︵ᠨᠠ᠊ · ᠬᠠᠰᠪᠠᠭᠠᠳᠤᠷ︶ | | — ᠭᠠᠴᠢᠭᠳᠠᠵᠦ ᠵᠦᠳᠡᠵᠦ ᠶᠠᠪᠤᠭ᠎ᠠ ᠮᠠᠯᠴᠢᠨ ᠲᠦᠮᠡᠨ ᠳᠡᠭᠡᠨ ᠡᠷᠬᠦᠶ᠎ᠡ | | | ᠲᠠᠶᠢᠰᠦᠨ ᠡᠳᠡᠭᠡᠳ ᠲᠤ ᠪᠠᠨ ᠲᠠᠶᠢᠯᠦᠭᠳᠡᠨ ᠤᠷᠤᠭᠤᠳᠠᠵᠦ ᠬᠦᠭᠡᠭᠡᠭᠳᠡᠨ ᠬᠦᠨᠦᠭᠡᠭᠳᠡᠵᠦ ᠠᠯᠠᠭᠳᠠᠨ | ᠬᠤᠷᠤᠭᠠᠭᠳᠠᠭᠰᠠᠭᠠᠷ ᠪᠠᠶᠢᠵᠦ ᠲᠡᠷᠡ ᠴᠠᠭ ᠲᠤ ᠬᠢᠶᠠᠨ ᠨᠡᠬᠦᠰ ᠭᠡᠮᠡᠭᠴᠢ ᠬᠤᠶᠠᠷ ᠬᠤᠤᠰ ᠡᠷ᠎ᠡ ᠡᠮ᠎ᠡ᠂ ᠭᠡᠨ ᠴᠤ | ᠤᠶᠢᠷᠠᠳᠤᠵᠦ ᠵᠢᠷᠦᠭᠡᠯᠡᠭᠡ ᠦᠭᠡᠢ ᠠᠭᠤᠯᠠ ᠬᠠᠳᠠᠨ ᠪᠡᠷᠭᠡᠳᠦ᠂ ᠮᠤᠭᠠᠢ ᠴᠤ ᠰᠢᠷᠭᠤᠵᠦ ᠴᠢᠳᠠᠭ᠎ᠠ ᠦᠭᠡᠢ ᠪᠠᠯᠠᠷ ᠤᠢ | ᠶᠢᠨ ᠪᠠᠷᠳᠠᠭᠠᠳᠦ ᠡᠷᠬᠦᠨ᠎ᠡ ᠬᠤᠨ ᠭᠡᠮᠡᠭᠴᠢ ᠰᠦᠷᠯᠢᠭ ᠶᠡᠭᠡ ᠠᠭᠤᠯᠠᠨ ᠳᠤ ᠨᠡᠪᠳᠡᠷᠡᠨ ᠤᠷᠤᠵᠦ ᠴᠢᠳᠠᠭᠰᠠᠨ ᠦᠭᠡᠢ | ᠪᠤᠯ ᠡᠨᠡ ᠤᠳᠤᠮ ᠤᠭᠰᠠᠭ᠎ᠠ ᠶᠠᠭᠤ ᠶᠠᠭᠠᠬᠢᠬᠤ ᠶᠢᠨ ᠠᠷᠭ᠎ᠠ ᠦᠭᠡᠢ ᠬᠦᠢᠰᠦ ᠲᠡᠮᠳᠡᠷᠢᠭᠳᠡᠬᠦ ᠤᠴᠢᠷ ᠨᠢ ᠪᠤᠯᠵᠦ | ᠪᠠᠶᠢᠪᠠ᠃ ᠲᠡᠳᠡ ᠠᠭᠯᠠᠭ ᠠᠭᠤᠯᠠᠨ᠎ᠠ ᠠᠮᠢᠳᠤᠷᠠᠨ ᠤᠷᠤᠰᠢᠬᠤ ᠬᠦᠨᠳᠦ ᠭᠡᠴᠡᠬᠦᠦ ᠬᠦᠴᠢᠷ ᠤᠨ ᠡᠮᠦᠨ᠎ᠡ ᠬᠦᠯ | ᠨᠤᠭᠤᠷᠠᠭ᠎ᠠ ᠦᠭᠡᠢ᠂ ᠪᠡᠷᠭᠡᠰᠢᠶᠡᠯ ᠤᠨ ᠡᠮᠦᠨ᠎ᠡ ᠪᠡᠶ᠎ᠡ ᠪᠦᠬᠦᠶᠢᠭᠡ ᠦᠭᠡᠢ᠂ ᠲᠡᠭᠷᠢᠯᠢᠭ ᠶᠡᠭᠡ ᠰᠦᠰᠦ ᠵᠤᠷᠢᠭ ᠢᠶᠠᠷ | ᠤᠷᠤᠩᠨᠠᠵᠦ᠂ ᠦᠷ᠎ᠡ ᠭᠡᠦᠭᠡᠳ ᠢᠶᠠᠨ ᠦᠰᠭᠡᠨ᠂ ᠦᠷᠭᠡᠵᠢᠵᠦ ᠲᠦᠯᠵᠢᠨ ᠤᠯᠠᠰᠢᠷᠠᠭᠰᠠᠭᠠᠷ ᠯᠠ ᠪᠠᠶᠢᠵᠦ ᠨᠢᠭᠡ | ᠮᠡᠳᠡᠬᠦᠯ᠎ᠡ ᠡᠷᠬᠦᠨ᠎ᠡ ᠬᠤᠨ ᠪᠠᠭᠳᠠᠭᠠᠬᠤ ᠪᠠᠨ ᠪᠤᠯᠢᠵᠦ ᠪᠠᠶᠢᠪᠠ᠃ ᠲᠡᠳᠡ ᠦᠭᠡᠷ ᠤᠨ ᠠᠷᠠᠰᠤᠨ ᠬᠦᠭᠡᠷᠭᠡ ᠪᠠᠷ ᠭᠠᠯ | ᠬᠦᠭᠡᠷᠭᠡᠳᠡᠨ ᠠᠭᠤᠯᠠ ᠬᠠᠳᠠ ᠶᠢ ᠬᠠᠶᠢᠯᠦᠭᠤᠯᠤᠨ ᠭᠠᠷᠴᠠᠭᠠᠵᠦ᠂ ᠤᠨᠤᠨ ᠭᠡᠷᠦᠯᠦᠨ᠂ ᠲᠤᠤᠯᠠ ᠭᠤᠤᠯ ᠢ ᠲᠠᠭᠠᠵᠦ | ᠤᠰᠤᠨ ᠤ ᠲᠤᠩᠭᠠᠯᠠᠭ ᠡᠪᠡᠰᠦᠨ ᠤ ᠰᠤᠷᠯᠢᠭ ᠢ ᠬᠦᠭᠡᠭᠡᠨ ᠨᠡᠬᠦᠳᠡᠯᠯᠯᠡᠨ ᠮᠠᠯᠵᠢᠵᠦ ᠲᠠᠪᠤᠨ ᠬᠤᠰᠢᠭᠤ ᠮᠠᠯ ᠲᠠᠯ᠎ᠠ | ᠲᠦᠬᠦᠷᠡᠩ ᠢᠷᠡᠶᠢᠯᠭᠠᠨ ᠡᠭᠡ ᠪᠠᠶᠢᠭᠠᠯᠢ ᠯᠤᠭ᠎ᠠ ᠪᠠᠨ ᠡᠶ᠎ᠡ ᠵᠤᠬᠢᠴᠠᠯᠳᠤᠨ ᠠᠵᠦ ᠲᠦᠷᠦᠨ ᠠᠪᠠᠢ᠃ | ᠶᠢᠰᠦᠭᠡᠢ ᠪᠠᠭᠠᠳᠤᠷ ᠲᠠᠲ᠋ᠠᠷ ᠲᠤ ᠬᠤᠤᠷᠯᠠᠭᠳᠠᠵᠦ ᠠᠮᠢ ᠶᠡᠬᠦᠳᠭᠡᠨ ᠪᠡᠶ᠎ᠡ ᠪᠠᠷᠠᠬᠤ ᠪᠠᠷ᠂ ᠴᠡᠭᠡᠯ ᠤᠰᠤᠨ | ᠬᠠᠳᠠᠯᠤᠭᠠ᠂ ᠴᠡᠭᠡᠨ ᠴᠢᠯᠠᠭᠤ ᠨᠢ ᠬᠠᠭᠠᠷᠠᠯᠤᠭᠠ ᠭᠡᠵᠦ ᠲᠠᠶᠢᠴᠢᠭᠤᠳ ᠤᠨ ᠲᠠᠭᠠᠭᠤᠯᠭ᠎ᠠ ᠪᠠᠷ ᠠᠯᠢ ᠪᠠᠶᠢᠭᠰᠠᠨ | ᠠᠶᠢᠯ ᠰᠠᠭᠠᠬᠠᠯᠳᠠᠳ ᠠᠯᠪᠠᠳᠦ ᠠᠷᠠᠳ ᠪᠦᠬᠦᠨ ᠢᠶᠠᠷ ᠢᠶᠠᠨ ᠨᠡᠬᠦᠨ ᠤᠳᠬᠤ ᠪᠠᠷ ᠦᠭᠡᠯᠦᠨ ᠦᠵᠢᠨ ᠡᠭᠡ ᠪᠠᠭ᠎ᠠ | ᠨᠠᠰᠤᠨ ᠤ ᠭᠡᠳᠦᠨ ᠭᠡᠦᠭᠡᠳ ᠲᠠᠢ ᠪᠠᠨ ᠦᠨᠦᠴᠢᠷᠡᠨ ᠬᠤᠴᠤᠷᠠᠪᠠᠢ᠃ ᠲᠡᠳᠡᠨ ᠳᠤ ᠰᠡᠬᠦᠯ ᠠᠴᠠ ᠪᠠᠨ ᠪᠤᠰᠦ | ᠴᠢᠴᠤᠭᠠ ᠦᠭᠡᠢ᠂ ᠰᠡᠬᠦᠳᠡᠷ ᠠᠴᠠ ᠪᠠᠨ ᠦᠭᠡᠷ᠎ᠡ ᠨᠦᠬᠦᠷ ᠦᠭᠡᠢ ᠪᠤᠯᠤᠭᠰᠠᠨ ᠠᠵᠤᠭᠤ᠃ ᠡᠬᠦᠨᠡ ᠡᠭᠡ ᠦᠵᠢᠨ | ᠤᠨᠤᠨ ᠮᠦᠷᠡᠨ ᠤ ᠦᠭᠡᠳᠡ ᠤᠷᠤᠭᠤ ᠡᠷᠬᠢ ᠪᠠᠷ ᠬᠦᠶᠦᠵᠦ ᠦᠷᠡᠯ ᠮᠤᠶᠢᠯ ᠭᠤᠭᠤᠳ ᠮᠠᠩᠬᠢᠷ ᠁ ᠲᠡᠬᠦᠵᠦ | ᠪᠠᠰᠠ ᠪᠠᠭ᠎ᠠ ᠨᠠᠰᠤᠨ ᠤ ᠲᠡᠮᠦᠵᠢᠨ᠂ ᠬᠠᠰᠠᠷ᠂ ᠪᠡᠭᠳᠡᠷ᠂ ᠪᠡᠯᠬᠦᠳᠡᠢ ᠨᠠᠷ ᠵᠢᠭᠠᠰᠦ ᠬᠦᠬᠢᠳᠡᠵᠦ ᠦᠯ ᠬᠤᠭᠤᠯᠠ | ᠵᠠᠯᠭᠠᠭᠤᠯᠤᠨ ᠰᠢᠷ᠎ᠠ ᠡᠳᠦᠷ ᠪᠤᠷᠤ ᠬᠤᠨᠤᠭ ᠢ ᠨᠦᠭᠴᠢᠭᠡᠵᠦ ᠪᠠᠶᠢᠪᠠᠢ᠃ ᠲᠡᠳᠡ ᠠᠬ᠎ᠠ ᠲᠡᠬᠦᠦ ᠭᠡᠳᠦᠬᠦᠯᠡ ᠭᠡᠭᠡᠭᠡᠨ | ᠰᠤᠭᠤᠰᠤᠨ ᠭᠡᠳᠡᠭ ᠭᠠᠭᠴᠠᠬᠠᠨ ᠵᠢᠭᠠᠰᠦ ᠵᠢᠴᠢ ᠨᠢᠭᠡᠯᠭᠡᠨ ᠪᠤᠯᠵᠤᠮᠤᠷ ᠤᠨ ᠲᠦᠯᠦᠭᠡ ᠠᠮᠢᠨ ᠳᠤᠷ ᠢᠶᠠᠨ ᠤᠷᠤᠵᠦ | ᠪᠠᠶᠢᠯᠤᠭ᠎ᠠ᠃ ᠨᠢᠭᠡᠨ ᠡᠳᠦᠷ ᠭᠡᠨᠡᠳᠳᠡ ᠨᠠᠢᠮᠠᠨ ᠰᠢᠷᠭ᠎ᠠ ᠠᠭᠳᠠ ᠶᠢ ᠨᠢ ᠲᠡᠭᠡᠷᠡᠮ ᠢᠷᠡᠵᠦ ᠦᠵᠡᠳᠡᠯ᠎ᠡ ᠪᠤᠯᠢᠶᠠᠨ | ᠤᠳᠴᠠᠢ᠃ ᠲᠡᠮᠦᠵᠢᠨ ᠦᠨᠳᠦᠷ ᠬᠤᠩᠭᠤᠷ ᠢᠶᠠᠨ ᠤᠨᠤᠵᠦ ᠡᠪᠡᠰᠦᠨ ᠨᠠᠯᠠᠷᠬᠠᠢ ᠶᠢ ᠲᠠᠭᠠᠵᠦ ᠰᠢᠷᠭ᠎ᠠ ᠠᠭᠳᠠ | ᠨᠤᠭᠤᠳ ᠢᠶᠠᠨ ᠡᠭᠡᠬᠦᠯᠵᠦ ᠠᠪᠴᠢᠷᠠᠬᠤ ᠪᠠᠷ ᠮᠤᠷᠳᠠᠭᠰᠠᠨ ᠪᠠᠶᠢᠨ᠎ᠠ᠃ ᠡᠨᠡ ᠨᠢ ᠲᠡᠭᠡᠭᠡᠳ ᠨᠡᠬᠦᠳᠡᠯᠴᠢᠨ | ᠮᠤᠩᠭᠤᠯᠴᠦᠳ ᠢᠶᠠᠨ ᠨᠢᠭᠡᠳᠭᠡᠨ ᠡᠬᠦᠨ ᠤ ᠡᠷᠴᠢᠨ ᠳᠤ ᠨᠢᠭᠡᠨ ᠵᠢᠯᠤᠭᠤᠨ ᠳᠤᠷ ᠲᠠᠶᠠᠩ ᠲᠡᠯᠡᠭᠡᠢ ᠲᠡᠭᠡᠷ᠎ᠡ ᠭᠡᠨ ᠴᠤ | ᠪᠦᠳᠦᠭᠡᠵᠦ ᠦᠯᠦ ᠲᠡᠶᠢᠯᠬᠦ ᠮᠦᠷᠳᠡᠯ᠎ᠡ ᠪᠠᠨ ᠭᠡᠨ ᠴᠤ ᠬᠢᠵᠦ ᠡᠰᠡ ᠴᠢᠳᠠᠬᠤ ᠠᠽᠢᠶ᠎ᠠ ᠡᠸᠦ᠋ᠷᠦᠫᠡ ᠶᠢ | ᠰᠤᠨᠳᠠᠯᠠᠭᠰᠠᠨ ᠶᠡᠭᠡ ᠮᠤᠩᠭᠤᠯ ᠬᠠᠭᠠᠨᠳᠦ ᠤᠯᠤᠰ ᠢ ᠪᠠᠶᠢᠭᠤᠯᠬᠤ ᠶᠢᠨ ᠬᠢᠨᠢ ᠠᠩᠬᠠᠨ ᠤ ᠭᠠᠷᠤᠭ᠎ᠠ ᠨᠢ ᠪᠤᠯᠤᠭᠰᠠᠨ | ᠪᠠᠶᠢᠪᠠ᠃ | ᠪᠡᠶᠡᠴᠢ ᠪᠠ ᠭᠠᠳᠠᠭᠠᠳᠦ ᠤᠯᠠᠨ ᠰᠢᠯᠳᠠᠭᠠᠨ ᠠᠴᠠ ᠪᠤᠯᠵᠦ ᠤᠬᠠᠭᠠᠨᠳᠦ ᠬᠠᠭᠠᠨ ᠲᠤᠭᠤᠨᠳᠡᠮᠦᠷ ᠡᠪᠦᠭᠡ | ᠲᠡᠭᠡᠳᠦ — ᠬᠤᠪᠢᠯᠠᠢ ᠬᠠᠭᠠᠨ ᠤ ᠪᠠᠶᠢᠭᠤᠯᠵᠦ ᠴᠤᠭᠴᠠᠯᠠᠭᠰᠠᠨ ᠰᠦᠷ ᠪᠠᠷᠠᠭᠠᠳᠦ ᠲᠠᠶᠢᠳᠦ ᠬᠤᠳᠠ ᠠᠴᠠ | ᠬᠦᠭᠡᠭᠡᠭᠳᠡᠨ ᠲᠡᠬᠦᠨᠴᠢᠯᠡᠨ ᠠᠷᠪᠠ ᠭᠠᠷᠤᠶᠢᠬᠠᠨ ᠲᠦᠮᠡᠨ ᠮᠤᠩᠭᠤᠯᠴᠦᠳ ᠢᠶᠠᠨ ᠠᠪᠴᠦ ᠠᠯᠠᠯᠳᠤᠭᠠᠨ ᠲᠤᠯᠤᠯᠳᠤᠭᠠᠨ | ᠤ ᠲᠤᠮᠳᠠᠭᠤᠷ ᠰᠢᠯᠦᠭ ᠶᠤᠭᠠᠨ ᠭᠡᠩᠰᠢᠭᠰᠡᠭᠡᠷ ᠠᠷᠤ ᠭᠠᠵᠠᠷ ᠲᠠᠭᠠᠨ ᠪᠤᠴᠠᠵᠦ ᠢᠷᠡᠭᠰᠡᠨ ᠪᠠᠶᠢᠪᠠ᠃ ᠮᠤᠩᠭᠤᠯᠴᠦᠳ | ᠡᠨᠡᠬᠦ ᠠᠤᠭ᠎ᠠ ᠰᠦᠷᠯᠢᠭ ᠲᠠᠶᠢᠳᠦ ᠬᠤᠳᠠᠨ ᠳᠠᠭᠠᠨ 108 ᠬᠠᠨ ᠵᠢᠯ ᠨᠡᠶᠢᠰᠯᠡᠵᠦ᠂ ᠲᠠᠷᠢᠶᠠᠴᠢᠨ ᠤ ᠪᠤᠰᠤᠯᠭ᠎ᠠ ᠳᠤ | ᠢᠪ ᠲᠠᠷᠤᠭᠳᠠᠨ ᠲᠠᠶᠠᠩ ᠳᠤ ᠠᠯᠳᠠᠷᠳᠠᠢ ᠶᠡᠭᠡ ᠶᠤᠸᠠᠨ ᠤᠯᠤᠰ ᠰᠠᠭᠤᠷᠢ ᠠᠴᠠ ᠪᠠᠨ ᠰᠠᠵᠢᠯᠠᠵᠦ ᠤᠴᠢᠭᠰᠠᠨ ᠴᠤ | ᠠᠤᠭ᠎ᠠ ᠶᠡᠭᠡ ᠠᠮᠢᠵᠢᠷᠠᠯ ᠤᠨ ᠬᠦᠴᠦᠨ ᠢᠶᠠᠷ ᠤᠮᠠᠷᠠᠳᠦ ᠶᠤᠸᠠᠨ ᠤᠯᠤᠰ ᠢ ᠲᠤᠭᠳᠠᠭᠠᠵᠦ᠂ ᠡᠴᠦᠰ ᠤᠨ ᠬᠠᠭᠠᠨ | ᠯᠢᠭᠳᠡᠨ ᠬᠤᠳᠤᠭᠳᠦ ᠨᠠᠰᠦ ᠪᠠᠷᠠᠳᠠᠯ᠎ᠠ 267 ᠤᠨ ᠦᠷᠬᠦᠯᠵᠢᠯᠡᠵᠦ᠂ ᠨᠠᠩᠬᠢᠶᠠᠴᠦᠳ ᠢ ᠰᠦᠷᠳᠡᠬᠦᠯᠦᠨ ᠵᠢᠷᠦᠭᠡ ᠶᠢ | ᠨᠢ ᠴᠡᠴᠡᠷᠡᠬᠦᠯᠵᠦ ᠪᠠᠶᠢᠪᠠ᠃ ᠪᠠᠰᠠ ᠲᠡᠭᠡᠭᠡᠳ ᠤᠶᠢᠷᠠᠳ ᠤᠨ ᠴᠠᠸᠠᠩᠷᠠᠪᠳᠠᠨ ᠮᠤᠩᠭᠤᠯ ᠬᠠᠭᠠᠨᠳᠦ ᠲᠦᠷᠦ ᠪᠠᠨ | ᠪᠤᠰᠤᠭ᠎ᠠ ᠲᠦᠷᠬᠦ ᠪᠠᠷ ᠨᠢ ᠠᠪᠴᠦ ᠶᠠᠪᠤᠵᠦ ᠪᠠᠶᠢᠯ᠎ᠠ᠃ ᠬᠠᠷᠢ ᠶᠢᠨ ᠲᠠᠷᠤᠯᠠᠯ ᠬᠠᠪᠢ ᠲᠦᠰᠦᠷ ᠤᠨ ᠬᠢᠨᠢ ᠮᠦᠯᠵᠢᠯ | ᠠᠴᠠ ᠵᠠᠶᠢᠯᠠᠵᠦ᠂ ᠤᠪᠰᠢ ᠬᠤᠩ ᠲᠠᠶᠢᠵᠢ ᠶᠢᠨ ᠤᠳᠤᠷᠢᠳᠤᠯᠭ᠎ᠠ ᠲᠤᠤᠷ᠎ᠠ ᠲᠤᠷᠭᠤᠳᠴᠦᠳ ᠢᠵᠢᠯ ᠮᠦᠷᠡᠨ ᠤ | ᠬᠠᠪᠢ ᠠᠴᠠ ᠶᠡᠭᠡ ᠨᠡᠬᠦᠳᠡᠯ ᠢᠶᠠᠨ ᠡᠬᠢᠯᠡᠬᠦᠯᠪᠡ᠃ ᠲᠤᠷᠭᠤᠳᠴᠦᠳ ᠴᠠᠭ ᠮᠦᠴᠡ ᠦᠭᠡᠢ ᠠᠯᠠᠭᠤᠯᠵᠦ᠂ | ᠬᠢᠳᠤᠭᠤᠯᠵᠦ᠂ ᠪᠤᠯᠢᠶᠠᠯᠭᠠᠵᠦ ᠲᠡᠭᠡᠷᠡᠮᠳᠡᠬᠦᠯᠦᠭᠰᠡᠭᠡᠷ ᠴᠢᠰᠦᠨ ᠵᠠᠮ ᠲᠠᠳᠠᠭᠰᠠᠭᠠᠷ ᠡᠴᠦᠰ ᠲᠡᠭᠡᠨ ᠡᠭᠡ ᠤᠯᠤᠰ | ᠲᠠᠭᠠᠨ ᠪᠤᠴᠠᠨ ᠢᠷᠡᠵᠦ ᠠᠮᠤᠷᠯᠢᠪᠠᠢ ᠁ | ᠠᠽᠢᠶ᠎ᠠ ᠡᠸᠦ᠋ᠷᠦᠫᠡ ᠶᠢᠨ ᠤᠯᠠᠨ ᠤᠯᠤᠰ ᠭᠠᠵᠠᠷ ᠤᠷᠤᠨ ᠤᠳ ᠢᠶᠠᠷ ᠪᠤᠳᠠᠷᠠᠯᠴᠠᠨ ᠶᠠᠪᠤᠭᠰᠠᠨ ᠴᠤ | ᠮᠤᠩᠭᠤᠯᠴᠦᠳ ᠠᠤᠭ᠎ᠠ ᠶᠡᠭᠡ ᠠᠮᠢᠵᠢᠷᠠᠯ ᠤᠨ ᠬᠦᠴᠦᠨ ᠳᠡᠭᠡᠨ ᠰᠤᠶᠤᠯ ᠵᠠᠩᠰᠢᠯ᠂ ᠦᠭᠡ ᠭᠡᠯᠡ ᠪᠠᠨ ᠬᠠᠳᠠᠭᠠᠯᠠᠵᠦ | ᠦᠷ᠎ᠡ ᠦᠷ᠎ᠡ ᠳᠡᠭᠡᠨ ᠤᠯᠠᠮᠵᠢᠯᠠᠨ ᠤᠷᠤᠰᠢᠪᠠ᠃ ᠭᠡᠳᠦᠶᠢᠪᠡᠷ ᠡᠵᠡᠨ ᠴᠢᠩᠬᠢᠰ ᠠᠴᠠ ᠤᠯᠠᠮᠵᠢᠯᠠᠯ ᠲᠠᠢ ᠪᠤᠰᠤᠭ᠎ᠠ | ᠮᠤᠩᠭᠤᠯ ᠪᠢᠴᠢᠭ ᠢᠶᠠᠨ ᠭᠡᠷᠡᠭᠯᠡᠬᠦ ᠡᠷᠭᠡ ᠴᠢᠯᠦᠭᠡ ᠪᠠᠨ ᠠᠯᠳᠠᠵᠦ ᠪᠠᠶᠢᠭᠰᠠᠨ ᠴᠤ 500 ᠤᠨ ᠦᠷᠬᠦᠯᠵᠢᠯᠡᠭᠰᠡᠨ | ᠮᠤᠩᠭᠤᠯ ᠲᠤᠯᠭᠤᠷ ᠲᠦᠷᠦ ᠪᠠᠨ ᠰᠠᠬᠢᠵᠦ ᠬᠠᠯᠬ᠎ᠠ ᠮᠤᠩᠭᠤᠯ ᠤᠯᠤᠰ ᠮᠦᠨ ᠯᠠ ᠤᠷᠤᠰᠢᠭᠰᠠᠭᠠᠷ ᠭᠡᠳᠦᠶᠢᠪᠡᠷ | ᠵᠦᠪᠭᠡᠨ ᠨᠢᠭᠡᠨ ᠤᠷᠤᠨ ᠭᠠᠵᠠᠷ ᠪᠤᠯᠵᠦ ᠬᠤᠪᠢᠶᠠᠷᠢᠯᠠᠭᠳᠠᠨ ᠪᠠᠭᠳᠠᠯᠴᠠᠭᠰᠠᠨ ᠴᠤ ᠦᠪᠦᠷ ᠮᠤᠩᠭᠤᠯᠴᠦᠳ ᠴᠢᠩᠬᠢᠰ | ᠮᠤᠩᠭᠤᠯ ᠦᠰᠦᠭ ᠢᠶᠠᠨ ᠦᠶ᠎ᠡ ᠤᠯᠠᠮᠵᠢᠯᠠᠨ ᠭᠡᠷᠡᠭᠯᠡᠭᠰᠡᠭᠡᠷ᠃ ᠤᠳᠤᠬᠠᠨ ᠳᠤ ᠬᠤᠯᠪᠤᠭᠠᠨ ᠤ ᠤᠷᠤᠰ ᠲᠤ | ᠪᠤᠷᠢᠶᠠᠳ᠂ ᠲᠤᠸᠠ᠂ ᠬᠠᠯᠢᠮᠠᠭ ᠁ ᠵᠡᠷᠭᠡ ᠤᠯᠤᠰ ᠤᠷᠤᠨ ᠪᠡᠶ᠎ᠡ ᠪᠡᠶ᠎ᠡ ᠪᠠᠨ ᠲᠠᠭᠠᠭᠠᠨ ᠲᠤᠭᠳᠠᠨᠢᠵᠦ᠂ ᠦᠪᠦᠷ | ᠮᠤᠩᠭᠤᠯ᠂ ᠬᠦᠭᠡᠨᠠᠭᠤᠷ᠂ ᠰᠢᠨᠵᠢᠶᠠᠩ᠂ ᠪᠡᠭᠡᠵᠢᠩ ᠁ ᠵᠡᠷᠭᠡ ᠨᠠᠢᠮᠠᠨ ᠮᠤᠵᠢ ᠬᠤᠳᠠ ᠦᠪᠡᠷᠳᠡᠭᠡᠨ ᠵᠠᠰᠠᠬᠤ | ᠤᠷᠤᠨ ᠤ ᠮᠤᠩᠭᠤᠯᠴᠦᠳ ᠦᠨᠳᠦᠰᠦᠳᠡᠨ ᠤ ᠰᠤᠶᠤᠯ ᠢᠶᠠᠨ ᠠᠪᠤᠷᠠᠨ ᠬᠠᠮᠠᠭᠠᠯᠠᠵᠦ᠂ ᠰᠡᠷᠬᠦᠭᠡᠨ ᠬᠦᠭᠵᠢᠬᠦᠯᠬᠦ | ᠰᠦᠷ ᠲᠠᠯᠠᠶᠢᠴᠠᠳᠠᠢ ᠬᠦᠳᠡᠯᠭᠡᠭᠡᠨ ᠦᠷᠨᠢᠵᠦ᠂ ᠲᠡᠬᠦᠨᠴᠢᠯᠡᠨ ᠬᠤᠪᠢᠯᠠᠢ ᠬᠠᠭᠠᠨ ᠤ ᠬᠦᠷᠦᠭ ᠵᠢᠷᠤᠭ ᠢᠶᠠᠨ | ᠤᠯᠠᠮᠵᠢᠯᠠᠨ ᠲᠠᠬᠢᠭᠰᠠᠨ ᠬᠢᠳᠠᠳ ᠭᠡᠯᠡ ᠲᠠᠢ ᠮᠤᠩᠭᠤᠯ ᠠᠷᠠᠳ ᠡᠮᠦᠨ᠎ᠡ ᠮᠤᠵᠢ ᠪᠠᠷ ᠠᠮᠢᠳᠤᠷᠠᠵᠦ ᠪᠠᠶᠢᠭᠰᠠᠨ ᠢᠶᠠᠨ | ᠨᠢᠭᠡᠨᠳᠡ ᠢᠷᠡᠯᠳᠡ ᠭᠠᠷᠤᠯᠳᠠ ᠪᠠᠨ ᠲᠤᠳᠤᠷᠬᠠᠶᠢᠯᠠᠵᠦ ᠪᠠᠶᠢᠭ᠎ᠠ ᠤᠴᠢᠷ ᠭᠠᠷᠴᠦ ᠰᠡᠳᠬᠢᠯ ᠢ ᠲᠤᠭᠳᠤᠯᠤᠭᠤᠯᠬᠤ ᠶᠢ | ᠶᠠᠭᠠᠬᠢᠮᠤᠢ᠃ 2016 ᠤᠨ ᠤ ᠲᠡᠯᠡᠭᠡᠢ ᠶᠢᠨ ᠲᠠᠪᠴᠠᠩ ᠳᠤ ᠪᠠᠰᠠ ᠨᠢᠭᠡᠨ ᠤᠴᠢᠷ ᠪᠤᠯᠪᠠ᠃ ︽ᠺᠢᠦ᠋ 2016︾ | ᠤᠯᠢᠮᠫᠢᠺ ᠶᠢᠨ ᠲᠠᠮᠢᠷ ᠤᠨ ᠤᠷᠤᠯᠳᠤᠭᠠᠨ ᠤ ᠴᠢᠯᠦᠭᠡᠳᠦ ᠪᠦᠭᠡ ᠶᠢᠨ 65 ᠺᠢᠯᠦᠭᠷᠡᠮ ᠤᠨ ᠵᠢᠩ ᠳᠤ ᠪᠠᠷᠢᠯᠳᠤᠭᠰᠠᠨ | ᠮᠤᠩᠭᠤᠯ ᠤᠯᠤᠰ ᠤᠨ ᠭᠠᠪᠢᠶᠠᠳᠦ ᠲᠠᠮᠢᠷᠴᠢᠨ ᠭᠠ᠊ · ᠮᠠᠨᠳᠤᠬᠤᠨᠠᠷᠠᠨ ᠤ ᠬᠤᠪᠢ ᠳᠤ ᠬᠦᠷᠡᠯ ᠮᠲ᠋ᠧᠯ ᠤᠨ ᠲᠦᠯᠦᠭᠡ | ᠦᠷᠢᠰᠦᠯᠳᠦᠭᠡᠳ ᠰᠡᠬᠦᠯ ᠤᠨ 6 ᠰᠧᠺᠦ᠋ᠨ᠋ᠲ ᠲᠤ ᠦᠷᠢᠰᠦᠯᠳᠦᠭᠴᠢᠳ ᠲᠤ ᠪᠤᠯᠤᠮᠵᠢ ᠤᠯᠭᠤᠯ ᠦᠭᠡᠢ | ᠵᠢᠭᠤᠳᠠᠭᠰᠠᠨ ᠭᠡᠬᠦ ᠦᠨᠳᠦᠰᠦᠯᠡᠯ ᠢᠶᠠᠷ ᠬᠤᠵᠢᠭᠳᠠᠭᠰᠠᠨ ᠡ︕ ᠡᠬᠦᠨ ᠳᠤ ᠮᠠᠨᠳᠤᠬᠤᠨᠠᠷᠠᠨ ᠤ | ᠲᠠᠰᠬᠠᠯᠵᠢᠭᠤᠯᠤᠭᠴᠢ ᠴ᠊ · ᠴᠤᠭᠪᠠᠶᠠᠷ᠂ ᠪ᠊ · ᠪᠠᠶᠠᠷ ᠨᠠᠷ ᠱᠦᠬᠦᠭᠴᠢᠳ ᠤᠨ ᠰᠢᠢᠳᠪᠦᠷᠢ ᠶᠢ ᠡᠰᠡᠷᠬᠦᠴᠡᠵᠦ | ᠲᠠᠪᠴᠠᠩ ᠲᠡᠭᠡᠷ᠎ᠡ ᠬᠤᠪᠴᠠᠰᠦ ᠱᠠᠬᠠᠢ ᠪᠠᠨ ᠲᠠᠶᠢᠯᠠᠵᠦ ᠰᠢᠳᠡᠭᠰᠡᠨ ᠨᠢ ᠲᠠᠬᠢᠨ ᠨᠢᠭᠡᠨ ᠤᠨᠤᠭᠠᠨ ᠤ ᠲᠤᠷᠭᠤᠭᠤᠯᠢ | ᠶᠢ ᠠᠪᠴᠢᠷᠠᠭᠰᠠᠨ ᠪᠢᠯᠡ᠃ ᠲᠡᠳᠡᠨ ᠤ ᠡᠨᠡᠬᠦ ᠦᠢᠯᠡ ᠶᠢ ᠪᠤᠷᠤᠭᠤᠳᠬᠠᠬᠤ ᠬᠦᠮᠦᠨ ᠪᠠᠶᠢᠬᠤ ᠳᠤ ᠵᠦᠪᠳᠡᠭᠡᠬᠦ ᠨᠢᠭᠡᠨ | ᠴᠤ ᠪᠠᠰᠠ ᠭᠠᠷᠴᠠᠢ᠃ ᠢᠩᠬᠢᠵᠦ ᠮᠤᠩᠭᠤᠯ ᠲᠠᠰᠬᠠᠯᠵᠢᠭᠤᠯᠤᠭᠴᠢᠳ ᠤᠨ ᠲᠡᠮᠡᠴᠡᠯ ᠢ ᠬᠠᠷᠠᠭᠤᠯᠤᠭᠰᠠᠨ ᠵᠢᠷᠤᠭ | ᠲᠠᠢ ᠪᠤᠭᠤᠨᠢ ᠴᠠᠮᠴᠠ ᠠᠮᠧᠷᠢᠺᠠ ᠶᠢᠨ ᠨᠢᠭᠡᠳᠦᠭᠰᠡᠨ ᠤᠯᠤᠰ ᠤᠨ ᠬᠤᠳᠠᠯᠳᠤᠭᠠᠨ ᠳᠤ ᠭᠠᠷᠴᠦ ᠡᠬᠢᠯᠡᠵᠡᠢ᠃ ᠲᠤᠰ | ᠴᠠᠮᠴᠠ ᠶᠢᠨ ᠨᠡᠷ᠎ᠡ ᠨᠢ ᠲᠡᠭᠡᠭᠡᠳ ︽ᠠᠪᠤᠷᠭᠤ ᠠᠳᠠᠯᠢ ᠠᠳᠠᠯᠢ ᠪᠠᠷᠢᠯᠳᠦ᠂ ᠮᠤᠩᠭᠤᠯ ᠰᠢᠭ᠋ ᠲᠡᠮᠡᠴᠡ︾ ᠭᠡᠵᠦ ᠲᠤᠰ | ᠴᠠᠮᠴᠠ ᠶᠢ 22 ᠳ᠋ᠤᠯᠯᠠᠷ ᠤᠨ ᠦᠨᠳᠦᠷ ᠦᠷᠳᠡᠭ ᠢᠶᠠᠷ ᠵᠠᠷᠤᠵᠦ ᠪᠠᠶᠢᠨ᠎ᠠ ᠭᠡᠵᠦ ᠭᠡᠪᠯᠡᠯ ᠮᠡᠳᠡᠭᠡᠯᠡᠯ ᠤᠨ ᠬᠢᠨ | ᠮᠡᠳᠡᠭᠡᠯᠡᠵᠦ ᠪᠠᠰᠠ ᠮᠤᠩᠭᠤᠯ ᠤᠯᠤᠰ ᠤᠨ ᠬᠤᠶᠠᠷ ᠲᠠᠰᠬᠠᠯᠵᠢᠭᠤᠯᠤᠭᠴᠢ ᠳᠤ ᠪᠠᠭ᠎ᠠ ᠲᠤᠷᠭᠠᠭᠤᠯᠢ ᠦᠭᠬᠦᠭᠰᠡᠨ | ᠪᠤᠯᠪᠠᠴᠦ ᠨᠦᠬᠦᠭᠡ ᠭᠤᠷᠪᠠᠨ ᠬᠢᠨᠠᠭᠴᠢ ᠶᠢ ᠠᠵᠢᠯ ᠠᠴᠠ ᠨᠢ ᠬᠦᠭᠡᠭᠡᠭᠰᠡᠨ ᠭᠡᠵᠦ ᠪᠠᠶᠢᠭ᠎ᠠ ᠮᠡᠳᠡᠭᠡ ᠪᠤᠢ᠃ ᠡᠨᠡ ᠨᠢ | ᠤᠯᠠᠨ ᠤᠨ ᠶᠠᠪᠤᠭᠳᠠᠭᠰᠠᠨ ᠤᠯᠢᠮᠫᠢᠺ ᠶᠢᠨ ᠲᠠᠮᠢᠷ ᠤᠨ ᠴᠤᠭᠯᠠᠭᠠᠨ ᠳᠤ ᠠᠩᠬ᠎ᠠ ᠬᠠᠷᠠᠭᠳᠠᠵᠦ᠂ ᠲᠡᠯᠡᠭᠡᠢ ᠳ᠋ᠠᠬᠢᠨ ᠤ | ᠠᠩᠬᠠᠷᠤᠯ ᠳᠤ ᠬᠦᠷᠦᠭᠰᠡᠨ ᠭᠡᠵᠦ ᠪᠤᠢ᠃ | ᠮᠠᠨ ᠤ ᠲᠡᠭᠡᠷ᠎ᠡ ᠶᠠᠷᠢᠭᠰᠠᠨ ᠭᠡᠳᠦᠨ ᠵᠢᠱᠢᠶ᠎ᠡ ᠨᠢ ᠲᠡᠭᠡᠳᠦᠬᠦᠯᠡ ᠠᠴᠠ ᠦᠯᠡᠳᠡᠭᠡᠵᠦ ᠮᠡᠳᠡᠬᠦᠯᠦᠭᠰᠡᠨ ᠠᠭᠤᠤ | ᠶᠡᠭᠡ ᠠᠮᠢᠵᠢᠷᠠᠯ ᠤᠨ ᠬᠦᠴᠦᠨ ᠤ ᠲᠤᠬᠠᠢ ᠤᠴᠢᠷ ᠪᠠᠶᠢᠨ᠎ᠠ᠃ ᠤᠳᠦ ᠦᠪᠦᠷ ᠮᠤᠩᠭᠤᠯ ᠤᠨ ᠦᠨᠳᠦᠷᠯᠢᠭ ᠲᠤ ᠠᠮᠢ | ᠠᠬᠤᠢ ᠲᠡᠩᠴᠡᠬᠦᠷᠢ ᠪᠠᠨ ᠠᠯᠳᠠᠵᠦ᠂ ᠨᠡᠩ ᠢᠯᠠᠩᠭᠤᠶ᠎ᠠ ᠡᠨᠡ ᠵᠢᠯ ︵2016 ᠤᠨ︶ ᠭᠠᠩ ᠬᠠᠭᠰᠠᠷᠭᠠᠨ | ᠭᠡᠴᠡᠬᠦᠳᠡᠨ ᠲᠠᠪᠬᠤᠴᠠᠭᠰᠠᠨ ᠠᠴᠠ ᠡᠪᠡᠰᠦ ᠪᠡᠯᠴᠢᠭᠡᠷ ᠤᠷᠭᠤᠯᠳᠠ ᠦᠭᠡᠢ᠂ ᠮᠠᠯ ᠰᠦᠷᠦᠭ ᠲᠠᠷᠭᠤ ᠠᠪᠴᠦ | ᠲᠡᠶᠢᠯᠦᠭᠰᠡᠨ ᠦᠭᠡᠢ ᠠᠨᠠᠢ ᠪᠦᠭᠡᠳ ᠮᠠᠯ ᠤᠨ ᠦᠨ᠎ᠡ ᠬᠠᠩᠰᠢ ᠶᠡᠭᠡᠪᠡᠷ ᠪᠠᠭᠤᠷᠠᠵᠦ ᠮᠠᠯᠴᠢᠳ ᠤᠨ ᠠᠮᠢᠳᠤᠷᠠᠯ | ᠤᠷᠤᠰᠢᠬᠤᠢ ᠳᠤ ᠰᠦᠷᠳᠡᠬᠦᠯᠦᠯ ᠪᠤᠯᠤᠯ᠎ᠠ᠃ ᠵᠠᠬ᠎ᠠ ᠲᠡᠯᠭᠡᠬᠦᠷ ᠲᠡᠭᠡᠷ᠎ᠡ᠄ ᠲᠠᠬᠢᠶᠠᠨ ᠭᠤᠶ᠎ᠠ ᠵᠢᠩ ᠪᠦᠷᠢ ᠳᠡᠭᠡᠨ 7 | ᠲᠦᠬᠦᠷᠢᠭ᠂ ᠬᠤᠨᠢ ᠵᠢᠩ ᠪᠦᠷᠢ ᠳᠡᠭᠡᠨ 4 ᠲᠦᠬᠦᠷᠢᠭ᠂ ᠭᠠᠭ᠋ᠠᠢ ᠶᠢᠨ ᠠᠷᠠᠰᠦ ᠵᠢᠩ ᠪᠦᠷᠢ ᠳᠡᠭᠡᠨ 3.5 | ᠲᠦᠬᠦᠷᠢᠭ᠂ ᠬᠤᠨᠢᠨ ᠠᠷᠠᠰᠦ ᠭᠡᠴᠢᠨᠡᠨ ᠪᠠᠶᠢᠭᠰᠠᠨ ᠴᠤ ᠰᠤᠬᠤᠷ ᠵᠤᠭᠤᠰ ᠤᠨ ᠦᠨ᠎ᠡ ᠤᠯᠬᠤ ᠦᠭᠡᠢ᠃ ᠤᠯᠳᠠᠬᠤ | ᠭᠡᠳᠦᠨ ᠪᠤᠭᠤᠯᠳᠠ ᠡᠪᠡᠰᠦᠨ ᠤ ᠦᠨ᠎ᠡ ᠠᠴᠠ ᠪᠠᠷᠤᠭᠴᠠᠭᠠᠯᠪᠠᠯ ᠮᠠᠯᠴᠢᠳ ᠨᠢᠭᠡ ᠮᠠᠯ ᠢᠶᠠᠨ ᠬᠤᠳᠠᠯᠳᠤᠵᠦ ᠨᠦᠬᠦᠭᠡ | ᠨᠢᠭᠡ ᠪᠠᠨ ᠲᠡᠵᠢᠭᠡᠬᠦ ᠯᠠ ᠵᠢᠱᠢᠮ ᠲᠠᠢ ᠪᠤᠯᠪᠠ᠃ ᠢᠩᠬᠢᠭᠰᠡᠨ ᠠᠴᠠ ᠪᠤᠯᠵᠦ ᠦᠩᠭᠡᠷᠡᠭᠰᠡᠨ ᠤᠳ ᠲᠤ ᠬᠡᠰᠡᠭ ᠮᠠᠯ | ᠢᠶᠠᠨ ᠬᠤᠳᠠᠯᠳᠤᠵᠦ ᠡᠪᠡᠰᠦ ᠬᠤᠯᠤᠰᠦ ᠪᠠᠨ ᠤᠷᠤᠭᠤᠯᠬᠤ᠂ ᠪᠠᠩᠬᠢ ᠶᠢᠨ ᠵᠢᠭᠡᠯᠡᠯᠭᠡ ᠪᠠᠨ ᠪᠤᠴᠠᠭᠠᠬᠤ᠂ ᠪᠦᠬᠦ ᠵᠢᠯ | ᠤᠨ ᠠᠮᠢᠳᠤᠷᠠᠯ ᠤᠨ ᠰᠦᠢᠳᠭᠡᠯ ᠢᠶᠠᠨ ᠪᠡᠯᠡᠳᠭᠡᠬᠦ ᠵᠡᠷᠭᠡ ᠵᠢᠷᠦᠮ ᠭᠤᠷᠢᠮ ᠡᠪᠳᠡᠭᠳᠡᠨ᠂ ᠡᠬᠦᠨ ᠤ ᠤᠯᠠᠮ ᠠᠴᠠ | ᠬᠤᠳᠠ ᠪᠠᠨ ᠬᠤᠷᠢᠶᠠᠬᠤ ᠭᠡᠮᠵᠢᠶᠡᠨ ᠳᠤ ᠬᠦᠷᠦᠭᠰᠡᠨ ᠴᠤ ᠪᠤᠢ᠃ ᠦᠨᠡᠭᠡᠷ ᠲᠡᠭᠡᠭᠡᠳ ᠬᠤᠳᠠ ᠪᠠᠨ ᠬᠤᠷᠢᠶᠠᠴᠢᠬᠠᠬᠤ | ᠶᠤᠮ ᠪᠤᠯ ᠠᠷᠠᠳ ᠤᠨ ᠠᠮᠢᠳᠤᠷᠠᠯ ᠤᠨ ᠢᠷᠡᠯᠳᠡ ᠪᠠᠶᠢᠬᠤ ᠦᠭᠡᠢ ᠪᠤᠯᠬᠤ ᠪᠤᠶᠤ ᠲᠠᠬᠢᠭᠠᠳ ᠮᠠᠯ ᠤᠨᠤᠭ᠎ᠠ | ᠬᠤᠳᠠᠯᠳᠤᠵᠦ ᠠᠪᠬᠤ ᠬᠤᠵᠢᠮ ᠤᠨ ᠠᠰᠠᠭᠤᠳᠠᠯ ᠢ ᠭᠡᠨ ᠴᠤ ᠲᠦᠰᠦᠭᠡᠯᠡᠬᠦ ᠶᠢᠨ ᠠᠷᠭ᠎ᠠ ᠦᠭᠡᠢ ᠶᠤᠮ᠃ ᠡᠨᠡ ᠵᠢᠯ | ᠤᠨ ᠵᠤᠨ ᠤ ᠰᠡᠬᠦᠯ᠂ ᠨᠠᠮᠤᠷ ᠤᠨ ᠡᠬᠢᠨ ᠠᠴᠠ ᠠᠪᠤᠭᠠᠳ ᠮᠠᠯᠴᠢᠨ ᠲᠦᠮᠡᠨ ᠰᠠᠨᠠᠭ᠎ᠠ ᠰᠡᠳᠬᠢᠯ ᠵᠤᠪᠠᠵᠠᠭᠠᠨ | ᠲᠡᠪᠵᠢᠶᠡᠷᠡᠵᠦ ᠪᠠᠶᠢᠪᠠ᠃ ᠬᠤᠳᠠᠨ ᠳᠤ ᠰᠠᠭᠤᠭ᠎ᠠ ᠮᠤᠩᠭᠤᠯᠴᠦᠳ ᠴᠤ ᠮᠠᠯᠴᠢᠳ ᠤᠨ ᠡᠮᠦᠨ᠎ᠡ ᠠᠴᠠ ᠢᠳᠡᠪᠬᠢᠳᠡᠢ | ᠪᠠᠷ ᠰᠤᠷᠠᠭ ᠵᠠᠩᠬᠢ ᠬᠠᠩᠭᠠᠵᠦ᠂ ᠰᠠᠨᠠᠯ ᠵᠦᠪᠯᠡᠯᠭᠡ ᠦᠭᠴᠦ ᠪᠠᠶᠢᠭ᠎ᠠ ᠶᠢ ᠴᠠᠬᠢᠮ ᠮᠡᠳᠡᠭᠡ᠂ ᠸᠢᠴᠠᠲ ᠠᠴᠠ ᠮᠡᠳᠡᠵᠦ | ᠰᠤᠨᠤᠰᠴᠦ ᠯᠠ ᠳ᠋ᠠ︕ ᠲᠦᠪ ᠲᠧᠯᠸᠢᠰ ᠤᠨ 13 ᠳ᠋ᠤᠭᠠᠷ ᠰᠤᠪᠠᠭ ᠲᠤ 9.26 ᠳᠤ ᠤᠳᠤᠬᠠᠨ ᠳᠤ ᠦᠪᠦᠷ | ᠮᠤᠩᠭᠤᠯ ᠤᠨ ᠮᠠᠯᠵᠢᠬᠤ ᠤᠷᠤᠨ ᠳᠤ 700 ᠲᠦᠮᠡᠨ ᠲᠤᠨ ᠡᠪᠡᠰᠦ ᠲᠤᠳᠠᠭᠤ ᠬᠤᠷᠢᠶᠠᠬᠤ ᠪᠤᠯᠤᠭᠰᠠᠨ ᠢ | ᠮᠡᠳᠡᠭᠡᠯᠡᠯ᠎ᠡ᠃ ᠡᠨᠡ ᠪᠤᠯ ᠨᠠᠮ ᠲᠦᠷᠦ ᠠᠴᠠ ᠮᠠᠯᠴᠢᠳ ᠤᠨ ᠬᠦᠴᠢᠷᠳᠡᠯ ᠢ ᠤᠯᠵᠦ ᠬᠠᠷᠠᠵᠦ ᠪᠠᠶᠢᠭ᠎ᠠ ᠰᠠᠶᠢᠨ | ᠤᠴᠢᠷ᠃ ᠭᠡᠬᠦ ᠮᠦᠷᠳᠡᠭᠡᠨ ᠤᠳᠤᠬᠠᠨ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ | ᠨᠢ ᠠᠷᠠᠳ ᠲᠦᠮᠡᠨ ᠳᠤ ᠠᠰᠢᠭ ᠬᠦᠷᠳᠡᠭᠡᠬᠦ ᠲᠦᠷᠦ ᠶᠢᠨ ᠪᠤᠳᠤᠯᠭ᠎ᠠ ᠶᠢ ᠠᠬᠢᠨ ᠲᠠᠬᠢᠨ ᠲᠤᠷᠠᠳᠴᠦ᠂ ᠲᠡᠬᠦᠨᠴᠢᠯᠡᠨ | ᠮᠠᠰᠢ ᠤᠯᠠᠨ ᠲᠠᠯ᠎ᠠ ᠪᠠᠷ ᠠᠷᠠᠳ ᠲᠦᠮᠡᠨ ᠳᠤ ᠠᠰᠢᠭ ᠬᠦᠷᠳᠡᠭᠡᠵᠦ ᠪᠠᠶᠢᠭ᠎ᠠ ᠶᠢ ᠬᠦᠭᠰᠢᠳ ᠨᠠᠰᠤᠳᠠᠳ ᠠᠴᠠ | ᠭᠡᠦᠭᠡᠳ ᠪᠠᠭᠠᠴᠦᠳ ᠬᠦᠷᠳᠡᠯ᠎ᠡ ᠮᠡᠳᠡᠬᠦ ᠯᠠ ᠳ᠋ᠠ︕ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠢ ᠨᠠᠮ | ᠤᠨ ᠲᠦᠪ ᠬᠤᠷᠢᠶ᠎ᠠ ᠤᠳᠠᠭ᠎ᠠ ᠲᠠᠷᠠᠭᠠᠯᠠᠨ ᠵᠢᠱᠢᠶᠡᠴᠢ ᠦᠪᠡᠷᠳᠡᠭᠡᠨ ᠵᠠᠰᠠᠬᠤ ᠤᠷᠤᠨ ᠭᠡᠵᠦ ᠦᠨᠡᠯᠡᠭᠰᠡᠭᠡᠷ ᠪᠠᠶᠢᠯ᠎ᠠ᠃ | ᠡᠨᠡ ᠨᠢ ᠲᠠᠷᠤᠢ ᠦᠪᠦᠷ ᠮᠤᠩᠭᠤᠯᠴᠦᠳ ᠤᠯᠤᠰ ᠭᠡᠷ ᠤᠨ ᠬᠠᠤᠯᠢ ᠴᠠᠭᠠᠵᠠ ᠲᠦᠷᠢᠮ ᠲᠤᠭᠳᠠᠭᠠᠯ ᠢ ᠤᠬᠠᠮᠰᠠᠷ | ᠠᠴᠠ ᠪᠠᠨ ᠰᠠᠬᠢᠵᠦ ᠭᠡᠷᠡᠭᠵᠢᠬᠦᠯᠵᠦ᠂ ᠦᠢᠯᠡᠳᠦᠯᠭᠡᠵᠢᠬᠦᠯᠵᠦ ᠪᠠᠶᠢᠭ᠎ᠠ ᠠᠴᠠ ᠪᠤᠯᠤᠭᠰᠠᠨ ᠭᠡᠳᠡᠭ ᠨᠢ ᠮᠠᠷᠭᠤᠰᠢ | ᠦᠭᠡᠢ ᠤᠴᠢᠷ᠃ ᠲᠡᠭᠡᠬᠦ ᠳᠤ ᠭᠠᠴᠠᠭ᠎ᠠ᠂ ᠰᠤᠮᠤ᠂ ᠬᠤᠰᠢᠭᠤ᠂ ᠠᠶᠢᠮᠠᠭ ᠬᠤᠳᠠ ᠶᠢᠨ ᠵᠠᠰᠠᠭ ᠤᠨ ᠤᠷᠳᠤᠨ ᠴᠤ | ᠨᠠᠮ ᠤᠨ ᠲᠦᠪ ᠬᠤᠷᠢᠶᠠᠨ ᠤ ᠤᠷᠢᠶᠠᠯᠠᠭ᠎ᠠ ᠪᠠᠷ ᠨᠠᠩ ᠢᠯᠠᠩᠭᠤᠶ᠎ᠠ ᠵᠠᠩᠬᠢᠯᠠᠭ᠎ᠠ ᠶᠢᠨ ᠦᠶ᠎ᠡ ᠳᠤ ᠠᠷᠠᠳ ᠲᠦᠮᠡᠨ ᠤ | ᠠᠰᠢᠭ ᠲᠤᠰᠠ ᠶᠢ ᠲᠡᠷᠢᠬᠦᠨ ᠪᠠᠶᠢᠷᠢᠨ ᠳᠤ ᠲᠠᠯᠪᠢᠬᠤ ᠶᠢ ᠡᠳᠦᠷ ᠲᠤᠳᠤᠮ ᠤᠨ ᠠᠵᠢᠯ ᠳᠠᠭᠠᠨ ᠯᠠᠪᠳᠠᠭᠤᠨ ᠪᠠᠳᠤᠳᠠᠢ | ᠭᠡᠷᠡᠭᠵᠢᠬᠦᠯᠬᠦ ᠨᠢ ᠵᠠᠶᠢᠯᠠᠰᠢ ᠦᠭᠡᠢ ᠠᠵᠢᠯ ᠪᠢᠯᠢᠦ᠃ ᠦᠷᠭᠡᠨ ᠤᠯᠠᠨ ᠮᠠᠯᠴᠢᠨ ᠲᠦᠮᠡᠨ ᠤ ᠠᠮᠢᠳᠤᠷᠠᠯ ᠤᠷᠤᠰᠢᠬᠤᠢ | ᠳᠤ ᠲᠤᠯᠭᠠᠷᠠᠵᠦ ᠪᠠᠶᠢᠭ᠎ᠠ ᠪᠤᠳᠠᠳᠠᠢ ᠠᠰᠠᠭᠤᠳᠠᠯ ᠵᠢᠴᠢ ᠲᠡᠬᠦᠨ ᠤ ᠦᠨᠳᠦᠰᠦ ᠰᠢᠯᠳᠠᠭᠠᠨ ᠵᠡᠷᠭᠡ ᠲᠠᠯ᠎ᠠ ᠪᠠᠷ ᠲᠡᠭᠡᠷ᠎ᠡ | ᠱᠠᠳᠤᠨ ᠳᠤ ᠤᠯᠠᠮ ᠨᠢᠭᠡ ᠠᠯᠬᠤᠮ ᠬᠦᠨᠵᠡᠭᠡᠢ ᠤᠶᠢᠯᠠᠭᠠᠭᠤᠯᠵᠦ᠂ ᠲᠡᠬᠦᠨᠴᠢᠯᠡᠨ ᠲᠠᠭᠠᠷᠠᠭᠰᠠᠨ ᠦᠶ᠎ᠡ ᠳᠤᠨᠢ ᠲᠠᠬᠤ | ᠬᠦᠷᠭᠡᠵᠦ ᠬᠦᠴᠢᠷ ᠲᠠᠢ ᠭᠠᠵᠠᠷ ᠲᠤᠨᠢ ᠲᠡᠮᠨᠡᠵᠦ ᠲᠤᠰᠤᠯᠠᠭᠠᠳ ᠯᠠ ᠦᠭᠪᠡᠯ ᠮᠠᠯᠴᠢᠳ ᠤᠨ ᠰᠡᠳᠬᠢᠯ ᠳᠤ | ᠠᠮᠢᠳᠤᠷᠠᠯ ᠠᠬᠤᠢ ᠳᠤ ᠰᠢᠨ᠎ᠡ ᠡᠷᠬᠢᠯᠳᠡ ᠭᠠᠷᠴᠦ ᠪᠤᠯᠬᠤ ᠶᠤᠮ᠃ ᠲᠠᠬᠢᠭᠠᠳ ᠶᠠᠷᠢᠬᠤ ᠳᠤ ᠮᠠᠯᠴᠢᠳ ᠬᠤᠷᠰᠢᠶᠠᠵᠢᠯ | ᠂ ᠬᠠᠮᠳᠤᠷᠠᠵᠢᠯ ᠁ ᠪᠠᠶᠢᠭᠤᠯᠵᠦ ᠦᠪᠡᠷ ᠤᠨ ᠮᠠᠯ ᠤᠨ ᠠᠰᠢᠭ ᠰᠢᠮ᠎ᠡ ᠪᠠᠨ ᠦᠪᠡᠷᠳᠡᠭᠡᠨ ᠡᠳ᠋ᠰᠢᠬᠦᠯᠦᠨ ᠵᠠᠬ᠎ᠠ | ᠲᠡᠯᠭᠡᠬᠦᠷ ᠲᠡᠭᠡᠷ᠎ᠡ ᠭᠠᠷᠭᠠᠵᠦ ᠤᠷᠤᠨ ᠪᠠᠶᠢᠷᠢ ᠪᠠᠨ ᠤᠯᠬᠤ ᠪᠠᠷ ᠵᠠᠮ ᠡᠷᠢᠯᠬᠢᠯᠡᠵᠦ ᠪᠡᠭᠡᠵᠢᠩ᠂ ᠱᠠᠩᠬᠠᠢ᠂ | ᠭᠤᠸᠠᠩᠵᠸᠦ ᠵᠡᠷᠭᠡ ᠲᠤᠳᠤᠷ ᠭᠠᠵᠠᠷ ᠬᠦᠷᠴᠦ ᠲᠠᠯ᠎ᠠ ᠨᠤᠳᠤᠭ ᠲᠠᠬᠢ ᠪᠡᠯᠴᠢᠭᠡᠷ ᠤᠨ ᠮᠠᠯ ᠤᠨ ᠠᠰᠢᠭ ᠰᠢᠮ᠎ᠡ ᠬᠢᠷᠢ | ᠵᠡᠷᠭᠡ ᠭᠡᠳᠡᠭ ᠢ ᠤᠬᠠᠭᠤᠯᠵᠦ᠂ ᠮᠡᠳᠡᠷᠡᠬᠦᠯᠵᠦ᠂ ᠲᠠᠨᠢᠭᠤᠯᠵᠦ᠂ ᠲᠤᠳᠤᠷᠠᠭᠤᠯᠬᠤ ᠳᠤ ᠤᠯᠠᠨ ᠠᠷᠭ᠎ᠠ ᠠᠪᠴᠠᠭ᠎ᠠ | ᠠᠪᠴᠦ ᠪᠠᠶᠢᠭ᠎ᠠ ᠰᠠᠶᠢᠨ ᠤᠴᠢᠷ ᠢ ᠪᠢᠳᠡ ᠷᠠᠳᠢᠤ᠋᠂ ᠲᠧᠯᠸᠢᠰ᠂ ᠸᠢᠴᠠᠲ ᠮᠡᠳᠡᠭᠡ ᠠᠴᠠ ᠤᠳᠠᠭ᠎ᠠ ᠲᠠᠷᠠᠭᠠᠯᠠᠨ | ᠬᠠᠷᠠᠵᠠᠭᠠᠵᠦ ᠪᠠᠭ᠋ᠠᠳᠤᠨ ᠪᠢᠰᠢᠷᠡᠯ᠎ᠡ᠃ ᠲᠡᠶᠢᠮᠦ ᠡ︕ ᠦᠪᠦᠷ ᠮᠤᠩᠭᠤᠯ ᠤᠷᠤᠨ ᠤ ᠪᠡᠯᠴᠢᠭᠡᠷ ᠤᠨ ᠮᠠᠯ ᠤᠨ | ᠠᠰᠢᠭ ᠰᠢᠮ᠎ᠡ ᠠᠦ᠋ᠰᠲ᠋ᠧᠷᠯᠢᠶᠠ᠂ ᠰᠢᠨ᠎ᠡ ᠼᠠᠯᠠᠨᠳ᠋᠂ ᠬᠠᠯᠬ᠎ᠠ ᠮᠤᠩᠭᠤᠯ ᠤᠨ ᠬᠢ ᠲᠠᠢ ᠴᠤᠬᠤᠮ ᠬᠠᠮᠢᠭ᠎ᠠ ᠪᠠᠨ ᠶᠠᠭᠤ | ᠪᠠᠷ ᠢᠶᠠᠨ ᠵᠦᠷᠢᠶ᠎ᠡ ᠲᠠᠢ ᠪᠤᠯ︖ ᠲᠡᠳᠡᠭᠡᠷ ᠤᠯᠤᠰ ᠤᠨ ᠲᠤᠳᠤᠭᠠᠳᠦ ᠭᠠᠳᠠᠭᠠᠳᠦ ᠶᠢᠨ ᠵᠠᠬ᠎ᠠ ᠲᠡᠯᠭᠡᠬᠦᠷ ᠢ | ᠡᠵᠡᠮᠳᠡᠬᠦ ᠪᠠᠷ ᠴᠢᠷᠮᠠᠶᠢᠵᠦ᠂ ᠨᠡᠷᠡᠳᠦ ᠲᠡᠮᠳᠡᠭ ᠭᠡᠳᠡᠭ ᠢ ᠨᠢ ᠡᠬᠦᠳᠬᠦ ᠪᠠᠷ ᠬᠦᠴᠦᠯᠡᠵᠦ ᠪᠠᠶᠢᠭ᠎ᠠ ᠮᠠᠯᠴᠢᠳ ᠤᠨ | ᠵᠤᠷᠢᠭ ᠰᠠᠨᠠᠭ᠎ᠠ ᠪᠤᠯ ᠮᠠᠯᠵᠢᠬᠤ ᠰᠤᠶᠤᠯ ᠤᠨ ᠪᠠᠰᠠ ᠨᠢᠭᠡᠨ ᠰᠢᠨ᠎ᠡ ᠠᠮᠢᠵᠢᠷᠠᠯ ᠤᠨ ᠬᠦᠴᠦᠨ ᠪᠠᠶᠢᠵᠦ ᠲᠠᠭᠠᠷᠠᠨ᠎ᠠ᠃ | ᠮᠠᠨ ᠤ ᠠᠵᠢᠯ ᠢᠶᠠᠨ ᠪᠢᠳᠡ ᠦᠪᠡᠷ ᠢᠶᠠᠨ ᠬᠢᠬᠦ ᠦᠭᠡᠢ ᠭᠡᠨ ᠮᠠᠨ ᠳᠤ ᠬᠢᠵᠦ ᠦᠭᠬᠦᠨ᠎ᠡ ᠤᠤ︖ ᠰᠠᠨᠠᠵᠦ ᠪᠠᠶᠢᠪᠠᠯ | ᠪᠦᠳᠦᠨ᠎ᠡ᠂ ᠰᠠᠵᠢᠯᠠᠵᠦ ᠪᠠᠶᠢᠪᠠᠯ ᠬᠦᠷᠦᠨ᠎ᠡ᠃ | ᠮᠠᠯᠴᠢᠳ ᠮᠢᠨᠢ ᠴᠢᠷᠮᠠᠢ︕ | | 2016 ᠤᠨ ᠤ 10 ᠰᠠᠷ᠎ᠠ᠂ ᠪᠢᠷᠠᠭᠤ ᠪᠠᠯᠭᠠᠰᠤᠨ ᠳᠤ | |