| | ︽ᠱᠠᠩᠬᠠᠢ ᠬᠢᠴᠢᠳᠠᠢ ᠪᠠᠨᠳᠤᠲ᠋ᠢ ᠨᠢ᠂ | ᠱᠠᠩᠨᠠᠯ ᠳᠤ ᠢᠷᠡᠭᠰᠡᠨ ᠪᠡᠯᠡᠭ ᠶᠤᠮ ᠡ ᠬᠦᠢ᠂ | ᠱᠠᠯᠠᠮᠠᠭᠠᠢ ᠰᠠᠶᠢᠨ ᠢᠶᠠᠷ ᠠᠵᠢᠯᠯᠠᠯ᠎ᠠ ᠭᠡᠳ᠂ | ᠰᠠᠶᠢᠰᠢᠶᠠᠵᠦ ᠦᠭᠭᠦᠭᠰᠡᠨ ᠷᠠᠳᠢᠤ᠋ ᠶᠤᠮ ᠳ᠋ᠧ ᠬᠦᠢ ᠁︾ ᠬᠡᠣᠬᠡᠳ ᠨᠠᠰᠤᠨ ᠳᠤ ᠲᠤᠳᠤᠬᠠᠨ | ᠴᠡᠭᠡᠵᠢᠯᠡᠭᠳᠡᠭᠰᠡᠨ ᠡᠨᠡᠬᠦ ᠲᠠᠭᠤᠤ ᠶᠢ ᠪᠢ ᠡᠪᠦᠭᠡ ᠶᠢᠨ ᠢᠶᠠᠨ ᠷᠠᠳᠢᠤ᠋ ᠠᠴᠠ ᠰᠤᠷᠤᠭᠰᠠᠨ ᠶᠤᠮ᠃ ᠡᠪᠦᠭᠡ ᠶᠢᠨ ᠮᠢᠨᠢ | ᠡᠳᠦᠷᠵᠢᠨ ᠰᠠᠯᠳᠠᠭ ᠦᠭᠡᠢ ᠲᠠᠶᠢᠴᠢᠨ ᠬᠠᠨᠢ ᠶᠢᠨ ᠬᠢᠨᠢ ᠨᠢᠭᠡ ᠨᠢ ᠡᠨᠡᠬᠦ ᠵᠢᠵᠢᠭᠬᠡᠨ ᠬᠠᠷ᠎ᠠ᠂ ᠱᠠᠩᠬᠠᠢ ᠬᠢᠴᠢᠳᠠᠢ | ᠷᠠᠳᠢᠤ᠋ ᠶᠤᠮ᠃ | ᠷᠠᠳᠢᠤ᠋ ᠨᠢ ᠲᠠᠭᠤᠯᠠᠵᠤ ᠪᠠᠶᠢᠭᠰᠡᠨ ᠴᠠᠭ ᠲᠤ᠂ ᠡᠪᠦᠭᠡ ᠮᠢᠨᠢ ︽ᠬᠠ᠂ ᠬᠠ︾ ᠢᠨᠢᠶᠡᠴᠢᠬᠡᠭᠰᠡᠨ᠂ ᠴᠢᠷᠠᠢ | ᠦᠭᠡᠳᠡ ᠪᠠᠶᠢᠳᠠᠭ᠂ ᠡᠪᠦᠭᠡ ᠮᠢᠨᠢ ᠬᠡᠳᠦᠶᠢᠪᠡᠷ ᠨᠤᠳᠤᠭ ᠤᠰᠤᠨ ᠳᠠᠭᠠᠨ ᠠᠵᠢᠯᠰᠠᠭ ᠬᠦᠮᠦᠨ ᠤ ᠲᠤᠭᠠᠨ ᠳᠤ | ᠤᠷᠤᠳᠠᠭ ᠴᠦ᠂ ᠭᠡᠷ ᠵᠠᠭᠤᠷ᠎ᠠ ᠶᠢᠨ ᠠᠵᠢᠯ ᠬᠢᠳᠡᠯ ᠳᠤ ᠪᠤᠯ ᠭᠠᠯ ᠰᠢᠯ ᠪᠠ ᠷᠠᠳᠢᠤ᠋ ᠪᠠᠨ ᠵᠦᠯᠭᠦᠬᠦ ᠠᠴᠠ | ᠪᠤᠰᠤᠳ ᠲᠤ ᠨᠢ ᠭᠠᠷ ᠬᠦᠷᠳᠠᠭ ᠦᠭᠡᠢ ᠳᠤ ᠨᠢ ᠡᠮᠡᠭᠡ ᠮᠢᠨᠢ ᠵᠢᠭᠠᠬᠠᠨ ᠲᠤᠷ᠎ᠠ ᠦᠭᠡᠢ ᠬᠦᠷᠳᠡᠭ᠂ ᠡᠪᠦᠭᠡ ᠮᠢᠨᠢ | ᠬᠠᠷ᠎ᠠ ᠦᠷᠯᠦᠭᠡ ᠪᠤᠰᠤᠮᠠᠭᠴᠠ ᠬᠦᠯᠦᠰᠦ ᠲᠤᠰᠤᠨ ᠳᠤ ᠲᠠᠭᠰᠢᠷᠡᠭᠰᠡᠨ ᠠᠯᠴᠢᠭᠤᠷ ᠢᠶᠠᠨ ᠭᠠᠷᠭᠠᠵᠦ᠂ ᠦᠨᠦ ᠵᠢᠵᠢᠭ | ᠷᠠᠳᠢᠤ᠋ ᠪᠠᠨ ᠨᠢᠮᠪᠠᠶᠢᠬᠠᠨ ᠵᠦᠯᠭᠦᠵᠦ ᠪᠠᠷᠠᠭᠠᠳ ᠨᠡᠭᠡᠭᠡᠨ᠎ᠡ᠂ ᠵᠠᠷᠢᠮ ᠳᠠᠭᠠᠨ ᠪᠦᠷ ᠴᠦ ︽ᠡᠬᠢᠯᠡᠯᠳᠡ ᠶᠢᠨ ᠬᠦᠭᠵᠢᠮ᠂ | ᠨᠡᠪᠳᠡᠷᠡᠭᠦᠯᠭᠡ ᠶᠢᠨ ᠠᠭᠤᠯᠭ᠎ᠠ︾ ᠴᠦ ᠪᠤᠯᠤᠭᠠᠳᠤᠢ ᠪᠠᠷ ᠪᠠᠭ᠋ᠠᠨ ᠱᠠᠷᠴᠢᠬᠢᠨᠠᠭᠤᠯᠤᠨᠠ᠃ ᠲᠦᠡᠭᠬᠢᠭᠡᠳ ᠯᠠ | ᠨᠡᠪᠳᠡᠷᠡᠭᠦᠯᠭᠡ ᠡᠬᠢᠯᠡᠭᠰᠡᠭᠡᠷ ᠨᠢᠭᠡ ᠵᠠᠬ᠎ᠠ ᠠᠴᠠ ᠨᠢ ᠠᠯᠳᠠᠯ ᠦᠭᠡᠢ ᠰᠤᠨᠤᠰᠬᠤ ᠶᠢᠨ ᠳᠠᠭᠠᠤ ᠴᠠᠢ ᠴᠦ᠋ ᠪᠠᠨ | ᠤᠤᠭᠤᠵᠤ᠂ ᠠᠵᠢᠯ ᠳᠤ ᠭᠠᠷᠬᠤ ᠪᠤᠯᠤᠭᠰᠠᠭᠠᠷ ᠭᠠᠷ ᠲᠠᠭᠠᠨ ᠲᠡᠭᠦᠵᠢᠯᠡᠵᠦ᠂ ᠭᠠᠳᠠᠨ᠎ᠠ ᠬᠤᠷᠤᠭ᠎ᠠ ᠬᠠᠰᠢᠶ᠎ᠠ | ᠴᠡᠪᠡᠷᠯᠡᠵᠦ᠂ ᠡᠪᠡᠰᠦ ᠪᠤᠭ ᠲᠠᠯᠪᠢᠬᠤ ᠳᠠᠭᠠᠨ ᠰᠢᠪᠡᠭᠡᠨ ᠲᠡᠭᠡᠷ᠎ᠡ ᠪᠠᠨ ᠡᠯᠭᠦᠨ᠎ᠡ᠃ ᠬᠦᠮᠦᠨ ᠠᠷᠠᠳ ᠤᠨ ᠢᠶᠠᠨ | ᠰᠡᠳᠬᠢᠯ ᠳᠤ ᠬᠠᠨᠭ᠍ᠬᠢᠨᠠᠭᠠᠳ ᠪᠠᠶᠢᠳᠠᠭ ᠠᠯᠳᠠᠷᠳᠤ ᠲᠠᠭᠤᠴᠢᠨ ᡀᠠᠵᠠᠪ ᠭᠤᠸᠠᠢ ᠶᠢᠨ ︽ᠡᠪᠦᠭᠡᠨ ᠰᠢᠪᠠᠭᠤ︾᠂ | ᠲᠠᠭᠤᠴᠢᠨ ᠪᠤᠶᠠᠨᠳᠡᠯᠭᠡᠷ ᠤᠨ ︽ᠰᠠᠷᠠᠭᠤᠯ ᠲᠠᠯ᠎ᠠ︾᠂ ᠠᠷᠬᠢᠯ ᠬᠤᠭᠤᠯᠠᠢ ᠲᠠᠢ ᠠᠬᠠᠮᠠᠳ ᠲᠠᠭᠤᠴᠢᠨ ᠴᠢᠯᠠᠭᠤ ᠶᠢᠨ | ︽ᠴᠠᠰᠤᠳᠤ ᠴᠠᠭᠠᠨ ᠠᠭᠤᠯᠠ︾ ᠁ ᠵᠡᠷᠭᠡ ᠲᠠᠭᠤᠤ ᠨᠤᠭᠤᠳ ᠨᠢ ᠲᠡᠷᠡ ᠦᠶ᠎ᠡ ᠶᠢᠨ ᠷᠠᠳᠢᠤ᠋ ᠲᠡᠭᠡᠷ᠎ᠡ ᠠᠷᠪᠢᠨ | ᠰᠤᠨᠤᠰᠳᠠᠳᠠᠭ ᠲᠠᠭᠤᠤ ᠪᠠᠶᠢᠭᠰᠡᠨ ᠪᠦᠭᠡᠳ ᠡᠪᠦᠭᠡ ᠮᠢᠨᠢ ᠴᠦ ᠷᠠᠳᠢᠤ᠋ ᠪᠠᠨ ᠲᠠᠭᠠᠨ ︽ᠡᠪᠦᠭᠡᠨ ᠰᠢᠪᠠᠭᠤ ᠪᠢ ᠴᠢᠨᠢ᠂ | ᠡᠪᠦᠭᠡᠷᠡᠶᠠ ᠭᠡᠳ ᠡᠪᠦᠭᠡᠷᠡᠵᠤ ᠤᠤ ᠳ᠋ᠠ᠂ ᠦᠡᠭᠭᠡ ᠶᠢᠷᠳᠢᠨᠴᠤ ᠶᠢᠨ ᠢᠶᠠᠨ ᠵᠠᠩ ᠵᠢᠷᠤᠮ ᠢᠶᠠᠷ ᠡᠪᠤᠬᠡᠷᠡᠯᠡ ᠳ᠋ᠧ ᠁ | ︾ ᠬᠡᠮᠡᠨ ᠨᠠᠮᠤᠭᠤᠬᠠᠨ ᠲᠠᠭᠤᠯᠠᠵᠤ᠂ ᠨᠠᠷᠠ ᠰᠠᠯᠬᠢ ᠪᠠᠷ ᠢᠯᠪᠢᠭᠦᠯᠦᠨ ᠮᠠᠯ ᠤᠨᠤᠭᠠᠨ ᠳᠠᠭᠠᠨ ᠡᠳᠦᠷᠵᠢᠨ ᠮᠤᠩᠬᠢᠨᠠᠨᠠ | ᠃ ᠦᠶ᠎ᠡ ᠲᠠᠩ ᠤᠨ ᠬᠢᠨ ᠨᠢ ᠢᠷᠡᠬᠦ ᠪᠠᠷ ᠷᠠᠳᠢᠤ᠋ ᠪᠠᠨ ᠲᠠᠯᠪᠢᠵᠤ᠂ ᠬᠡᠳᠦᠨ ᠬᠤᠨᠳᠠᠭ᠎ᠠ ᠪᠠᠯᠭᠤᠵᠤ ︽ᠴᠠᠰᠤᠳᠤ | ᠴᠠᠭᠠᠨ ᠠᠭᠤᠯᠠᠨ ᠤ ᠤᠷᠤᠢ ᠲᠡᠭᠡᠷ᠎ᠡ᠂ ᠴᠠᠭᠠᠨ ᠠᠷᠰᠯᠡᠨ ᠰᠦᠷ ᠪᠤᠯᠤᠨ ᠵᠢᠪᠬᠤᠭ᠎ᠠ ᠲᠠᠢ᠂ ᠴᠠᠭ ᠤᠨ ᠢᠷᠦᠭᠡᠯ ᠢᠶᠠᠷ | ᠤᠴᠠᠷᠠᠭᠰᠠᠨ ᠲᠠᠨᠠᠷ ᠲᠠᠢ ᠪᠠᠨ᠂ ᠱᠠᠵᠠᠩ ᠲᠠᠢ ᠰᠠᠷᠬᠤᠳ ᠢᠶᠠᠨ ᠪᠠᠷᠢᠨ ᠪᠠᠷᠢᠭᠰᠠᠭᠠᠷ ᠨᠠᠶᠢᠷᠯᠠᠶ᠎ᠠ ᠁︾ ᠬᠡᠮᠡᠨ | ᠬᠦᠡᠭᠬᠢᠨᠡᠭᠦᠯᠦᠨᠡ᠃ | ᠡᠪᠦᠭᠡ ᠶᠢᠨ ᠷᠠᠳᠢᠤ᠋ ᠦᠯᠢᠭᠡᠷ ᠰᠠᠶᠢᠬᠠᠨ ᠶᠠᠷᠢᠨ᠎ᠠ᠃ ᠡᠪᠤᠯ ᠤᠨ ᠤᠷᠳᠤ ᠰᠦᠨᠢ᠂ ᠪᠢᠳᠡ ᠤᠨᠳᠠᠬᠤ ᠠᠴᠠ ᠪᠠᠨ | ᠡᠮᠦᠨ᠎ᠡ ᠬᠢᠰᠠ ᠳᠠᠭᠠᠨ ᠭᠠᠶᠢᠭᠤᠢ ᠲᠤᠮᠤᠬᠠᠨ ᠰᠢᠭ᠋ ᠬᠤᠵᠤᠤᠯ ᠪᠤᠶᠤ ᠲᠦᠯᠡᠭᠡ ᠬᠠᠭᠠᠯᠤᠨ ᠬᠢᠵᠦ ᠭᠡᠷ ᠢᠶᠠᠨ | ᠨᠢᠯᠴᠢᠭᠡᠨᠡᠭᠦᠯᠦᠨ ᠲᠤᠯᠠᠭᠠᠴᠠᠭᠤᠯᠵᠤ ᠤᠷᠤᠨ ᠳᠠᠭᠠᠨ ᠤᠷᠤᠵᠠᠭᠠᠨ ᠬᠤᠭᠤᠷ ᠤᠨ ᠦᠯᠢᠭᠡᠷ ᠰᠤᠨᠤᠰᠤᠨ᠎ᠠ᠃ ᠡᠪᠦᠭᠡ᠂ | ᠷᠠᠳᠢᠤ᠋ ᠪᠠᠨ ᠲᠠᠷᠡ ᠶᠢᠨ ᠢᠶᠠᠨ ᠬᠠᠵᠠᠭᠤᠳᠠ ᠲᠠᠯᠪᠢᠵᠤ᠂ ᠴᠢᠬᠢ ᠶᠢ ᠨᠢ ᠮᠤᠰᠬᠢᠵᠦ ᠪᠠᠶᠢᠭᠰᠠᠭᠠᠷ ᠱᠠᠷᠴᠢᠬᠢᠨᠠᠬᠤ ᠶᠢ ᠨᠢ | ᠵᠤᠭᠰᠤᠭᠠᠨ ᠲᠤᠳᠤ ᠲᠤᠩᠭᠠᠯᠠᠭ ᠪᠤᠯᠭᠠᠬᠤ ᠳᠤ ᠬᠤᠭᠤᠷ ᠤᠨ ᠦᠯᠢᠭᠡᠷ ᠡᠬᠢᠯᠡᠬᠦ ᠴᠠᠭ ᠪᠤᠯᠳᠠᠭ᠂ ᠮᠢᠨᠤ ᠴᠡᠭᠡᠵᠢᠯᠡᠵᠦ | ᠪᠠᠶᠢᠬᠤ ᠪᠠᠷ ︽ᠭᠤᠷᠪᠠᠨ ᠤᠯᠤᠰ ᠤᠨ ᠦᠯᠢᠭᠡᠷ︾᠂ ︽ᠵᠦᠡᠭ ᠭᠦᠸᠧ ᠮᠦ︾᠂ ︽ᠱᠦᠢ ᠬᠤ᠋ ᠶᠢᠨ ᠦᠯᠢᠭᠡᠷ︾ ᠁ | ᠵᠡᠷᠭᠡ ᠬᠤᠭᠤᠷ ᠤᠨ ᠦᠯᠢᠭᠡᠷ ᠢ ᠲᠠᠬᠢᠨ ᠲᠠᠪᠳᠠᠨ ᠰᠤᠨᠤᠰᠤᠭᠰᠠᠭᠠᠷ ᠪᠠᠶᠢᠭᠠᠳ ᠦᠯᠢᠭᠡᠷ ᠤᠨ ᠦᠢᠯᠡ ᠶᠠᠪᠤᠳᠠᠯ ᠢ | ᠨᠢ ᠪᠠᠷᠤᠭ ᠪᠦᠷ ᠴᠡᠭᠡᠵᠢᠯᠡᠴᠢᠬᠡᠭᠰᠡᠨ ᠪᠠᠶᠢᠳᠠᠭ᠂ ᠡᠪᠦᠭᠡ ᠮᠢᠨᠢ ᠵᠢᠯ ᠴᠠᠭᠠᠨ ᠰᠠᠷ᠎ᠠ ᠪᠤᠯᠬᠤ ᠪᠠᠷ ᠬᠠᠶᠠ ᠵᠠᠷᠢᠮ ᠳᠠᠭᠠᠨ | ᠲᠦᠷᠪᠡᠨ ᠤᠳᠠᠰᠤᠳᠤ ᠬᠤᠭᠤᠷ ᠢᠶᠠᠨ ᠪᠠᠷᠢᠵᠦ ︽᠁ ᠡᠷᠬᠢᠭ᠍ᠰᠡᠨ ᠭᠠᠵᠠᠷ ᠲᠤ ᠨᠢ ᠡᠷᠬᠢ ᠭᠠᠷᠴᠤ᠂ ᠤᠷᠪᠠᠭᠰᠡᠨ | ᠭᠠᠵᠠᠷ ᠲᠤ ᠨᠢ ᠤᠰᠤ ᠭᠠᠷᠴᠤ ᠁︾ ᠬᠡᠮᠡᠨ ᠵᠠᠩᠵᠤᠨ ᠬᠤᠶᠠᠭᠯᠠᠵᠤ᠂ ᠪᠠᠶᠢᠯᠳᠤᠭᠠᠨ ᠵᠠᠷᠯᠠᠭᠤᠯᠳᠠᠭ ᠪᠦᠭᠡᠳ | ᠵᠠᠭᠤ ᠨᠠᠢᠮᠠᠨ ᠪᠠᠭᠠᠳᠤᠷ ᠤᠨ ᠦᠯᠢᠭᠡᠷ᠂ ᠵᠤ᠋ ᠭᠧ ᠯᠢᠶᠠᠩ ᠤᠨ ᠵᠠᠯᠢ ᠬᠡᠮᠡᠨ ᠁ ᠰᠤᠨᠢᠷᠬᠠᠯᠳᠠᠢ ᠰᠠᠶᠢᠬᠠᠨ ᠦᠯᠢᠭᠡᠷ | ᠶᠠᠷᠢᠵᠦ ᠦᠭᠭᠦᠭᠰᠡᠭᠡᠷ ᠪᠠᠶᠢᠵᠦ᠂ ᠤᠳᠤᠳ ᠬᠢᠯᠠᠯᠵᠠᠭᠰᠡᠨ ᠡᠪᠤᠯ ᠤᠨ ᠰᠦᠨᠢ ᠨᠢᠭᠡ ᠮᠡᠳᠡᠬᠦ ᠳᠤ ᠲᠤᠭ ᠨᠤᠶᠢᠷ | ᠲᠤᠨᠳᠠᠭᠤᠷ ᠰᠦᠨᠢ ᠪᠤᠯᠴᠢᠬᠠᠭᠰᠡᠨ ᠪᠠᠶᠢᠳᠠᠭ᠂ ᠲᠡᠶᠢᠮᠤ ᠠᠴᠠ ᠡᠪᠦᠯ ᠤᠨ ᠰᠦᠨᠢ ᠤᠷᠳᠤ ᠴᠦ ᠨᠠᠳᠠᠳᠤ ᠤᠬᠤᠷᠬᠠᠨ | ᠰᠠᠨᠠᠭᠳᠠᠵᠤ᠂ ᠮᠠᠨᠠᠶᠢᠬᠢᠨ ᠤ ᠶᠠᠳᠠᠭᠤᠬᠠᠨ ᠲᠠᠷᠴᠢᠭ ᠠᠮᠢᠳᠦᠷᠠᠯ ᠴᠦ ᠪᠦᠯᠢᠶᠡᠨ ᠬᠠᠯᠠᠭᠤᠬᠠᠨ ᠪᠠᠶᠢᠳᠠᠭ ᠳ᠋ᠠ᠂ ᠵᠤᠨ ᠤ | ᠰᠠᠶᠢᠬᠠᠨ ᠤᠷᠤᠢ ᠭᠡᠷ ᠤᠨ ᠬᠠᠶᠠᠭᠠᠨ ᠳᠤ ᠰᠢᠷᠢᠳᠡᠭ ᠲᠡᠪᠢᠰᠴᠤ᠂ ᠠᠭᠠᠷ ᠰᠠᠯᠬᠢᠨ ᠤ ᠠᠷᠢᠭᠤᠨ ᠦᠨᠦᠷ ᠢᠶᠠᠷ | ᠷᠠᠰᠢᠶᠠᠯᠠᠭᠤᠯᠤᠨ ᠷᠠᠳᠢᠤ᠋ ᠰᠤᠨᠤᠰᠬᠤ ᠭᠡᠳᠡᠭ ᠶᠤᠰᠤᠳᠠᠢ ᠭᠤᠶᠤ ᠪᠠᠶᠢᠳᠠᠭ᠂ ᠦᠬᠡᠷ ᠮᠠᠯ᠂ ᠬᠤᠷᠠᠭ᠎ᠠ ᠲᠤᠭᠤᠯ ᠴᠦ | ᠨᠤᠮᠤᠬᠠᠷᠠᠨ ᠢᠷᠠᠭᠤ ᠰᠠᠶᠢᠬᠠᠨ ᠡᠭᠡᠰᠢᠭ ᠲᠠᠭᠤᠨ ᠳᠤ ᠨᠢ ᠤᠶᠠᠷᠠᠩᠬᠠᠨ ᠤᠤᠨᠢᠵᠤ᠂ ᠤᠭᠳᠠᠷᠭᠤᠢ ᠨᠢᠭᠡᠮᠦᠰᠦᠨ | ᠴᠡᠩᠭᠡᠷᠯᠡᠵᠦ᠂ ᠤᠳᠤᠳ ᠤᠶᠢᠷᠠᠬᠠᠨ ᠲᠤᠷᠮᠤᠯᠵᠠᠭᠠᠳ ᠰᠢᠯᠦᠭ ᠵᠢᠷᠤᠭ ᠤᠨ ᠶᠢᠷᠳᠢᠨᠴᠤ ᠰᠢᠭ ᠰᠠᠨᠠᠭᠳᠠᠭᠤᠯᠤᠨ᠎ᠠ᠃ | ᠲᠡᠷᠡ ᠦᠶ᠎ᠡ ᠳᠤ ᠮᠠᠨ ᠤ ᠬᠤᠳᠠᠨ ᠤ ᠵᠠᠷᠢᠮ ᠷᠠᠳᠢᠤ᠋ ᠦᠭᠡᠢ ᠠᠶᠢᠯ ᠤᠨ ᠬᠢᠨᠢ ᠬᠡᠤᠬᠡᠳ ᠰᠢᠤᠬᠠᠳ ᠢᠶᠠᠨ ᠲᠠᠭᠠᠭᠤᠯᠤᠨ | ᠂ ᠮᠠᠨᠠᠢ ᠳᠤ ᠢᠷᠡᠵᠦ ᠰᠦᠨᠢᠵᠢᠨ ᠰᠠᠭᠤᠵᠤ ᠬᠤᠭᠤᠷ ᠤᠨ ᠦᠯᠢᠭᠡᠷ ᠰᠤᠨᠤᠰᠳᠠᠭ᠂ ᠠᠪᠠᠭ᠎ᠠ ᠮᠠᠨᠢ ᠬᠡᠳᠦᠭᠦᠯᠡ | ᠨᠤᠶᠢᠷ ᠢᠶᠠᠨ ᠬᠠᠷᠠᠮᠨᠠᠵᠦ ᠲᠡᠰᠬᠡᠶᠢᠵᠦ ᠪᠠᠶᠢᠳᠠᠭ ᠴᠦ ᠡᠪᠦᠭᠡ ᠮᠢᠨᠢ ᠬᠠᠷᠢᠨ ᠷᠠᠳᠢᠤ᠋ ᠰᠤᠨᠤᠰᠬᠤ ᠬᠠᠨᠢ ᠲᠠᠢ | ᠪᠤᠯᠴᠢᠬᠠᠭᠠᠳ᠂ ᠬᠡᠤᠬᠡᠳ ᠰᠢᠤᠬᠠᠳ ᠢ ᠨᠢ ︽ᠨᠤᠮᠤᠬᠠᠨ ᠰᠤᠨᠤᠰᠬᠤ ᠦᠭᠡᠢ ᠪᠤᠯ ᠭᠤᠤᠷ ᠢ ᠨᠢ ᠢᠳᠡᠶ᠎ᠡ︾ ᠬᠡᠮᠡᠨ | ᠴᠤᠤᠬᠢᠭᠤᠯᠵᠤ ᠪᠠᠶᠢᠳᠠᠭ᠂ ᠡᠮᠡᠭᠡ ᠮᠢᠨᠢ ᠮᠠᠶᠢᠵᠢᠭᠴᠢᠨ ᠪᠠᠶᠢᠵᠦ ᠲᠡᠪᠦᠷ᠎ᠡ ᠲᠦᠭᠦᠷᠡᠩ ᠴᠠᠢ ᠪᠠᠵᠠᠭᠠᠵᠦ᠂ ᠬᠤᠷᠤᠳ᠂ | ᠪᠢᠰᠢᠯᠠᠭ᠂ ᠠᠭᠠᠷᠤᠤᠯ ᠫᠢᠯᠠ ᠲᠦᠭᠦᠷᠡᠩ ᠲᠠᠯᠪᠢᠵᠤ᠂ ᠬᠡᠤᠬᠡᠳ ᠲᠤ ᠨᠢ ᠬᠡᠳᠦᠨ ᠰᠢᠬᠢᠷ ᠲᠦᠬᠡᠭᠡᠨᠡ᠃ ᠭᠠᠭᠴᠠ | ᠪᠠᠶ᠎ᠠ ᠱᠢᠷᠦᠨ ᠡᠮᠡᠭᠡ ︽ᠰᠡᠷᠡᠨᠡᠢ ᠶᠢᠨ ᠳᠤ ᠤᠴᠢᠵᠤ ᠱᠦᠶ᠋ᠢᠨᠵᠢ ᠰᠤᠨᠤᠰᠪᠠᠯ ᠴᠢᠬᠢ ᠴᠦ ᠪᠠᠶᠠᠰᠴᠢᠬᠠᠨᠠ᠂ ᠭᠡᠳᠡᠰᠦ | ᠴᠦ ᠴᠠᠳᠤᠴᠢᠬᠠᠨᠠ︾ ᠬᠡᠮᠡᠨ ᠬᠦᠬᠦᠷᠡᠳᠡᠭ ᠶᠤᠮ ᠬᠡᠨ᠎ᠡ ᠯᠠᠢ᠃ ᠠᠪᠠᠭ᠎ᠠ ᠮᠠᠨᠠᠢ ᠬᠡᠳᠦᠭᠦᠯᠡ ᠦᠯᠢᠭᠡᠷ ᠠᠴᠠ ᠨᠢ | ᠢᠯᠡᠭᠦᠦ ᠲᠠᠭᠤᠤ ᠬᠤᠯᠪᠤᠭ᠎ᠠ ᠳᠤ ᠨᠢ ᠲᠤᠷ᠎ᠠ ᠲᠠᠢ ᠪᠠᠶᠢᠳᠠᠭ᠂ ᠡᠪᠦᠭᠡ ᠶᠢᠨ ᠷᠠᠳᠢᠤ᠋ ᠦᠷᠭᠦᠯᠵᠢ ᡀᠠᠵᠠᠪ᠂ | ᠪᠤᠶᠠᠨᠳᠡᠯᠭᠡᠷ᠂ ᡀᠠᠰᠦ᠋ᠷᠦᠩ᠂ ᠲᠡᠳᠮᠡ᠂ ᠮᠦᠯᠠᠨ᠂ ᠵᠢᠨᠬᠤᠸᠠᠷ ᠁ ᠭᠡᠳ ᠤᠯᠠᠨ ᠰᠠᠶᠢᠬᠠᠨ ᠲᠠᠭᠤᠴᠢᠳ ᠤᠨ | ᠲᠠᠭᠤᠤ ᠶᠢ ᠵᠠᠯᠭᠠᠭᠤᠳᠠ ᠲᠠᠯᠪᠢᠵᠤ᠂ ᠫᠠᠵᠠᠢ᠂ ᠮᠤᠤᠠᠦ᠋ᠬᠢᠨ᠂ ᠦᠰᠬᠦᠪᠤᠶᠠᠨ ᠁ ᠵᠡᠷᠭᠡ ᠠᠬᠠᠮᠠᠳ ᠬᠤᠭᠤᠷᠴᠢᠳ | ︽ᠪᠠᠭᠠᠷᠢᠨ ᠬᠠᠨ ᠠᠭᠤᠯᠠ ᠶᠢᠨ ᠮᠠᠭᠳᠠᠭᠠᠯ︾᠂ ︽ᠲᠡᠮᠦᠷ ᠪᠤᠬ᠎ᠠ︾ ᠭᠡᠬᠦ ᠮᠡᠨᠳᠦ ᠶᠢᠨ ᠠᠶᠢᠵᠢᠮ ᠭᠦᠭ ᠲᠠᠢ᠂ | ᠰᠤᠨᠢᠨ ᠰᠠᠶᠢᠬᠠᠨ ᠬᠤᠯᠪᠤᠭ᠎ᠠ ᠬᠡᠯᠡᠳᠡᠭ᠃ | ᠡᠪᠦᠭᠡ ᠶᠢᠨ ᠷᠠᠳᠢᠤ᠋ ᠦᠨᠡᠬᠡᠷ ᠮᠡᠷᠭᠡᠨ ᠷᠠᠳᠢᠤ᠋᠃ ᠲᠡᠷᠡ ᠦᠶ᠎ᠡ ᠳᠤ ᠲᠢᠪ ᠲᠡᠯᠡᠬᠡᠢ ᠳᠤ ᠶᠠᠭᠤ ᠪᠤᠯᠵᠤ | ᠪᠠᠶᠢᠭ᠎ᠠ ᠶᠢ ᠮᠠᠨᠠᠶᠢᠬᠢᠨ ᠡᠪᠦᠭᠡ ᠶᠢᠨ ᠷᠠᠳᠢᠤ᠋ ᠲᠡᠭᠡᠷ᠎ᠡ ᠠᠴᠠ ᠮᠡᠳᠡᠳᠡᠭ᠂ ᠪᠤᠳᠤᠪᠠᠯ ᠲᠧᠯᠸᠢᠰ᠂ ᠢᠨᠲ᠋ᠧᠷ ᠰᠦᠯᠵᠢᠶ᠎ᠡ | ᠭᠡᠳᠡᠭ ᠶᠠᠭᠤᠮ᠎ᠠ ᠨᠢ ᠵᠡᠭᠦᠳᠦᠨ ᠳᠤ ᠴᠦ ᠤᠷᠤᠮ᠎ᠠ ᠦᠭᠡᠢ ᠴᠠᠭ ᠦᠶ᠎ᠡ ᠪᠠᠶᠢᠭᠰᠡᠨ ᠬᠤᠶᠢᠨ᠎ᠠ᠂ ᠪᠦᠬᠦ ᠶᠠᠭᠤᠮ᠎ᠠ ᠶᠢ | ᠡᠪᠦᠭᠡ ᠶᠢᠨ ᠱᠦᠶ᠋ᠢᠨᠵᠢ ᠲᠡᠭᠡᠷ᠎ᠡ ᠢᠡᠭᠬᠢᠵᠦ ᠬᠡᠯᠡᠯ᠎ᠡ᠂ ᠲᠡᠭᠡᠵᠦ ᠶᠠᠷᠢᠯ᠎ᠠ ᠬᠡᠮᠡᠨ ᠪᠠᠳᠤᠯᠭᠠᠵᠢᠭᠤᠯᠳᠠᠭ ᠪᠠᠶᠢᠯ᠎ᠠ᠃ | ᠦᠷᠯᠦᠭᠡ᠂ ᠤᠷᠤᠢ ᠪᠤᠯᠭᠠᠨ ᠦᠪᠦᠷ ᠮᠤᠩᠭᠤᠯ ᠤᠨ ᠷᠠᠳᠢᠤ᠋ ᠲᠡᠭᠡᠷ᠎ᠡ ︽ᠪᠦᠬᠦ ᠤᠷᠤᠨ ᠤ ᠲᠠᠮᠵᠢᠭᠤᠯᠬᠤ | ᠨᠡᠪᠳᠡᠷᠡᠭᠦᠯᠭᠡ︾᠂ ︽ᠮᠠᠯᠴᠢᠨ ᠲᠠᠷᠢᠶᠠᠴᠢᠨ ᠤ ᠬᠠᠨᠢ︾ ᠭᠡᠵᠦ ᠪᠠᠶᠢᠳᠠᠭ ᠪᠦᠭᠡᠳ ︽ᠲᠦᠪ ᠤᠨ ᠠᠷᠠᠳ ᠤᠨ ᠷᠠᠳᠢᠤ᠋ | ᠨᠡᠪᠳᠡᠷᠡᠭᠦᠯᠭᠡ ᠶᠢᠨ ᠬᠤᠷᠢᠶ᠎ᠠ︾ ᠶᠢᠨ ᠨᠡᠪᠳᠡᠷᠡᠭᠦᠯᠭᠡ ᠶᠢ ᠲᠠᠮᠵᠢᠭᠤᠯᠵᠦ ᠪᠠᠶᠢᠳᠠᠭ᠃ ︽ᠰᠤᠶᠤᠯ ᠤᠨ ᠬᠤᠪᠢᠰᠬᠠᠯ | ᠦᠡᠭᠭᠡᠷᠡᠭᠰᠡᠨ ᠤ ᠲᠠᠷᠠᠭ᠎ᠠ ᠁ ᠯᠢᠨ ᠪᠢᠶᠤᠤ᠂ ᠲᠦᠷᠪᠡᠨ ᠬᠦᠮᠦᠨ ᠤ ᠪᠦᠯᠦᠭ ᠢ ᠪᠤᠳᠠ ᠨᠢᠷᠭᠡᠵᠦ ᠁ | ᠨᠠᠮ ᠤᠨ ᠭᠤᠷᠪᠠᠳᠤᠭᠠᠷ ᠪᠦᠭᠦᠳᠡ ᠬᠤᠷᠠᠯᠳᠤᠭᠠᠨ ᠠᠴᠠ ᠨᠠᠰᠢ ᠁ ᠮᠠᠯ ᠢ ᠡᠷᠦᠬᠡ ᠳᠤ ᠬᠤᠪᠢᠶᠠᠬᠤ᠂ ᠬᠤᠤᠰ | ᠲᠠᠭᠠᠭᠠᠴᠢᠯᠠᠯᠳᠠ ᠶᠢᠨ ᠲᠦᠷᠢᠮ ᠢ ᠬᠡᠷᠡᠭᠵᠢᠭᠦᠯᠦᠭᠰᠡᠨ ᠤ ᠲᠠᠷᠠᠭ᠎ᠠ ᠁︾ ᠬᠡᠮᠡᠨ ᠮᠠᠯᠴᠢᠨ ᠠᠷᠠᠳ ᠲᠤ ᠨᠠᠷᠠ | ᠰᠢᠭ᠋ ᠢᠯᠴᠢᠳᠠᠢ᠂ ᠨᠠᠮ ᠤᠨ ᠲᠦᠷᠦ ᠶᠢᠨ ᠪᠤᠳᠤᠯᠭ᠎ᠠ ᠶᠢ ᠤᠬᠠᠭᠤᠯᠤᠨ ᠶᠠᠷᠢᠵᠦ᠂ ᠤᠳᠤᠷᠢᠳᠤᠨ ᠲᠠᠭᠠᠭᠤᠯᠳᠠᠭ | ᠪᠠᠶᠢᠯ᠎ᠠ᠃ | ᠡᠪᠦᠭᠡ ᠮᠢᠨᠢ ᠷᠠᠳᠢᠤ᠋ ᠳᠠᠭᠠᠨ ᠠᠮᠢᠨ ᠬᠠᠶᠢᠷᠠᠳᠠᠢ᠃ ᠨᠢᠭᠡ ᠤᠳᠠᠭ᠎ᠠ᠂ ᠡᠪᠦᠭᠡ ᠮᠢᠨᠢ ᠬᠠᠮᠢᠭ᠎ᠠ ᠶᠠᠪᠤᠭᠰᠡᠨ ᠴᠦ | ᠶᠤᠮ ᠪᠤᠤ ᠮᠡᠳᠡ᠂ ᠷᠠᠳᠢᠤ᠋ ᠪᠠᠨ ᠠᠪᠬᠤ ᠪᠠᠨ ᠮᠠᠷᠳᠠᠴᠢᠬᠠᠭᠰᠡᠨ ᠪᠠᠶᠢᠯ᠎ᠠ᠂ ᠬᠡᠳᠦᠨ ᠠᠪᠠᠭ᠎ᠠ ᠨᠠᠷ ᠪᠤᠯᠢᠶᠠᠯᠳᠤᠨ | ᠰᠤᠨᠤᠰᠴᠤ ᠪᠠᠶᠢᠭᠰᠠᠭᠠᠷ ᠪᠠᠭ᠎ᠠ ᠠᠪᠠᠭ᠎ᠠ ᠠᠪᠤᠨ ᠲᠤᠳᠠᠭᠠᠵᠤ ᠬᠦᠶᠦᠬᠦ ᠳᠡᠭᠡᠨ ᠭᠠᠵᠠᠷ ᠠᠯᠳᠠᠵᠤ᠂ ᠬᠠᠶᠢᠷᠴᠠᠭ ᠨᠢ | ᠬᠠᠭᠠᠷᠠᠵᠤ᠂ ᠱᠤᠤᠬᠢᠬᠤ ᠠᠴᠠ ᠪᠢᠰᠢ ᠲᠠᠭᠤ ᠦᠭᠡᠢ ᠪᠤᠯᠪᠠ᠂ ᠪᠢᠳᠡ ᠪᠦᠭᠦᠳᠡᠭᠡᠷ ᠢᠶᠠᠨ ᠠᠶᠤᠵᠠᠭᠠᠪᠠ᠂ ᠡᠮᠡᠭᠡ ᠶᠢᠨ | ᠴᠢᠷᠠᠢ ᠴᠦ ᠰᠢᠷᠠᠯᠠᠵᠤ᠂ ᠲᠠᠮᠠᠬᠢ ᠪᠠᠨ ᠪᠤᠭᠰᠢᠬᠤ ᠨᠢ ᠤᠯᠠᠳᠠᠴᠢᠬᠠᠭᠰᠡᠨ ᠬᠠᠷᠠᠭᠳᠠᠪᠠ᠂ ᠡᠪᠦᠭᠡ ᠬᠠᠷᠢᠵᠤ ᠢᠷᠡᠮᠡᠭᠴᠡ | ᠷᠠᠳᠢᠤ᠋ ᠪᠠᠨ ᠦᠭᠡᠶᠢᠯᠡᠬᠦ ᠳᠤ᠂ ᠭᠡᠷᠡᠭ ᠬᠢᠭᠰᠡᠨ ᠬᠡᠳᠦᠨ ᠠᠪᠠᠭ᠎ᠠ ᠨᠠᠷ ᠪᠦᠯᠳᠡᠯᠵᠡᠨ ᠬᠠᠪᠳᠡᠶᠢᠵᠦ᠂ ᠡᠮᠡᠭᠡ ᠶᠢ | ᠡᠮᠦᠨ᠎ᠡ ᠪᠠᠨ ᠪᠠᠷᠢᠯ᠎ᠠ᠃ ᠡᠮᠡᠭᠡ ︽ᠠᠢ᠂ ᠵᠦᠨᠦᠭᠰᠡᠨ ᠲᠤᠯᠤᠭᠠᠢ ᠴᠢᠨᠢ ᠁ ᠦᠴᠦᠭᠡᠳᠦᠷ ᠰᠢᠯ ᠪᠠᠷᠠᠭ᠎ᠠ | ᠵᠦᠯᠭᠦᠵᠤ ᠪᠠᠶᠢᠭᠠᠳ ᠤᠨᠠᠭᠠᠭᠠᠳ ᠬᠠᠭᠠᠯᠴᠢᠬᠠᠯᠠ︾ ᠬᠡᠮᠡᠨ ᠤᠤᠯᠭ᠎ᠠ ᠠᠯᠳᠠᠪᠠ᠃ ᠡᠨᠡ ᠨᠢ ᠮᠢᠨᠤ ᠡᠮᠡᠭᠡ ᠶᠢᠨ ᠨᠢᠭᠡ | ᠨᠠᠰᠤᠨ ᠳᠠᠭᠠᠨ ᠬᠤᠳᠠᠯ ᠬᠡᠯᠡᠭᠰᠡᠨ ᠬᠠᠮᠤᠭ ᠠᠩᠬᠠᠨ ᠤ ᠪᠦᠭᠡᠳ ᠬᠠᠮᠤᠭ ᠡᠴᠤᠰ ᠤᠨ ᠤᠳᠠᠭ᠎ᠠ ᠪᠠᠶᠢᠬ᠎ᠠ ᠳ᠋ᠠ᠂ | ᠡᠪᠦᠭᠡ ︽ᠬᠠᠮᠢᠭ᠎ᠠ ᠪᠠᠶᠢᠨ᠎ᠠ︖ ᠠᠪᠤᠭᠠᠳ ᠢᠷ᠎ᠡ︾ ᠭᠡᠵᠦ ᠰᠢᠷᠦᠭᠦᠨ ᠲᠤᠤᠭᠠᠷᠴᠤ ᠬᠦᠮᠦᠰᠭᠡ ᠵᠠᠩᠬᠢᠳᠪᠠ᠂ | ᠡᠮᠡᠭᠡ ᠬᠤᠷᠢᠶᠠᠯᠳᠠ ᠶᠢᠨ ᠠᠷᠤ ᠪᠠᠷ ᠨᠢᠭᠤᠭᠰᠡᠨ ᠡᠪᠳᠡᠷᠬᠡᠢ ᠷᠠᠳᠢᠤ᠋ ᠶᠢ ᠴᠡᠴᠡᠷᠬᠢᠯᠡᠭᠰᠡᠭᠡᠷ ᠡᠪᠦᠭᠡ ᠳᠤ ᠭᠠᠷᠳᠠᠭᠤᠯᠪᠠ᠂ | ᠡᠪᠦᠭᠡ ᠬᠠᠭᠠᠰ ᠡᠳᠦᠷ ᠤᠷᠤᠯᠳᠤᠭᠠᠳ ᠲᠤᠤᠭᠠᠷᠭᠠᠵᠤ ᠴᠢᠳᠠᠭᠰᠡᠨ ᠦᠭᠡᠢ ᠤᠴᠠᠭᠠᠷ ᠲᠠᠭᠠᠨ ᠭᠠᠭᠴᠠᠬᠠᠨ | ᠪᠢᠯᠠᠭᠤᠳᠠᠭᠠᠳ ᠶᠠᠪᠤᠭᠤᠯᠴᠢᠬᠠᠪᠠ᠂ ᠪᠠᠷᠠᠭᠰᠡᠨ ᠬᠡᠷᠡᠭ᠂ ᠲᠡᠷᠡ ᠬᠡᠳᠦᠨ ᠡᠳᠦᠷ ᠮᠠᠨ ᠤ ᠭᠡᠷ ᠤᠨ ᠠᠭᠠᠷ ᠠᠮᠢᠰᠬᠤᠯ | ᠬᠠᠴᠢᠨ ᠪᠠᠷᠠᠭᠠᠨ ᠲᠦᠡᠭᠰᠦᠭᠦᠷ ᠪᠤᠯᠴᠢᠬᠠᠵᠤ᠂ ᠦᠢᠮᠡᠵᠦ ᠱᠤᠤᠬᠢᠬᠤ ᠪᠠᠨ ᠪᠠᠶᠢᠵᠦ ᠭᠠᠰᠢᠭᠤᠳᠠᠯ ᠬᠢᠵᠦ ᠪᠠᠶᠢᠬᠤ | ᠰᠢᠭ᠋ ᠨᠠᠮ ᠵᠢᠮ ᠪᠤᠯᠪᠠ᠃ ᠡᠮᠡᠭᠡ ᠮᠢᠨᠢ᠂ ᠬᠦᠮᠦᠨ ᠠᠴᠠ ᠵᠢᠭᠡᠯᠡᠭᠰᠡᠨ ᠶᠤᠮ ᠤᠤ︖ ᠬᠠᠮᠢᠭ᠎ᠠ ᠪᠠᠨ ᠬᠡᠳᠦᠨ ᠵᠤᠭᠤᠰ | ᠬᠠᠳᠠᠭᠠᠯᠠᠵᠤ ᠪᠠᠶᠢᠭᠰᠡᠨ ᠴᠦ ᠶᠤᠮ ᠤᠤ︖ ᠪᠤᠤ ᠮᠡᠳᠡ᠂ ᠬᠡᠳᠦᠨ ᠡᠳᠦᠷ ᠤᠨ ᠬᠢᠨᠢ ᠲᠠᠷᠠᠭ᠎ᠠ ᠡᠷᠦᠬᠡ ᠶᠢᠨ | ᠴᠡᠷᠢᠭ ᠤᠨ ᠪᠤᠯᠪᠠᠰᠤᠷᠠᠯ ᠢᠶᠠᠷ ᠬᠤᠰᠢᠭᠤᠨ ᠳᠤ ᠶᠠᠪᠤᠭᠰᠠᠨ ᠲᠠᠮᠳᠢᠨ ᠠᠪᠠᠭ᠎ᠠ ᠪᠠᠷ ᠠᠪ ᠠᠳᠠᠯᠢᠬᠠᠨ ᠨᠢᠭᠡ ᠷᠠᠳᠢᠤ᠋ | ᠵᠠᠬᠢᠭᠤᠯᠤᠨ ᠠᠪᠴᠢᠷᠠᠭᠤᠯᠵᠤ᠂ ᠡᠪᠦᠭᠡ ᠶᠢᠨ ᠠᠭᠤᠷ ᠢ ᠲᠠᠶᠢᠳᠬᠤᠷᠠᠭᠤᠯᠵᠤ ᠪᠢᠯᠡ᠃ ᠡᠪᠦᠭᠡ ᠮᠢᠨᠢ ᠲᠠᠬᠢᠭᠠᠳ ᠯᠠ | ᠦᠭᠡ ᠲᠠᠭᠤ ᠲᠠᠢ ᠪᠤᠯᠵᠤ ︽ᠬᠠ ᠬᠠ︾ ᠬᠡᠮᠡᠨ ᠬᠦᠡᠭᠭᠢᠨᠡᠳᠡᠯᠡ ᠢᠨᠢᠶᠡᠨ᠎ᠡ᠃ ᠡᠪᠦᠭᠡ ᠮᠢᠨᠢ ᠬᠤᠨᠢᠨ ᠳᠤ | ᠶᠠᠪᠤᠬᠤ ᠳᠠᠭᠠᠨ ᠰᠢᠨ᠎ᠡ ᠷᠠᠳᠢᠤ᠋ ᠪᠠᠨ ᠬᠦᠨᠡᠰᠦ ᠬᠢᠳᠡᠭ ᠵᠢᠵᠢᠭ ᠨᠤᠭᠤᠭᠠᠨ ᠪᠤᠭᠴᠤᠨ ᠳᠠᠭᠠᠨ ᠬᠦᠬᠡ ᠲᠠᠪᠤᠤ ᠪᠠᠷ | ᠪᠤᠭᠤᠨ ᠨᠢᠮᠪᠠᠶᠢᠯᠠᠨ ᠬᠢᠵᠦ᠂ ᠬᠠᠷᠢᠵᠦ ᠢᠷᠡᠭᠡᠳ ᠰᠤᠨᠤᠰᠬᠤ ᠦᠶ᠎ᠡ ᠬᠢᠴᠢᠶᠡᠮᠵᠢᠳᠠᠶᠢᠬᠡᠨ ᠭᠠᠷᠭᠠᠨ ᠠᠪᠴᠤ ᠰᠢᠷᠡᠭᠡᠨ | ᠲᠡᠭᠡᠷ᠎ᠡ ᠪᠢᠰᠢ᠂ ᠬᠠᠨᠵᠤᠨ ᠭᠤᠤᠯ ᠳᠠᠭᠠᠨ ᠲᠠᠯᠪᠢᠨ᠎ᠠ᠃ ᠰᠢᠨ᠎ᠡ ᠷᠠᠳᠢᠤ᠋ ᠶᠢ ᠨᠢ ᠪᠢᠳᠡ ᠰᠤᠨᠤᠰᠴᠤ ᠪᠤᠯᠬᠤ ᠠᠴᠠ | ᠪᠢᠰᠢ᠂ ᠲᠡᠮᠳᠡᠷᠢᠵᠦ ᠪᠤᠯᠳᠠᠭ ᠦᠭᠡᠢ ᠠᠮᠢᠨ ᠡᠷᠳᠡᠨᠢ ᠪᠤᠯᠪᠠ᠃ ᠡᠪᠦᠭᠡ ᠮᠢᠨᠢ ᠨᠠᠰᠤ ᠶᠠᠪᠤᠵᠤ ᠲᠡᠩᠬᠡᠭᠡ ᠮᠠᠭᠤᠳᠠᠨ᠂ | ᠪᠡᠶ᠎ᠡ ᠨᠢ ᠲᠤᠤᠷᠡᠳᠠᠵᠤ ᠪᠠᠶᠢᠭᠰᠡᠨ ᠦᠶ᠎ᠡ ᠳᠤ ᠴᠦ ᠷᠠᠳᠢᠤ᠋ ᠪᠠᠨ ᠠᠯᠭᠠᠰᠠᠯ ᠦᠭᠡᠢ ᠰᠤᠨᠤᠰᠴᠤ᠂ ᠭᠦᠯ ᠭᠠᠷ ᠨᠢ | ᠬᠦᠰᠢᠭᠦᠨ ᠪᠤᠯᠵᠤ ᠰᠠᠨᠠᠭ᠎ᠠ ᠪᠠᠷ ᠨᠢ ᠵᠠᠷᠤᠭᠳᠠᠬᠤ ᠦᠭᠡᠢ ᠪᠤᠯᠤᠭᠰᠡᠨ ᠴᠦ ᠮᠠᠨᠤᠰ ᠢᠶᠠᠷ ᠷᠠᠳᠢᠤ᠋ ᠪᠠᠨ ᠲᠠᠯᠪᠢᠭᠤᠯᠤᠨ | ᠰᠤᠨᠤᠰᠴᠤ ᠪᠠᠶᠢᠭᠰᠠᠭᠠᠷ ᠤᠨᠳᠠᠨ᠎ᠠ᠂ ᠤᠳᠤ ᠪᠤᠳᠤᠬᠤ ᠳᠤ ᠷᠠᠳᠢᠤ᠋ ᠨᠢ ᠡᠪᠦᠭᠡ ᠳᠤ ᠮᠢᠨᠢ ᠡᠮ ᠲᠠᠩ ᠤᠨ ᠦᠢᠯᠡᠳᠦᠯ | ᠭᠠᠷᠭᠠᠵᠤ ᠪᠠᠶᠢᠭᠰᠡᠨ ᠴᠦ ᠪᠤᠯᠪᠠᠤ ᠬᠡᠮᠡᠨ ᠰᠠᠨᠠᠭᠳᠠᠨ᠎ᠠ᠃ | ᠡᠪᠦᠭᠡ ᠮᠢᠨᠢ ᠷᠠᠳᠢᠤ᠋ ᠪᠠᠨ ᠰᠤᠨᠤᠰᠤᠭᠰᠠᠭᠠᠷ ᠪᠤᠷᠬᠠᠨ ᠪᠤᠯᠤᠭᠰᠡᠨ ᠳᠤ᠂ ᠷᠠᠳᠢᠤ᠋ ᠶᠢ ᠨᠢ ᠬᠠᠮᠳᠤ ᠬᠦᠳᠡᠭᠡᠯᠡᠬᠦ | ᠡᠰᠡᠬᠦ ᠲᠤᠬᠠᠢ ᠵᠦᠪᠳᠡᠯᠴᠢᠭᠡᠳ᠂ ᠠᠪᠤ ᠶᠢᠨ ᠰᠠᠨᠠᠯ ᠢᠶᠠᠷ ᠦᠯᠡᠳᠡᠭᠡᠨ ᠬᠠᠳᠠᠭᠠᠯᠠᠭᠰᠡᠨ ᠶᠤᠮ᠃ ᠡᠪᠦᠭᠡ ᠪᠠᠨ | ᠲᠤᠷᠠᠰᠬᠤ ᠪᠠᠷ ᠬᠠᠶᠠ ᠦᠨᠦ ᠷᠠᠳᠢᠤ᠋ ᠶᠢ ᠨᠢ ᠠᠪᠳᠠᠷ᠎ᠠ ᠶᠢᠨ ᠢᠷᠤᠭᠠᠷ ᠠᠴᠠ ᠭᠠᠷᠭᠠᠵᠦ ᠰᠤᠨᠤᠰᠤᠨ᠎ᠠ᠄ | ᠡᠪᠦᠭᠡᠨ ᠰᠢᠪᠠᠭᠤ ᠪᠢ ᠴᠢᠨᠢ | ᠡᠪᠦᠭᠡᠷᠡᠶᠠ ᠭᠡᠳ ᠡᠪᠦᠭᠡᠷᠡᠵᠤ ᠤᠤ ᠳ᠋ᠠ | ᠦᠡᠭᠭᠡ ᠶᠡᠷᠳᠢᠨᠴᠦ ᠶᠢᠨ ᠢᠶᠠᠨ ᠵᠠᠩ ᠵᠢᠷᠤᠮ ᠢᠶᠠᠷ | ᠡᠪᠦᠭᠡᠷᠡᠯ᠎ᠡ ᠳ᠋ᠠ ᠁ ᠠᠢ ᠁︾ ᠬᠡᠮᠡᠨ ᠲᠠᠩᠬᠢᠨᠠᠳᠠᠯᠠ ᠲᠠᠭᠤᠯᠠᠨ᠎ᠠ᠃ ᠬᠠᠭᠤᠴᠢᠨ ᠤ ᠶᠠᠭᠤᠮ᠎ᠠ | ᠴᠢᠨᠠᠷ ᠰᠠᠶᠢᠳᠠᠢ᠂ ᠬᠦᠳᠡᠭᠡ ᠶᠢᠨ ᠬᠦᠮᠦᠨ ᠶᠠᠰᠤ ᠰᠠᠶᠢᠳᠠᠢ ᠭᠡᠳᠡᠭ ᠶᠠᠭᠠᠬᠢᠬᠤ ᠶᠢᠨ ᠠᠷᠭ᠎ᠠ ᠦᠭᠡᠢ ᠦᠨᠡᠨ᠃ | ︽ᠡᠵᠡᠨ ᠨᠢ ᠬᠡᠪᠡᠷᠡᠭ᠂ ᠡᠳ᠋ ᠨᠢ ᠮᠦᠡᠭᠭᠡ︾ ᠡᠨᠡᠬᠡᠨ ᠤᠷᠴᠢᠯᠠᠩ ᠲᠤ᠂ ᠡᠪᠦᠭᠡ ᠮᠢᠨᠢ ᠷᠠᠳᠢᠤ᠋ ᠪᠠᠨ | ᠰᠤᠨᠤᠰᠤᠨ᠎ᠠ᠂ ᠪᠢᠳᠡ ᠡᠪᠦᠭᠡ ᠠᠴᠠ ᠪᠠᠨ ᠰᠤᠨᠤᠰᠤᠨ᠎ᠠ᠂ ᠢᠡᠭᠭᠢᠵᠦ ᠯᠠ ᠪᠢᠳᠡ ᠦᠶ᠎ᠡ ᠶᠢᠨ ᠦᠶ᠎ᠡ᠂ ᠤᠳᠤᠮ | ᠰᠤᠳᠤᠷ ᠤᠨ ᠢᠶᠠᠨ ᠲᠡᠤᠬᠡ᠂ ᠤᠤᠭᠠᠯ ᠰᠤᠶᠤᠯ᠂ ᠤᠶᠠᠩᠭ᠎ᠠ ᠲᠠᠭᠤᠤ ᠪᠠᠨ ᠦᠪᠯᠡᠨ ᠦᠪᠯᠡᠭᠰᠡᠨ ᠤᠯᠤᠰ ᠁ | ᠡᠪᠦᠭᠡ ᠶᠢᠨ ᠷᠠᠳᠢᠤ᠋᠂ ᠦᠨᠢᠳᠡ ᠬᠠᠨᠭ᠍ᠬᠢᠨᠠᠨᠠ᠃ | | ᠰᠡᠷᠨᠠᠢ — sernai ᠮᠢᠨᠤ ᠡᠮᠡᠭᠡ ᠶᠢᠨ ᠨᠡᠷ᠎ᠡ | ᠱᠦᠶ᠋ᠢᠨᠵᠢ — ᠮᠠᠯᠴᠢᠳ ᠷᠠᠳᠢᠤ᠋ ᠶᠢ ᠢᠡᠭᠬᠢᠵᠦ ᠬᠡᠯᠡᠳᠡᠭ ᠪᠠᠶᠢᠭᠰᠡᠨ | | ᠬᠠᠶ᠋ᠢᠭ᠄ ᠬᠡᠰᠢᠭᠳᠡᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ | |