ᠵᠢᠭᠳᠡᠢ ᠣᠯᠠᠷᠢᠭᠰᠠᠨ ᠰᠣᠷᠪᠢ
ᠨᠡᠶᠢᠲᠡᠯᠡᠭᠰᠡᠨ ᠴᠠᠭ᠄
2015/8/13
      ᠣᠷᠴᠢᠮ ᠠᠴᠠ ᠴᠢᠯᠠᠭᠤ ᠭᠤᠸᠠᠢ ᠶᠢᠨ ᠪᠠᠶ᠎ᠡ ᠲᠡᠭᠡᠷᠡᠬᠢ ᠬᠡᠳᠥᠨ ᠰᠣᠷᠪᠢ ᠨᠢ ᠬᠠᠴᠢᠨ ᠪᠣᠯᠵᠣ᠂ ᠰᠣᠷᠣᠯᠴᠠᠯᠭ᠎ᠠ ᠬᠥᠮᠥᠵᠢᠯ ᠤᠨ ᠲᠥᠪ ᠴᠢᠩᠭ᠎ᠠ ᠠᠭᠤᠷ ᠠᠮᠢᠰᠬᠤᠯ ᠲᠠᠢ ᠥᠰᠢᠯᠳᠥᠵᠥ ᠪᠠᠶᠢᠭ᠎ᠠ  ᠶᠣᠮᠰᠢᠭ ᠠᠷᠠᠰᠣᠨ ᠲᠣᠣᠷ᠎ᠠ ᠠᠴᠠ ᠨᠢ ᠰᠡᠷᠪᠡᠭᠡᠨᠡᠵᠥ ᠮᠠᠭᠠᠵᠢᠬᠤ ᠶᠢᠨ ᠲᠣᠰᠬᠠᠯ ᠭᠡᠳᠡᠭᠡᠯᠡᠬᠦ ᠳᠤ ᠬᠥᠮᠥᠨ ᠣᠯᠠᠨ ᠤ ᠨᠢᠳᠥᠨ ᠲᠣᠣᠷ᠎ᠠ ᠲᠡᠰᠬᠦ ᠠᠯᠳᠠᠷᠠᠵᠣ᠂ ᠭᠠᠭᠴᠠ ᠰᠠᠨᠴᠢᠭ ᠤᠨ ᠰᠣᠷᠪᠢ ᠪᠠᠨ ᠠᠯᠠᠭ᠎ᠠ ᠪᠠᠷ ᠢᠶᠠᠨ ᠱᠥᠷᠭᠦᠭᠡᠬᠦ ᠪᠣᠶᠣ ᠬᠥᠩᠭᠡᠨ ᠴᠢᠮᠬᠢᠯᠡᠬᠦ ᠠᠴᠠ ᠴᠠᠭᠠᠰᠢ ᠴᠢᠳᠠᠬᠤ ᠥᠭᠡᠢ᠃ ᠲᠡᠭᠡᠵᠣ ᠪᠠᠶᠢᠳᠠᠯ᠎ᠠ ᠨᠢᠷᠣᠭᠤᠨ ᠭᠤᠣᠯ ᠢᠶᠠᠷ ᠨᠢ ᠬᠤᠷᠣᠬᠠᠢ ᠣᠷᠣᠭᠰᠠᠨ ᠶᠣᠮᠰᠢᠭ ᠭᠥᠷᠪᠡᠭᠡᠨᠡᠵᠥ ᠡᠬᠢᠯᠡᠨ᠎ᠡ᠃ ᠵᠠᠭᠠᠮ᠎ᠠ ᠪᠠᠷ ᠢᠶᠠᠨ ᠭᠠᠷ ᠢᠶᠠᠨ ᠬᠢᠵᠥ ᠮᠠᠭᠠᠵᠢᠵᠥ ᠲᠠᠭᠠᠰᠢᠶᠠᠯ ᠠᠪᠬᠤ ᠶᠢ ᠬᠡᠴᠢᠨᠡᠨ ᠲᠣᠷᠠᠯᠠᠬᠤ ᠠᠵᠢ᠃ ᠨᠡᠩ ᠴᠦ ᠨᠥᠭᠦᠭᠡ ᠲᠠᠯᠳᠠ ᠰᠢᠭ᠋ ᠭᠠᠵᠠᠷ ᠤᠨ ᠰᠣᠷᠪᠢ ᠨᠢ ᠨᠣᠬᠠᠢ ᠬᠠᠷᠠᠭᠰᠠᠭᠠᠷ ᠨᠢᠯᠴᠢᠬᠢᠨᠡᠳᠡᠭ ᠪᠠᠶᠢᠭᠰᠠᠨ ᠢᠶᠠᠨ ᠣᠳᠣ ᠬᠠᠷᠢᠨ ᠰᠠᠨᠴᠢᠭ ᠨᠢᠷᠣᠭᠤᠨ ᠤ ᠰᠣᠷᠪᠢ ᠲᠠᠢ ᠪᠠᠨ ᠲᠣᠭᠤᠨ ᠬᠤᠭᠤᠯᠠᠢ ᠠᠪᠣᠯᠴᠠᠵᠣ ᠪᠠᠶᠢᠭ᠎ᠠ ᠶᠤᠮ ᠰᠢᠭ᠋ ᠨᠢᠯᠴᠢᠬᠢᠨᠡᠵᠥ᠂ ᠢᠷᠬᠢᠷᠡᠬᠦ᠂ ᠵᠠᠭᠠᠳᠣᠨᠠᠬᠤ᠂ ᠡᠪ ᠥᠭᠡᠢ ᠪᠣᠯ ᠡᠪᠡᠳᠬᠦ ᠮᠡᠳᠥ ᠪᠠᠷ ᠠᠷᠭ᠎ᠠ ᠠᠭᠠᠰᠢ ᠶᠢ ᠨᠢ ᠪᠠᠷᠠᠭᠳᠠᠭᠤᠯᠣᠨ᠎ᠠ᠃               ᠨᠢᠭᠡ ᠥᠶ᠎ᠡ ᠥᠨᠳᠥᠰᠥᠨ ᠱᠠᠳᠣᠨ ᠤ ᠺᠠᠳᠠᠷᠴᠣᠳ ᠬᠢᠳᠡᠯ ᠥᠭᠡᠶᠢᠳᠡᠵᠣ᠂ ᠢᠯᠡᠭᠦᠳᠡᠭᠰᠡᠨ ᠶᠤᠮ ᠰᠢᠭ ᠪᠣᠯᠬᠤ ᠳᠤ ᠴᠢᠯᠠᠭᠤ ᠠᠮᠠᠷᠠᠯᠳᠠ ᠶᠢᠨ ᠨᠠᠰᠥ ᠬᠥᠷᠥᠭᠡ ᠥᠭᠡᠢ ᠴᠦ ᠠᠯᠪᠠᠨ ᠳᠤ ᠨᠡᠷ᠎ᠡ ᠲᠠᠢ᠂ ᠠᠪᠬᠤ ᠴᠠᠯᠢᠩ ᠲᠠᠢ ᠭᠡᠷ ᠲᠤ ᠪᠠᠨ ᠬᠠᠷᠢᠵᠣ ᠠᠮᠣᠷ ᠵᠢᠮᠥᠷ ᠠᠷᠪᠠᠨ ᠵᠢᠯ ᠠᠮᠢᠳᠣᠷᠠᠬᠤ ᠳᠠᠭᠠᠨ ᠰᠠᠯᠠᠭᠠᠨ ᠲᠡᠰ ᠲᠤ ᠴᠦ ᠬᠥᠷᠴᠥ ᠲᠡᠶᠢᠯᠥᠭᠰᠡᠨ ᠥᠭᠡᠢ ᠰᠣᠷᠪᠢ ᠲᠡᠮᠳᠡᠭ ᠬᠡᠳᠥ ᠣᠯᠣᠭᠰᠠᠨ ᠳᠤ ᠪᠠᠨ ᠬᠠᠶᠠ ᠬᠠᠷᠠᠮᠰᠠᠪᠠᠴᠣ᠂ ᠪᠡᠶ᠎ᠡ ᠰᠡᠳᠬᠢᠯ ᠵᠥᠳᠡᠯ ᠥᠭᠡᠢ ᠲᠠᠶᠢᠪᠣᠩ ᠠᠮᠢᠳᠣᠷᠠᠯ ᠳᠤ ᠪᠠᠨ ᠰᠠᠨᠠᠭ᠎ᠠ ᠴᠠᠳᠬᠤᠯᠠᠩ ᠪᠠᠶᠢᠳᠠᠯ᠎ᠠ ᠲᠥᠷᠥ ᠵᠠᠰᠠᠭ ᠤᠨ ︽ᠡᠷᠬᠡᠪᠰᠢ ᠠᠯᠪᠠᠯᠠᠬᠤ ᠬᠡᠷᠡᠭᠳᠡᠢ︾ ᠬᠡᠬᠦ ᠴᠢᠩᠭ᠎ᠠ ᠲᠣᠭᠳᠠᠭᠠᠯ᠂ ᠭᠠᠩ ᠵᠠᠬᠢᠶ᠎ᠠ ᠣᠨ ᠣᠳᠠᠭᠠᠨ ᠲᠣᠭᠤᠰᠣᠨ ᠳᠤ ᠲᠠᠷᠣᠭᠳᠠᠭᠰᠠᠨ ᠠᠯᠪᠠᠨ ᠰᠢᠷᠡᠭᠡᠨ ᠲᠡᠭᠡᠷ᠎ᠡ ᠨᠢ ᠶᠠᠭ ᠲᠠᠭ ᠣᠶᠠᠵᠣ ᠣᠷᠬᠢᠭᠠᠳ ᠵᠢᠯ ᠭᠠᠷᠣᠢ ᠪᠣᠯᠴᠢᠬᠠᠯ᠎ᠠ᠃              ᠬᠤᠶᠠᠷ ᠰᠠᠷ᠎ᠠ ᠶᠢᠨ ᠡᠮᠥᠨ᠎ᠡ ᠴᠢᠯᠠᠭᠤ ᠭᠤᠸᠠᠢ ᠬᠡᠳᠥᠨ ᠵᠠᠯᠠᠭᠤᠴᠥᠳ ᠤᠨ ᠬᠠᠮᠳᠣ ᠲᠣᠭᠤᠨᠣᠳᠣ ᠭᠠᠴᠠᠭ᠎ᠠ ᠎ ᠳᠤ ᠮᠠᠯᠴᠢᠳ ᠠᠴᠠ ᠰᠠᠨᠠᠯ ᠬᠤᠷᠢᠶᠠᠵᠣ᠂ ᠬᠥᠴᠢᠷᠳᠡᠯ ᠢ ᠨᠢ ᠣᠶᠢᠯᠠᠭᠠᠬᠤ ᠪᠠᠷ ᠡᠷᠥᠬᠡ ᠲᠠᠷᠠᠭᠠᠯᠠᠨ ᠲᠣᠭᠤᠷᠢᠪᠠ᠃ ᠣᠣᠯ ᠤᠨ ᠢᠶᠠᠨ ᠪᠣᠳᠣᠪᠠᠯ ᠬᠤᠪᠢᠷᠠᠯᠳᠠ ᠲᠣᠩ ᠶᠡᠭᠡ᠂ ᠠᠶᠢᠯ ᠪᠣᠯᠭᠠᠨ ᠲᠣᠭᠤᠰᠬᠠᠨ ᠪᠠᠶᠢᠰᠢᠩ ᠲᠠᠢ ᠪᠣᠯᠣᠭᠰᠠᠨ ᠪᠥᠭᠡᠳ ᠡᠯ᠎ᠡ ᠵᠣᠶᠢᠯ ᠤᠨ ᠲᠠᠷᠢᠶᠠᠯᠠᠩ ᠤᠨ ᠮᠠᠰᠢᠨ ᠲᠥᠭᠡᠮᠡᠯᠵᠢᠵᠥ᠂ ᠨᠡᠯᠢᠶᠡᠳ ᠡᠷᠣᠬᠡ ᠨᠢ ᠵᠢᠵᠢᠭ ᠰᠠᠭᠤᠳᠠᠯ ᠤᠨ ᠮᠠᠰᠢᠨ ᠲᠠᠢ ᠪᠣᠯᠣᠭᠰᠠᠨ ᠬᠠᠷᠠᠭᠳᠠᠨ᠎ᠠ᠃ ᠡᠷᠣᠬᠡ ᠲᠠᠷᠠᠭᠠᠯᠠᠨ ᠭᠡᠷ ᠤᠨ ᠬᠥᠷᠢᠶ᠎ᠡ᠂ ᠮᠠᠯ ᠤᠨ ᠬᠠᠰᠢᠶ᠎ᠠ ᠥᠭᠡᠢ ᠪᠣᠯᠵᠣ ᠂ ᠬᠠᠶᠠᠭ᠎ᠠ᠂ ᠬᠠᠳᠠᠪᠴᠢ ᠠᠴᠠ ᠪᠠᠨ ᠴᠠᠰᠢ ᠲᠠᠷᠢᠶᠠᠨ ᠵᠣᠷᠬ᠎ᠠ ᠪᠠᠷ ᠵᠡᠷᠭᠡᠯᠡᠳᠡᠭᠡ ᠲᠠᠢ ᠪᠠᠨ ᠵᠠᠯᠭᠠᠨ᠎ᠠ᠂               ᠴᠢᠯᠠᠭᠤ ᠭᠤᠸᠠᠢ ᠡᠨᠡ ᠪᠥᠬᠦᠨ ᠢ ᠬᠠᠷᠠᠭᠠᠳ ᠭᠠᠶᠢᠬᠠᠵᠣ ᠭᠠᠷᠣᠯ᠎ᠠ᠃ ᠲᠡᠭᠦᠨ ᠢ ᠥᠩᠭᠡᠷᠡᠭᠰᠡᠨ ᠳᠤ ᠡᠨᠡ ᠭᠠᠴᠠᠭ᠎ᠠ ᠪᠠᠷ ᠪᠠᠭᠤᠵᠣ ᠪᠠᠶᠢᠬᠤ ᠳᠤ ᠡᠷᠥᠬᠡ ᠪᠣᠯᠭᠠᠨ ᠮᠠᠯ ᠲᠠᠢ ᠪᠠᠶᠢᠵᠣ᠂ ᠮᠠᠯ ᠤᠨ ᠲᠤᠭ᠎ᠠ ᠪᠠᠷ ᠰᠣᠮᠣᠨ ᠤ ᠪᠠᠨ ᠲᠡᠷᠢᠭᠦᠨ ᠳᠤ ᠶᠠᠪᠣᠵᠣ ᠪᠠᠶᠢᠭᠰᠠᠨ ᠶᠤᠮ᠃               ᠲᠡᠭᠡᠷ᠎ᠡ ᠵᠠᠭᠤᠨ ᠤ ᠶᠡᠷᠡᠭᠡᠳ ᠣᠨ ᠳᠤ ᠪᠠᠶᠢᠵᠣ ᠪᠢᠯᠡ᠂ ᠭᠠᠶᠢᠯᠢ ᠶᠢᠨ ᠡᠮᠥᠨᠡᠬᠢ ᠮᠠᠯ ᠤᠨ ᠪᠥᠷᠢᠳᠬᠡᠯ ᠳᠤ ᠪᠥᠬᠦ ᠰᠣᠮᠣ ᠶᠢᠨ ᠮᠠᠯ ᠤᠨ ᠲᠤᠭ᠎ᠠ ᠰᠠᠨᠠᠭᠠᠨ ᠠᠴᠠ ᠭᠠᠳᠠᠭᠤᠷ ᠲᠠᠷᠣᠭᠳᠠᠨ ᠴᠥᠬᠡᠷᠡᠵᠥ᠂ ᠭᠠᠶᠢᠯᠢ ᠶᠢᠨ ᠣᠷᠣᠯᠭ᠎ᠠ ᠎ ᠲᠠᠢ ᠬᠤᠯᠪᠣᠭᠳᠠᠭᠰᠠᠨ ᠲᠣᠯᠠ ᠲᠠᠷᠤᠭ᠎ᠠ ᠨᠠᠷ ᠨᠢ ᠲᠣᠩ ᠴᠢᠬᠤᠯᠠᠴᠢᠯᠠᠨ ︽ᠡᠷᠬᠡᠪᠰᠢ ᠪᠣᠳᠠᠳᠠᠢ ᠲᠤᠭ᠎ᠠ ᠶᠢ ᠣᠯᠵᠣ ᠠᠪᠴᠢᠷᠠᠨ᠂ ᠡᠳ᠋ ᠤᠨ ᠵᠠᠰᠠᠭ ᠤᠨ ᠲᠣᠭᠳᠠᠭᠤᠨ ᠨᠡᠮᠡᠭᠳᠡᠯ ᠢ ᠪᠠᠳᠣᠯᠠᠬᠤ ᠬᠡᠷᠡᠭᠳᠡᠢ︾ ᠭᠡᠵᠥ ᠴᠢᠩᠭ᠎ᠠ ᠱᠠᠭᠠᠷᠳᠠᠨ ᠴᠢᠯᠠᠭᠤ ᠮᠡᠳᠥ ᠶᠢᠨ ᠺᠠᠳᠠᠷ ᠤᠳ ᠤᠨ ᠴᠠᠯᠢᠩ ᠲᠠᠢ ᠨᠢ ᠬᠤᠯᠪᠣᠭᠳᠠᠭᠤᠯᠣᠨ ᠱᠠᠩᠨᠠᠬᠤ ᠲᠣᠷᠭᠤᠭᠠᠬᠤ ᠲᠥᠷᠢᠮ ᠲᠣᠭᠳᠠᠭᠠᠨ ᠬᠡᠳᠥ ᠲᠠᠬᠢᠨ ᠪᠥᠷᠢᠳᠬᠡᠯ ᠬᠢᠭᠰᠡᠨ ᠴᠦ ᠮᠥᠨ ᠲᠡᠷᠡ ᠯᠠ ᠲᠤᠭ᠎ᠠ᠃ ᠴᠢᠯᠠᠭᠤ ᠭᠤᠸᠠᠢ ᠲᠣᠭᠤᠨᠣᠳᠣ ᠭᠠᠴᠠᠭᠠᠨ ᠳᠤ ᠣᠳᠠᠭᠠᠨ ᠵᠢᠯ ᠪᠠᠭᠤᠭᠰᠠᠨ ᠲᠣᠯᠠ ᠬᠡᠨ ᠤ ᠬᠢᠨᠢ ᠬᠡᠳᠥᠢ ᠮᠠᠯ ᠲᠠᠢ ᠶᠢ ᠪᠣᠣ ᠬᠡᠯᠡ᠂ ᠡᠨᠡ ᠵᠢᠯ ᠤᠨ ᠲᠥᠯ ᠤᠨ ᠬᠢᠨᠢ ᠬᠡᠳᠥᠨ ᠡᠷ᠎ᠡ ᠬᠡᠳᠥᠨ ᠡᠮ᠎ᠡ ᠳᠤ ᠨᠢ ᠬᠥᠷᠳᠡᠯ᠎ᠡ ᠮᠡᠳᠡᠨ᠎ᠡ ᠬᠡᠬᠦ ᠳᠤ ᠢᠯᠡᠭᠦᠳᠡᠬᠦ ᠥᠭᠡᠢ᠃               ᠶᠠᠭᠤ ᠪᠣᠯᠣᠭᠰᠠᠨ ᠴᠦ ᠴᠢᠯᠠᠭᠤ ᠬᠠᠮᠤᠭ ᠨᠠᠭᠠᠳᠣ ᠵᠠᠬ᠎ᠠ ᠨᠢ ᠱᠠᠩᠨᠠᠯ ᠥᠭᠡᠢ ᠴᠦ ᠬᠡᠳᠥᠨ ᠰᠠᠷ᠎ᠠ ᠪᠠᠷ ᠣᠯᠤᠭ᠎ᠠ ᠥᠭᠡᠢ ᠴᠠᠯᠢᠩ ᠢᠶᠠᠨ ᠣᠯᠣᠶ᠎ᠠ ᠭᠡᠵᠥ ᠬᠤᠪᠢᠨᠴᠢᠷ ᠪᠣᠳᠣᠯ ᠢᠶᠠᠨ ︽ᠬᠤᠪᠢᠰᠬᠠᠯ︾᠎ ᠤᠨ ᠲᠥᠯᠥᠭᠡ ᠶᠣᠮ ᠰᠢᠭ᠋ ᠲᠤᠭ᠎ᠠ ᠪᠥᠷᠢᠳᠬᠡᠯ᠂ ᠡᠳ᠋ ᠤᠨ ᠵᠠᠰᠠᠭ᠂ ᠭᠠᠶᠢᠯᠢ ᠲᠠᠳᠠᠪᠥᠷᠢ᠂᠂᠂᠂᠂ ᠬᠡᠬᠦ ᠮᠡᠳᠥ ᠶᠢᠨ ᠬᠤᠯᠪᠣᠭᠳᠠᠯ ᠪᠥᠬᠦᠢ ᠣᠯᠠᠭᠠᠨ ᠰᠥᠯᠳᠡ ᠲᠠᠢ ᠰᠢᠷ᠎ᠠ ᠭᠠᠳᠠᠷᠳᠣ ᠲᠡᠪᠳᠡᠷ ᠠᠴᠠ ᠨᠡᠯᠢᠶᠡᠳ ᠵᠣᠷᠪᠣᠰ ᠴᠡᠭᠡᠵᠢᠯᠡᠵᠥ᠂ ᠬᠡᠰᠢᠭᠦᠳ ᠤᠨ ᠬᠤᠷᠠᠯ ᠲᠡᠭᠡᠷ᠎ᠡ ᠥ ᠥᠭᠡᠢ ᠰᠠᠶᠢᠬᠠᠨ ᠰᠡᠬᠦᠯ ᠲᠣᠯᠣᠭᠠᠢ ᠠᠪᠣᠴᠠᠯᠳᠣᠭᠤᠯᠣᠨ ᠠᠮᠢᠳᠣᠯᠢᠭ ᠨᠣᠮᠯᠠᠭᠰᠠᠨ ᠴᠦ ᠵᠡᠭᠦᠨ ᠴᠢᠬᠢ ᠪᠠᠷ ᠨᠢ ᠣᠷᠣᠭᠠᠳ ᠪᠠᠷᠠᠭᠤᠨ ᠴᠢᠬᠢ ᠪᠠᠷ ᠨᠢ ᠭᠠᠷᠣᠭᠰᠠᠨ ᠣᠴᠢᠷ ᠪᠣᠯᠪᠠ᠃               ᠡᠨᠡ ᠥᠶ᠎ᠡ ᠳᠤ ᠰᠣᠮᠣ ᠶᠢᠨ ᠨᠠᠮ ᠵᠠᠰᠠᠭ ᠠᠴᠠ ᠪᠥᠷᠥᠢ ᠬᠠᠷᠠᠩᠭᠤᠢ ᠶᠢ ᠠᠰᠢᠭᠯᠠᠨ ᠫᠠᠷᠲ᠋ᠢᠽᠠᠨ ᠠᠵᠢᠯᠯᠠᠭ᠎ᠠ ᠥᠷᠨᠢᠭᠦᠯᠵᠣ᠂ ᠮᠠᠯᠴᠢᠳ ᠤᠨ ᠬᠤᠨᠢ ᠥᠭᠡᠷ ᠢ ᠬᠠᠰᠢᠶᠠᠨ ᠳᠤ ᠨᠢ ᠲᠣᠯᠣᠭᠠᠢ ᠲᠠᠷᠣᠨ ᠲᠣᠭᠠᠯᠠᠬᠤ ᠣᠳᠣᠷᠢᠳᠬᠤ ᠲᠣᠭᠤᠶᠢᠯᠠᠩ ᠰᠡᠮᠬᠡᠨ ᠪᠠᠶᠢᠭᠤᠯᠣᠭᠳᠠᠭᠰᠠᠨ ᠢ ᠴᠢᠯᠠᠭᠤ ᠰᠢᠭ᠋ ᠡᠩ ᠤᠨ ᠺᠠᠳᠠᠷ ᠬᠡᠷᠬᠢᠨ ᠮᠡᠳᠡᠬᠦ ᠠᠵᠢ᠃ ᠵᠥᠪᠬᠡᠨ ᠠᠵᠢᠯ ᠪᠠᠭᠤᠭᠰᠠᠨ ᠴᠦ ᠠᠯᠪᠠᠨ ᠭᠡᠷ ᠲᠤ ᠪᠠᠨ ᠪᠥᠷᠥᠢ ᠪᠣᠯᠬᠤ ᠶᠢ ᠬᠥᠯᠢᠶᠡᠨ ᠰᠠᠭᠤᠳᠠᠭ᠃ ᠴᠠᠭ ᠪᠠ ᠬᠠᠷᠠᠯᠳᠠ ᠲᠠᠰᠣ ᠨᠢᠭᠤᠴᠠ ᠪᠠᠶᠢᠵᠥ᠂ ᠰᠣᠮᠣᠨ ᠲᠠᠷᠤᠭ᠎ᠠ ᠶᠢᠨ ︽ᠬᠠᠮᠢᠭᠠᠰᠢ᠂ ᠠᠯᠢ ᠭᠠᠴᠠᠭ᠎ᠠ︾ ᠭᠡᠭᠰᠡᠭᠡᠷ ᠲᠡᠷᠡ ᠵᠥᠭ ᠳᠤ ᠎ ᠨᠢ ᠨᠢᠭᠤᠴᠠ ᠵᠠᠳᠠᠷᠠᠬᠤ ᠠᠴᠠ ᠣᠨᠴᠠ ᠬᠡᠴᠢᠶᠠᠨ ᠲᠣᠣᠷ᠎ᠠ ᠪᠠᠨ ᠲᠣᠭᠤᠢ ᠨᠢᠰᠬᠡᠨ ᠬᠥᠳᠡᠯᠳᠡᠭ᠃             ᠨᠢᠭᠡᠨ ᠣᠷᠣᠢ ᠪᠥᠷᠥᠢ ᠪᠣᠯᠬᠤ ᠶᠢᠨ ᠠᠯᠳᠠ ᠪᠠᠷ ᠰᠣᠮᠣᠨ ᠲᠠᠷᠤᠭ᠎ᠠ ᠤᠨ ᠲᠣᠬᠢᠶ᠎ᠠ ᠬᠤᠩᠬᠢᠯ ᠳᠤ ᠴᠣᠣᠷᠢᠶᠠᠯᠠᠳᠠᠯ᠎ᠠ ᠪᠠᠶᠢᠷᠢ ᠪᠠᠶᠢᠷᠢ ᠪᠠᠨ ᠪᠠᠳᠣ ᠰᠠᠬᠢᠭᠰᠠᠨ ᠵᠠᠯᠠᠭᠤᠴᠣᠳ ᠲᠠᠪᠬᠢᠨ ᠬᠥᠳᠡᠯᠬᠦ ᠳᠤ ᠰᠣᠮᠣᠨ ᠲᠠᠷᠤᠭ᠎ᠠ᠄         —— ᠥᠨᠥ ᠣᠷᠣᠢ ᠲᠣᠭᠤᠨᠣᠳᠣ ᠭᠠᠴᠠᠭ᠎ᠠ᠃ ᠲᠣᠰ ᠭᠠᠴᠠᠭᠠᠨ ᠤ ᠮᠠᠯ ᠤᠨ ᠲᠤᠭ᠎ᠠ ᠰᠣᠮᠣᠨ ᠲᠣᠳᠣᠷ᠎ᠠ ᠲᠡᠷᠢᠭᠦᠨ ᠪᠠᠶᠢᠬᠤ ᠳᠤ ᠪᠠᠨ ᠲᠠᠭᠠᠷᠠᠨ᠎ᠠ᠂ ᠣᠳᠣᠬᠠᠨ ᠤ ᠪᠥᠷᠢᠳᠬᠡᠯ ᠢ ᠥᠵᠡᠪᠡᠯ ᠬᠥᠮᠥᠨ ᠢᠳᠡᠭᠡᠬᠦ ᠶᠢᠨ ᠠᠷᠭ᠎ᠠ ᠥᠭᠡᠢ᠂ ᠲᠠᠷᠣᠭᠳᠠᠵᠣ ᠪᠠᠶᠢᠭ᠎ᠠ‌ᠮᠠᠯ ᠤᠨ ᠲᠤᠭ᠎ᠠ ᠬᠠᠮᠤᠭ ᠣᠯᠠᠨ᠂ ᠡᠶᠢᠮᠥ ᠠᠴᠠ ᠲᠠ ᠨᠠᠷ ᠥᠨᠥᠴᠢᠨ ᠢᠰᠢᠭᠡ ᠥᠯᠡᠳᠡᠭᠡᠯ ᠥᠭᠡᠢ ᠥᠨᠡᠨ ᠪᠣᠳᠠᠳᠣ ᠲᠤᠭ᠎ᠠ ᠶᠢ ᠣᠯᠵᠣ ᠠᠪᠴᠢᠷᠠᠬᠤ ᠬᠡᠷᠡᠭᠳᠡᠢ᠃ ᠴᠢᠯᠠᠭᠤ ᠲᠠ ᠲᠣᠰ ᠭᠠᠴᠠᠭᠠᠨ ᠤ ᠪᠠᠶᠢᠳᠠᠯ ᠢ ᠶᠡᠭᠡ ᠲᠥᠯᠥᠪ ᠮᠡᠳᠡᠬᠦ ᠶᠣᠰᠣᠳᠠᠢ᠃ ᠡᠭᠦᠷᠭᠡ ᠪᠠᠨ ᠬᠢᠷᠢ ᠵᠡᠷᠭᠡ ᠪᠡᠶᠡᠯᠡᠬᠦᠯᠬᠦ ᠶᠢ ᠪᠢᠳᠡ ᠬᠠᠷᠠᠵᠣ ᠪᠠᠶᠢᠶ᠎ᠠ︕ ᠬᠡᠬᠦ ᠲᠠᠷᠤᠭ᠎ᠠ ᠶᠢᠨ ᠢᠶᠠᠨ ᠬᠡᠴᠡᠭᠦᠥ ᠲᠠᠷᠣᠮᠳᠠ ᠲᠠᠢ ᠥᠭᠡᠨ ᠳᠤ ᠴᠢᠯᠠᠭᠤ ᠶᠢᠨ ᠪᠥᠬᠦ ᠪᠡᠶ᠎ᠡ ᠎ ᠨᠢ ᠵᠢᠷᠬᠢᠵᠥ᠂ ᠨᠢᠭᠤᠷ ᠴᠢᠷᠠᠢ ᠨᠢ ᠨᠢᠯᠴᠢᠬᠢᠨᠡᠬᠦ‍ ᠰᠢᠭ ᠪᠣᠯᠪᠠ᠃ ᠲᠡᠭᠡᠭᠰᠡᠨ ᠴᠦ ᠰᠢᠨᠡᠬᠡᠨ ᠲᠣᠭᠤᠢ ᠶᠢᠨ ᠢᠶᠠᠨ ᠱᠣᠷᠠᠭ᠂ ᠬᠡᠢ ᠶᠢ ᠡᠷᠳᠡ ᠠᠴᠠ ᠪᠠᠶᠢᠴᠠᠭᠠᠵᠣ ᠮᠣᠷᠳᠠᠬᠤ ᠳᠤ ᠯᠡ ᠪᠡᠯᠡᠨ ᠪᠠᠶᠢᠭᠰᠠᠨ ᠴᠢᠯᠠᠭᠤ ᠵᠠᠯᠠᠭᠤ ᠬᠥᠮᠥᠨ ᠤ ᠡᠷᠴᠢᠯᠢᠭ ᠲᠠᠮᠢᠷ ᠢᠶᠠᠷ ᠰᠥᠷᠴᠢᠬᠢᠨᠡᠳᠡᠯ᠎ᠡ ᠡᠷᠭᠢᠭᠦᠯᠵᠥ᠂ ᠫᠠᠷᠲ᠋ᠢᠽᠠᠨ ᠠᠩᠬᠢ ᠶᠢᠨ ᠪᠠᠶᠢᠯᠳᠣᠭᠴᠢ ᠬᠡᠮᠡᠷ ᠪᠣᠰᠣᠳ ᠎ ᠢᠶᠠᠨ ᠲᠠᠭᠠᠭᠤᠯᠣᠨ ᠲᠥᠷᠥᠭᠡ ᠢᠰᠬᠦᠯᠥᠨ ᠬᠤᠷᠳᠣᠯᠠᠬᠤ ᠳᠤ ᠵᠣᠨ ᠤ ᠰᠥᠨᠢ ᠶᠢᠨ ᠰᠡᠷᠢᠭᠦᠨ ᠴᠢᠬᠢᠭᠯᠢᠭ ᠵᠢᠪᠠᠷ ᠡᠩᠭᠡᠷ ᠥᠭᠡᠳᠡ ᠠᠴᠠ ᠨᠢ ᠰᠡᠪᠡᠯᠵᠢᠵᠥ᠂ ᠰᠠᠷᠠᠨ ᠤ ᠮᠥᠩᠭᠦᠨ ᠲᠣᠶᠠᠭᠠᠨ ᠳᠤ ᠪᠠᠶᠢᠭᠠᠯᠢ ᠲᠡᠯᠡᠬᠡᠢ ᠡᠳᠡᠭᠡᠳ ᠲᠠᠭᠠᠳᠠᠢ᠂ ᠠᠮᠣᠭᠤᠯᠠᠩ ᠲᠠᠶᠢᠪᠣᠩ ᠰᠠᠨᠠᠭᠳᠠᠨ᠎ᠠ᠃             ᠲᠣᠭᠤᠶᠢᠴᠢᠳ ᠠᠶᠢᠯ ᠤᠨ ᠬᠤᠶᠠᠷ ᠵᠠᠬ᠎ᠠ ᠠᠴᠠ ᠬᠠᠪᠴᠢᠨ ᠨᠣᠬᠠᠢ ᠥᠢᠮᠡᠭᠦᠯᠵᠣ ᠪᠠᠭᠤᠯ᠎ᠠ᠃ ᠬᠡᠨᠡᠳᠳᠡ ᠎ ᠶᠢᠨ ᠲᠠᠭᠠᠷᠢᠯᠳᠠ ᠶᠢ ︽ᠬᠡᠵᠢᠶ᠎ᠡ ᠴᠦ ᠮᠠᠭᠠᠳ᠂ ᠢᠷᠡᠬᠦ ᠯᠡ ᠶᠠᠭᠤᠮ᠎ᠠ︾ ᠭᠡᠵᠥ ᠮᠠᠳᠠᠵᠣ ᠪᠠᠶᠢᠭᠰᠠᠨ ᠮᠠᠯᠴᠢᠳ ︽ᠡᠶᠢᠮᠥ ᠯᠡ ᠲᠥᠷᠭᠡᠨ ᠢᠷᠡᠨ᠎ᠡ︾ ᠬᠡᠵᠥ ᠰᠠᠨᠠᠭ᠎ᠠ ᠵᠡᠭᠦᠳᠥᠨ ᠳᠤ ᠪᠠᠶᠢᠭᠰᠠᠨ ᠥᠭᠡᠢ᠃             ᠴᠢᠯᠠᠭᠤ ᠭᠤᠸᠠᠢ ᠨᠡᠯᠢᠶᠡᠳ ᠬᠡᠳᠥᠨ ᠡᠷᠥᠬᠡ ᠶᠢᠨ ᠡᠵᠡᠳ ᠲᠠᠢ ᠬᠡᠷᠡᠯᠳᠥᠵᠣ᠂ ᠬᠠᠷᠢᠶᠠᠯᠴᠠᠨ ᠮᠠᠯ ᠤᠨ ᠬᠢᠨᠢ ᠲᠤᠭ᠎ᠠ ᠶᠢ ᠲᠡᠮᠳᠡᠭᠯᠡᠨ ᠠᠪᠴᠣ᠄        —— ᠪᠢᠳᠡ ᠪᠣᠯ ᠡᠭᠦᠷᠭᠡ ᠬᠥᠢᠴᠡᠳᠬᠡᠵᠣ ᠪᠠᠶᠢᠭ᠎ᠠ ᠺᠠᠳᠠᠷ᠂ ᠡᠰᠡᠷᠭᠦᠴᠡᠨ ᠬᠠᠷᠰᠢᠯᠠᠭᠰᠠᠳ ᠲᠠᠢ ᠬᠠᠣᠯᠢ ᠪᠠᠷ ᠬᠡᠯᠡᠯᠴᠡᠨ᠎ᠡ︕ ᠭᠡᠵᠥ ᠪᠡᠭᠳᠡᠷᠡᠭᠰᠡᠨ ᠴᠡᠭᠡᠵᠢᠨ ᠤ ᠪᠠᠨ ᠠᠭᠰᠠᠭᠰᠠᠨ ᠬᠡᠢ ᠶᠢ ᠭᠠᠷᠭᠠᠬᠤ ᠬᠡᠮᠡᠷ ᠬᠡᠳᠥᠢ ᠴᠢᠩᠭ᠎ᠠ ᠬᠠᠰᠬᠢᠷᠴᠥ᠂ ᠶᠡᠭᠡ ᠮᠠᠯᠠᠭᠠᠢ ᠪᠠᠷ ᠲᠠᠷᠣᠭᠰᠠᠨ ᠴᠦ ᠵᠠᠷᠢᠮ ᠨᠢᠭᠡ ᠨᠢ ᠲᠡᠭᠡᠭᠰᠢ ᠬᠡᠳᠥᠨ ᠥᠶ᠎ᠡ ᠶᠢ ᠨᠢ ᠶᠠᠰᠣ ᠎ ᠨᠢ ᠥᠨᠳᠡᠶᠢᠯᠭᠡᠮᠡᠷ ᠣᠷᠪᠠᠭᠤᠯᠣᠨ ᠬᠠᠷᠢᠶᠠᠵᠣ ᠪᠠᠶᠢᠯ᠎ᠠ᠃ ᠲᠡᠭᠡᠪᠡᠴᠥ ᠴᠢᠯᠠᠭᠤ ᠲᠡᠰᠪᠥᠷᠢᠯᠡᠨ ︽ᠣᠷᠢᠳᠠᠪᠠᠷ ᠪᠢᠳᠡᠬᠡᠢ ᠭᠠᠷ ᠬᠥᠳᠡᠯᠥᠶ᠎ᠡ︕︾ ᠭᠡᠵᠥ ᠰᠡᠮᠬᠡᠨ ᠪᠣᠳᠣᠵᠣ᠂ ᠠᠯᠢ ᠨᠢᠭᠡ ᠨᠢ ᠱᠣᠩᠭᠤᠯᠠᠨ ᠢᠷᠡᠵᠣ᠂ ᠭᠠᠷ ᠬᠥᠳᠡᠯᠬᠦ ᠶᠢ ᠲᠣᠩ ᠬᠥᠰᠡᠵᠥ ᠪᠠᠶᠢᠯ᠎ᠠ᠃ ᠲᠡᠭᠡᠭᠰᠡᠭᠡᠷ ︽ᠠᠯᠪᠠᠨ ᠰᠢᠷᠬᠠᠳᠣᠯ︾᠎ ᠢᠶᠠᠷ ᠰᠢᠬᠢᠷᠳᠥ ᠣᠰᠣ᠂ ᠲᠡᠵᠢᠭᠡᠯ ᠶᠡᠭᠦᠯᠡᠭᠦᠯᠥᠨ ᠬᠡᠪᠳᠡᠬᠦ ᠪᠥᠭᠡᠳ ᠺᠠᠳᠠᠷ ᠬᠥᠮᠥᠨ ᠤ ᠡᠷᠬᠡ ᠰᠥᠷ ᠪᠠ ᠬᠠᠣᠯᠢ ᠶᠢᠨ ᠬᠡᠴᠡᠭᠦᠥ ᠶᠢ ᠠᠮᠳᠠᠯᠠᠭᠤᠯᠣᠨ᠎ᠠ ᠳ᠋ᠠ ᠭᠡᠵᠥ ᠪᠣᠳᠣᠭᠰᠠᠨ ᠴᠦ ᠲᠡᠶᠢᠮᠥᠷᠬᠦ ᠳ᠋ᠦᠩ ᠭᠠᠷᠤᠭ᠎ᠠ ᠥᠭᠡᠢ᠃             ᠰᠥᠨᠢ ᠬᠠᠭᠠᠰ ᠪᠣᠯᠬᠤ ᠳᠤ ᠬᠠᠮᠤᠭ ᠰᠡᠭᠦᠯᠴᠢ ᠶᠢᠨ ᠬᠡᠳᠥᠨ ᠡᠷᠣᠬᠡ ᠶᠢᠨ ᠬᠠᠰᠢᠶᠠᠨ ᠳᠤ ᠬᠥᠷᠣᠯ᠎ᠠ᠃ ᠥᠩᠭᠡᠷᠡᠭᠰᠡᠨ ᠪᠥᠷᠢᠳᠬᠡᠯ ᠳᠤ ᠪᠢᠴᠢᠭᠳᠡᠭᠰᠡᠨ ᠲᠤᠭ᠎ᠠ ᠲᠠᠢ ᠶᠠᠪ ᠴᠠᠪ ᠲᠣᠬᠢᠷᠠᠭᠰᠠᠨ ᠬᠡᠳᠥᠨ ᠮᠠᠯ ︽ᠠᠳᠡ ᠶᠠᠪᠣᠳᠠᠯ ᠥᠭᠡᠢ︾ ᠬᠡᠮᠡᠷ ᠲᠠᠶᠢᠪᠣᠩ ᠬᠡᠪᠢᠨ ᠬᠡᠪᠳᠡᠨ᠎ᠡ᠃             ᠡᠨᠡ ᠥᠶᠡᠰ ᠬᠡᠨ ᠨᠢ ᠪᠣᠯᠪᠠᠴᠣ ᠴᠡᠭᠡᠵᠢ ᠲᠥᠭᠦᠷᠡᠨ ᠠᠭᠤᠷᠯᠠᠨ ᠬᠠᠰᠬᠢᠷᠣᠭᠰᠠᠨ ᠪᠠ ᠡᠷᠥᠭᠡ ᠲᠠᠮᠵᠢᠨ ᠡᠭᠦᠳᠡ ᠲᠠᠷᠣᠨ ᠭᠠᠪᠰᠢᠭᠠᠶᠢᠯᠠᠭᠰᠠᠨ ᠠᠴᠠ ᠪᠠᠶ᠎ᠠ ᠨᠢ ᠰᠣᠯᠠᠷᠠᠵᠣ᠂ ᠥᠯᠥᠰᠬᠦ‍ ᠰᠢᠭ ᠪᠣᠯᠪᠠ᠃ ᠠᠯᠢ ᠨᠢᠭᠡ ᠨᠢ᠄                    —— ᠣᠳᠣ ᠪᠣᠯᠵᠠᠢ ᠡ︕ ᠡᠨᠡ ᠬᠡᠳᠥᠨ ᠡᠷᠥᠬᠡ ᠠᠴᠠ ᠬᠡᠳᠥᠢ ᠯᠡ ᠮᠠᠯ ᠣᠯᠬᠤ ᠪᠣᠢ︖ ᠡᠷᠳᠡᠬᠡᠨ ᠬᠠᠷᠢᠵᠣ ᠠᠮᠠᠷᠠᠶ᠎ᠠ︕ ᠬᠡᠬᠦ ᠳᠤ ᠴᠢᠯᠠᠭᠤ᠄        —— ᠪᠣᠯᠬᠤ ᠥᠭᠡᠢ︕ ᠡᠨᠡ ᠬᠡᠳᠥᠨ ᠡᠷᠥᠬᠡ ᠪᠥᠷ ᠮᠠᠯ ᠣᠯᠠᠨ ᠲᠠᠢ ᠶᠢ ᠪᠢ ᠮᠠᠳᠠᠨ᠎ᠠ᠃ ᠭᠡᠷ ᠎ ᠲᠤ ᠨᠢ ᠬᠥᠮᠥᠨ ᠪᠠᠶᠢᠨ᠎ᠠ ᠤᠤ︖ ᠥᠭᠡᠢ ᠤᠤ︖ ᠬᠡᠳ ᠬᠡᠳᠥ ᠲᠣᠣᠭᠠᠷᠬᠤ ᠳᠤ ᠴᠢᠮᠡᠭᠡ ᠥᠭᠡᠢ᠂ ︽ᠣᠨᠳᠠᠵᠣ ᠪᠠᠶᠢᠬᠤ ᠮᠠᠭᠠᠳ︾ ᠭᠡᠵᠥ ᠡᠭᠦᠳᠡᠨ ᠳᠤ ᠨᠢ ᠬᠥᠷᠬᠦ ᠳᠤ ᠭᠠᠣᠯᠢᠨ ᠰᠢᠷ᠎ᠠ ᠣᠨᠢᠰᠣ ᠰᠠᠷᠠᠨ ᠤ ᠭᠡᠷᠡᠯ ᠣᠶᠢᠯᠠᠭᠤᠯᠵᠣ ᠪᠠᠶᠢᠯ᠎ᠠ᠃ ᠴᠢᠯᠠᠭᠤ ᠶᠢᠨ ᠲᠣᠳᠣᠷ᠎ᠠ ᠠᠬᠠᠰᠬᠢᠵᠣ᠄         —— ᠮᠠᠯ ᠢᠶᠠᠨ ᠠᠪᠣᠭᠠᠳ ᠲᠣᠳᠠᠭᠠᠨ᠎ᠠ ᠭᠡᠨ᠎ᠡ ᠡ︕ ᠬᠠᠮᠢᠭ᠎ᠠ ᠶᠠᠪᠣᠬᠤ ᠶᠢ ᠨᠢ ᠥᠵᠡᠶ᠎ᠡ ᠳ᠋ᠠ︕ ᠥᠷ ᠴᠠᠶᠢᠵᠥ ᠥᠷᠯᠥᠭᠡ ᠪᠣᠯᠳᠠᠯ᠎ᠠ ᠪᠢᠳᠡ ᠠᠳᠡ ᠮᠠᠨᠠᠶ᠎ᠠ᠃ ᠮᠥᠳᠳᠣ ᠭᠠᠶᠢᠬᠠᠯ ᠡᠷᠡᠣ ᠠᠮᠠ ᠨᠢ ᠲᠠᠭ ᠲᠠᠭ ᠴᠡᠴᠡᠷᠡᠭᠰᠡᠨ ᠶᠠᠭᠤᠮ᠎ᠠ ᠪᠣᠯᠵᠣ᠂ ᠮᠠᠯ ᠢᠶᠠᠨ ᠬᠥᠭᠡᠭᠡᠭᠡᠳ ᠢᠷᠡᠬᠦ ᠶᠤᠮ᠃ ᠭᠡᠳ ᠬᠡᠳᠥᠬᠦᠯᠡ ᠳᠡᠭᠡᠨ ᠬᠡᠯᠡᠭᠡᠳ ᠯᠠᠪᠳᠠᠭᠤᠨ ᠰᠠᠭᠤᠬᠤ ᠶᠢ ᠵᠠᠪᠳᠣᠳᠠᠯ᠎ᠠ ᠠᠶᠢᠯ ᠤᠨ ᠵᠡᠭᠦᠨ ᠬᠥᠨᠳᠡᠢ ᠶᠢᠨ ᠲᠠᠷᠢᠮᠠᠯ ᠣᠢ ᠳᠤ ᠥᠭᠡᠷ ᠮᠥᠬᠡᠷᠡᠬᠦ‍ ᠰᠢᠭ ᠪᠣᠯᠪᠠ᠃ ᠪᠥᠬᠦᠳᠡᠭᠡᠷ ᠨᠠᠮᠬᠢᠵᠥ ᠲᠡᠷᠡ ᠵᠥᠭ ᠲᠤ ᠰᠣᠨᠣᠷ ᠬᠠᠶᠠᠨ ᠬᠡᠯᠵᠡᠶᠢᠬᠦ ᠳᠤ ᠴᠢᠮᠡᠭᠡ ᠲᠠᠬᠢᠨ ᠲᠣᠭᠤᠯᠳᠣᠭᠰᠠᠨ ᠥᠭᠡᠢ᠃         —— ᠣᠴᠢᠶ᠎ᠠ︕ ᠭᠡᠳ ᠪᠥᠬᠦᠳᠡᠭᠡᠷ ᠲᠠᠭᠤᠨ ᠨᠢᠭᠡᠳᠡᠢ ᠬᠥᠳᠡᠯᠪᠡ᠃             ᠴᠢᠯᠠᠭᠤ ᠬᠠᠮᠤᠭ ᠡᠮᠥᠨ᠎ᠡ ᠨᠢ ᠥᠯᠥ ᠮᠡᠳᠡᠭ ᠪᠥᠬᠦᠶᠢᠰᠬᠢᠨ ᠰᠡᠭ ᠰᠡᠭ ᠠᠯᠬᠤᠵᠣ ᠬᠤᠶᠢᠨ᠎ᠠ ᠠᠴᠠ ᠨᠢ ᠪᠣᠰᠣᠳ ᠨᠢ ᠶᠡᠬᠡᠯ᠎ᠡ ᠲᠠᠳᠮᠠᠭᠠᠢ ᠬᠥᠳᠡᠯᠥᠯ ᠢᠶᠠᠷ ᠵᠡᠭᠦᠨᠰᠢ ᠴᠣᠪᠣᠷᠠᠯᠳᠣᠬᠤ ᠨᠢ ᠶᠠᠭ ᠯᠠ ᠲᠠᠩᠨᠠᠭᠤᠯ ᠪᠠᠷᠢᠭᠰᠠᠨ ᠺᠢᠨᠣ᠋ ᠎ ᠶᠢᠨ ᠥᠵᠡᠭᠳᠡᠯ ᠠᠳᠡ ᠲᠣᠭᠯᠠᠭᠳᠠᠵᠣ ᠪᠠᠶᠢᠭ᠎ᠠ ᠰᠢᠭ᠋᠃ ᠴᠢᠯᠠᠭᠤ ᠭᠡᠨᠡᠳᠳᠡ᠄         —— ᠪᠢᠳᠡ ᠶᠠᠭᠤᠨ ᠳᠤ ᠨᠢᠭᠤᠵᠣ ᠮᠠᠷᠢᠶᠠᠬᠤ ᠪᠣᠢ︖ ᠪᠢᠳᠡ ᠪᠣᠯ ᠡᠭᠦᠷᠭᠡ ᠬᠥᠢᠴᠡᠳᠬᠡᠵᠥ ᠪᠠᠶᠢᠭ᠎ᠠ ᠡᠪ ᠬᠠᠮᠳᠣ ᠨᠠᠮ ᠤᠨ ᠺᠠᠳᠠᠷ ᠤᠳ᠂ ᠪᠢᠳᠡᠨ ᠤ ᠥᠭᠡ ᠪᠣᠯᠭᠠᠨ ᠵᠠᠷᠯᠢᠭ᠂ ᠡᠷᠬᠡᠳᠥ ᠠᠷᠠᠳ ᠪᠥᠬᠦᠨ ᠵᠢᠷᠣᠮᠯᠠᠬᠤ ᠬᠡᠷᠡᠭᠳᠡᠢ︕ ᠬᠡᠵᠥ ᠰᠡᠬᠢᠰᠬᠢᠨ ᠪᠣᠳᠣᠭᠠᠳ ᠣᠯᠠᠨ ᠳᠠᠭᠠᠨ᠄         —— ᠨᠥᠬᠦᠳ ᠡ︕ ᠪᠢᠳᠡ ᠶᠠᠮᠠᠷ ᠬᠤᠯᠠᠭᠠᠶᠢᠴᠢ ᠤᠤ︖ ᠨᠢᠭᠤᠵᠣ ᠬᠠᠪᠴᠢᠬᠤ ᠣᠴᠢᠷ ᠥᠴᠥᠬᠡᠨ ᠴᠦ ᠥᠭᠡᠢ ᠭᠡᠵᠥ ᠴᠢᠩᠭ᠎ᠠ ᠲᠣᠣᠭᠠᠷᠣᠨ ᠣᠢ ᠶᠢᠨ ᠵᠠᠬ᠎ᠠ ᠬᠥᠷᠬᠦ ᠳᠤ ᠣᠭᠤᠯᠢ ᠰᠢᠪᠠᠭᠤ ᠠᠳᠡ ᠲᠡᠨᠳᠡ ᠲᠠᠭᠤᠨ ᠠᠪᠣᠯᠴᠠᠨ ᠬᠢᠳᠠᠭᠠᠨᠠᠬᠤ ᠠᠴᠠ ᠥᠭᠡᠷ᠎ᠡ ᠴᠢᠮᠡᠭᠡ ᠥᠭᠡᠢ᠂ ᠬᠠᠶᠠ ᠮᠣᠳᠣ ᠲᠠᠮᠵᠢᠨ ᠱᠣᠸᠠᠷᠬᠢᠨ ᠨᠢᠰᠥᠯᠴᠡᠬᠦ ᠴᠢᠮᠡᠭᠡ ᠲᠣᠭᠤᠯᠳᠣᠨ᠎ᠠ᠃ ᠴᠢᠯᠠᠭᠤ ᠬᠤᠭᠤᠯᠠᠢ ᠪᠠᠨ ᠵᠠᠰᠠᠨ᠄         —— ᠨᠥᠬᠦᠷ ᠡ︕ ᠮᠠᠯ ᠪᠠᠨ ᠬᠥᠬᠡᠬᠡᠳ ᠭᠠᠷᠣᠭᠠᠳ ᠢᠷ᠎ᠡ︕ ᠬᠠᠯᠠᠭᠤᠨ ᠬᠠᠨᠵᠣᠨ ᠲᠡᠭᠡᠷ᠎ᠡ ᠎ ᠪᠠᠨ ᠣᠨᠳᠠᠬᠤ ᠥᠭᠡᠢ᠂ ᠨᠣᠶᠢᠳᠠᠨ ᠴᠢᠬᠢᠭ ᠲᠠᠢ ᠭᠠᠵᠠᠷ ᠣᠳᠠᠭᠠᠨ ᠬᠡᠪᠳᠡᠪᠡᠯ ᠴᠢᠬᠢᠭᠳᠡᠵᠥ ᠮᠡᠳᠡᠨ᠎ᠡ ᠰᠢᠥ᠂ ᠪᠢᠳᠡ ᠲᠠᠨ ᠢ ᠠᠳᠡ ᠪᠠᠶᠢᠬᠤ ᠶᠢ ᠮᠡᠳᠡᠵᠥ ᠪᠠᠶᠢᠨ᠎ᠠ᠃ ᠬᠤᠷᠳᠣᠨ︕ ᠭᠡᠬᠦ ᠲᠣᠭᠤᠬᠢ ᠲᠣᠬᠤᠭᠤ ᠲᠠᠢ ᠴᠢᠩᠭ᠎ᠠ ᠲᠠᠭᠤ ᠨᠢ ᠣᠢ ᠶᠢᠨ ᠬᠥᠨ ᠲᠡᠰᠢ ᠴᠣᠣᠷᠢᠶᠠᠯᠠᠨ᠎ᠠ᠃ ᠴᠢᠯᠠᠭᠤ᠄         —— ᠡᠨᠡ ᠲᠣᠣᠷ ᠤᠨ ᠡᠭᠦᠳᠡ ᠶᠢ ᠨᠢ ᠣᠯᠵᠣ ᠣᠷᠣᠵᠣ ᠥᠵᠡᠶ᠎ᠡ︕ ᠬᠡᠬᠦ ᠳᠤ ᠬᠡᠳᠥᠭᠦᠯᠡ ᠲᠣᠣᠷ ᠲᠠᠭᠠᠵᠣ ᠥᠨᠳᠥᠷ ᠨᠠᠮ ᠵᠠᠷᠯᠢᠭᠳᠠᠨ ᠬᠠᠰᠬᠢᠷᠴᠥ ᠶᠠᠪᠣᠳᠠᠯ᠎ᠠ ᠣᠢ ᠶᠢᠨ ᠬᠥᠨ ᠠᠴᠠ ᠨᠣᠬᠠᠢ ᠬᠤᠴᠠᠯᠳᠣᠨ ᠨᠠᠭᠠᠰᠢᠯᠠᠵᠣ᠂ ᠲᠥᠳᠡᠯ ᠥᠭᠡᠢ ᠪᠢᠷᠠᠭᠤ ᠬᠡᠮᠡᠷ ᠬᠤᠶᠠᠷ ᠨᠣᠬᠠᠢ ᠭᠠᠷ ᠳ᠋ᠧᠩ ᠤᠨ ᠭᠡᠷᠡᠯ ᠳᠤ ᠰᠢᠭᠤᠳ ᠲᠠᠭᠠᠷᠢᠨ ᠢᠷᠡᠬᠦ ᠨᠢ ᠬᠠᠷᠠᠭᠳᠠᠪᠠ᠃             ᠪᠢᠷ ᠴᠠᠭᠠᠰᠣ ᠠᠴᠠ ᠥᠭᠡᠷ᠎ᠡ ᠰᠥᠬᠦᠮ ᠵᠡᠪᠰᠡᠭ ᠥᠭᠡᠢ ᠲᠡᠳᠡᠨᠠᠷ ᠭᠡᠳᠡᠷᠭᠦ ᠬᠠᠨᠳᠣᠨ ᠠᠮᠢ ᠮᠡᠳᠡᠨ ᠲᠣᠳᠠᠭᠠᠬᠤ ᠳᠤ ᠴᠢᠯᠠᠭᠤ ᠬᠠᠮᠤᠭ ᠰᠡᠭᠦᠯ ᠪᠣᠯᠵᠣ ᠭᠠᠢ—— ᠬᠥᠢ—— ᠭᠡᠵᠥ ᠴᠢᠨᠡᠭᠡ ᠪᠠᠷ ᠢᠶᠠᠨ ᠬᠥᠶᠣᠵᠥ ᠪᠠᠶᠢᠭᠰᠠᠨ ᠢᠶᠠᠨ ᠬᠤᠶᠠᠷ ᠨᠣᠬᠠᠢ ᠶᠢᠨ ᠬᠡᠴᠡᠭᠦᠥ ᠬᠠᠷᠴᠢᠬᠢᠨᠠᠭᠠᠨ ᠲᠣᠮᠳᠠ ᠡ—— ᠠ —— ᠶᠣᠬᠤ ᠭᠡᠵᠥ ᠮᠠᠭᠤᠬᠠᠢ ᠣᠷᠢᠯᠠᠭᠠᠳ ᠲᠠᠭ ᠴᠢᠮᠡᠭᠡ ᠥᠭᠡᠢ ᠪᠣᠯᠪᠠ᠃ ᠨᠣᠬᠠᠢ ᠶᠢᠨ ᠬᠡᠴᠡᠭᠦᠥ ᠶᠠᠬᠢᠷᠠᠯᠳᠠ ᠲᠠᠭᠠᠷᠢᠯᠳᠠ ᠴᠦ ᠡᠭᠦᠷᠭᠡ ᠪᠠᠨ ᠪᠡᠶᠡᠯᠡᠭᠦᠯᠥᠭᠰᠡᠨ ᠶᠤᠮ ᠰᠢᠭ᠋ ᠴᠢᠮᠡᠭᠡ ᠪᠠᠷ᠎ᠠ ᠥᠭᠡᠢ ᠪᠣᠯᠬᠤ ᠳᠤ ᠪᠣᠰᠣᠳ ᠨᠢ ᠮᠠᠷᠢᠶᠠᠵᠣ ᠮᠠᠯᠳᠠᠭᠰᠠᠭᠠᠷ ᠴᠢᠯᠠᠭᠤ ᠭᠤᠸᠠᠢ ᠳᠤ ᠪᠠᠨ ᠣᠶᠢᠷᠠᠳᠬᠤ ᠳᠤ ᠡᠭ —— ᠡᠭ ᠡᠪᠡᠷᠰᠢᠶᠡᠨ ᠬᠡᠪᠳᠡᠬᠦ ᠪᠥᠭᠡᠳ ᠨᠢᠭᠤᠷ ᠴᠢᠷᠠᠢ ᠨᠢ ᠴᠢᠰᠥ ᠨᠥᠵᠢ᠂ ᠡᠪᠡᠰᠥ ᠰᠢᠷᠣᠢ ᠳᠤ ᠪᠢᠯᠳᠠᠭᠳᠠᠨ ᠲᠠᠨᠢᠭᠳᠠᠬᠤ ᠪᠠᠨ ᠪᠣᠯᠢᠵᠠᠢ᠃ ᠡᠷᠭᠦᠵᠥ ᠲᠥᠰᠢᠨ ᠪᠣᠰᠬᠠᠬᠤ ᠬᠡᠬᠦ ᠳᠤ ᠪᠡᠶ᠎ᠡ ᠨᠢ ᠲᠠᠶᠢᠪᠠᠯᠵᠠᠬᠤ ᠪᠠᠷ ᠨᠢ ᠭᠡᠷᠡᠯ ᠲᠣᠰᠬᠠᠨ ᠯᠠᠪᠯᠠᠪᠠᠯ ᠥᠮᠥᠳᠥᠨ ᠪᠥᠭᠰᠡ ᠨᠢ ᠣᠷᠠᠭᠳᠠᠵᠣ᠂ ᠴᠠᠭᠠᠨ᠎ᠠ ᠨᠢ ᠴᠢᠰᠥ ᠪᠣᠯᠣᠯᠳᠠᠢ ᠨᠣᠶᠢᠳᠠᠨ ᠶᠠᠭᠤᠮ᠎ᠠ ᠲᠡᠮᠳᠡᠷᠢᠭᠳᠡᠵᠥ ᠪᠠᠶᠢᠯ᠎ᠠ᠃             ᠲᠡᠭᠡᠭᠡᠳ ᠴᠢᠯᠠᠭᠤ ᠡᠭᠦᠷᠡᠭᠦᠯᠵᠥ ᠲᠠᠮᠨᠠᠭᠤᠯᠵᠣ ᠡᠮᠨᠡᠯᠭᠡ ᠳᠤ ᠣᠷᠣᠪᠠ᠃ ᠲᠣᠶᠢᠯ ᠤᠨ ︽ᠪᠠᠭᠠᠳᠣᠷᠯᠢᠭ︾ ᠎ ᠢᠶᠠᠷ ᠠᠯᠪᠠᠨ ᠰᠢᠷᠬᠠᠳᠣᠯ ᠣᠯᠣᠭᠰᠠᠨ ᠴᠢᠯᠠᠭᠤ ᠪᠠᠨ ᠰᠣᠮᠣᠨ ᠤ ᠭᠤᠣᠯ ᠣᠳᠣᠷᠢᠳᠥᠯᠭ᠎ᠠ ᠨᠠᠷ ᠨᠢ ᠲᠣᠩ ᠬᠠᠯᠠᠮᠵᠢᠯᠠᠨ᠂ ᠪᠣᠯᠭᠤᠭᠠᠨ ᠲᠣᠬᠤᠨᠢᠭᠤᠯᠵᠣ ᠬᠠᠮᠤᠭ ᠰᠠᠶᠢᠨ ᠡᠮᠴᠢᠯᠡᠭᠡ ᠬᠥᠷᠳᠡᠭᠡᠬᠦ ᠶᠢ ᠡᠮᠨᠡᠯᠭᠡ ᠳᠤ ᠨᠠᠶᠢᠳᠠᠨ᠂ ᠨᠣᠬᠠᠢ ᠪᠠ ᠡᠵᠡᠨ ᠢ ᠨᠢ ᠲᠠᠷᠣᠶᠢᠬᠠᠨ ᠢᠯᠡᠷᠡᠭᠦᠯᠵᠣ ᠴᠢᠩᠭ᠎ᠠ ᠰᠢᠳᠬᠡᠬᠦ ᠶᠢ ᠲᠣᠳᠣᠭᠠᠳᠣ ᠶᠢ ᠬᠠᠮᠠᠭᠠᠯᠠᠬᠤ ᠰᠠᠯᠪᠣᠷᠢ ᠎ ᠳᠤ ᠲᠣᠯᠭᠠᠭᠰᠠᠨ ᠴᠦ ᠬᠡᠨ ᠤ᠂ ᠶᠠᠭᠤᠨ ᠤ ᠨᠣᠬᠠᠢ ᠪᠣᠯᠬᠤ ᠶᠢ ᠲᠣᠳᠣᠷᠬᠠᠶᠢᠯᠠᠵᠣ ᠲᠡᠶᠢᠯᠥᠭᠰᠡᠨ ᠥᠭᠡᠢ᠂ ᠰᠣᠷᠠᠭ ᠲᠠᠰᠣᠷᠠᠭᠰᠠᠨ ᠨᠢᠰᠬᠡᠯ ᠰᠢᠭ ᠣᠨᠢᠰᠤᠭ᠎ᠠ ᠪᠣᠯᠣᠨ ᠬᠤᠴᠣᠷᠠᠪᠠ᠃             ᠰᠠᠷ᠎ᠠ ᠰᠢᠬᠠᠮ ᠤᠨ ᠡᠮᠴᠢᠯᠡᠭᠡ ᠪᠠᠷ ᠴᠢᠯᠠᠭᠤ ᠶᠢᠨ ᠰᠢᠷᠬ᠎ᠠ ᠡᠳᠡᠭᠡᠷᠡᠵᠥ ᠠᠵᠢᠯ ᠲᠡᠭᠡᠷ᠎ᠡ ᠪᠠᠨ ᠭᠠᠷᠬᠤ ᠳᠤ ᠲᠠᠷᠤᠭ᠎ᠠ ᠨᠠᠷ ᠨᠢ ᠮᠥᠷᠥ ᠶᠢ ᠨᠢ ᠲᠠᠪᠰᠢᠨ ᠡᠷᠡᠬᠡᠢ ᠭᠠᠷᠭᠠᠬᠤ ᠳᠤ ᠬᠠᠮᠳᠣ ᠠᠵᠢᠯᠯᠠᠭᠰᠠᠳ ᠨᠢ ᠬᠠᠷᠢᠨ᠄         —— ᠲᠡᠷᠡ ᠨᠣᠬᠠᠢ ᠮᠥᠨ ᠰᠣᠨᠢᠨ ᠰᠢᠥ᠂ ᠨᠢᠭᠤᠷ ᠥᠭᠬᠦ ᠳᠤ ᠨᠢᠭᠤᠷ ᠠᠪᠬᠤ ᠥᠭᠡᠢ᠂ ᠪᠥᠭᠰᠡ ᠥᠭᠬᠦ ᠳᠤ ᠪᠥᠭᠰᠡ ᠠᠪᠬᠤ ᠥᠭᠡᠢ᠃ ᠭᠡᠵᠥ ᠨᠠᠭᠠᠳᠣᠮ ᠲᠣᠬᠤᠭᠤ ᠬᠢᠬᠦ ᠪᠥᠭᠡᠳ ᠵᠠᠷᠢᠮ ᠨᠢ᠄         —— ᠴᠢᠯᠠᠭᠤ ᠶᠢᠨ ᠬᠥᠭᠰᠢᠨ ᠬᠡᠯᠡᠵᠣ ᠪᠠᠶᠢᠨ᠎ᠠ ᠭᠡᠨ᠎ᠡ᠂ ︽ᠮᠠᠨ ᠤ ᠬᠥᠮᠥᠨ ᠱᠠᠯᠠᠮᠠᠭᠠᠢ ᠬᠥᠮᠥᠨ ᠎ ᠳᠡᠭᠡᠨ ᠪᠣᠯᠵᠠᠢ᠂ ᠡᠯᠢᠭᠡᠳᠡᠭᠡᠳ ᠠᠮᠵᠢᠴᠢᠬᠠᠵᠠᠢ᠃ ᠥᠭᠡᠢ ᠪᠣᠯ ᠤᠤ︖ ᠭᠡᠨᠡᠨ—— ᠭᠡᠨᠡᠨ︾ ᠭᠡᠰᠡᠨ ᠭᠡᠨ᠎ᠡ ᠭᠡᠵᠥ ᠠᠮᠠ ᠬᠠᠯᠠᠳᠠᠯ᠎ᠠ ᠲᠡᠯ ᠰᠡᠭᠦᠯ ᠲᠠᠢ ᠱᠤᠭ ᠪᠣᠯᠭᠠᠨ ᠬᠥᠭᠡᠷᠥᠯᠳᠥᠨ᠎ᠡ᠃             ᠲᠡᠮᠡᠢ ᠣᠳᠠᠯ ᠥᠭᠡᠢ ᠪᠠᠰᠠ ᠨᠢᠭᠡ ᠰᠢᠨ᠎ᠡ ᠡᠭᠦᠷᠭᠡ ᠪᠠᠭᠤᠯ᠎ᠠ᠃ ᠰᠣᠮᠣᠨ ᠲᠠᠷᠤᠭ᠎ᠠ᠄         —— ᠥᠨᠥᠳᠥᠷ ᠲᠡᠭᠡᠳᠥ ᠱᠠᠳᠣᠨ ᠠᠴᠠ ᠮᠠᠯ ᠬᠠᠰᠢᠶᠠᠯᠠᠵᠣ ᠪᠠᠶᠢᠬᠤ ᠶᠢ ᠪᠠᠶᠢᠴᠠᠭᠠᠬᠤ ᠪᠠᠷ ᠬᠡᠳᠥᠨ ᠠᠷᠪᠠᠨ ᠬᠥᠮᠥᠨ ᠤ ᠪᠥᠯᠬᠦᠮ ᠮᠠᠨ ᠤ ᠰᠣᠮᠣᠨ ᠳᠤ ᠢᠷᠡᠬᠦ ᠭᠡᠵᠥ ᠪᠠᠶᠢᠨ᠎ᠠ᠃ ᠬᠠᠮᠤᠭ ᠣᠶᠢᠷᠠᠬᠠᠨ ᠲᠣᠭᠤᠨᠣᠳᠣ ᠭᠠᠴᠠᠭ᠎ᠠ ᠪᠠᠷ ᠣᠳᠣᠬᠠᠨ ᠬᠥᠷᠴᠥ ᠪᠡᠯᠴᠢᠭᠡᠷ ᠲᠤ ᠪᠠᠶᠢᠭ᠎ᠠ ᠬᠤᠨᠢᠳ ᠢ ᠨᠢ ᠬᠠᠰᠢᠶᠠᠯᠠᠭᠤᠯᠵᠣ᠂ ᠭᠡᠳᠥ ᠶᠢ ᠪᠠᠷᠢᠵᠣ ᠠᠪᠴᠢᠷᠠᠨ ᠥᠳᠡ ᠶᠢᠨ ᠲᠠᠶᠢᠯᠠᠯᠭ᠎ᠠ ᠳᠤ ᠪᠡᠯᠡᠳᠬᠡ︕ ᠭᠡᠪᠡ᠃ ᠡᠨᠡ ᠣᠳᠠᠭ᠎ᠠ ᠴᠢᠯᠠᠭᠤ ᠰᠣᠮᠣᠨ ᠤ ᠵᠢᠵᠢᠭ ᠲᠡᠷᠭᠡ ᠪᠠᠷ ᠬᠡᠳᠥᠭᠦᠯᠡ ᠬᠥᠳᠡᠯᠪᠠ᠃ ᠪᠡᠯᠴᠢᠭᠡᠷ ᠤᠨ ᠵᠠᠬ᠎ᠠ ᠬᠥᠷᠬᠦ ᠳᠤ ᠰᠥᠷᠥᠭ ᠰᠥᠷᠥᠭ ᠬᠤᠨᠢᠳ ᠡᠵᠡᠨ ᠤ ᠪᠠᠨ ᠬᠤᠮᠢᠯᠭ᠎ᠠ ᠪᠠᠷ ᠪᠡᠯᠴᠢᠭᠡᠷ ᠵᠥᠭ ᠢᠶᠠᠨ ᠠᠶᠢᠰᠣᠢ᠃ ᠨᠣᠭᠤᠭ᠎ᠠ ᠠᠮᠳᠠᠯᠠᠭᠠᠳ ᠣᠳᠠᠭ᠎ᠠ ᠥᠭᠡᠢ ᠪᠣᠯᠣᠯᠳᠠᠢ᠂ ᠬᠤᠨᠢᠳ ᠴᠣᠪᠣᠷᠣᠯᠳᠣᠨ ᠭᠥᠶᠥᠯᠳᠥᠵᠣ ᠲᠡᠷᠭᠡᠨ ᠵᠠᠬ᠎ᠠ ᠪᠠᠷ ᠢᠷᠡᠪᠡ᠂ ᠴᠠᠭᠠᠨ᠎ᠠ ᠠᠴᠠ ᠨᠢ ᠲᠠᠪᠢᠭᠠᠳ ᠨᠠᠰᠣᠨ ᠤ ᠪᠥᠰᠡᠬᠦᠢ ᠰᠢᠯᠪᠢᠭᠦᠷ ᠰᠠᠪᠠᠯᠠᠨ ᠰᠥᠷᠥᠭ ᠤᠨ ᠲᠥᠷᠥᠭᠦᠥ ᠬᠤᠮᠢᠬᠤ ᠪᠠᠷ ᠭᠠᠵᠠᠷ ᠬᠤᠷᠣᠭᠠᠬᠤ ᠥᠭᠡᠢ ᠬᠥᠶᠣᠵᠥ ᠶᠠᠪᠣᠨ᠎ᠠ᠃ ᠴᠢᠯᠠᠭᠤ ᠨᠠᠷ ᠲᠡᠷᠭᠡᠨ ᠠᠴᠠ ᠪᠠᠭᠤᠵᠣ ᠬᠤᠨᠢ ᠶᠢ ᠬᠠᠰᠢᠨ ᠡᠷᠬᠢᠬᠦᠯᠬᠦ ᠳᠤ᠄        —— ᠶᠠᠮᠠᠷ ᠰᠠᠶᠢᠨ ᠬᠥᠮᠥᠰ ᠪᠣᠢ︖ ᠨᠠᠰᠢ ᠥᠷᠭᠦᠭᠡᠭᠡᠳ ᠠᠯᠢ ᠭᠡᠮ︕ ᠬᠥᠢᠴᠡᠭᠳᠡᠵᠥ ᠥᠭᠬᠦ ᠥᠭᠡᠢ ᠨᠢ᠂ ᠭᠡᠵᠥ ᠠᠮᠢᠰᠬᠤᠳᠠᠨ ᠢᠷᠡᠬᠦ ᠳᠤ ᠴᠢᠯᠠᠭᠤ ᠨᠥᠭᠦᠭᠡ ᠬᠡᠳᠥ ᠳᠡᠭᠡᠨ᠄          —— ᠲᠠᠷᠭᠤ ᠲᠠᠢ ᠠᠴᠠ ᠨᠢ ᠪᠠᠷᠢ︕ ᠥᠳᠡ ᠳᠤ ᠵᠠᠷᠣᠨ᠎ᠠ ᠰᠢᠥ︕ ᠭᠡᠵᠥ ᠰᠡᠮᠬᠡᠨ ᠬᠡᠯᠡᠭᠡᠳ ᠬᠠᠶᠢᠴᠢᠨ ᠮᠥᠷ ᠨᠢ ᠲᠠᠷᠣᠭᠳᠠᠭ᠎ᠠ ᠥᠭᠡᠢ ᠬᠤᠨᠢᠳ ᠤᠨ ᠣᠭᠤᠴᠠ ᠨᠢᠷᠣᠭᠤ ᠪᠠᠷ ᠨᠢᠳᠥ ᠬᠥᠶᠥᠯᠭᠡᠨ᠎ᠡ᠃ ᠬᠤᠨᠢᠨ ᠲᠥᠷᠥᠭᠦᠥ ᠡᠷᠭᠢᠵᠥ ᠲᠣᠭᠳᠠᠭᠤᠨ ᠰᠢᠭ᠋ ᠢᠳᠡᠰᠢᠯᠡᠵᠣ ᠡᠬᠢᠯᠡᠳᠡᠯ᠎ᠡ ᠴᠢᠯᠠᠭᠤ ᠲᠡᠷᠡ ᠬᠡᠳᠥᠭᠦᠯᠡ ᠲᠠᠪᠬᠢᠨ ᠬᠤᠨᠢᠨ ᠵᠥᠭ ᠲᠠᠭᠠᠷᠢᠨ ᠰᠢᠭᠢᠷᠠᠳᠣᠨ ᠠᠪᠣᠵᠠᠭᠠᠯ᠎ᠠ᠃ ᠲᠡᠷᠡ ᠪᠥᠰᠡᠬᠦᠢ ᠰᠠᠨᠳᠣᠷᠣᠨ᠄         —— ᠶᠠᠭᠠᠬᠢᠬᠤ ᠨᠢ ᠪᠣᠢ︖ ᠭᠤᠯᠣᠣ ᠨᠠᠷ ᠡ︕ ᠬᠢᠳᠠᠳ ᠶᠤᠮ ᠤᠤ︖ ᠮᠣᠩᠭᠤᠯ ᠶᠤᠮ ᠤᠤ︖ ᠭᠡᠳ ᠣᠨᠣᠨ ᠪᠥᠳᠥᠴᠢᠨ ᠬᠥᠶᠥᠨ ᠢᠷᠡᠬᠦ ᠳᠤ ᠬᠤᠪᠢ ᠬᠤᠪᠢᠨ ᠤ ᠪᠠᠷᠢᠭᠰᠠᠨ ᠬᠤᠨᠢ ᠪᠠᠨ ᠴᠢᠷᠴᠥ ᠴᠢᠩᠭᠠᠭᠠᠨ᠂ ᠲᠥᠯᠬᠢᠵᠥ ᠲᠠᠳᠠᠨ ᠲᠡᠷᠭᠡᠨ ᠳᠡᠭᠡᠨ ᠣᠶᠢᠷᠠᠳᠬᠤ ᠳᠤ ᠪᠥᠰᠡᠬᠦᠢ᠄         —— ᠲᠠᠨᠣᠰ ᠶᠠᠭᠠᠬᠢᠵᠣ ᠪᠠᠶᠢᠭ᠎ᠠ ᠨᠢ ᠡᠨᠡ ᠪᠣᠢ︖ ᠭᠡᠳᠡᠯ᠎ᠡ ᠴᠢᠯᠠᠭᠤ᠄       —— ᠪᠢᠳᠡ ᠪᠣᠯ ᠰᠣᠮᠣᠨ ᠤ ᠬᠢ᠂ ᠮᠠᠯ ᠪᠡᠯᠴᠢᠭᠦᠯᠵᠥ ᠪᠣᠯᠬᠤ ᠥᠭᠡᠢ ᠭᠡᠰᠡᠨ ᠲᠡᠭᠡᠷᠡᠭᠢ ᠶᠢᠨ ᠲᠣᠭᠳᠠᠭᠠᠯ ᠲᠠᠢ᠃ ᠲᠣᠷᠭᠤᠭᠠᠨ᠎ᠠ ᠰᠢᠥ᠃ ᠭᠡᠬᠦ ᠳᠤ       —— ᠠᠮᠢᠳᠠᠨ ᠪᠣᠯᠭᠠᠨ ᠥᠭᠡᠷ᠎ᠡ ᠤᠤ ᠳ᠋ᠧ︕ ᠡᠪᠡᠰᠥ ᠲᠡᠵᠢᠭᠡᠯ ᠪᠠᠷᠠᠭᠳᠠᠭᠠᠳ ᠶᠠᠭᠤ ᠴᠦ ᠥᠭᠡᠢ ᠪᠣᠯᠵᠠᠢ᠂ ᠥᠯᠪᠡᠷᠡᠭᠦᠯᠵᠥ ᠪᠣᠯᠬᠤ ᠥᠭᠡᠢ ᠪᠢᠵᠡ ᠳ᠋ᠧ︕ ᠭᠡᠳ ᠴᠢᠯᠠᠭᠤ ᠶᠢᠨ ᠭᠠᠷ ᠠᠴᠠ ᠬᠤᠨᠢ ᠪᠠᠨ ᠠᠪᠬᠤ ᠭᠡᠵᠥ ᠵᠠᠭᠤᠷᠠᠳᠠᠯ᠎ᠠ ᠨᠥᠬᠦᠭᠡ ᠬᠡᠳᠥ ᠨᠢ ᠲᠡᠷᠭᠡᠨ ᠤ ᠠᠷᠣ ᠬᠠᠶᠢᠷᠴᠠᠭ ᠲᠤ ᠬᠤᠶᠠᠷ ᠬᠤᠨᠢ ᠰᠠᠪᠠᠯᠠᠵᠣ ᠠᠮᠵᠢᠪᠠ᠃ ᠴᠢᠯᠠᠭᠤ ᠴᠦ ᠵᠠᠯᠠᠭᠤ ᠬᠥᠮᠥᠨ ᠲᠣᠯᠠ ᠪᠥᠰᠡᠬᠦᠢ ᠶᠢ ᠶᠠᠭᠤᠮ᠎ᠠ ᠪᠣᠯᠭᠠᠭᠰᠠᠨ ᠥᠭᠡᠢ ᠲᠡᠷᠭᠡᠨ ᠵᠠᠬ᠎ᠠ ᠬᠥᠷᠴᠥ ᠬᠤᠨᠢ ᠎ ᠪᠠᠨ ᠰᠠᠪᠠᠯᠠᠬᠤ ᠶᠢ ᠵᠠᠪᠳᠣᠳᠠᠯ᠎ᠠ ᠪᠥᠰᠡᠬᠦᠢ ᠶᠢᠨ ᠭᠠᠷ ᠴᠢᠯᠠᠭᠤ ᠶᠢᠨ ᠠᠷᠣ ᠵᠠᠭᠠᠮᠠᠨ ᠳᠤ ᠬᠥᠷᠴᠥ᠂ ᠵᠢᠳᠬᠦᠵᠣ ᠲᠠᠳᠠᠬᠤ ᠶᠢᠨ ᠡᠰᠡᠷᠬᠦᠥ ᠬᠥᠴᠥᠨ ᠳᠤ ᠬᠠᠨᠳᠠᠭᠠᠵᠠ ᠨᠢ ᠭᠤᠣᠯ ᠢᠶᠠᠨ ᠲᠠᠭᠠᠨ ᠴᠣᠭᠤᠷᠠᠠ᠂ ᠪᠥᠰᠡᠬᠦᠢ ᠶᠢᠨ ᠲᠥᠷᠪᠡᠨ ᠬᠤᠷᠣᠭᠤᠨ ᠤ ᠬᠢᠮᠣᠰᠣᠨ ᠮᠥᠷ ᠴᠢᠯᠠᠭᠤ ᠶᠢᠨ ᠰᠢᠯᠢ ᠠᠴᠠ ᠲᠣᠷᠣᠭᠰᠢ ᠢᠬᠢᠷᠡᠳᠡᠯ᠎ᠡ ᠵᠣᠷᠬᠠᠯᠠᠭᠳᠠᠪᠠ᠃ ᠴᠢᠯᠠᠭᠤ ᠢᠷᠭᠡ ᠬᠤᠨᠢ ᠪᠠᠨ ᠵᠠᠭᠤᠷᠠᠵᠣ ᠲᠡᠶᠢᠯᠥᠯ ᠥᠭᠡᠢ ᠠᠯᠳᠠᠨ ᠶᠠᠪᠣᠭᠤᠯᠵᠣ᠂ ᠠᠭᠤᠷ ᠤᠨ ᠬᠥᠴᠥᠨ ᠳᠤ ᠪᠥᠰᠡᠬᠦᠢ ᠵᠥᠭ ᠭᠠᠷ ᠲᠠᠯᠠᠶᠢᠳᠠᠯ᠎ᠠ ᠪᠣᠰᠣᠳ ᠨᠢ ᠬᠤᠷᠢᠭᠯᠠᠵᠣ ᠠᠮᠵᠢᠯ᠎ᠠ᠃  —— ᠪᠢᠳᠡ ᠡᠬᠦᠷᠭᠡ ᠬᠥᠢᠴᠡᠳᠬᠡᠵᠣ ᠪᠠᠶᠢᠭ᠎ᠠ ᠬᠥᠮᠥᠰ᠂ ᠲᠠ ᠠᠯᠪᠠᠨ ᠠᠵᠢᠯ ᠢ ᠬᠠᠷᠰᠢᠯᠠᠯ᠎ᠠ︕ ᠭᠡᠬᠦ ᠳᠤ ᠲᠡᠷᠡ ᠪᠥᠰᠡᠬᠦᠢ᠄         —— ᠶᠠᠮᠠᠷ ᠡᠭᠦᠷᠭᠡ ᠪᠠᠨ ᠬᠥᠢᠴᠡᠳᠬᠡᠬᠦ ᠪᠣᠢ︖ ᠬᠤᠨᠢ ᠮᠠᠯ ᠢ ᠲᠡᠭᠡᠷᠡᠮᠳᠡᠭᠡᠳ᠂ ᠲᠣᠬᠢᠷᠠᠭᠳᠠᠭᠰᠠᠨ ᠨᠣᠬᠠᠢ ᠰᠢᠭ᠋ ᠭᠥᠶᠥᠯᠳᠥᠭᠡᠳ ᠠᠷᠠᠳ ᠢᠶᠠᠨ ᠲᠠᠷᠣᠯᠠᠬᠤ ᠠᠴᠠ ᠥᠭᠡᠷ᠎ᠡ ᠶᠠᠭᠤ ᠴᠢᠳᠠᠨ᠎ᠠ᠃ ᠭᠡᠭᠰᠡᠭᠡᠷ ᠲᠡᠷᠭᠡᠨ ᠲᠣᠭᠤᠰᠣᠨ ᠲᠣᠮᠳᠠ ᠨᠢᠯᠪᠣᠰᠣ ᠪᠠᠨ ᠵᠥᠯᠭᠦᠨ ᠪᠥᠷᠳᠥᠯᠵᠡᠨ ᠬᠤᠴᠣᠷᠠᠪᠠ᠃ ᠨᠣᠬᠠᠢ ᠭᠡᠵᠥ ᠬᠠᠷᠢᠶᠠᠭᠳᠠᠭᠰᠠᠨ ᠳᠤ ᠎ ᠪᠠᠨ ᠨᠢᠭᠤᠷ ᠪᠥᠭᠰᠡ ᠨᠢ ᠬᠠᠯᠠᠬᠤ ᠰᠢᠭ᠋ ᠪᠣᠯᠵᠣ᠂ ᠰᠢᠨᠡᠭᠡᠨ ᠬᠢᠮᠣᠰᠣᠨ ᠰᠢᠷᠬ᠎ᠠ ᠨᠢ ᠬᠥᠯᠥᠰᠥᠨ ᠳᠤ ᠨᠢ ᠣᠮᠳᠠᠯᠠᠭᠳᠠᠵᠣ ᠲᠡᠰᠬᠦ ᠠᠯᠳᠠᠳᠠᠯ᠎ᠠ ᠢᠷᠬᠢᠷᠡᠨ᠎ᠡ᠃             ᠴᠢᠯᠠᠭᠤ ᠭᠤᠸᠠᠢ ᠡᠭᠦᠷᠭᠡ ᠬᠥᠢᠴᠡᠳᠬᠡᠬᠦ ᠶᠠᠪᠣᠴᠠ ᠳᠤ ᠪᠠᠨ ᠪᠠᠰᠠᠯᠠ ᠰᠢᠷᠬᠠᠳᠣᠵᠣ᠂ ᠬᠤᠨᠢ ᠪᠠᠨ ᠪᠠᠭᠤᠯᠭᠠᠮᠠᠭᠴᠠ ᠲᠠᠷᠤᠭ᠎ᠠ ᠳᠤ ᠪᠠᠨ ᠪᠠᠶᠢᠳᠠᠯ ᠢᠶᠠᠨ ᠮᠡᠳᠡᠭᠳᠡᠬᠦ ᠳᠤ ᠵᠣᠴᠢᠨ ᠣᠭᠳᠣᠬᠤ ᠪᠡᠯᠡᠳᠬᠡᠯ ᠳᠤ ᠪᠠᠨ ᠶᠠᠭᠠᠷᠠᠭᠰᠠᠨ ᠴᠠᠭᠠᠳᠣᠬᠢ ᠨᠢ ᠶᠠᠭᠤᠮ᠎ᠠ ᠪᠣᠯᠭᠠᠭᠰᠠᠨ ᠥᠭᠡᠢ ᠲᠡᠭᠡᠷ᠎ᠡ ᠪᠠᠨ ᠬᠠᠷᠢᠨ᠄         —— ᠶᠡᠭᠡ ᠰᠠᠶᠢᠨ︕ ᠶᠡᠭᠡ ᠰᠠᠶᠢᠨ︕ ᠭᠡᠭᠰᠡᠭᠡᠷ ᠴᠠᠰᠢ ᠶᠠᠪᠣᠴᠢᠬᠠᠯ᠎ᠠ᠃ ᠴᠢᠯᠠᠭᠤ ᠲᠠᠭᠤᠵᠣ ᠬᠥᠷᠥᠭᠡᠳ ᠭᠠᠭᠴᠠᠬᠠᠨ ᠠᠯᠠᠭᠠᠳᠣᠬᠤ ᠶᠢ ᠰᠠᠨᠠᠭᠰᠠᠨ ᠴᠦ ᠲᠡᠭᠡᠵᠥ ᠬᠡᠷᠬᠢᠨ ᠴᠢᠳᠠᠨ᠎ᠠ᠃ ᠬᠤᠪᠴᠠᠰᠣ ᠪᠠᠨ ᠬᠠᠯᠠᠵᠣ ᠡᠮ ᠤᠨ ᠲᠡᠯᠭᠡᠭᠦᠷ ᠲᠤ ᠬᠥᠷᠴᠥ᠄        —— ᠬᠡᠥᠬᠡᠳ ᠢ ᠮᠣᠣᠷ ᠮᠠᠭᠠᠵᠢᠴᠢᠬᠠᠯ᠎ᠠ ᠭᠡᠳ ᠲᠥᠷᠬᠢᠬᠦ ᠡᠮ ᠠᠪᠴᠣ ᠭᠡᠷ ᠲᠤ ᠪᠠᠨ ᠬᠠᠷᠢᠵᠣ ᠡᠮ ᠢᠶᠠᠨ ᠲᠥᠷᠬᠢᠨ ᠠᠮᠠᠷᠠᠪᠠ᠃ ᠮᠠᠷᠭᠠᠰᠢ ᠨᠢ ᠰᠣᠨᠣᠰᠬᠤ ᠳᠤ ᠥᠴᠥᠭᠡᠳᠥᠷ ᠥᠳᠡ ᠶᠢᠨ ᠪᠥᠬᠦᠯᠢ ᠰᠢᠭᠦᠰᠥᠨ ᠲᠠᠶᠢᠯᠠᠯᠭ᠎ᠠ ᠭᠠᠯ ᠢᠳᠠᠨ ᠳᠤ ᠪᠠᠨ ᠪᠠᠶᠢᠬᠤ ᠳᠤ ᠥᠨᠥᠬᠢ ᠪᠥᠰᠡᠬᠦᠢ ᠲᠣᠷᠭᠠᠭᠤᠯᠢ ᠶᠢᠨ ᠮᠥᠩᠭᠦ ᠪᠠᠨ ᠲᠣᠰᠢᠶᠠᠵᠣ ᠬᠤᠶᠠᠷ ᠬᠤᠨᠢ ᠪᠠᠨ ᠠᠪᠬᠤ ᠪᠠᠷ ᠢᠷᠡᠵᠥ᠂ ᠲᠠᠩᠬᠢᠮ ᠲᠥᠭᠦᠷᠡᠩ ᠵᠣᠴᠢᠳ ᠢ ᠰᠣᠴᠢᠭᠠᠨ ᠥᠷᠭᠦᠭᠡᠵᠥ᠂ ᠡᠵᠡᠨ ᠢ ᠎ ᠨᠢ ᠪᠠᠯᠠᠭ ᠠᠯᠳᠠᠭᠤᠯᠵᠣ ᠣᠷᠣᠭᠰᠠᠨ ᠭᠠᠵᠠᠷ ᠥᠭᠡᠢ ᠪᠣᠯᠭᠠᠵᠣ ᠪᠠᠰᠠ᠄         —— ᠬᠤᠨᠢ ᠶᠢ ᠠᠪᠴᠢᠷᠠᠭᠰᠠ ᠵᠠᠯᠠᠭᠤ ᠬᠠᠮᠢᠭ᠎ᠠ ᠪᠠᠶᠢᠨ᠎ᠠ︖ ᠭᠡᠵᠥ ᠭᠡᠷ ᠬᠥᠷᠢᠶ᠎ᠡ ᠶᠢᠨ ᠥᠨᠴᠥᠭ ᠪᠣᠯᠣᠩ ᠥᠭᠡᠢ ᠡᠷᠢᠵᠥ ᠰᠣᠷᠠᠵᠣ ᠶᠡᠭᠡ ᠲᠡᠪᠵᠢᠶᠡᠷᠡᠭᠦᠯᠥᠭᠰᠡᠨ ᠭᠡᠨ᠎ᠡ᠃       ᠲᠡᠷᠡ ᠪᠥᠰᠡᠬᠦᠢ ᠶᠢᠨ ᠬᠥᠥ ᠨᠢ ᠮᠥᠩᠭᠡ ᠭᠡᠭᠴᠢ ᠣᠳᠣᠬᠢ ᠰᠣᠮᠣᠨ ᠲᠠᠷᠤᠭ᠎ᠠ ᠪᠣᠯᠬᠤ ᠶᠢ ᠨᠢᠳᠣᠨᠣᠨ ᠲᠠᠬᠢᠨ ᠠᠯᠪᠠᠯᠠᠭᠠᠳ ᠪᠣᠰᠣᠳ ᠠᠴᠠ ᠰᠣᠨᠣᠰᠴᠣ ᠴᠢᠯᠠᠭᠤ ᠶᠢᠨ ᠨᠢᠷᠣᠭᠤᠨ ᠰᠣᠷᠪᠢ ᠨᠢ ᠵᠢᠮ ᠵᠢᠮ ᠡᠬᠢᠯᠡᠨ ᠰᠢᠮᠰᠢᠬᠢᠨᠡᠭᠰᠡᠨ ᠶᠤᠮ᠃             ᠲᠡᠭᠡᠷ᠎ᠡ ᠣᠳᠠᠭ᠎ᠠ ᠰᠠᠨᠠᠯ ᠬᠤᠷᠢᠶᠠᠵᠣ᠂ ᠬᠥᠴᠢᠷᠳᠡᠯ ᠣᠶᠢᠯᠠᠭᠠᠬᠤ ᠪᠠᠷ ᠲᠣᠭᠤᠨᠣᠳᠣ ᠭᠠᠴᠠᠭᠠᠨ ᠳᠤ ᠪᠠᠭᠤᠵᠣ᠂ ᠠᠶᠢᠯ ᠤᠨ ᠵᠠᠬ᠎ᠠ ᠶᠢᠨ ᠲᠠᠪᠣᠨ ᠲᠠᠰᠣᠯᠭ᠎ᠠ ᠲᠣᠭᠤᠰᠬᠠᠨ ᠪᠠᠶᠢᠰᠢᠩ ᠳᠤ ᠲᠠᠷᠢᠶᠠᠨ ᠵᠠᠬ᠎ᠠ ᠪᠠᠷᠢᠨ᠂ ᠵᠥᠷᠢᠭ ᠬᠡᠮᠡᠷ ᠵᠠᠮ ᠢᠶᠠᠷ ᠡᠭᠦᠳᠡᠨ ᠳᠤ ᠨᠢ ᠣᠶᠢᠷᠠᠳᠬᠤ ᠳᠤ ᠣᠶᠠᠭᠠᠰᠣᠳᠠᠢ ᠬᠠᠯᠳᠠᠷ ᠨᠣᠬᠠᠢ ᠬᠥᠪ ᠬᠥᠪ ᠬᠤᠴᠠᠬᠤ ᠎ ᠳᠤ ᠬᠤᠷᠢᠨ ᠵᠢᠯ ᠤᠨ ᠡᠮᠥᠨᠡᠬᠢ ᠨᠣᠬᠠᠢ ᠳᠤ ᠬᠠᠵᠠᠭᠳᠠᠭᠰᠠᠨ ᠰᠣᠷᠪᠢ ᠨᠢ ᠯᠤᠭ ᠯᠤᠭ ᠯᠣᠭᠰᠢᠵᠣ ᠪᠠᠶᠢᠮᠠᠷ ᠰᠡᠷᠡᠭᠳᠡᠪᠡ᠃ ᠭᠡᠷ ᠲᠤ ᠣᠷᠣᠵᠣ ᠴᠠᠢ ᠣᠰᠣ ᠣᠭᠤᠴᠠᠨ ᠵᠣᠭᠤᠭ ᠲᠡᠯᠭᠡᠵᠥ ᠪᠠᠶᠢᠳᠠᠯ᠎ᠠ ᠨᠠᠰᠣᠳᠠᠢ ᠡᠵᠢ ᠴᠢᠯᠠᠭᠤ ᠶᠢ ᠬᠠᠷᠠᠵᠥ ᠬᠠᠷᠠᠭᠰᠠᠨ ᠢᠶᠠᠨ᠄  —— ᠲᠠ ᠴᠢᠨᠢ ᠲᠠ᠊ —— ᠷᠠ ᠵᠢᠯ ᠤᠨ ᠬᠤᠨᠢ ᠪᠠᠷᠢᠳᠠᠭ᠂᠂᠂᠂ ᠭᠡᠬᠦ ᠎ ᠳᠤ ᠴᠢᠯᠠᠭᠤ ᠰᠠᠨᠳᠣᠷᠣᠨ ᠢᠨᠢᠪᠬᠢᠯᠡᠵᠥ ᠢᠴᠢᠬᠦ‍ ᠰᠢᠭ ᠪᠣᠯᠵᠣ ᠲᠣᠷᠣᠭᠰᠢ ᠬᠠᠷᠠᠪᠠ᠃         —— ᠲᠡᠷᠡ ᠥᠶ᠎ᠡ ᠳᠤ ᠡᠵᠢ ᠨᠢ ᠴᠦ ᠬᠡᠵᠢ ᠳ᠋ᠧ︕ ᠵᠥᠨᠥᠵᠥ ᠡᠬᠢᠯᠡᠭᠰᠡᠨ ᠪᠢᠵᠠ ᠳ᠋ᠠ︖ ᠮᠡᠳᠡᠬᠦ ᠥᠭᠡᠢ︕ ᠬᠤᠪᠴᠠᠰᠥ ᠶᠢ ᠴᠢᠨᠢ ᠣᠷᠠᠭᠰᠠᠨ ᠢᠶᠠᠨ ᠪᠣᠳᠣᠪᠠᠯ ᠡᠪᠬᠦᠶᠢᠷᠡᠭᠡᠳ ᠭᠡᠮᠰᠢᠭᠰᠡᠨ ᠭᠡᠵᠢ ᠡ︕ ᠪᠥᠭᠡᠷ᠎ᠡ ᠡ ︕ ᠪᠢᠳᠡ ᠴᠦ ᠬᠡᠳᠥᠨ ᠮᠠᠯ ᠢᠶᠠᠨ ᠬᠠᠶᠢᠷᠠᠯᠠᠬᠤ ᠬᠡᠬᠦ ᠳᠤ ᠲᠠ ᠨᠠᠷ ᠴᠦ ᠲᠡᠭᠡᠷᠡᠬᠢ ᠶᠢᠨ ᠵᠢᠭᠠᠪᠥᠷᠢ ᠪᠠᠷ ᠶᠠᠪᠣᠭᠰᠠᠨ ᠬᠥᠮᠥᠰ᠃ ᠠᠢ︕ ᠴᠠᠭ ᠲᠥᠷᠥ ᠭᠡᠵᠢ ᠬᠡᠥᠬᠡᠳ ᠤᠨ ᠨᠠᠭᠠᠳᠣᠮ ᠰᠢᠭ᠋ ᠯᠡ᠃ ᠲᠡᠭᠡᠵᠥ ᠯᠡ ᠨᠢᠭᠤᠵᠣ ᠲᠠᠭᠤᠬᠤ ᠎ ᠶᠢᠨ ᠨᠣᠬᠤᠴᠠᠭᠠᠨ ᠳᠤ ᠬᠡᠳᠥᠬᠡᠨ ᠵᠢᠯ ᠪᠣᠯᠣᠯ ᠥᠭᠡᠢ ᠬᠥᠮᠥᠨ ᠤ ᠬᠠᠷᠢᠶᠠᠯ ᠬᠥᠷᠥᠭᠰᠡᠨ ᠶᠤᠮ ᠰᠢᠭ᠋ ᠮᠠᠯ ᠠᠳᠠᠯᠠᠭᠳᠠᠭᠰᠠᠭᠠᠷ ᠬᠤᠳᠠ ᠬᠤᠭᠤᠰᠣᠷᠠᠪᠠ᠃ ᠲᠡᠭᠡᠭᠡᠳ ᠲᠠᠷᠢᠶ᠎ᠠ ᠲᠠᠷᠢᠭᠰᠠᠨ᠂ ᠡᠭᠡ ᠭᠠᠵᠠᠷ ᠤᠨ ᠰᠢᠮ᠎ᠡ ᠶᠢ ᠥᠭᠡᠷ᠎ᠡ ᠶᠠᠭᠠᠬᠢᠵᠥ ᠠᠪᠣᠨ᠎ᠠ᠃ ᠲᠠᠷᠢᠶᠠᠯᠠᠬᠤ ᠨᠢ ᠬᠠᠷᠢᠨ ᠬᠥᠭᠡᠭᠡᠵᠥ ᠲᠠᠭᠤᠨ᠎ᠠ ᠭᠡᠰᠡᠨ ᠶᠠᠪᠣᠳᠠᠯ ᠥᠭᠡᠢ ᠠᠮᠠᠷᠬᠠᠨ ᠪᠠᠶᠢᠨ᠎ᠠ᠂ ᠬᠠᠪᠣᠷ ᠲᠠᠷᠢᠪᠠᠯ ᠨᠠᠮᠣᠷ ᠬᠤᠷᠢᠶᠠᠴᠢᠨ᠎ᠠ᠃ ᠪᠥᠷ ᠮᠠᠰᠢᠨ ᠬᠥᠶᠥᠯᠭᠡᠨ᠎ᠡ᠃ ᠪᠠᠰᠠ ᠣᠯᠣᠰ ᠤᠨ ᠨᠥᠬᠦᠪᠥᠷᠢ ᠭᠡᠵᠥ ᠡᠳᠥᠢ ᠲᠡᠳᠥᠢ ᠢᠷᠡᠨ᠎ᠡ᠃ ᠡᠪᠥᠯ ᠪᠣᠯ ᠮᠠᠯ ᠥᠭᠡᠷ ᠴᠠᠰᠣ ᠵᠣᠳ ᠭᠡᠵᠥ ᠰᠠᠨᠠᠭ᠎ᠠ ᠪᠣᠯᠬᠤ ᠴᠦ ᠥᠭᠡᠢ᠃ ᠲᠡᠷᠡ ᠥᠶ᠎ᠡ ᠮᠠᠯ ᠮᠢᠨᠢ ᠴᠦ ᠬᠥᠮᠥᠨ ᠲᠠᠢ ᠪᠠᠨ ᠠᠳᠠᠯᠢ ᠵᠣᠪᠠᠵᠣ ᠪᠠᠶᠢᠭᠰᠠᠨ ᠪᠠᠶᠢᠯᠬᠦᠢ᠂ ᠬᠥᠭᠡᠷᠥᠬᠦᠢ︕ ᠭᠡᠵᠥ ᠲᠠᠭᠤ ᠨᠢ ᠡᠷᠶᠡᠨᠳᠥᠪᠡ᠃ ᠭᠡᠷ ᠲᠤ ᠵᠢᠭᠳᠡᠢ ᠨᠠᠮ ᠵᠢᠮ᠃         —— ᠲᠡᠭᠡᠪᠡᠴᠥ ᠴᠢᠬᠢᠭ ᠨᠣᠭᠤᠭ᠎ᠠ ᠥᠨᠥᠷᠳᠥᠭᠰᠡᠭᠡᠷ ᠰᠠᠭᠠᠯᠢ ᠰᠥ ᠰᠠᠨᠠᠭᠳᠠᠬᠤ ᠪᠠᠰᠠ ᠬᠡᠴᠡᠭᠦᠥ᠂ ᠲᠡᠯᠭᠡᠭᠦᠷ ᠠᠴᠠ ᠠᠪᠴᠢᠷᠠᠵᠣ ᠢᠳᠡᠬᠦ ᠳᠤ ᠥᠨ᠎ᠡ ᠶᠢ ᠨᠢ ᠪᠣᠣ ᠬᠡᠯᠡ᠂ ᠶᠠᠭᠤ ᠴᠦ ᠬᠤᠯᠢᠳᠠᠭ ᠢ ᠪᠣᠣ ᠮᠡᠳᠡ᠂ ᠠᠮᠠᠨ ᠎ ᠠᠴᠠ ᠣᠨᠠᠮᠠᠷ ᠭᠡᠵᠥ ᠨᠠᠰᠣᠳᠠᠢ ᠡᠵᠢ ᠬᠡᠯᠡᠭᠰᠡᠭᠡᠷ ᠪᠠᠶᠢᠯ᠎ᠠ᠃ ᠴᠢᠯᠠᠭᠤ ᠶᠢᠨ ᠨᠢᠷᠣᠭᠤᠨ ᠠᠷᠣ ᠶᠢᠨ ᠬᠢᠮᠣᠰᠣᠨ ᠰᠣᠷᠪᠢ ᠪᠠᠰᠠᠯᠠ ᠰᠢᠮᠰᠢᠬᠢᠨᠡᠵᠥ ᠡᠬᠢᠯᠡᠪᠡ᠃ ᠲᠠᠷᠠ ᠭᠠᠳᠠᠨ᠎ᠠ ᠭᠠᠷᠴᠣ ᠲᠡᠷᠭᠡᠨ ᠳᠤ ᠪᠠᠨ ᠣᠷᠣᠵᠣ ᠪᠣᠰᠣᠳ ᠢᠶᠠᠨ ᠬᠥᠯᠢᠶᠡᠨ ᠰᠠᠭᠤᠬᠤ ᠳᠤ ᠰᠣᠷᠪᠢ ᠪᠥᠬᠦᠨ ᠨᠢ ᠬᠠᠯᠠᠵᠥ ᠵᠠᠭᠠᠳᠣᠨᠠᠵᠣ ᠯᠡ ᠪᠠᠶᠢᠯ᠎ᠠ᠃       ᠴᠢᠯᠠᠭᠤ ᠠᠷᠠᠶᠢᠭᠡᠵᠥ ᠨᠢᠭᠡ ᠡᠳᠥᠷ ᠤᠨ ᠠᠵᠢᠯ ᠢᠶᠠᠨ ᠲᠡᠰᠪᠥᠷᠢᠯᠡᠨ ᠥᠩᠭᠡᠷᠡᠭᠡᠵᠥ᠂ ᠪᠠᠶᠢᠷᠢ ᠳᠤ ᠪᠠᠨ ᠢᠷᠡᠩᠭᠦᠳᠡ ᠬᠤᠪᠴᠠᠰᠥ ᠪᠠᠨ ᠲᠠᠶᠢᠯᠣᠨ ᠰᠣᠷᠪᠢ ᠪᠣᠯᠭᠠᠨ ᠢᠶᠠᠨ ᠰᠢᠨᠵᠢᠬᠦ ᠳᠤ ᠣᠨᠴᠠᠭᠠᠢ ᠢᠯᠡᠷᠡᠯ ᠶᠠᠭ ᠬᠠᠷᠠᠭᠳᠠᠭᠰᠠᠨ ᠥᠭᠡᠢ᠃ ᠣᠷᠣᠢ ᠨᠢ ᠪᠣᠳᠣᠯ ᠪᠣᠯᠣᠭᠰᠠᠭᠠᠷ ᠣᠷᠣᠨ ᠳᠠᠭᠠᠨ ᠣᠷᠣᠭᠰᠠᠨ ᠴᠦ ᠨᠣᠶᠢᠷ ᠨᠢ ᠬᠥᠷᠬᠦ ᠥᠭᠡᠢ ᠵᠣᠪᠠᠭᠠᠨ᠎ᠠ᠃ ᠣᠯᠠᠨ ᠪᠣᠳᠣᠯ ᠳᠤ ᠣᠷᠢᠶᠠᠭᠳᠠᠨ ᠲᠡᠭᠡᠪᠥᠷ ᠰᠢᠷᠳᠡᠭᠰᠡᠭᠡᠷ ᠬᠡᠨᠡᠳᠳᠡ ᠬᠤᠰᠢᠭᠤ ᠠᠯᠣᠰ ᠪᠠᠶᠢᠭ᠎ᠠ ᠡᠮᠴᠢ ᠨᠠᠶᠢᠵᠠ ᠪᠠᠨ ᠰᠠᠨᠠᠭᠠᠨ ᠳᠤ ᠣᠷᠣᠵᠣ᠂ ᠰᠣᠷᠪᠢ ᠶᠢᠨ ᠢᠶᠠᠨ ᠲᠣᠬᠠᠢ ᠵᠥᠪᠯᠡᠯᠭᠡ ᠠᠪᠬᠤ ᠪᠠᠷ ᠣᠳᠠᠰᠣᠳᠠᠪᠠ᠃ ᠨᠠᠶᠢᠵᠠ ᠨᠢ  ᠰᠣᠷᠪᠢ ᠶᠢᠨ ᠢᠯᠡᠷᠡᠯ ᠵᠡᠷᠭᠡ ᠶᠢ ᠨᠡᠯᠢᠶᠡᠳ ᠠᠰᠠᠭᠤᠵᠣ᠄         —— ᠡᠮᠨᠡᠯᠭᠡ ᠶᠢᠨ ᠣᠬᠠᠭᠠᠨ ᠳᠤ ᠡᠶᠢᠮᠥ ᠣᠴᠢᠷ ᠪᠠᠷᠤᠭ ᠰᠣᠨᠣᠰᠳᠠᠭ᠎ᠠ ᠥᠭᠡᠢ᠂ ︽ᠡᠮᠴᠢ ᠠᠴᠠ ᠲᠣᠮᠴᠢ︾ ᠭᠡᠭᠴᠢ ᠪᠠᠷ ᠮᠠᠨ ᠤ ᠠᠳᠡ ᠢᠯᠡ ᠲᠠᠯᠳᠠ ᠶᠢ ᠲᠥᠰᠥᠭᠡᠯᠡᠳᠡᠭ ᠡᠪᠥᠭᠡᠨ ᠮᠠᠮᠠ ᠪᠠᠶᠢᠨ᠎ᠠ᠃ ᠲᠠ ᠴᠢᠯᠥᠭᠡ ᠎ ᠪᠠᠨ ᠥᠵᠡᠨ ᠢᠷᠡᠵᠥ ᠥᠵᠡᠭᠡᠷᠡᠢ︕ ᠭᠡᠵᠥ ᠰᠣᠷᠠᠭ ᠲᠠᠮᠵᠢᠭᠤᠯᠪᠠ᠃               ᠥᠨᠥᠳᠥᠷ ᠠᠮᠠᠷᠠᠯᠳᠠ ᠪᠣᠯᠵᠣ ᠴᠢᠯᠠᠭᠤ ᠥᠷᠯᠥᠭᠡ ᠡᠷᠳᠡᠯᠡᠨ ᠡᠪᠥᠭᠡᠨ ᠮᠠᠮᠠ ᠶᠢᠨ ᠳᠤ ᠬᠥᠷᠬᠦ ᠪᠠᠷ ᠲᠡᠷᠭᠡ ᠣᠯᠵᠣ ᠠᠶᠠᠨ ᠤ ᠵᠢᠯᠣᠭᠤ ᠡᠷᠭᠦᠬᠦ ᠳᠤ ᠨᠠᠷᠠ ᠬᠤᠷ᠎ᠠ ᠲᠡᠩᠴᠡᠭᠰᠡᠨ ᠰᠠᠶᠢᠬᠠᠨ ᠪᠠᠶᠢᠭᠠᠯᠢ ᠰᠡᠷᠢᠭᠦᠥ ᠲᠠᠳᠠᠨ ᠠᠮᠢᠰᠬᠤᠯᠯᠠᠵᠣ᠂ ᠠᠶᠢᠯ ᠬᠤᠳᠠᠨ ᠠᠴᠠ ᠮᠠᠯ ᠰᠥᠷᠥᠭ ᠪᠡᠯᠴᠢᠭᠡᠷ ᠵᠥᠭ ᠲᠤ ᠪᠠᠨ ᠲᠠᠶᠢᠪᠣᠩ ᠠᠯᠬᠤᠯᠯᠠᠵᠥ᠂ ᠠᠶᠠᠨ ᠎ ᠤ ᠲᠥᠷᠥᠭᠡ ᠮᠢᠯᠢᠶᠠᠵᠣ ᠪᠠᠶᠢᠮᠠᠷ ᠪᠣᠯᠵᠣᠮᠣᠷ ᠰᠥᠯᠵᠢᠨ  ᠵᠢᠷᠬᠢᠯᠳᠥᠨ᠂ ᠠᠯᠣᠰ ᠤᠨ ᠬᠥᠬᠡ ᠠᠭᠤᠯᠠᠰ ᠥᠨᠳᠡᠯᠵᠡᠨ ᠨᠠᠭᠠᠰᠢᠯᠠᠬᠤ ᠳᠤ ᠲᠠᠭᠤᠣ ᠨᠢᠭᠡ ᠲᠠᠭᠤᠯᠠᠮᠠᠷ᠂ ᠲᠣᠷ᠎ᠠ ᠪᠠᠷ ᠨᠢᠭᠡ ᠬᠠᠰᠬᠢᠷᠣᠮᠠᠷ ᠰᠠᠨᠠᠭᠳᠠᠨ᠎ᠠ᠃ ᠣᠷᠳᠣ ᠵᠠᠮ ᠤᠨ ᠥᠵᠥᠭᠦᠷ ᠠᠴᠠ ᠣᠶᠢᠳᠬᠠᠷ ᠥᠭᠡᠢ ᠡᠪᠬᠡᠭᠰᠡᠭᠡᠷ ᠡᠪᠥᠭᠡᠨ ᠮᠠᠮᠠ ᠶᠢᠨ ᠣᠶᠠᠭᠠᠨ ᠲᠡᠭᠡᠷ᠎ᠡ ᠪᠠᠭᠤᠯ᠎ᠠ᠃             ᠠᠷᠴᠠ ᠬᠥᠵᠢ ᠶᠢᠨ ᠥᠨᠥᠷ ᠠᠩᠬᠢᠯᠣᠭᠰᠠᠨ ᠮᠠᠮᠠ ᠶᠢᠨ ᠥᠷᠥᠭᠡᠨ ᠳᠤ ᠬᠥᠩᠭᠡᠨ ᠬᠡᠰᠬᠢᠯᠡᠨ ᠣᠷᠣᠵᠣ᠂ ᠬᠥᠰᠡᠷ ᠲᠣᠣᠷ᠎ᠠ ᠠᠴᠠ ᠮᠥᠷᠬᠦᠯ ᠶᠣᠰᠣᠨ ᠢ ᠣᠰᠣᠯᠳᠣᠯ ᠥᠭᠡᠢ ᠬᠥᠢᠴᠡᠳᠬᠡᠨ᠂ ᠨᠣᠮ ᠡᠷᠢᠭᠡ ᠶᠢᠨ ᠰᠢᠳᠢ ᠶᠢ ᠲᠣᠯᠣᠭᠠᠢ ᠲᠡᠭᠡᠷ᠎ᠡ ᠪᠠᠨ ᠪᠠᠭᠤᠯᠭᠠᠵᠣ᠂ ᠨᠢᠳᠥ ᠠᠨᠢᠨ ᠵᠠᠯᠪᠠᠷᠢᠨ ᠪᠠᠶᠢᠳᠠᠯ᠎ᠠ  ᠡᠪᠥᠭᠡᠨ ᠮᠠᠮᠠ ᠬᠤᠭᠤᠯᠠᠢ ᠪᠠᠨ ᠬᠥᠨᠳᠡᠢ ᠵᠠᠰᠠᠨ᠄         —— ᠵᠠ︕ ᠨᠠᠰᠢ ᠪᠠᠨ ᠭᠡᠳ ᠴᠢᠯᠠᠭᠤ ᠶᠢᠨ ᠨᠢᠭᠤᠷ ᠴᠢᠷᠠᠢ ᠶᠢ ᠨᠢ ᠰᠢᠨᠵᠢᠨ ᠰᠢᠨᠵᠢᠭᠰᠡᠭᠡᠷ ︽ᠶᠠᠭᠤ᠂ ᠶᠠᠭᠠᠬᠢᠭᠰᠠᠨ︾ ᠭᠡᠵᠥ ᠠᠰᠠᠭᠤᠭᠰᠠᠨ ᠴᠦ ᠥᠭᠡᠢ᠄         —— ᠥ᠂ ᠮᠠᠯ ᠠᠴᠠ ᠯᠠ ᠰᠡᠪᠳᠡᠵᠠᠢ ᠰᠢᠣ᠃ ᠮᠠᠯ ᠤᠨ ᠵᠠᠶᠠᠭ᠎ᠠ ᠶᠢ ᠬᠡᠴᠠᠭᠦᠥ ᠭᠤᠮᠣᠳᠠᠭᠠᠵᠠᠢ ᠳ᠋ᠠ︕ ᠲᠡᠷᠡ ᠰᠣᠷᠪᠢ ᠶᠢ ᠬᠠᠷᠠᠬᠤ ᠥᠭᠡᠢ ᠤᠤ︖ ᠭᠡᠵᠥ ᠲᠣᠯᠣᠭᠠᠢ ᠰᠡᠭᠰᠥᠷᠡᠨ ᠬᠡᠯᠡᠬᠦ ᠳᠤ ᠴᠢᠯᠠᠭᠤ ᠭᠢᠷᠳ᠋ᠬᠢᠨ ᠰᠣᠴᠢᠵᠣ᠂ ᠭᠠᠶᠢᠬᠠᠨ ᠪᠢᠰᠢᠷᠡᠪᠡ᠃  —— ᠠᠪᠤ ᠡ︕ ᠠᠳᠡ ᠪᠠᠰᠠ ᠭᠡᠵᠥ ᠪᠣᠰᠣᠳ ᠰᠣᠷᠪᠢ ᠪᠠᠨ ᠥᠵᠡᠭᠦᠯᠬᠦ ᠭᠡᠭᠦ ᠳᠤ ᠮᠠᠮᠠ ᠨᠢ᠄         —— ᠥᠵᠡᠬᠦ ᠥᠭᠡᠢ᠂ ᠠᠳᠠᠯᠢᠬᠠᠨ ᠶᠠᠭᠤᠮ᠎ᠠ᠃ ᠨᠢᠬᠦᠯ ᠳ᠋ᠧ︕ ᠨᠢᠭᠦᠯ ᠭᠡᠵᠥ ᠬᠥᠩᠬᠢᠨᠡᠳᠡᠯ᠎ᠡ ᠨᠣᠮ ᠣᠩᠰᠢᠨ ᠡᠬᠢᠯᠡᠪᠡ᠃ ᠨᠡᠯᠢᠶᠡᠳ ᠣᠩᠰᠢᠭᠠᠳ ᠽᠠᠨᠳᠠᠨ ᠡᠷᠢᠭᠡ ᠪᠠᠨ ᠴᠢᠯᠠᠭᠤ ᠶᠢᠨ ᠲᠣᠯᠣᠭᠠᠢ ᠲᠡᠭᠡᠷ᠎ᠡ ᠪᠠᠭᠤᠯᠭᠠᠬᠤ ᠎ ᠳᠤ ᠨᠢᠳᠥᠨ ᠠᠴᠠ ᠨᠢ ᠭᠠᠯ ᠪᠣᠳᠠᠷᠠᠬᠤ ᠰᠢᠭ᠋ ᠪᠣᠯᠪᠠ᠃  —— ᠯᠠᠮ᠎ᠠ ᠠᠪᠤ ᠡ︕ ᠠᠪᠣᠷᠠᠯ ᠳᠤ ᠪᠠᠨ ᠪᠠᠭᠳᠠᠭᠠᠵᠣ᠂ ᠨᠢᠭᠦᠯ ᠬᠢᠯᠢᠨᠴᠡ ᠶᠢ ᠨᠢᠮᠬᠡᠯᠡᠨ᠂ ᠲᠣᠮ ᠲᠣᠬᠢᠶ᠎ᠡ ᠬᠢᠵᠥ ᠥᠭᠬᠦ ᠪᠣᠯᠪᠠᠣ︕ ᠭᠡᠵᠥ ᠴᠢᠯᠠᠭᠤ ᠬᠤᠭᠤᠯᠠᠢ ᠰᠥᠬᠡᠩᠬᠢᠳᠡᠭᠦᠥ ᠭᠤᠶᠣᠨ ᠴᠢᠷᠠᠶᠢᠳᠠᠯ᠎ᠠ᠃         —— ᠥ᠂ ᠵᠠᠯᠠᠭᠤ ᠡ︕ ᠭᠠᠯ ᠭᠤᠯᠣᠮᠳᠠ ᠪᠠᠨ ᠠᠷᠢᠭᠤᠯᠵᠣ ᠡᠳᠥᠷ ᠪᠥᠷᠢ ᠢᠳᠡᠭᠡᠨ ᠤ ᠲᠡᠭᠡᠵᠢ ᠎ ᠪᠠᠨ ᠡᠷᠭᠦ︕ ᠣᠪᠣᠭ᠎ᠠ ᠱᠠᠩᠰᠢ ᠳᠤ ᠪᠠᠨ ᠮᠥᠷᠭᠦᠵᠥ ᠨᠣᠳᠤᠭ ᠣᠰᠣᠨ ᠤ ᠨᠠᠪᠳᠠᠭ ᠰᠠᠪᠳᠠᠭ ᠳᠤ ᠪᠠᠨ ᠪᠠᠷᠢᠴᠠ ᠡᠷᠭᠦᠨ ᠪᠠᠶᠠᠰᠬ᠎ᠠ︕ ᠭᠡᠳ ᠪᠠᠭ᠋ᠠᠨ ᠪᠣᠳᠣᠯᠬᠢᠯᠠᠭᠰᠠᠨ ᠢᠶᠠᠨ᠄         —— ᠵᠠᠭᠤᠨ ᠮᠠᠯ ᠲᠠᠢ ᠠᠶᠢᠯ ᠤᠨ ᠬᠤᠯᠢᠴᠠ ᠥᠭᠡᠢ ᠬᠠᠷ᠎ᠠ ᠵᠢᠰᠥᠮ ᠤᠨ ᠭᠤᠨᠵᠢᠨ ᠥᠨᠢᠶᠡᠨ ᠤ ᠠᠩᠬᠠᠨ ᠤ ᠲᠥᠯ ᠤᠨ ᠬᠠᠷᠪᠢᠰᠣ ᠪᠠᠷ ᠭᠤᠷᠪᠠᠨ ᠲᠣᠯᠤᠭ᠎ᠠ ᠬᠤᠷᠢᠨ ᠨᠢᠭᠡᠨ ᠬᠤᠨᠤᠭ ᠥᠷᠯᠥᠭᠡ ᠪᠥᠷᠢ ᠰᠣᠷᠪᠢ ᠪᠣᠯᠭᠠᠨ ᠢᠶᠠᠨ ᠵᠥᠯᠬᠦᠵᠥ ᠪᠠᠢ︕ ᠭᠡᠵᠥ ᠠᠷᠪᠠᠨ ᠵᠡᠭᠦᠳᠥᠨ ᠳᠤ ᠥᠭᠡᠢ ᠰᠣᠨᠢᠨ ᠵᠠᠬᠢᠶ᠎ᠠ ᠯᠥᠪᠬᠢᠨ ᠪᠠᠭᠤᠬᠤ ᠳᠤ ᠴᠢᠯᠠᠭᠤ ᠰᠠᠭᠤᠭᠰᠠᠨ ᠣᠷᠣᠨ ᠳᠠᠭᠠᠨ ︽ᠮᠡᠯ ᠭᠠᠶᠢᠬᠠᠵᠣ᠂ ᠴᠡᠯ ᠭᠥᠬᠡᠷᠡᠵᠥ︾᠂ ᠪᠣᠰᠤᠭ᠎ᠠ  ᠰᠠᠭᠤᠭ᠎ᠠ ᠶᠢᠨ ᠬᠤᠭᠤᠷᠣᠨᠳᠣ  ᠲᠡᠨᠡᠭᠷᠡᠪᠡ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号