| ︽ᠬᠡᠯᠡ ᠪᠠᠷ ᠢᠶᠠᠨ ᠲᠤᠬᠯᠠᠬᠤ︾ ᠶᠢ ︽ᠶᠧᠨᠦ︾ ᠪᠤᠯᠭᠠᠵᠤ ᠰᠣᠨᠢᠷᠬᠠᠳᠠᠭ ᠬᠦᠮᠦᠰ | ᠮᠠᠨ ᠤ ᠬᠢᠨ ᠳᠤ ᠪᠠᠶᠢᠬᠰᠠᠨ ᠪᠦᠬᠡᠳ ᠪᠠᠶᠢᠬᠰᠠᠭᠠᠷ ᠪᠠᠶᠢᠨ᠎ᠠ᠃ ᠲᠡᠭᠡᠪᠡᠯ ︽ᠬᠡᠯᠡ ᠪᠠᠷ ᠢᠶᠠᠨ ᠲᠤᠬᠯᠠᠬᠤ︾ ᠭᠡᠭᠴᠢ | ᠶᠠᠭᠤ ᠪᠤᠢ︖ ᠬᠡᠪᠡᠯ ᠪᠢ ᠠᠳᠡ ᠦᠬᠡ ᠬᠡᠯᠡ ᠪᠠᠨ ︽ᠡᠷᠡᠮᠳᠡᠭᠯᠡᠵᠦ ᠪᠡᠰᠡᠷᠡᠭᠯᠡᠵᠦ︾ ᠪᠠᠶᠢᠭᠠᠳ ᠦᠪᠡᠷ ᠪᠤᠰᠤᠳ ᠢ | ᠢᠨᠢᠶᠡᠯᠬᠡᠨ ᠬᠤᠷᠤᠮ ᠵᠠᠭᠤᠷ᠎ᠠ ᠶᠢᠨ ᠲᠠᠭᠠᠰᠢᠶᠠᠯ ᠠᠪᠳᠠᠭ ᠦᠵᠡᠭᠳᠡᠯ ᠢ ᠵᠢᠭᠠᠬᠰᠠᠨ ᠶᠤᠮ᠃ ᠵᠠᠷᠢᠮ ᠬᠦᠮᠦᠨ | ᠡᠬᠦᠨ ᠢ ᠪᠠᠨ ᠶᠧᠨᠦ ᠭᠠᠷᠭᠠᠵᠤ ᠪᠠᠶᠢᠨ᠎ᠠ ᠭᠡᠳᠡᠭ ᠪᠦᠬᠡᠳ ᠬᠠᠵᠠᠭᠤ ᠶᠢᠨ ᠬᠦᠮᠦᠰ ᠨᠢ ᠪᠠᠰᠠ ᠲᠡᠭᠦᠨ ᠢ ᠪᠠᠨ | ᠶᠧᠨᠦ ᠲᠠᠢ ᠬᠦᠮᠦᠨ ᠬᠡᠮᠡᠨ ᠡᠷᠬᠦᠨ ᠮᠠᠬᠳᠠᠳᠠᠭ᠃ ︽ᠶᠧᠨᠦ ᠲᠠᠢ ᠬᠦᠮᠦᠰ︾ ᠤᠨ ︽ᠬᠡᠯᠡ ᠪᠠᠷ ᠢᠶᠠᠨ ᠲᠤᠬᠯᠠᠵᠤ︾ | ᠬᠤᠯᠢᠵᠤ ᠬᠤᠳᠬᠤᠵᠤ ᠶᠠᠷᠢᠬᠰᠠᠨ ︽ᠶᠧᠨᠦ ᠲᠠᠢ ᠦᠬᠡ︾ ᠨᠢ ᠬᠦᠮᠦᠨ ᠢ ᠢᠨᠢᠶᠡᠯᠭᠡᠬᠦ ᠵᠤᠷᠢᠯᠭ᠎ᠠ ᠳᠠᠭᠠᠨ ᠬᠦᠷᠴᠦ | ᠴᠢᠳᠠᠳᠠᠭ ᠢᠶᠠᠷ ᠪᠠᠷᠠᠬᠤ ᠦᠬᠡᠢ᠂ ᠪᠠᠰᠠ ᠬᠦᠮᠦᠨ ᠢ ᠬᠠᠨᠢᠶᠠᠯᠭᠠᠬᠤ ᠶᠢᠨ ᠮᠠᠭᠤ ᠢᠷᠸ᠎ᠠ ᠲᠠᠭᠠᠭᠤᠯᠳᠠᠭ ᠭᠡᠰᠡᠨ ᠢ | ᠡᠷᠳᠡᠮᠳᠡᠳ ᠮᠡᠷᠬᠡᠳ ᠠᠴᠠ ᠡᠩ ᠤᠨ ᠢᠷᠭᠡᠳ ᠬᠦᠷᠳᠡᠯ᠎ᠡ ᠠᠩᠬᠠᠷᠤᠯ ᠳᠠᠭᠠᠨ ᠠᠪᠤᠬᠰᠠᠨ ᠦᠬᠡᠢ ᠶᠢᠨ ᠬᠠᠷᠠᠭ᠎ᠠ ᠪᠠᠷ | ︽ᠬᠡᠯᠡ ᠪᠠᠷ ᠢᠶᠠᠨ ᠲᠤᠬᠯᠠᠳᠠᠭ︾ ᠨᠢ ᠬᠠᠯᠠᠭᠤᠷᠠᠯ ᠦᠵᠡᠭᠳᠡᠯ ᠪᠤᠯᠵᠤ ᠬᠡᠯᠡᠨ ᠤ ᠪᠤᠬᠢᠷᠳᠦᠯ ᠤᠨ ᠭᠠᠢ ᠴᠢᠷᠦᠭᠰᠡᠭᠡᠷ | ᠪᠠᠶᠢᠭ᠎ᠠ ᠶᠢ ᠤᠮᠳᠤᠭᠠᠶᠢᠯᠠᠬᠰᠠᠭᠠᠷ ᠪᠠᠶᠢᠭ᠎ᠠ ᠶᠤᠮ᠃ | ᠬᠡᠯᠡᠯᠬᠡᠨ ᠦᠬᠡᠢ ᠦᠬᠡ ᠬᠡᠯᠡ ᠪᠠᠨ ︽ᠡᠷᠡᠮᠳᠡᠭᠯᠡᠵᠦ ᠪᠡᠰᠡᠷᠡᠭᠯᠡᠵᠦ︾ ᠪᠠᠶᠢᠭᠠᠳ ᠦᠪᠡᠷ | ᠪᠤᠰᠤᠳ ᠢ ᠢᠨᠢᠶᠡᠯᠬᠡᠵᠦ ︽ᠶᠧᠨᠦ︾ ᠭᠠᠷᠭᠠᠳᠠᠭ ᠬᠦᠮᠦᠰ ᠡᠬᠡ ᠬᠡᠯᠡ ᠪᠠᠨ ᠪᠤᠬᠢᠷᠳᠤᠭᠤᠯᠵᠤ ᠬᠤᠯᠢᠮᠠᠭ ᠪᠡᠰᠡᠷᠡᠭ | ᠦᠬᠡ ᠣᠯᠠᠰᠢᠷᠠᠭᠤᠯᠤᠶᠠ ᠭᠡᠰᠡᠨ ᠵᠤᠷᠢᠯᠭ᠎ᠠ ᠲᠠᠢ ᠪᠢᠰᠢ᠂ ᠵᠦᠪᠬᠡᠨ ᠴᠠᠭ ᠵᠠᠭᠤᠷ᠎ᠠ ᠬᠠᠵᠠᠭᠤ ᠬᠠᠪᠢ ᠶᠢᠨ | ᠬᠦᠮᠦᠰ ᠢᠶᠠᠨ ᠢᠨᠢᠶᠡᠯᠬᠡᠵᠦ ︽ᠶᠧᠨᠦ︾ ᠱᠤᠭ ᠭᠠᠷᠭᠠᠶ᠎ᠠ ᠭᠡᠰᠡᠨ ᠯᠡ ᠰᠠᠨᠠᠭ᠎ᠠ ᠲᠠᠢ ᠪᠠᠶᠢᠬᠰᠠᠨ ᠪᠤᠯᠪᠠᠴᠤ ᠲᠡᠷᠡ ᠨᠢ | ᠬᠡᠴᠢᠨᠡᠭᠡᠨ ︽ᠶᠧᠨᠦ︾ ᠲᠠᠢ ᠪᠤᠯᠬᠤ ᠲᠤᠳᠤᠮ ᠲᠡᠳᠦᠢ ᠠᠮᠠᠷᠬᠠᠨ ᠴᠡᠭᠡᠵᠢᠯᠡᠭᠳᠡᠵᠦ ᠬᠢᠯᠪᠠᠷᠬᠠᠨ ᠢᠶᠠᠷ ᠤᠯᠠᠮᠵᠢᠯᠠᠬᠳᠠᠨ | ᠲᠠᠮᠵᠢᠬᠳᠠᠳᠠᠭ ᠮᠦᠷᠳᠡᠭᠡᠨ ᠲᠠᠭᠤᠷᠢᠶᠠᠨ ᠠᠯᠢᠶᠠᠯᠠᠬᠤ ᠶᠢᠨ ᠵᠢᠱᠢᠶ᠎ᠡ ᠪᠤᠯᠵᠤ ᠪᠠᠶᠢᠳᠠᠭ ᠭᠡᠰᠡᠨ ᠢ ᠶᠠᠭ | ᠤᠮᠳᠤᠭᠠᠶᠢᠯᠠᠬᠰᠠᠨ ᠪᠠᠶᠢᠳᠠᠭ ᠲᠤᠯᠠ ᠶᠠᠪᠤᠭ᠎ᠠ ᠶᠠᠪᠤᠭᠠᠨ ᠳᠤ ᠪᠠᠨ ︽ᠶᠧᠨᠦ︾ ᠲᠠᠢ ᠬᠦᠮᠦᠨ ᠣᠯᠠᠰᠢᠷᠠᠵᠤ ︽ᠶᠧᠨᠦ︾ | ᠲᠠᠢ ᠦᠬᠡ ᠠᠷᠪᠢᠳᠬᠤ ᠶᠢ ᠲᠠᠭᠠᠯᠳᠤᠨ ᠲᠡᠳᠡᠭᠡᠷ ︽ᠶᠧᠨᠦ︾ ᠲᠠᠢ ᠦᠬᠡ ᠪᠤᠯᠤᠨ ︽ᠶᠧᠨᠦ︾ ᠭᠠᠷᠭᠠᠬᠤ | ᠠᠷᠭ᠎ᠠ ᠨᠢ ᠬᠢᠵᠢᠭ ᠲᠠᠬᠤᠯ ᠰᠢᠭ᠋ ᠢᠶᠠᠷ ᠬᠡᠯᠡᠨ ᠤ ︽ᠬᠠᠮᠠᠭᠤ︾ ᠪᠤᠯᠵᠤ ᠲᠡᠯᠭᠡᠷᠡᠵᠦ ᠪᠤᠢ᠃ ᠡᠶᠢᠮᠦᠷᠬᠦ ︽ᠶᠧᠨᠦ︾ | ᠲᠠᠢ ᠦᠬᠡ ᠨᠢ ᠣᠯᠠᠩᠬᠢ ᠳᠠᠭᠠᠨ ᠤᠤᠯ ᠬᠡᠯᠡᠨ ᠳᠡᠭᠡᠨ ᠣᠯᠠᠨ ᠬᠡᠷᠡᠭᠯᠡᠭᠳᠡᠳᠡᠭ ᠦᠬᠡ ᠪᠤᠶᠤ ᠰᠢᠨ᠎ᠡ ᠦᠬᠡ ᠪᠠᠶᠢᠳᠠᠭ | ᠲᠤᠯᠠ ᠲᠡᠭᠦᠨ ᠢ ︽ᠶᠧᠨᠦ︾ ᠪᠤᠯᠭᠠᠨ ᠠᠪᠴᠦ ᠬᠡᠷᠡᠭᠯᠡᠭᠰᠡᠨ ᠤ ᠲᠠᠷᠠᠭ᠎ᠠ ᠮᠦᠨ ᠬᠡᠯᠡᠭᠳᠡᠬᠦ ᠲᠤᠬᠢᠶᠠᠯ ᠨᠢ ᠣᠯᠠᠨ | ᠪᠠᠶᠢᠵᠤ ᠬᠠᠯᠳᠠᠪᠤᠷᠢᠯᠠᠬᠤ ᠴᠢᠨᠠᠷ ᠢᠶᠠᠷ ᠡᠩ ᠤᠨ ᠦᠬᠡ ᠠᠴᠠ ᠢᠯᠡᠬᠦᠦ ᠪᠠᠶᠢᠵᠤ᠂ ᠮᠠᠰᠢ ᠲᠦᠷᠬᠡᠨ ᠲᠦᠬᠡᠨ | ᠲᠠᠷᠬᠠᠳᠠᠭ ᠣᠨᠴᠠᠯᠢᠭ ᠲᠠᠢ ᠪᠠᠶᠢᠳᠠᠭ᠃ | ᠶᠠᠫᠣᠨ ᠢ ᠡᠰᠡᠷᠬᠦᠴᠡᠬᠦ ᠲᠠᠶᠢᠨ ᠤ ᠰᠡᠳᠦᠪᠳᠦ ᠺᠢᠨᠣ᠋ ᠵᠦᠴᠦᠬᠡ ᠶᠢ ᠠᠷᠪᠢᠨ ᠦᠵᠡᠳᠡᠭ ᠬᠦᠮᠦᠰ ᠤᠨ | ᠵᠠᠷᠢᠮ ᠨᠢ ︽ᠶᠤᠤᠰᠢ᠂ ᠶᠤᠤᠰᠢ︕︾᠂ ︽ᠪᠠᠭᠠᠶᠠᠷᠦᠦ︕︾᠂ ︽ᠰᠠᠶ᠋ᠢᠦᠨᠠᠷᠠ︕︾ ᠬᠡᠵᠦ ︽ᠶᠧᠨᠦ︾ | ᠭᠠᠷᠭᠠᠳᠠᠭ᠂ ᠬᠢᠳᠠᠳ ᠬᠡᠯᠡᠨ ᠤ ᠺᠢᠨᠣ᠋ ᠵᠦᠴᠦᠬᠡ ᠪᠤᠶᠤ ᠨᠤᠮ ᠵᠤᠬᠢᠶᠠᠯ ᠦᠵᠡᠳᠡᠭ ᠬᠦᠮᠦᠰ ᠤᠨ ᠵᠠᠷᠢᠮ ᠨᠢ ︽︿ | ᠴᠢᠩ ᠷᠧᠨ﹀ ᠴᠢᠨᠢ ᠶᠤᠮ ᠦᠦ᠂ ︿ᠰᠢᠶᠤᠤ ᠰᠠᠨ﹀ ᠴᠢᠨᠢ ᠶᠤᠮ ᠦᠦ︖︾ ᠬᠡᠮᠡᠨ ︽ᠶᠧᠨᠦ︾ ᠭᠠᠷᠭᠠᠳᠠᠭ ᠪᠤᠶᠤ | ︽ᠪᠢᠳᠡ ᠬᠤᠶᠠᠷ ᠴᠢᠨᠢ ︿ ᠪᠠᠨ ᠶᠢᠨ ᠪᠠ ᠯᠢᠶᠠᠩ﹀ ᠰᠢᠳᠡ ᠁︾ ᠬᠡᠮᠡᠨ ︽ᠶᠧᠨᠦ︾ ᠭᠠᠷᠭᠠᠴᠢᠬᠠᠭᠠᠳ | ᠡᠯᠢᠬᠡ ᠪᠠᠨ ᠬᠦᠰᠢᠳᠡᠯ᠎ᠡ ᠢᠨᠢᠶᠡᠯᠴᠡᠳᠡᠭ ᠦᠵᠡᠭᠳᠡᠯ ᠠᠷᠢᠬᠢᠨ ᠰᠢᠷᠡᠭᠡ᠂ ᠨᠠᠶᠢᠷ ᠤᠨ ᠭᠠᠵᠠᠷ ᠣᠯᠠᠨ ᠲᠤᠬᠢᠶᠠᠯᠳᠤᠳᠠᠭ | ᠪᠤᠯ ᠬᠤᠷᠠᠯ ᠤᠨ ᠭᠡᠷ᠂ ᠬᠢᠴᠢᠶᠡᠯ ᠤᠨ ᠲᠠᠩᠬᠢᠮ ᠳᠤ ᠴᠦ ︽︿ ᠶᠢᠨ ᠵᠠᠩ﹀ ᠬᠢᠬᠡᠳ᠂ ︿ᠯᠤᠤ ᠳ᠋ᠣᠣ﹀ ᠪᠠᠨ ᠬᠢᠬᠡᠳ᠂ | ︿ᠹᠦᠪᠠᠶᠢᠵᠤ﹀ ᠪᠠᠶᠢᠨ᠎ᠠ ᠁︾ ᠭᠡᠬᠦ ᠮᠡᠳᠦ ᠪᠠᠷ ᠶᠦᠮᠦᠯᠢᠭ ᠦᠬᠡ ᠬᠡᠯᠡᠴᠢᠬᠡᠯ᠎ᠡ ᠭᠡᠰᠡᠨ ᠪᠠᠶᠢᠷᠢ ᠲᠠᠢ ᠬᠡᠮᠡᠷᠯᠢᠭ | ᠴᠢᠷᠠᠶᠢᠯᠠᠵᠤ ᠰᠠᠭᠤᠳᠠᠭ ᠬᠦᠮᠦᠨ ᠴᠦ ᠨᠢᠬᠡ ᠪᠢᠰᠢ ᠪᠠᠶᠢᠳᠠᠭ᠃ | ᠦᠩᠭᠡᠷᠡᠭᠰᠡᠨ ᠳᠤ ᠡᠶᠢᠮᠦᠷᠬᠦ ︽ᠶᠧᠨᠦ︾ ᠲᠠᠢ ᠦᠬᠡ ᠨᠢ ᠠᠷᠢᠬᠢᠨ ᠰᠢᠷᠡᠭᠡ᠂ ᠨᠠᠶᠢᠷ | ᠴᠡᠩᠭᠡᠭᠡᠨ ᠤ ᠭᠠᠵᠠᠷ ᠪᠤᠶᠤ ᠬᠡᠬᠡᠷ᠎ᠡ ᠭᠠᠳᠠᠨ᠎ᠠ ᠶᠢᠨ ᠨᠠᠭᠠᠳᠤᠮ ᠱᠤᠭ ᠡᠭᠦᠰᠭᠡᠬᠦ ᠶᠡᠷᠦ ᠶᠢᠨ ᠶᠠᠷᠢᠶ᠎ᠠ ᠬᠠᠷᠢᠯᠴᠠᠭ᠎ᠠ ᠳᠤ | ᠣᠯᠠᠨ ᠬᠡᠯᠡᠭᠳᠡᠳᠡᠭ ᠠᠴᠠ ᠭᠠᠳᠠᠨ᠎ᠠ ᠬᠤᠱᠣᠩ ᠱᠤᠭ ᠦᠯᠢᠬᠡᠷᠳᠦ ᠲᠠᠭᠤᠤ ᠪᠤᠶᠤ ᠬᠤᠭᠤᠷ ᠤᠨ ᠦᠯᠢᠬᠡᠷ᠂ | ᠬᠤᠯᠪᠤᠭ᠎ᠠ ᠵᠡᠷᠭᠡ ᠳᠤ ᠨᠡᠯᠢᠶᠡᠳ ᠲᠤᠬᠢᠶᠠᠯᠳᠤᠳᠠᠭ ᠢ ᠬᠡᠨ ᠴᠦ ᠪᠦᠷ ᠮᠡᠳᠡᠨ᠎ᠡ᠃ ᠲᠠᠭᠤᠤ᠂ ᠦᠯᠢᠬᠡᠷ ᠬᠤᠯᠪᠤᠭ᠎ᠠ ᠳᠤ | ᠬᠢᠳᠠᠳ ᠮᠤᠩᠭᠤᠯ ᠦᠬᠡ ᠶᠢ ᠬᠤᠯᠢᠵᠤ ᠰᠣᠯᠢᠵᠤ ᠶᠠᠷᠢᠳᠠᠭ ᠨᠢ ᠢᠨᠢᠶᠡᠳᠦᠮ ᠱᠤᠭ ᠭᠠᠷᠭᠠᠵᠤ ᠵᠤᠭᠤᠭ ᠴᠡᠩᠭᠡᠭᠡᠨ | ᠪᠤᠯᠭᠠᠵᠤ ᠪᠠᠶᠢᠬᠰᠠᠨ ᠠᠴᠠ ᠭᠠᠳᠠᠨ᠎ᠠ ᠲᠡᠳᠡᠭᠡᠷ ᠤᠷᠠᠯᠢᠬᠴᠢᠳ ᠤᠨ ᠪᠡᠯᠡᠨ ᠰᠢᠯᠦᠭᠯᠡᠬᠦ ᠳᠤ ᠬᠡᠯᠡ ᠶᠠᠷᠢᠶᠠᠨ ᠤ ᠲᠦᠷ | ᠴᠠᠭ ᠤᠨ ᠲᠤᠯᠭᠠᠮ᠎ᠠ ᠬᠡᠷᠡᠭᠴᠡᠭᠡ ᠱᠠᠭᠠᠷᠳᠠᠯᠭ᠎ᠠ ᠶᠢᠨ ᠰᠢᠯᠳᠠᠭᠠᠨ ᠠᠴᠠ ᠪᠤᠯᠵᠤ ᠪᠠᠶᠢᠬᠰᠠᠨ ᠭᠡᠵᠦ ᠣᠶᠢᠯᠠᠭᠠᠵᠤ | ᠪᠤᠯᠤᠨ᠎ᠠ᠃ ᠬᠡᠳᠡᠯ᠎ᠡ ᠣᠳᠣ ᠶᠠᠪᠤᠭ᠎ᠠ ᠶᠠᠪᠤᠭᠠᠨ ᠳᠠᠭᠠᠨ ᠨᠢᠬᠡᠮᠦᠰᠦᠨ ︽ᠶᠧᠨᠦ︾ ᠭᠠᠷᠭᠠᠬᠤ ᠬᠡᠷᠡᠭᠴᠡᠭᠡᠨ ᠠᠴᠠ ᠯᠡ | ᠪᠤᠯᠤᠬᠰᠠᠨ ᠦᠬᠡ ᠬᠡᠯᠡᠨ ᠤ ᠲᠤᠬᠯᠠᠭᠠᠮ ᠪᠤᠶᠤ ︽ᠬᠡᠯᠡ ᠪᠠᠷ ᠢᠶᠠᠨ ᠲᠤᠬᠯᠠᠬᠤ︾ ᠬᠠᠴᠢᠨ ᠦᠵᠡᠭᠳᠡᠯ ᠪᠤᠯᠵᠤ | ᠤᠯᠠᠷᠢᠬᠰᠠᠨ ᠰᠢᠭ᠋ ᠪᠠᠶᠢᠳᠠᠯ ᠢᠯᠡᠷᠡᠬᠦ ᠪᠤᠯᠤᠬᠰᠠᠨ ᠪᠠᠶᠢᠨ᠎ᠠ᠃ | ︽ᠮᠠᠷᠺᠰ ᠤᠨ ᠦᠵᠡᠯ ᠢ ᠮᠠᠳᠠᠢ ᠬᠡᠦᠳᠡᠢ ᠪᠠᠷ ᠰᠣᠷᠣᠯᠴᠠᠭᠠᠳ︾᠂ ︽ᠱᠧ ᠾᠦᠢ ᠵᠦ ᠶᠢ ᠳᠤ | ᠰᠢᠭᠤᠳ ᠣᠷᠣᠭᠠᠳ ᠬᠦᠩ ᠴᠠᠨ ᠵᠦ ᠶᠢ ᠳᠤ ᠭᠤᠳ ᠤᠷᠤ ᠡ︾ ᠬᠡᠮᠡᠨ ᠠᠮᠠᠨ ᠳᠠᠪᠠ ᠪᠠᠷ ᠪᠠᠷᠬᠢᠷᠠᠨ ︽ᠶᠧᠨᠦ︾ | ᠭᠠᠷᠭᠠᠵᠤ ᠪᠠᠶᠢᠬᠰᠠᠨ ᠢᠶᠠᠨ ᠶᠠᠷᠢᠶ᠎ᠠ ᠬᠠᠷᠢᠯᠴᠠᠭᠠᠨ ᠤ ᠣᠳᠣᠬᠢᠴᠢᠯᠠᠬᠰᠠᠨ ᠪᠠᠭᠠᠵᠢ ᠭᠡᠷᠡᠭᠰᠡᠯ ᠲᠦᠬᠡᠮᠡᠯᠵᠢᠬᠦ ᠶᠢ | ᠲᠠᠭᠠᠯᠳᠤᠭᠠᠳ ᠣᠳᠣ ᠪᠦᠷ ᠬᠦᠭᠵᠢᠮ ᠪᠤᠶᠤ ᠲᠦᠷᠰᠦ ᠰᠢᠩᠭᠡᠭᠡᠯᠳᠡ ᠶᠢᠨ ᠬᠠᠪᠰᠷᠤᠮᠵᠢ ᠲᠠᠢ ︽ᠶᠧᠨᠦ︾ ᠲᠠᠢ | ᠦᠬᠡ᠂ ︽ᠶᠧᠨᠦ︾ ᠲᠠᠢ ᠠᠮᠠᠨ ᠬᠤᠯᠪᠤᠭ᠎ᠠ ᠪᠤᠶᠤ ᠲᠠᠭᠤᠤ᠂ ᠣᠬᠤᠷ ᠱᠤᠭ ᠨᠢ ᠭᠠᠷ ᠤᠳᠠᠰᠤ᠂ | ᠺᠣᠮᠫᠢᠦ᠋ᠲᠧᠷ ᠢᠶᠠᠷ ᠰᠠᠴᠤᠬᠳᠠᠵᠤ᠂ ᠮᠤᠩᠭᠤᠯ ᠲᠦᠮᠡᠨ ᠢᠶᠠᠨ ᠢᠨᠢᠶᠡᠯᠬᠡᠵᠦ᠂ ᠪᠠᠶᠠᠷᠯᠠᠭᠤᠯᠵᠤ᠂ ᠬᠦᠬᠡᠷᠦᠬᠦᠯᠵᠦ | ᠪᠠᠶᠢᠭ᠎ᠠ ᠦᠵᠡᠭᠳᠡᠯ ᠲᠡᠯᠬᠡᠷᠡᠵᠦ ᠪᠠᠶᠢᠨ᠎ᠠ᠃ | ᠪᠤᠭᠤᠷᠤᠯᠴᠤᠳ ᠠᠴᠠ ᠮᠠᠨ ᠢ ᠪᠠᠭ᠎ᠠ ᠪᠠᠶᠢᠬᠤ ᠳᠤ ︽ᠬᠦᠯ ᠮᠠᠭᠤ ᠬᠦᠮᠦᠨ ᠢ ᠲᠠᠭᠤᠷᠢᠶᠠᠪᠠᠯ | ᠲᠤᠭᠤᠯᠠᠩ ᠪᠤᠯᠤᠨ᠎ᠠ᠂ ᠬᠡᠯᠡ ᠪᠢᠳᠠᠭᠤ ᠬᠦᠮᠦᠨ ᠢ ᠲᠠᠭᠤᠷᠢᠶᠠᠪᠠᠯ ᠬᠡᠯᠡᠬᠡᠢ ᠪᠤᠯᠤᠨ᠎ᠠ︾ ᠬᠡᠮᠡᠨ ︽ᠬᠦᠯ︾ ︽ᠬᠡᠯᠡ︾ | ᠪᠠᠷ ᠢᠶᠠᠨ ᠲᠤᠬᠠᠯᠠᠬᠤ ᠶᠢ ᠡᠷᠡᠰ ᠴᠡᠭᠡᠷᠯᠡᠬᠦᠯᠵᠦ ᠪᠠᠶᠢᠬᠰᠠᠨ ᠲᠡᠭᠡᠳᠦᠰ ᠠᠴᠠ ᠡᠰᠢ ᠤᠯᠠᠮᠵᠢᠯᠠᠯ ᠲᠠᠢ ᠲᠠᠷᠡ ᠶᠤᠰᠤ | ᠵᠠᠶ᠋ᠢᠭ ᠠᠷᠠᠢ ᠮᠠᠷᠳᠠᠬᠳᠠᠬᠤ ᠪᠤᠯᠤᠭ᠎ᠠ ᠦᠬᠡᠢ ᠪᠠᠶᠢᠬᠤ ᠳᠤ ᠪᠢᠳᠡ ᠢᠩᠬᠢᠵᠤ ᠡᠬᠡ ᠬᠡᠯᠡᠨ ᠤ ᠦᠬᠡ ᠪᠠᠨ ᠡᠷᠡᠮᠳᠡᠭᠯᠡᠵᠦ | ᠵᠡᠷᠡᠮᠳᠡᠭᠯᠡᠵᠦ ᠪᠠᠶᠢᠭᠠᠳ ᠠᠷᠭ᠎ᠠ ᠪᠠᠨ ᠪᠠᠷᠠᠬᠰᠠᠨ ᠠᠷᠭ᠎ᠠ ᠪᠠᠷ ᠠᠯᠪᠠᠳᠠᠨ ᠬᠦᠮᠦᠨ ᠢᠨᠢᠶᠡᠯᠬᠡᠬᠦ ᠪᠠᠷ ︽ᠶᠧᠨᠦ︾ | ᠭᠠᠷᠭᠠᠬᠤ ᠨᠢ ᠠᠶᠠᠨᠳᠠᠭᠠᠨ ᠡᠬᠡ ᠬᠡᠯᠡᠨ ᠤ ᠦᠬᠡ ᠪᠠᠨ ᠠᠯᠳᠠᠵᠤ ᠬᠡᠯᠡ ᠪᠠᠷ ᠶᠠᠳᠠᠭᠤᠷᠠᠵᠤ ᠰᠣᠶᠣᠯ ᠢᠶᠠᠷ | ᠰᠣᠯᠢᠭᠤᠷᠠᠵᠤ ᠪᠠᠶᠢᠭ᠎ᠠ ᠦᠷ᠎ᠡ ᠬᠤᠶᠢᠴᠢᠰ ᠲᠤ ᠶᠠᠮᠠᠷᠬᠠᠨ ᠦᠷ᠎ᠡ ᠨᠦᠯᠦᠬᠡ ᠲᠠᠢ ᠪᠤᠯᠬᠤ ᠶᠢ ︽ᠤᠬᠠᠭᠠᠨ ᠳᠤ ᠨᠢ | ᠤᠬᠤᠨ᠎ᠠ ᠦᠬᠦᠬᠡ︾ ᠦᠬᠡᠢ ᠪᠤᠯ ᠤᠴᠢᠷᠯᠠᠵᠤ ᠪᠠᠭ᠋ᠠᠨ ᠲᠤᠩᠭᠠᠭᠤᠰᠢᠳᠠᠢ ᠪᠠᠶᠢᠨ᠎ᠠ ᠡ︕ | ︽ᠡᠳ᠋ ᠢᠶᠠᠷ ᠢᠶᠠᠨ ᠲᠤᠬᠯᠠᠪᠠᠯ ᠡᠪᠳᠡᠬᠦ ᠶᠢᠨ ᠲᠡᠮᠳᠡᠭ︾ ᠭᠡᠰᠡᠨ ᠦᠬᠡ ᠪᠠᠶᠢᠳᠠᠭ ᠶᠤᠮ ᠡ︕ | ᠬᠦᠯ ᠢᠶᠠᠷ ᠢᠶᠠᠨ ᠲᠤᠬᠯᠠᠪᠠᠯ ᠪᠦᠳᠦᠷᠢᠨ᠎ᠡ᠂ ᠬᠡᠯᠡ ᠪᠠᠷ ᠢᠶᠠᠨ ᠲᠤᠬᠯᠠᠪᠠᠯ ᠪᠦᠷᠢᠯᠦᠨᠡ︕ | |