ᠲᠠᠯᠣ ᠶᠢᠨ ᠮᠢᠬ᠎ᠠ ᠶᠢ ᠭᠠᠭᠴᠠᠭᠠᠷ ᠢᠳᠡᠬᠦ ᠶᠢ ᠴᠡᠭᠡᠷᠯᠡᠬᠦ ᠲᠣᠬᠠᠢ ᠲᠣᠮᠤᠭ
ᠨᠡᠶᠢᠲᠡᠯᠡᠭᠰᠡᠨ ᠴᠠᠭ᠄
2015/9/2
               ᠡᠷᠳᠡ ᠣᠷᠢᠳᠣ ᠶᠢᠨ ᠴᠠᠭ ᠲᠤ ᠭᠠᠭᠴᠠ ᠴᠠᠭᠠᠨ ᠮᠣᠷᠢ ᠲᠠᠢ ᠨᠢᠬᠡᠨ ᠠᠩᠴᠢᠨ ᠡᠪᠦᠬᠡᠨ ᠪᠠᠶᠢᠵᠢ ᠬᠡᠨ᠎ᠡ᠃ ᠲᠡᠬᠦᠨ ᠤ ᠴᠠᠭᠠᠨ ᠮᠣᠷᠢ ᠨᠢ ᠬᠤᠷᠳᠣᠨ ᠬᠦᠶᠤᠳᠡᠭ ᠪᠦᠬᠡᠳ ᠬᠡᠵᠢᠶᠡᠳᠡ ᠡᠴᠡᠵᠣ ᠲᠣᠷᠠᠳᠠᠭ ᠦᠭᠡᠢ᠃ ᠲᠡᠷᠡ ᠦᠷᠬᠦᠯᠵᠢ ᠴᠠᠭᠠᠨ ᠮᠣᠷᠢ ᠪᠠᠨ ᠣᠨᠣᠵᠣ ᠠᠩ ᠬᠦᠷᠦᠬᠡ ᠬᠢᠵᠣ ᠭᠠᠨᠵᠤᠭ᠎ᠠ ᠲᠦᠬᠦᠷᠡᠩ ᠶᠠᠪᠣᠳᠠᠭ ᠪᠠᠶᠢᠵᠠᠢ᠃ ᠲᠡᠬᠡᠬᠡᠳ ᠬᠦᠷᠦᠬᠡᠰᠦᠨ ᠤ ᠮᠢᠬ᠎ᠠ ᠪᠠᠨ ᠢᠳᠡᠬᠦ ᠳᠡᠭᠡᠨ ᠲᠠᠯᠣ ᠶᠢᠨ ᠮᠢᠬ᠎ᠠ ᠶᠡᠷᠦ ᠠᠴᠠ ᠭᠠᠭᠴᠠᠭᠠᠷ ᠢᠳᠡᠵᠣ ᠦᠵᠡᠭᠡ ᠦᠭᠡᠢ᠃ ᠢᠮᠡᠬᠳᠡ ᠭᠠᠯ ᠤᠨ ᠪᠣᠷᠬᠠᠨ᠂ ᠠᠭᠤᠯᠠ ᠶᠢᠨ ᠨᠠᠪᠳᠠᠭ ᠰᠠᠪᠳᠠᠭ ᠲᠤ ᠡᠷᠬᠦᠬᠦ ᠪᠣᠶᠣ ᠪᠣᠰᠣᠳ ᠬᠦᠮᠦᠨ ᠲᠠᠢ ᠬᠤᠪᠢᠶᠠᠯᠴᠠᠨ ᠢᠳᠡᠳᠡᠭ ᠪᠠᠶᠢᠵᠠᠢ᠃ ᠬᠤᠪᠳᠤᠭ ᠪᠠᠶᠠᠨ ᠬᠡᠳᠡᠭ ᠴᠣᠯᠠ ᠲᠠᠢ ᠨᠢᠬᠡ ᠬᠦᠮᠦᠨ ᠡᠪᠦᠬᠡᠨ ᠤ ᠮᠣᠷᠢᠨ ᠳᠤ ᠲᠣᠷᠠᠯᠠᠭᠠᠳ ᠠᠪᠬᠤ ᠪᠠᠷ ᠣᠷᠣᠯᠳᠣᠭᠰᠠᠨ ᠪᠣᠯᠪᠠᠴᠦ ᠡᠪᠦᠬᠡᠨ ᠶᠠᠭᠠᠬᠢᠭᠰᠠᠨ ᠴᠦ ᠮᠣᠷᠢ ᠪᠠᠨ ᠦᠭᠬᠦ ᠦᠭᠡᠢ ᠪᠠᠶᠢᠪᠠ᠃ ᠨᠢᠬᠡᠨ ᠡᠳᠦᠷ ᠬᠤᠪᠳᠤᠭ ᠪᠠᠶᠠᠨ ᠡᠪᠦᠬᠡᠨ ᠤ ᠳᠤ ᠬᠦᠷᠴᠦ ᠬᠤᠨᠣᠬᠤ ᠳᠤ ᠡᠪᠣᠬᠡᠨ ᠲᠡᠬᠦᠨ ᠎ ᠳᠤ ᠨᠢᠬᠡ ᠬᠠ ᠴᠢᠨᠠᠵᠣ ᠦᠭᠴᠠᠢ᠃ ᠦᠨᠦᠬᠢ ᠬᠤᠪᠳᠤᠭ ᠪᠠᠶᠠᠨ ᠦᠯᠦᠰᠴᠦ ᠢᠷᠡᠭᠰᠡᠨ ᠤ ᠬᠠᠷᠠᠭ᠎ᠠ ᠪᠠᠷ ᠶᠠᠭᠤ ᠶᠢ ᠴᠦ ᠬᠠᠮᠢᠶᠠᠷᠣᠯ ᠦᠭᠡᠢ ᠪᠠᠷ ᠲᠠᠯᠣ ᠶᠢᠨ ᠮᠢᠬ᠎ᠠ ᠶᠢ ᠭᠠᠭᠴᠠᠭᠠᠷ ᠢᠶᠠᠨ ᠢᠳᠡᠵᠣ ᠣᠷᠬᠢᠵᠠᠢ᠃ ᠣᠷᠣᠢ ᠣᠨᠳᠠᠬᠤ ᠶᠢᠨ ᠦᠶ᠎ᠠ ᠪᠠᠷ ᠬᠤᠪᠳᠤᠭ ᠪᠠᠶᠠᠨ ᠦᠪᠡᠷ ᠤᠨ ᠬᠠᠷ᠎ᠠ ᠮᠣᠷᠢ ᠪᠠᠨ ᠡᠪᠦᠬᠡᠨ ᠤ ᠴᠠᠭᠠᠨ ᠮᠣᠷᠢ ᠲᠠᠢ ᠬᠠᠮᠳᠣ ᠴᠢᠳᠣᠷᠯᠠᠨ ᠲᠠᠯᠪᠢᠵᠠᠢ᠃ ᠰᠦᠨᠢ ᠲᠦᠯᠢ ᠪᠠᠷ ᠦᠨᠣ ᠬᠤᠪᠳᠤᠭ ᠪᠠᠶᠠᠨ ᠬᠠᠷ᠎ᠠ ᠰᠠᠨᠠᠭ᠎ᠠ ᠡᠬᠦᠰᠬᠡᠨ ᠭᠠᠳᠠᠨ᠎ᠠ ᠭᠠᠳᠠᠭᠠᠯᠠᠬᠤ ᠲᠠᠰᠢᠷᠠᠮ ᠢᠶᠠᠷ ᠡᠪᠦᠬᠡᠨ ᠤ ᠴᠠᠭᠠᠨ ᠮᠣᠷᠢᠨ ᠤ ᠲᠡᠷᠬᠡᠳᠡ ᠣᠴᠢᠵᠣ ᠲᠡᠬᠦᠨ ᠢ ᠠᠯᠠᠬᠤ ᠬᠡᠰᠡᠨ ᠳᠤ ᠶᠡᠭᠡ ᠴᠠᠰᠦ ᠲᠠᠢ ᠰᠦᠨᠢ ᠪᠣᠯᠬᠤᠷ᠂ ᠬᠤᠪᠳᠤᠭ ᠪᠠᠶᠠᠨ ᠤ ᠬᠠᠷ᠎ᠠ ᠮᠣᠷᠢ ᠨᠢ ᠴᠠᠭᠠᠨ ᠮᠣᠷᠢ ᠰᠢᠭ᠋ ᠬᠠᠷᠠᠭᠳᠠᠭᠰᠠᠨ ᠳᠤ ᠲᠡᠬᠦᠨ ᠢ ᠡᠪᠦᠬᠡᠨ ᠤ ᠮᠣᠷᠢ ᠭᠡᠵᠤ ᠠᠳᠡᠬᠦᠷᠡᠬᠡᠳ ᠴᠢᠳᠦᠷ ᠢᠰᠬᠦᠯᠦᠬᠦᠯᠦᠨ ᠲᠠᠯᠪᠢᠵᠠᠢ᠃ ᠲᠠᠷᠠᠭ᠎ᠠ ᠡᠳᠦᠷ ᠬᠤᠪᠳᠤᠭ ᠪᠠᠶᠠᠨ ᠦᠬᠦᠭᠰᠡᠨ ᠮᠣᠷᠢᠨ ᠤ ᠪᠠᠷ᠎ᠠ ᠶᠢ ᠬᠠᠷᠠᠵᠣ ᠦᠵᠡᠬᠡᠳ ᠮᠣᠷᠢ ᠴᠢᠨᠢ ᠴᠢᠳᠦᠷ ᠢᠰᠬᠦᠯᠵᠣ ᠦᠬᠦᠵᠡᠢ ᠭᠡᠵᠤ ᠡᠪᠦᠬᠡᠨ ᠳᠤ ᠬᠡᠯᠡᠭᠰᠡᠨ ᠳᠤ ᠡᠪᠦᠬᠡᠨ ᠠᠵᠢᠭ ᠴᠤ ᠦᠭᠡᠢ ᠪᠠᠷ ︽ᠪᠢ ᠲᠠᠯᠠ ᠬᠦᠷᠳᠡᠯ᠎ᠡ ᠲᠠᠯᠣ ᠶᠢᠨ ᠬᠠᠭᠤᠳᠠᠰᠦ ᠶᠢ ᠭᠠᠭᠴᠠᠭᠠᠷ ᠢᠳᠡᠭᠡ ᠦᠭᠡᠢ ᠪᠢᠯᠡ᠃ ᠭᠠᠶᠢᠬᠠᠮᠠᠷ ᠣᠴᠢᠷ ᠪᠢᠰᠢ ᠳ᠋ᠠ᠂ ᠶᠠᠭᠤ ᠴᠦ ᠬᠡᠰᠡᠨ ᠣᠴᠢᠵᠣ ᠦᠵᠡᠶ᠎ᠡ︾ ᠭᠡᠵᠤ ᠬᠡᠯᠡᠬᠡᠳ ᠲᠡᠷᠡ ᠮᠣᠷᠢᠨ ᠤ ᠲᠡᠷᠬᠡᠳᠡ ᠬᠦᠷᠴᠦ ᠦᠵᠡᠬᠦᠯ᠎ᠡ ᠲᠡᠬᠦᠨ ᠤ ᠮᠣᠷᠢ ᠦᠬᠦᠭᠰᠡᠨ ᠦᠭᠡᠢ ᠬᠠᠷᠢᠨ ᠬᠤᠪᠳᠤᠭ ᠪᠠᠶᠠᠨ ᠤ ᠮᠣᠷᠢ ᠦᠬᠦᠭᠰᠡᠨ ᠪᠠᠶᠢᠵᠠᠢ᠃ ᠲᠡᠬᠦᠨ ᠠᠴᠠ ᠬᠤᠶᠢᠰᠢ ᠮᠣᠩᠭᠤᠯᠴᠣᠳ ᠬᠡᠵᠢᠶ᠎ᠡ ᠬᠠᠮᠢᠭ᠎ᠠ ᠴᠦ ᠬᠡᠰᠡᠨ ᠲᠠᠯᠣ ᠶᠢᠨ ᠬᠠᠭᠤᠳᠠᠰᠣ ᠶᠢ ᠲᠠᠶᠠᠭᠠᠷ ᠢᠶᠠᠨ ᠬᠤᠪᠢᠶᠠᠵᠣ ᠢᠳᠡᠳᠡᠭ ᠪᠣᠯᠵᠠᠢ᠃    
 
ᠢᠷᠡᠯᠲᠡ᠄ ︽ᠮᠣᠩᠭᠤᠯ ᠴᠡᠬᠡᠷ ᠤᠨ ᠶᠣᠰᠣᠨ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号