠧᠩ ᠵᠢᠶᠦ᠋ᠨ︶ ᠲᠤᠬᠠᠢ ᠶᠢᠨ ᠭᠠᠵᠠᠷ ᠤᠨ ᠴᠠᠭ ᠢᠶᠠᠷ 2 ᠰᠠᠷ᠎ᠠ ᠶᠢᠨ 11᠎ ᠤ ᠡᠳᠤᠷ ᠤᠨ ᠦᠳᠡ ᠶᠢᠨ ᠡᠮᠦᠨ᠎ᠡ᠂ ᠠᠮᠧᠷᠢᠺᠠ ᠶᠢᠨ ᠰᠢᠨᠵᠢᠯᠡᠬᠦ ᠤᠬᠠᠭᠠᠨᠲᠠᠨ ᠸᠠᠰᠢᠩᠲ᠋ᠤᠨ ᠳᠤ᠂ ᠬᠦᠮᠦᠨ ᠲᠦᠷᠦᠯᠬᠢᠲᠡᠨ ᠲᠠᠳᠠᠯᠴᠠᠬᠤ ᠬᠦᠴᠦᠨ ᠤ ᠲᠤᠯᠬᠢᠶᠠᠨ ᠤᠷᠤᠰᠢᠵᠤ ᠪᠠᠶᠢᠬᠤ ᠶᠢ ᠠᠩᠬ᠎ᠠ ᠤᠳᠠᠭ᠎ᠠ ᠰᠢᠭᠤᠳ ᠬᠡᠮᠵᠢᠵᠤ ᠢᠯᠡᠷᠡᠬᠦᠯᠪᠡ ᠭᠡᠵᠤ ᠵᠠᠷᠯᠠᠵᠠᠢ᠃ ᠲᠠᠳᠠᠯᠴᠠᠬᠤ ᠬᠦᠴᠦᠨ ᠤ ᠲᠤᠯᠬᠢᠶᠠᠨ ᠪᠤᠯ ᠠᠶᠢᠨᠰᠲ᠋ᠧᠨ ᠤ ᠲᠡᠯᠭᠡᠷᠡᠩᠬᠦᠢ ᠬᠠᠷᠢᠴᠠᠩᠭᠤᠢ ᠶᠢᠨ ᠤᠨᠤᠯ ᠤᠨ ᠨᠤᠳᠠᠯᠠᠭᠳᠠᠭ᠎ᠠ ᠦᠭᠡᠢ ᠪᠠᠶᠢᠭᠰᠠᠨ ᠡᠴᠦᠰ ᠤᠨ ᠨᠢᠭᠡ ᠵᠦᠡᠭᠨᠡᠯ ᠪᠤᠯᠤᠨ᠎ᠠ᠃ ᠡᠨᠡ ᠬᠦ ᠴᠢᠬᠤᠯᠠ ᠶᠡᠭᠡ ᠢᠯᠡᠷᠡᠬᠦᠯᠦᠯᠲᠡ ᠪᠤᠯ ᠹᠢᠽᠢᠺ ᠤᠨ ᠤᠬᠠᠭᠠᠠ ᠤ ᠲᠠᠯ᠎ᠠ ᠪᠠᠷ ᠬᠢ ᠬᠦᠰᠢᠶ᠎ᠡ ᠲᠤᠷᠠᠰᠬᠠᠯ ᠤᠨ ᠠᠴᠢ ᠬᠤᠯᠪᠤᠭᠳᠠᠯ ᠲᠠᠢ ᠴᠢᠬᠤᠯᠠ ᠶᠡᠭᠡ ᠦᠷ᠎ᠡ ᠪᠦᠲᠦᠭᠡᠯ ᠮᠦᠨ᠃ ᠦᠨᠤᠳᠤᠷ ᠪᠤᠯᠬᠤ ᠳᠤ ᠵᠠᠭᠤᠨ ᠵᠢᠯ ᠤᠨ ᠡᠮᠦᠨ᠎ᠡ ᠲᠤᠷᠠᠳᠤᠭᠳᠠᠭᠰᠠᠨ ᠲᠡᠯᠭᠡᠷᠡᠩᠬᠦᠢ ᠬᠠᠷᠢᠴᠠᠩᠭᠤᠢ ᠶᠢᠨ ᠤᠨᠤᠯ ᠤᠨ ᠪᠤᠢ ᠪᠦᠬᠦᠢ ᠭᠤᠤᠯ ᠪᠤᠯᠬᠤ ᠵᠦᠡᠭᠨᠡᠯ ᠤᠳ ᠴᠦᠮ ᠨᠤᠳᠠᠯᠠᠭᠳᠠᠭᠰᠠᠨ ᠪᠠᠶᠢᠨ᠎ᠠ᠃       ᠲᠠᠳᠠᠯᠴᠠᠬᠤ ᠬᠦᠴᠦᠨ ᠤ ᠲᠤᠯᠬᠢᠶᠠᠨ ᠢ ᠪᠠᠰᠠ ᠴᠠᠭ ᠤᠷᠤᠨ ᠵᠠᠢ ᠶᠢᠨ ︽ᠢᠷᠠᠯᠵᠢ︾ ᠭᠡᠳᠡᠭ᠂ ᠲᠡᠬᠦᠨ ᠤ ᠮᠦᠨ ᠴᠢᠨᠠᠷ ᠪᠤᠯ ᠴᠠᠭ ᠤᠷᠤᠨ ᠵᠠᠢ ᠶᠢᠨ ᠮᠤᠷᠤᠶᠢᠯᠲᠠ ᠶᠢᠨ ᠬᠡᠯᠪᠡᠯᠵᠡᠯᠲᠡ ᠮᠦᠨ᠂ ᠤᠰᠤᠨ ᠳᠤ ᠴᠢᠯᠠᠭᠤ ᠬᠠᠶᠠᠬᠤ ᠦᠶ᠎ᠡ ᠶᠢᠨ ᠲᠤᠯᠬᠢᠶᠠᠨ ᠰᠢᠭ᠋ ᠪᠠᠶᠢᠳᠠᠭ᠃ ᠬᠠᠷ᠎ᠠ ᠨᠦᠭᠡ᠂ ᠨᠧᠲᠷᠤᠨ ᠤᠳᠤ ᠵᠡᠷᠭᠡ ᠤᠳᠤᠨ ᠴᠤᠭᠴᠠᠰ ᠮᠦᠷᠬᠦᠯᠳᠦᠬᠦ ᠦᠶ᠎ᠡ ᠳᠤ ᠲᠠᠳᠠᠯᠴᠠᠬᠤ ᠬᠦᠴᠦᠨ ᠤ ᠲᠤᠯᠬᠢᠶᠠᠨ ᠡᠬᠦᠰᠬᠦ ᠪᠤᠯᠤᠮᠵᠢ ᠪᠤᠢ᠃ 1915 ᠤᠨ ᠳᠤ᠂ ᠲᠠᠳᠠᠯᠴᠠᠬᠤ ᠬᠦᠴᠦᠨ ᠤ ᠲᠤᠯᠬᠢᠶᠠᠨ ᠤᠷᠤᠰᠢᠵᠤ ᠪᠠᠶᠢᠬᠤ ᠲᠤᠬᠠᠢ ᠠᠶᠢᠨᠰᠲ᠋ᠧᠨ ᠤ ᠲᠡᠯᠭᠡᠷᠡᠩᠬᠦᠢ ᠬᠠᠷᠢᠴᠠᠩᠭᠤᠢ ᠶᠢᠨ ᠤᠨᠤᠯ ᠳᠤ ᠵᠦᠡᠭᠨᠡᠭᠰᠡᠨ ᠪᠠᠶᠢᠨ᠎ᠠ᠃       ᠠᠶᠢᠨᠰᠲ᠋ᠧᠨ ᠤ ᠲᠡᠯᠭᠡᠷᠡᠩᠬᠦᠢ ᠬᠠᠷᠢᠴᠠᠩᠭᠤᠢ ᠶᠢᠨ ᠤᠨᠤᠯ ᠳᠠᠬᠢ ᠭᠡᠷᠡᠯ ᠱᠤᠭᠤᠮ ᠤᠨ ᠮᠤᠷᠦ᠋ᠢᠯᠲᠠ᠂ ᠤᠰᠤᠨ ᠭᠠᠷᠠᠭ ᠤᠨ ᠨᠠᠷᠠᠨ ᠠᠴᠠ ᠤᠢᠢᠷ᠎ᠠ ᠴᠡᠭ ᠤᠨ ᠬᠤᠷᠤᠢ ᠬᠦᠳᠡᠯᠭᠡᠭᠡᠨ ᠵᠢᠴᠢ ᠲᠠᠲᠠᠯᠴᠠᠬᠤ ᠬᠦᠴᠦᠨ ᠤᠯᠠᠭᠠᠨ ᠲᠡᠰᠢ ᠰᠢᠯᠵᠢᠯ ᠤᠨ ᠦᠢᠯᠡᠴᠢᠯᠡᠯ ᠵᠡᠷᠭᠡ ᠪᠤᠰᠤᠳ ᠵᠦᠡᠭᠨᠡᠯ ᠨᠢ ᠴᠦᠮ ᠨᠤᠳᠠᠯᠠᠭᠳᠠᠴᠢᠬᠠᠭᠰᠠᠨ ᠶᠤᠮ᠃ ᠤᠷᠳᠤ ᠬᠤᠭᠤᠴᠠᠭᠠᠨ ᠤ ᠲᠤᠷᠰᠢ᠂ ᠰᠢᠨᠵᠢᠯᠡᠬᠦ ᠤᠬᠠᠭᠠᠨᠲᠠᠳ ᠲᠠᠳᠠᠯᠴᠠᠬᠤ ᠬᠦᠴᠦᠨ ᠤ ᠲᠤᠯᠬᠢᠶᠠᠨ ᠢ ᠯᠡ ᠢᠯᠡᠷᠡᠬᠦᠯᠵᠤ ᠲᠡᠶᠢᠯᠬᠦ ᠦᠭᠡᠢ ᠪᠠᠶᠢᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号