| | ᠦᠭᠯᠢᠭᠡᠴᠢ — ᠪᠤᠭᠤᠷᠤᠯ ᠡᠪᠤᠭᠡᠨ ᠮᠢᠨᠢ ᠡ᠂ ᠲᠠ ᠶᠠᠭᠤ ᠬᠢᠵᠤ ᠪᠠᠶᠢᠭ᠎ᠠ ᠶᠤᠮ ᠪᠤᠢ︖ | ᠡᠪᠤᠭᠡᠨ — ᠬᠠᠷᠠᠬᠤ ᠦᠭᠡᠢ ᠦᠦ ᠳ᠋ᠠ᠂ ᠬᠦᠤ ᠮᠢᠨᠢ᠃ ᠪᠢ ᠵᠢᠮᠢᠰ ᠤᠨ ᠮᠤᠳᠤ ᠲᠠᠷᠢᠵᠤ ᠪᠠᠶᠢᠨ᠎ᠠ ᠰᠢᠤ ᠳ᠋ᠠ | ᠃ | ᠦᠭᠯᠢᠭᠡᠴᠢ — ᠡᠶᠢᠮᠤ ᠦᠨᠳᠦᠷ ᠨᠠᠰᠤᠳᠠᠢ ᠬᠦᠮᠦᠨ᠂ ᠰᠢᠳᠠᠭᠠᠬᠤ ᠰᠢᠬᠠᠭᠰᠠᠨ ᠦᠳᠠ ᠶᠢᠨ ᠬᠠᠯᠠᠭᠤᠨ ᠳᠤ | ᠢᠩᠬᠢᠵᠤ ᠦᠢᠯᠨ ᠪᠠᠨ ᠦᠵᠡᠵᠤ ᠪᠠᠶᠢᠬᠤ ᠬᠡᠵᠤ ᠳ᠋ᠠ᠃ ᠲᠡᠷᠨ ᠲᠠᠢ ᠲᠡᠷᠨ ᠦᠭᠡᠢ ᠲᠠ ᠡᠨᠡ ᠮᠤᠳᠤᠨ ᠤ ᠠᠴᠢ | ᠲᠤᠰᠠ ᠶᠢ ᠦᠵᠡᠵᠤ᠂ ᠠᠰᠢᠭ ᠰᠢᠮ᠎ᠠ ᠶᠢ ᠨᠢ ᠬᠦᠷᠳᠡᠬᠦ ᠦᠭᠡᠢ ᠰᠢᠤ ᠳ᠋ᠠ᠃ | ᠡᠪᠤᠭᠡᠨ — ᠡᠷᠬᠢᠮ ᠬᠦᠮᠦᠨ ᠭᠤᠸᠠᠢ᠂ ᠲᠠ ᠶᠠᠭᠤ ᠬᠡᠯᠡᠨ᠎ᠠ ᠪᠤᠢ︖ ᠤᠷᠢᠳᠠᠬᠢ ᠨᠢ ᠲᠠᠷᠢᠵᠤ᠂ | ᠬᠤᠶᠢᠳᠤᠬᠢ ᠨᠢ ᠦᠷ᠎ᠠ ᠵᠢᠮᠢᠰ ᠢ ᠨᠢ ᠬᠦᠷᠳᠡᠳᠡᠭ ᠶᠢᠷᠳᠢᠨᠴᠤ ᠶᠢᠨ ᠵᠢᠮ᠎ᠠ ᠰᠢᠤ ᠳ᠋ᠠ᠃ ᠪᠢ ᠦᠪᠡᠷ ᠤᠨ ᠭᠠᠭᠴᠨ | ᠪᠡᠶ᠎ᠠ᠂ ᠬᠠᠷ᠎ᠠ ᠠᠮᠢ ᠪᠠᠨ ᠪᠤᠳᠤᠯ ᠦᠭᠡᠢ ᠡᠨᠡ ᠮᠤᠳᠤᠳ ᠢ ᠲᠠᠷᠢᠵᠤ ᠪᠠᠶᠢᠨ᠎ᠠ᠃ ᠮᠢᠨᠤ ᠬᠤᠶᠢᠴᠢ ᠦᠶ᠎ᠠ ᠠᠰᠢᠭ | ᠰᠢᠮ᠎ᠠ ᠶᠢ ᠨᠢ ᠬᠦᠷᠳᠡᠨ᠎ᠠ ᠪᠢᠵᠠ᠃ ᠬᠡᠪᠡᠴᠤ ᠪᠢ ᠡᠨᠡ ᠮᠤᠳᠤ ᠠᠰᠢᠭ ᠰᠢᠮ᠎ᠠ ᠪᠠᠨ ᠬᠠᠶᠢᠷᠠᠯᠠᠬᠤ ᠬᠦᠷᠳᠡᠯ᠎ᠠ ᠠᠮᠢᠳᠤ | ᠶᠠᠪᠤᠨ᠎ᠠ ᠬᠡᠵᠤ ᠪᠤᠳᠤᠵᠤ ᠪᠠᠶᠢᠨ᠎ᠠ ᠰᠢᠤ᠃ | ᠦᠭᠯᠢᠭᠡᠴᠢ — ᠶᠠᠮᠠᠷ ᠰᠠᠶᠢᠬᠠᠨ ᠦᠨᠡᠨ ᠦᠭᠡ ᠬᠡᠯᠡᠳᠡᠭ ᠡᠪᠤᠭᠡᠨ ᠪᠤᠢ︖ ᠡᠪᠤᠭᠡᠨ ᠭᠤᠸᠠᠢ ᠲᠠᠨ ᠤ | ᠬᠡᠯᠡᠳᠡᠭ ᠲᠦᠮᠡᠨ ᠵᠦᠪ ᠶᠤᠮ ᠪᠠᠶᠢᠨ᠎ᠠ᠃ ᠦᠨᠳᠦᠷ ᠨᠠᠰᠤ᠂ ᠰᠠᠷᠠᠭᠤᠯ ᠤᠬᠠᠭᠠᠨ᠂ ᠰᠠᠶᠢᠬᠠᠨ ᠰᠠᠨᠠᠭ᠎ᠠ ᠶᠢ ᠴᠢᠨᠢ | ᠮᠠᠭᠳᠠᠵᠤ ᠲᠠᠨ ᠳᠤ ᠡᠬᠦᠨ ᠢ ᠪᠡᠯᠡᠭᠯᠡᠶᠠ᠃ ︵ᠵᠢᠵᠢᠭ ᠰᠠᠪᠠ ᠲᠦᠬᠦᠷᠡᠩ ᠮᠦᠩᠬᠦ ᠦᠭᠬᠦᠨ᠎ᠠ︶ | ᠡᠪᠤᠭᠡᠨ ︵ᠠᠪᠴᠤ︶ — ᠪᠠᠶᠠᠷᠯᠠᠯ᠎ᠠ᠂ ᠡᠷᠬᠢᠮ ᠬᠦᠨᠳᠤᠳᠤ ᠬᠦᠮᠦᠨ ᠭᠤᠸᠠᠢ᠃ ᠲᠠ ᠬᠠᠷᠠᠪᠠ ᠦᠦ ᠳ᠋ᠠ᠃ | ᠮᠢᠨᠤ ᠲᠠᠷᠢᠭᠰᠠᠨ ᠮᠤᠳᠤ ᠢᠩᠬᠢᠭᠡᠳ ᠯᠡ ᠠᠰᠢᠭ ᠰᠢᠮ᠎ᠠ ᠪᠠᠨ ᠦᠭᠴᠤ ᠡᠬᠢᠯᠡᠯ᠎ᠠ᠃ ᠬᠡᠷᠪᠡ ᠪᠢ ᠵᠦᠭᠡᠷ ᠰᠠᠭᠤᠵᠤ | ᠪᠠᠶᠢᠭᠰᠠᠨ ᠪᠤᠯ ᠲᠠ ᠨᠠᠮ᠎ᠠ ᠶᠢ ᠢᠩᠬᠢᠵᠤ ᠱᠠᠩᠨᠠᠬᠤ ᠦᠭᠡᠢ ᠳ᠋ᠠ᠃ | ᠦᠭᠯᠢᠭᠡᠴᠢ ︵ᠢᠨᠢᠶᠡᠳᠤ ᠠᠯᠳᠠᠵᠤ︶ — ᠨᠡᠭᠡᠷᠡᠨ᠃ ᠲᠡᠭᠡᠵᠤ ᠪᠠᠶᠢᠨ᠎ᠠ ᠬᠡᠵᠤ ᠪᠤᠯᠬᠤ ᠶᠤᠮ᠃ ᠦᠭᠡᠢ ᠲᠠ | ᠶᠡᠷᠤ ᠨᠢ ᠶᠠᠭᠠᠬᠢᠭᠰᠠᠨ ᠦᠨᠡᠳᠠᠢ ᠦᠭᠡ ᠬᠡᠯᠡᠳᠡᠭ ᠰᠠᠶᠢᠬᠠᠨ ᠡᠪᠤᠭᠡᠨ ᠪᠤᠢ︖ ᠵᠠ ᠮᠠᠢ᠃ ︵ᠪᠠᠰᠠ ᠨᠢᠭᠡ ᠰᠠᠪᠠ | ᠮᠦᠩᠬᠦ ᠦᠭᠬᠦᠨ᠎ᠠ︶ | ᠡᠪᠤᠭᠡᠨ ︵ᠠᠪᠴᠤ︶ — ᠪᠠᠶᠠᠷᠯᠠᠯ᠎ᠠ᠃ ᠡᠷᠬᠢᠮ ᠦᠭᠯᠢᠭᠡ ᠶᠢᠨ ᠡᠵᠡᠨ ᠮᠢᠨᠢ᠃ ᠬᠠᠷᠠᠪᠠ ᠦᠦ ᠲᠠ᠃ | ᠪᠤᠰᠤᠳ ᠮᠤᠳᠤ ᠪᠤᠯ ᠵᠢᠯ ᠳᠤ ᠪᠠᠨ ᠭᠠᠭᠴᠠᠬᠠᠨ ᠦᠷ᠎ᠠ ᠵᠢᠮᠢᠰ ᠢᠶᠠᠨ ᠦᠭᠳᠡᠭ᠂ ᠲᠡᠬᠡᠬᠦ ᠳᠤ ᠮᠢᠨᠤ ᠮᠤᠳᠤ ᠬᠤᠶᠠᠷ | ᠲᠠᠬᠢᠵᠤ ᠦᠭᠬᠦᠯ᠎ᠠ ᠰᠢᠤ ᠳ᠋ᠠ᠃ | ᠦᠭᠯᠢᠭᠡᠴᠢ — ᠲᠠ ᠶᠠᠭᠠᠬᠢᠭᠰᠠᠨ ᠬᠠᠶᠢᠷ᠎ᠠ ᠬᠦᠷᠦᠮᠡᠷ ᠡᠪᠤᠭᠡᠨ ᠪᠤᠢ︖ ᠲᠠᠩᠳᠠ ᠰᠠᠶᠢᠬᠠᠨ ᠦᠭᠡ ᠬᠡᠯᠡᠳᠡᠭ | ᠃ ᠵᠠ ᠪᠢ ᠪᠠᠰᠠ ᠨᠢᠭᠡ ᠰᠠᠪᠠ ᠮᠦᠩᠬᠦ ᠦᠭᠬᠦᠶ᠎ᠠ᠃ ︵ᠦᠭᠬᠦᠨ᠎ᠠ︶ | ᠡᠪᠤᠭᠡᠨ — ᠮᠢᠨᠤ ᠮᠤᠳᠤ ᠡᠨᠡ ᠵᠢᠯ ᠭᠤᠷᠪᠠ ᠲᠠᠬᠢᠵᠤ ᠦᠷ᠎ᠠ ᠵᠢᠮᠢᠰ ᠢᠶᠠᠨ ᠦᠭᠬᠦᠯ᠎ᠠ ᠁ | ᠦᠭᠯᠢᠭᠡᠴᠢ — ᠪᠤᠯᠢᠶ᠎ᠠ ᠡᠪᠤᠭᠡᠨ ᠭᠤᠸᠠᠢ᠂ ᠲᠠᠨ ᠲᠠᠢ ᠤᠯᠠᠨ ᠶᠠᠭᠤᠮ᠎ᠠ ᠶᠠᠷᠢᠭᠠᠳ ᠪᠠᠶᠢᠪᠠᠯ ᠡᠪᠤᠷ ᠢᠶᠠᠨ | ᠪᠦᠷ ᠬᠤᠭᠤᠰᠤᠯᠠᠵᠤ ᠮᠠᠭᠠᠳ ᠦᠭᠡᠢ ᠶᠤᠮ ᠪᠠᠶᠢᠨ᠎ᠠ᠃ ᠲᠠᠨ ᠳᠤ ᠠᠵᠠ ᠵᠢᠷᠭᠠᠯ ᠲᠠᠢ ᠤᠷᠳᠤ ᠤᠳᠠᠭᠠᠨ ᠨᠠᠰᠤᠯᠨ | ᠬᠡᠵᠤ ᠢᠷᠦᠭᠡᠶ᠎ᠠ︕ ︵ᠶᠠᠪᠤᠪᠠ︶ | ᠡᠪᠤᠭᠡᠨ — ᠬᠦᠮᠦᠨ ᠶᠡᠷᠤ ᠨᠢ ᠬᠡᠵᠢᠶ᠎ᠠ ᠴᠤ ᠦᠪᠡᠷ ᠤᠨ ᠢᠶᠠᠨ ᠭᠠᠭᠴᠨ ᠠᠮᠢ ᠶᠢ ᠪᠤᠳᠤᠵᠤ ᠪᠤᠯᠬᠤ ᠦᠭᠡᠢ᠂ | ᠤᠯᠠᠨ ᠲᠦᠮᠡᠨ ᠢᠶᠠᠨ᠂ ᠬᠤᠶᠢᠴᠢ ᠦᠶ᠎ᠠ᠂ ᠢᠷᠡᠭᠡᠳᠦᠢ ᠶᠢᠨ ᠢᠶᠠᠨ ᠲᠦᠯᠦᠭᠡ ᠲᠡᠳᠡᠨ ᠳᠤ ᠰᠠᠨᠠᠭ᠎ᠠ ᠲᠠᠯᠪᠢᠵᠤ | ᠪᠠᠶᠢᠬᠤ ᠬᠡᠷᠡᠭᠳᠠᠢ ᠶᠤᠮ ᠰᠢᠤ᠃ | |