ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ
ᠨᠡᠶᠢᠲᠡᠯᠡᠭᠰᠡᠨ ᠴᠠᠭ᠄
2015/8/19
       ᠤᠢᠢᠷ᠎ᠠ ᠳᠤ᠂ ᠦᠪᠦᠷ ᠮᠤᠩᠭᠤᠯ ᠤᠨ ᠰᠢᠯᠵᠢᠭᠡ ᠬᠤᠯᠪᠤᠭ᠎ᠠ ᠠᠴᠠ ︽ᠤᠶᠤᠨᠴᠢ ᠠᠯᠠᠱᠠ︾ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠢ ᠨᠡᠭᠡᠭᠡᠯᠳᠡ ᠬᠢᠵᠤ ᠬᠡᠷᠡᠭᠯᠡᠭᠡᠨ ᠳᠤ ᠤᠷᠤᠭᠤᠯᠵᠤ᠂ ᠳᠠᠯ᠎ᠠ ᠨᠤᠳᠤᠭ ᠤᠨ ᠮᠠᠯᠴᠢᠳ ᠤᠨ ᠤᠶᠤᠨᠴᠢ ᠪᠠᠷ ᠮᠠᠯ ᠬᠠᠷᠢᠭᠤᠯᠬᠤ ᠳᠤ ᠳᠤᠰᠠᠯᠠᠵᠤ᠂ ᠳᠤᠬᠠᠢ ᠶᠢᠨ ᠭᠠᠵᠠᠷ ᠤᠷᠤᠨ ᠤ ᠮᠠᠯᠴᠢᠨ ᠲᠦᠮᠡᠨ ᠤ ᠬᠦᠷᠢᠶᠡᠯᠡᠯ ᠢ ᠤᠯᠵᠤ ᠪᠤᠢ᠃       ᠰᠤᠷᠪᠤᠯᠵᠢᠯᠠᠭᠴᠢ ᠦᠪᠦᠷ ᠮᠤᠩᠭᠤᠯ ᠤᠨ ᠰᠢᠯᠵᠢᠭᠡ ᠬᠤᠯᠪᠤᠭ᠎ᠠ ᠠᠴᠠ ᠤᠢᠢᠯᠠᠭᠠᠭᠰᠠᠨ ᠢᠶᠠᠷ᠂ ᠳᠤᠰ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠪᠤᠯ ᠳᠠᠭᠠᠭᠤᠯᠢ ᠤᠳᠤᠨ ᠢᠶᠠᠷ ᠪᠠᠶᠢᠷᠢ ᠳᠤᠭᠳᠠᠭᠠᠬᠤ ᠮᠡᠷᠭᠡᠵᠢᠯ ᠢ ᠠᠰᠢᠬᠯᠠᠵᠤ᠂ ᠰᠢᠯᠵᠢᠭᠡ ᠬᠤᠯᠪᠤᠭ᠎ᠠ ᠶᠢᠨ ᠳᠤᠤᠷ ᠰᠦᠯᠵᠢᠶᠡᠨ ᠤ ᠪᠦᠷᠭᠦᠴᠡ ᠳᠤ ᠲᠦᠰᠢᠭᠯᠡᠵᠤ᠂ ᠮᠠᠯᠴᠢᠨ ᠬᠦᠮᠦᠨ ᠮᠠᠯᠵᠢᠬᠤ ᠤᠷᠤᠨ ᠳᠠᠭᠠᠨ ᠪᠠᠶᠢᠬᠤ ᠪᠤᠶᠤ ᠬᠤᠳᠠ ᠳᠤ ᠪᠠᠶᠢᠭᠰᠠᠨ ᠴᠦ᠂ ᠤᠶᠤᠨᠴᠢ ᠭᠠᠷ ᠤᠳᠠᠰᠤ᠂ ᠬᠠᠪᠳᠠᠭᠠᠢ ᠺᠤᠮᠫᠢᠦ᠋ᠲ᠋ᠧᠷ ᠵᠡᠷᠭᠡ ᠤᠯᠠᠨ ᠵᠦᠢᠯ ᠤᠨ ᠦᠵᠦᠭᠦᠷᠯᠢᠭ ᠲᠤ ᠲᠦᠰᠢᠭᠯᠡᠨ ᠴᠠᠭ ᠳᠤᠬᠠᠢ ᠳᠤ ᠰᠢᠰᠲ᠋ᠧᠮ ᠳᠤ ᠭᠠᠷᠴᠦ᠂ ᠨᠤᠳᠤᠭ ᠪᠡᠯᠴᠢᠭᠡᠷ ᠤᠨ ᠪᠠᠶᠢᠳᠠᠯ᠂ ᠮᠠᠯ ᠰᠦᠷᠦᠭ ᠤᠨ ᠪᠠᠶᠢᠷᠢ ᠶᠢᠨ ᠮᠡᠳᠡᠭᠡ ᠵᠠᠩᠬᠢ᠂ ᠮᠠᠯ ᠤᠨᠤᠭ᠎ᠠ ᠶᠢᠨ ᠡᠷᠡᠭᠦᠯ ᠴᠢᠬᠢᠷᠠᠭ ᠤᠨ ᠪᠠᠶᠢᠳᠠᠯ ᠵᠡᠷᠭᠡ ᠶᠢ ᠡᠵᠡᠮᠳᠡᠵᠤ᠂ ᠨᠤᠳᠤᠭ ᠪᠡᠯᠴᠢᠭᠡᠷ ᠪᠠ ᠮᠠᠯ ᠰᠦᠷᠦᠭ ᠲᠤ ᠤᠶᠤᠨᠴᠢ ᠢᠯᠭᠠᠯ ᠬᠢᠭᠦ᠂ ᠪᠠᠶᠢᠷᠢ ᠳᠤᠭᠳᠠᠭᠠᠬᠤ᠂ ᠲᠠᠭᠠᠨ ᠡᠵᠡᠮᠳᠡᠭᠦ᠂ ᠴᠠᠭᠳᠠᠭ᠎ᠠ ᠳᠤ ᠮᠡᠳᠡᠭᠦᠯᠬᠦ᠂ ᠬᠢᠨᠠᠨ ᠡᠵᠡᠮᠳᠡᠭᠦ ᠪᠠ ᠬᠠᠮᠢᠶᠠᠷᠤᠯᠳᠠ ᠬᠢᠨ᠎ᠠ ᠃ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠨᠢ ᠨᠠᠷᠢᠬᠵᠢᠭᠤᠯᠤᠭᠰᠠᠨ᠂ ᠬᠡᠶᠢᠰᠪᠦᠷᠢᠯᠡᠭᠰᠡᠨ᠂ ᠠᠯᠤᠰ ᠡᠵᠡᠮᠰᠢᠯ ᠤᠨ᠂ ᠠᠦ᠋ᠲ᠋ᠤᠴᠢᠯᠠᠬᠰᠠᠨ ᠮᠠᠯ ᠬᠠᠷᠢᠭᠤᠯᠬᠤ ᠬᠠᠮᠢᠶᠠᠷᠤᠯᠳᠠ ᠶᠢ ᠪᠡᠶᠡᠯᠡᠭᠦᠯᠵᠤ᠂ ᠬᠦᠴᠦ ᠠᠷᠪᠢᠯᠠᠬᠤ᠂ ᠦᠷᠳᠡᠭ ᠢ ᠪᠠᠭᠤᠷᠠᠭᠤᠯᠬᠤ ᠬᠢᠭᠡᠳ ᠬᠦᠳᠡᠯᠮᠤᠷᠢ ᠶᠢᠨ ᠡᠷᠴᠢᠮ ᠢ ᠪᠠᠭᠤᠷᠠᠭᠤᠯᠬᠤ ᠵᠡᠷᠭᠡ ᠶᠢ ᠠᠰᠢᠳᠠᠢ ᠰᠠᠶᠢᠬᠠᠨ ᠪᠡᠶᠡᠯᠡᠭᠦᠯᠵᠤ ᠴᠢᠳᠠᠪᠠ᠃ ᠵᠢᠱᠢᠶᠡᠯᠡᠪᠡᠯ᠂ ᠳᠤᠰ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠨᠢ ᠴᠠᠭ ᠳᠤᠬᠠᠢ ᠳᠤ ᠳᠡᠮᠡᠭᠡᠨ ᠰᠦᠷᠦᠭ ᠲᠤ GPS ᠪᠠᠶᠢᠷᠢ ᠳᠤᠭᠳᠠᠭᠠᠵᠤ᠂ ᠳᠤᠭᠳᠠᠭᠰᠠᠨ ᠴᠠᠭ ᠲᠤ GRPS ᠤᠷᠤᠰᠴᠠ ᠡᠰᠡᠭᠦᠯ᠎ᠠ ᠴᠢᠬᠢᠮ ᠮᠡᠳᠡᠭᠡ ᠪᠠᠷ ᠳᠠᠮᠵᠢᠨ ᠮᠡᠳᠡᠭᠡ ᠵᠠᠩᠬᠢ ᠳᠠᠮᠵᠢᠭᠤᠯᠬᠤ᠂ ᠳᠡᠮᠡᠭᠡᠨ ᠰᠦᠷᠦᠭ ᠤᠨ ᠪᠠᠶᠢᠷᠢ ᠶᠢ ᠮᠡᠳᠡᠭᠦᠯᠬᠦ᠂ ᠡᠯᠧᠺᠲᠷᠦᠨ ᠬᠤᠷᠢᠶ᠎ᠠ ᠪᠠᠷᠢᠬᠤ᠂ ᠳᠡᠮᠡᠭᠡᠨ ᠰᠦᠷᠦᠭ ᠤᠨ ᠢᠶᠠᠨ ᠮᠠᠯ ᠬᠠᠷᠢᠭᠤᠯᠬᠤ ᠬᠦᠷᠢᠶ᠎ᠠ ᠬᠡᠪᠴᠢᠶ᠎ᠠ ᠶᠢ ᠳᠤᠭᠳᠠᠭᠠᠬᠤ ᠵᠡᠷᠭᠡ ᠶᠢ ᠪᠡᠶᠡᠯᠡᠭᠦᠯᠵᠦ᠂ ᠬᠡᠷᠪᠡ ᠮᠡᠯ ᠰᠦᠷᠦᠭ ᠤᠨ ᠰᠢᠯᠵᠢᠯᠳᠡ ᠨᠢ ᠤᠨᠴᠠᠭᠠᠢ ᠪᠤᠯᠬᠤ ᠪᠤᠶᠤ ᠬᠠᠷᠢᠭᠤᠯᠬᠤ ᠬᠦᠷᠶ᠎ᠠ ᠬᠡᠪᠴᠢᠶ᠎ᠠ ᠠᠴᠠ ᠭᠠᠷᠪᠠᠯ᠂ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠨᠢ ᠳᠡᠷᠡ ᠳᠠᠷᠤᠢ ᠳᠤᠨᠢ ᠰᠡᠷᠭᠡᠶᠢᠯᠡᠭᠦ ᠳᠤ ᠮᠡᠳᠡᠭᠳᠡᠨ᠎ᠡ᠃ ᠳᠤᠰ ᠰᠢᠰᠲ᠋ᠧᠮ ᠨᠢ ᠨᠤᠳᠤᠭ ᠪᠡᠯᠴᠢᠭᠡᠷ ᠤᠨ ᠤᠷᠴᠢᠨ ᠳᠤᠭᠤᠷᠢᠨ ᠤ ᠳᠤᠯᠠᠭᠠᠨ ᠤ ᠬᠡᠮᠵᠢᠶ᠎ᠠ᠂ ᠴᠢᠬᠢᠭ ᠤᠨ ᠬᠡᠮᠵᠢᠶ᠎ᠠ᠂ ᠮᠠᠯ ᠰᠦᠷᠦᠭ ᠤᠨ ᠰᠢᠯᠵᠢᠯᠳᠡ ᠶᠢᠨ ᠬᠤᠷᠳᠤᠴᠠ ᠶᠢᠨ ᠤᠷᠳᠤᠷᠢᠭ ᠦᠷᠭᠡᠷᠢᠭ ᠵᠡᠷᠭᠡ ᠶᠢᠨ ᠮᠡᠳᠡᠭᠡ ᠵᠠᠩᠬᠢ ᠳᠤ ᠠᠬᠤᠢ ᠪᠠᠶᠢᠳᠠᠯ ᠤᠨ ᠳᠡᠮᠳᠡᠭᠯᠡᠯ ᠬᠢᠬᠦ ᠪᠠ ᠬᠠᠳᠠᠭᠠᠯᠠᠮᠵᠢ ᠬᠢᠵᠤ᠂ ᠮᠠᠯᠴᠢᠳ ᠤᠨ ᠤᠶᠤᠨᠴᠢ ᠪᠠᠷ ᠮᠠᠯ ᠬᠠᠷᠢᠭᠤᠯᠬᠤ᠂ ᠰᠢᠨᠵᠢᠯᠡᠭᠦ ᠤᠬᠠᠭᠠᠨᠴᠢ ᠪᠠᠷ ᠮᠠᠯ ᠬᠠᠷᠢᠭᠤᠯᠬᠤ ᠶᠢ ᠪᠡᠶᠡᠯᠡᠭᠦᠯᠵᠤ ᠪᠤᠢ᠃       ᠤᠢᠢᠯᠠᠭᠠᠭᠰᠠᠨ ᠢᠶᠠᠷ᠂ ᠠᠯᠠᠱᠠ ᠤᠷᠤᠨ ᠳᠤ ᠳᠡᠮᠡᠭᠡ ᠳᠡᠵᠢᠭᠡᠳᠡᠭ ᠮᠠᠯᠴᠢᠳ ᠤᠨ ᠵᠢᠯ ᠪᠦᠷᠢ ᠶᠢᠨ ᠬᠦᠮᠦᠨ ᠤ ᠬᠦᠴᠦ ᠪᠠᠷ ᠬᠠᠷᠢᠭᠤᠯᠬᠤ ᠦᠷᠳᠡᠭ ᠨᠢ 4 ᠲᠦᠮᠡ ᠰᠢᠬᠠᠮ ᠪᠠᠶᠢᠳᠠᠭ᠂ ᠭᠡᠳᠡᠯ᠎ᠠ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠢ ᠬᠡᠷᠡᠭᠯᠡᠭᠰᠡᠨ ᠤ ᠳᠠᠷᠠᠭ᠎ᠠ᠂ ᠡᠷᠦᠭᠡ ᠪᠦᠷᠢ ᠶᠢᠨ ᠮᠠᠯᠴᠢᠨ ᠵᠢᠯ ᠪᠦᠷᠢ ᠳᠤ ᠮᠠᠯ ᠬᠠᠷᠢᠭᠤᠯᠬᠤ ᠵᠠᠷᠤᠳᠠᠯ ᠨᠢ 4000 ᠲᠦᠭᠦᠷᠢᠭ ᠠᠷᠪᠢᠯᠠᠵᠤ ᠴᠢᠳᠠᠬᠤ ᠮᠦᠷᠳᠡᠭᠡᠨ 50% ᠴᠠᠭ ᠢ ᠠᠷᠪᠢᠯᠠᠬᠤ ᠪᠤᠯᠤᠨ᠎ᠠ᠂ ᠡᠨᠡ ᠨᠢ ᠳᠡᠳᠡᠨᠠᠷ ᠤᠨ ᠤᠷᠤᠯᠭ᠎ᠠ ᠶᠢᠨ ᠲᠦᠪᠰᠢᠨ ᠢ ᠳᠡᠭᠡᠭᠰᠢᠯᠡᠭᠦᠯᠵᠤ ᠴᠢᠳᠠᠬᠤ ᠪᠠᠷ ᠪᠠᠷᠠᠬᠤ ᠦᠭᠡᠢ᠂ ᠠᠮᠢᠳᠤᠷᠠᠯ ᠤᠨ ᠴᠢᠨᠠᠷ ᠴᠢᠨᠰᠠᠭ᠎ᠠ ᠶᠢ ᠴᠦ ᠶᠡᠭᠡᠪᠡᠷ ᠳᠡᠭᠡᠭᠰᠢᠯᠡᠭᠦᠯᠵᠤ ᠴᠢᠳᠠᠵᠠᠢ᠃ ᠤᠢᠢᠯᠠᠭᠠᠭᠰᠠᠨ ᠢᠶᠠᠷ᠂ ᠤᠳᠤᠬᠠᠨ ᠳᠤ ᠳᠤᠰ ᠭᠠᠵᠠᠷ ᠤᠷᠤᠨ ᠳᠤ 76 ᠮᠠᠯᠴᠢᠨ ᠡᠷᠦᠭᠡ ᠡᠨᠡᠭᠦ ᠮᠠᠯ ᠬᠠᠷᠢᠭᠤᠯᠬᠤ ᠰᠢᠯᠵᠢᠮᠡᠯ ᠤᠶᠤᠨᠴᠢ ᠰᠢᠰᠲ᠋ᠧᠮ ᠢ ᠬᠡᠷᠡᠭᠯᠡᠵᠤ ᠪᠤᠢ᠃ ︵ᠣᠷᠴᠢᠭᠤᠯᠤᠭᠴᠢ᠄ ᠭᠤᠸ᠎ᠠ  ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号