ᠮᠤᠩᠭᠤᠯᠴᠤᠳ ᠤᠨ ᠲᠦᠯᠡᠰᠢ — ᠠᠷᠭᠠᠯ ᠤᠨ ᠲᠣᠬᠠᠢ ᠵᠣᠭᠤᠭ
ᠨᠡᠶᠢᠲᠡᠯᠡᠭᠰᠡᠨ ᠴᠠᠭ᠄
2015/8/10
        ᠮᠤᠩᠭᠤᠯᠴᠤᠳ ᠤᠨ ᠲᠤᠯᠠᠭᠠᠯᠭ᠎ᠠ ᠪᠤᠶᠤ ᠬᠤᠭᠤᠯᠠ ᠪᠤᠳᠠᠭ᠎ᠠ ᠪᠠᠨ ᠪᠤᠯᠭᠤᠬᠤ ᠳᠤ ᠡᠨᠧᠷᠬᠢ ᠶᠢᠨ ᠰᠤᠷᠪᠤᠯᠵᠢ ᠪᠤᠯᠤᠭᠰᠠᠨ ᠬᠠᠳᠠᠭᠠᠭᠰᠠᠨ ᠦᠭᠡᠷ ᠤᠨ ᠪᠠᠭᠠᠰᠤ ᠶᠢ ᠠᠷᠭᠠᠯ ᠭᠡᠳᠡᠭ᠃ ᠡᠷᠳᠡ ᠦᠶ᠎ᠠ ᠳᠤ ᠠᠷᠭᠠᠯ ᠢ ᠲᠦᠯᠡᠰᠢ ᠪᠤᠯᠭᠠᠬᠤ ᠪᠠᠷ ᠡᠬᠦᠳᠠ ᠡᠷᠦᠭᠡ ᠳᠤ ᠪᠠᠨ ᠦᠢᠷᠠᠳᠤᠭᠤᠯᠤᠨ ᠵᠦᠭᠡᠭᠡᠬᠦ ᠠᠵᠢᠯ ᠢ ᠪᠦᠰᠡᠬᠦᠢ ᠨᠢ ᠬᠦᠢᠴᠡᠳᠭᠡᠵᠤ ᠪᠠᠶᠢᠭᠰᠠᠨ ᠠᠴᠠ ᠰᠠᠬᠦᠯᠴᠢ ᠦᠶ᠎ᠠ ᠳᠤ ᠪᠦᠰᠠᠳᠠᠢ ᠨᠢ ᠭᠤᠤᠯᠳᠠᠵᠤ ᠠᠷᠭᠠᠯ ᠲᠡᠬᠦᠬᠦ᠂ ᠲᠡᠭᠡᠭᠡᠵᠤ ᠬᠤᠷᠢᠶᠠᠬᠤ ᠪᠤᠯᠤᠭᠰᠠᠨ ᠶᠤᠮ᠃       ᠮᠤᠩᠭᠤᠯᠴᠤᠳ ᠮᠠᠨᠢ ᠡᠷᠳᠡ ᠲᠡᠭᠡᠳᠤ ᠠᠴᠠ ᠡᠷᠦᠭᠡ ᠲᠤᠭᠤᠨᠤ ᠪᠠᠨ ᠲᠤᠯᠠᠭᠠᠯᠠᠵᠤ ᠡᠷᠡᠨ ᠤ ᠬᠤᠭᠤᠯᠠ ᠪᠠᠨ ᠪᠠᠵᠠᠭᠠᠬᠤ ᠳᠤ ᠡᠭᠡᠨᠡᠭᠳᠡ ᠠᠷᠭᠠᠯ ᠠᠴᠠ ᠰᠠᠯᠵᠤ ᠴᠢᠳᠠᠰᠢ ᠦᠭᠡᠢ ᠪᠠᠶᠢᠳᠠᠭ᠃ ᠠᠷᠭᠠᠯ ᠤᠨ ᠭᠡᠷᠡᠭᠴᠡᠭᠡᠳᠤ ᠴᠢᠨᠠᠷ ᠠᠴᠠ ᠪᠤᠯᠵᠤ ᠮᠤᠩᠭᠤᠯᠴᠤᠳ ᠮᠠᠨᠢ ᠠᠷᠭᠠᠯ ᠢᠶᠠᠨ ︽ᠬᠠᠷ᠎ᠠ ᠠᠯᠳᠠ︾ ᠬᠡᠮᠡᠨ ᠨᠡᠷᠡᠯᠡᠳᠡᠭ᠃ ᠠᠭᠤᠯᠠ ᠨᠢᠷᠤᠭᠤᠳ ᠤᠨ ᠮᠤᠳᠤ ᠴᠢᠯᠠᠭᠤ ᠶᠢ ᠬᠦᠳᠡᠯᠭᠡᠳᠡᠭ ᠦᠭᠡᠢ ᠰᠢᠳᠦᠭᠡᠨ ᠰᠠᠬᠢᠯ ᠲᠠᠢ ᠪᠤᠯᠬᠤᠷ ᠵᠦᠪᠬᠡᠨ ᠠᠷᠭᠠᠯ ᠢᠶᠠᠷ ᠢᠶᠠᠨ ᠲᠦᠯᠡᠰᠢ ᠪᠤᠯᠭᠠᠳᠠᠭ᠃       ᠠᠷᠭᠠᠯ ᠢ ᠬᠠᠪᠤᠷ ᠤᠨ ᠬᠠᠷ᠎ᠠ ᠠᠷᠭᠠᠯ᠂ ᠵᠤᠨ ᠤ ᠬᠠᠯᠢᠰᠤ ᠠᠷᠭᠠᠯ᠂ ᠨᠠᠮᠤᠷ ᠤᠨ ᠰᠢᠷ᠎ᠠ ᠠᠷᠭᠠᠯ᠂ ᠡᠪᠤᠯ ᠤᠨ ᠬᠦᠯᠳᠡᠭᠦᠰᠤ ᠠᠷᠭᠠᠯ ᠭᠡᠵᠤ ᠤᠯᠠᠷᠢᠯ ᠢᠶᠠᠷ ᠢᠯᠭᠠᠳᠠᠭ᠃ ᠬᠠᠪᠤᠷ ᠤᠨ ᠬᠠᠷ᠎ᠠ ᠠᠷᠭᠠᠯ ᠨᠢ ᠬᠠᠳᠠᠭᠤᠯᠢᠭ ᠪᠠᠶᠢᠳᠠᠭ ᠠᠴᠠ ᠲᠦᠯᠡᠬᠦ ᠳᠤ ᠠᠷᠪᠢᠳᠠᠢ ᠮᠦᠷᠳᠡᠭᠡᠨ ᠢᠯᠴᠢ ᠢᠯᠭᠠᠷᠠᠭᠤᠯᠬᠤ ᠬᠡᠮᠵᠢᠶ᠎ᠠ ᠨᠢ ᠦᠨᠳᠤᠷ ᠪᠠᠶᠢᠳᠠᠭ᠃ ᠵᠤᠨ ᠤ ᠬᠠᠯᠢᠰᠤ ᠠᠷᠭᠠᠯ ᠨᠢ ᠬᠤᠷᠤᠬᠠᠶᠢᠰᠢᠭᠰᠠᠨ ᠠᠴᠠ ᠪᠤᠯᠵᠤ ᠰᠠᠶᠢᠮᠡᠬᠡᠢ ᠪᠠᠶᠢᠳᠠᠭ ᠠᠴᠠ ᠲᠦᠯᠡᠬᠦ ᠳᠤ ᠠᠷᠪᠢ ᠦᠭᠡᠢ ᠮᠦᠷᠳᠡᠭᠡᠨ ᠢᠯᠴᠢ ᠢᠯᠠᠭᠠᠷᠠᠭᠤᠯᠬᠤ ᠬᠡᠮᠵᠢᠶ᠎ᠠ ᠨᠢ ᠲᠤᠤᠷ᠎ᠠ ᠪᠠᠶᠢᠳᠠᠭ᠃ ᠨᠠᠮᠤᠷ ᠤᠨ ᠰᠢᠷ᠎ᠠ ᠠᠷᠭᠠᠯ ᠨᠢ ᠬᠤᠷᠤᠬᠠᠶᠢᠰᠢᠭᠰᠠᠨ ᠬᠡᠮᠵᠢᠶ᠎ᠠ ᠨᠢ ᠪᠠᠭ᠎ᠠ ᠡᠪᠡᠰᠤ ᠪᠠᠯᠴᠢᠭᠡᠷ ᠤᠨ ᠦᠡᠭ ᠰᠢᠮᠡᠯᠢᠭ ᠠᠴᠠ ᠪᠤᠯᠵᠤ ᠲᠤᠰᠤᠯᠢᠭ ᠴᠢᠨᠠᠷ  ᠲᠠᠢ ᠠᠴᠠ ᠰᠢᠳᠠᠴᠠ ᠨᠢ ᠲᠦᠷᠭᠡᠨ ᠠᠷᠪᠢ ᠪᠠᠷ ᠠᠨᠠᠢ ᠴᠤ ᠢᠯᠴᠢ ᠢᠯᠭᠠᠷᠠᠭᠤᠯᠬᠤ ᠬᠡᠮᠵᠢᠶ᠎ᠠ ᠨᠢ ᠨᠠᠯᠢᠶᠠᠳ ᠦᠨᠳᠤᠷ ᠪᠠᠶᠢᠳᠠᠭ᠃ ᠡᠪᠤᠯ ᠤᠨ ᠬᠦᠯᠳᠡᠬᠦᠰᠤ ᠠᠷᠭᠠᠯ ᠨᠢ ᠲᠠᠷᠤᠰᠢᠭᠤᠯᠵᠤ ᠵᠢᠯ ᠦᠨᠵᠢᠬᠦᠯᠦᠨ ᠬᠠᠳᠠᠭᠠᠭᠰᠠᠨ ᠠᠴᠠ ᠬᠠᠳᠠᠭᠤᠯᠢᠭ ᠨᠢᠡᠡᠳᠠᠴᠠ ᠲᠠᠢ ᠪᠠᠶᠢᠳᠠᠭ ᠢᠶᠠᠷ ᠢᠶᠠᠨ ᠲᠦᠯᠠᠬᠦ ᠳᠤ ᠲᠠᠭᠠᠭᠠᠮᠠᠭᠠᠢ᠂ ᠢᠯᠴᠢ ᠢᠯᠠᠭᠠᠷᠠᠭᠤᠯᠬᠤ ᠬᠡᠮᠵᠢᠶ᠎ᠠ  ᠨᠢ ᠦᠨᠳᠤᠷ ᠪᠠᠶᠢᠳᠠᠭ᠃ ᠠᠯᠢ ᠡᠷᠳᠡ ᠮᠤᠩᠭᠤᠯᠴᠤᠳ ᠮᠠᠨᠢ ᠤᠯᠠᠷᠢᠯ ᠢ ᠲᠠᠭᠠᠨ ᠨᠠᠬᠦᠳᠡᠯᠯᠡᠨ ᠮᠠᠯᠵᠢᠳᠠᠭ ᠠᠴᠠ ᠬᠠᠪᠤᠷ ᠤᠨ ᠤᠯᠠᠷᠢᠯ ᠳᠤ ᠠᠭᠤᠷ ᠠᠮᠢᠰᠬᠤᠯ ᠤᠶᠠᠬᠠᠨ ᠲᠤᠯᠭᠠᠨ ᠪᠤᠯᠬᠤᠷ ᠬᠠᠪᠤᠷ ᠤᠨ ᠬᠠᠷ᠎ᠠ ᠠᠷᠭᠠᠯ ᠢᠶᠠᠷ ᠲᠦᠯᠡᠰᠢ ᠪᠤᠯᠭᠠᠨ᠂ ᠵᠤᠨ ᠤ ᠤᠯᠠᠷᠢᠯ ᠳᠤ ᠲᠦᠭᠡᠨᠡᠮ᠎ᠡ ᠬᠠᠯᠠᠭᠤᠨ ᠪᠤᠯᠬᠤᠷ ᠬᠤᠭᠤᠯᠠ ᠪᠤᠳᠠᠭ᠎ᠠ ᠪᠠᠵᠠᠭᠠᠬᠤ ᠪᠤᠶᠤ ᠴᠠᠭᠠᠨ ᠢᠳᠡᠭᠡ ᠪᠠᠨ ᠡᠳ᠋ᠰᠢᠬᠦᠯᠬᠦ ᠳᠤ ᠵᠤᠨ ᠤ ᠬᠠᠯᠢᠰᠤ ᠠᠷᠭᠠᠯ ᠢᠶᠠᠷ ᠲᠦᠯᠡᠰᠢ ᠪᠤᠯᠭᠠᠨ᠂ ᠨᠠᠮᠤᠷ ᠤᠨ ᠤᠯᠠᠷᠢᠯ ᠳᠤ ᠰᠡᠷᠢᠬᠦᠨ ᠬᠦᠢᠳᠡᠯᠢᠭ ᠪᠤᠯᠬᠤᠷ ᠨᠠᠮᠤᠷ ᠤᠨ ᠰᠢᠷ᠎ᠠ ᠠᠷᠭᠠᠯ ᠢᠶᠠᠷ ᠲᠦᠯᠡᠰᠢ ᠪᠤᠯᠭᠠᠵᠤ᠂ ᠡᠪᠤᠯ ᠤᠨ ᠤᠯᠠᠷᠢᠯ ᠳᠤ ᠶᠠᠩᠬᠢᠨᠠᠮ᠎ᠠ ᠬᠦᠢᠳᠡᠨ ᠪᠤᠯᠬᠤᠷ ᠡᠪᠤᠯ ᠤᠨ ᠠᠷᠭᠠᠯ ᠢᠶᠠᠷ ᠢᠶᠠᠨ ᠲᠦᠯᠡᠰᠢ ᠪᠤᠯᠭᠠᠳᠠᠭ᠃       ᠬᠠᠪᠤᠷ᠂ ᠵᠤᠨ᠂ ᠨᠠᠮᠤᠷ ᠤᠨ ᠪᠠᠭᠠᠰᠤ ᠶᠢ ᠬᠠᠳᠠᠭᠠᠬᠤ ᠳᠤ ᠤᠯᠠᠩᠬᠢ ᠳᠤ ᠪᠠᠨ ᠬᠠᠯᠴᠠᠭᠠᠢ ᠭᠠᠵᠠᠷ ᠲᠡᠭᠡᠷ᠎ᠠ ᠰᠠᠪᠡᠷ ᠢᠶᠠᠷ ᠬᠡᠰᠡᠭᠯᠡᠨ ᠲᠠᠯᠭᠡᠨ ᠬᠠᠳᠠᠭᠠᠳᠠᠭ᠃ ᠵᠠᠷᠢᠮ ᠠᠶᠢᠯ ᠨᠢ ᠭᠡᠷᠡᠮ ᠤᠨ ᠤᠷᠤᠢ ᠳᠤ ᠰᠢᠪᠠᠨ ᠤᠪᠤᠭᠠᠯᠠᠵᠤ ᠬᠠᠳᠠᠭᠠᠳᠠᠭ ᠪᠤᠶᠤ ᠠᠷᠭᠠᠯ ᠤᠰᠤᠨ ᠳᠤ ᠨᠠᠷᠢᠯᠢᠭ ᠠᠶᠢᠯ ᠤᠨ ᠬᠢᠨ ᠦᠭᠡᠷ ᠤᠨ ᠪᠠᠭᠠᠰᠤ ᠪᠠᠨ ᠭᠠᠷ  ᠢᠶᠠᠷ ᠪᠦᠮᠪᠦᠭᠡᠯᠡᠵᠤ ᠬᠠᠪᠳᠠᠭᠠᠶᠢᠷᠠᠭᠤᠯᠤᠨ ᠬᠠᠳᠠᠭᠠᠳᠠᠭ ᠴᠤ ᠪᠤᠢ᠃ ᠢᠡᠭᠬᠢᠵᠤ ᠬᠠᠳᠠᠭᠠᠭᠰᠠᠨ ᠪᠠᠭᠠᠰᠤ ᠶᠢ ︽ᠠᠷᠭᠠᠯ  ᠤᠨ ᠪᠣᠤᠪᠤ︾ ᠭᠡᠳᠡᠭ᠃ ᠡᠪᠤᠯ ᠤᠨ ᠬᠦᠯᠳᠡᠬᠦᠰᠤ ᠶᠢ ᠬᠠᠳᠠᠭᠠᠬᠤ ᠳᠤ ᠪᠠᠨ ᠬᠠᠰᠢᠶᠠᠨ ᠤ ᠬᠤᠨᠤᠰᠢ ᠪᠠᠭᠠᠰᠤ ᠪᠠᠨ ᠠᠷᠤᠭ ᠠᠷᠤᠭ ᠢᠶᠠᠷ ᠡᠬᠦᠷᠦᠨ ᠨᠢᠭᠡ ᠭᠤᠭᠤᠵᠢᠭᠤᠷ ᠲᠡᠷᠭᠡ ᠪᠤᠯᠭᠠᠨ ᠤᠪᠤᠭᠠᠯᠠᠳᠠᠭ᠃ ᠡᠬᠦᠨ ᠢ ᠨᠢᠭᠡ ᠤᠪᠤᠭ᠎ᠠ ᠠᠷᠭᠠᠯ ᠬᠡᠳᠡᠭ᠃       ᠨᠠᠮᠤᠷ ᠤᠨ ᠰᠠᠬᠦᠯᠴᠢ ᠡᠪᠤᠯ ᠤᠨ ᠡᠬᠢ ᠪᠠᠷ ᠬᠢ ᠭᠡᠭᠡᠷ᠎ᠠ ᠶᠢᠨ ᠬᠤᠨᠤᠰᠢ ᠪᠠᠭᠠᠰᠤ ᠲᠡᠬᠦᠬᠦ ᠭᠡᠭᠴᠢ ᠮᠤᠩᠭᠤᠯ ᠡᠷᠡᠴᠤᠳ ᠤᠨ ᠤᠷᠮ᠎ᠠ ᠲᠠᠢ ᠠᠵᠤ ᠶᠢᠨ ᠨᠢᠭᠡ ᠪᠢᠯᠠ᠃ ᠰᠢᠷᠭᠠᠯ ᠨᠠᠮᠤᠷ ᠤᠨ ᠤᠯᠠᠷᠢᠯ ᠳᠤ ᠶᠠᠷᠤ ᠳᠤ ᠪᠠᠨ ᠦᠭᠡᠷ ᠮᠠᠯ ᠢᠶᠠᠨ ᠲᠤᠰᠤᠨ ᠲᠠᠷᠭᠤ ᠰᠠᠭᠤᠯᠭᠠᠬᠤ ᠭᠡᠵᠤ ᠮᠠᠯᠴᠢᠳ ᠮᠠᠨᠢ ᠦᠭᠡᠷ ᠢᠶᠠᠨ ᠬᠤᠳᠠᠨ ᠳᠤ ᠪᠠᠨ ᠬᠠᠰᠢᠶᠠᠯᠠᠳᠠᠭ ᠦᠭᠡᠢ ᠠᠴᠠ ᠭᠡᠭᠡᠷ᠎ᠡ ᠲᠠᠯ᠎ᠠ ᠶᠢᠨ ᠰᠠᠬᠤᠯᠢᠭ ᠪᠠᠯᠴᠢᠭᠡᠷ ᠲᠤ ᠬᠤᠨᠤᠭᠯᠠᠭᠤᠯᠳᠠᠭ᠃ ᠡᠨᠠ ᠬᠦ ᠬᠤᠭᠤᠴᠠᠭᠠᠨ ᠳᠠᠬᠢ ᠦᠭᠡᠷ ᠤᠨ ᠬᠤᠨᠤᠰᠢ ᠶᠢᠨ ᠪᠠᠭᠠᠰᠤ ᠨᠢ ᠠᠵᠢᠯᠴᠢ ᠡᠷ᠎ᠡ ᠶᠢᠨ ᠬᠤᠷᠤᠬᠠᠢ ᠶᠢ ᠬᠦᠳᠡᠯᠭᠡᠳᠡᠭ  ᠠᠴᠠ ᠦᠷ ᠢᠶᠠᠷ ᠡᠷᠳᠡᠯᠡᠨ ᠬᠤᠨᠤᠰᠢ ᠶᠢᠨ ᠪᠠᠭᠠᠰᠤ ᠲᠡᠬᠦᠬᠦ ᠪᠠᠷ ᠤᠷᠤᠯᠳᠤᠳᠠᠭ᠃ ᠬᠠᠰᠢᠷ ᠨᠢᠭᠡᠨ ᠪᠤᠯ ᠡᠮᠤᠨ᠎ᠡ ᠤᠷᠤᠢ ᠨᠢ ᠪᠠᠯᠴᠢᠭᠡᠷᠯᠠᠵᠤ ᠪᠠᠶᠢᠭ᠎ᠠ ᠦᠭᠡᠷ ᠤᠳ ᠬᠠᠮᠢᠭ᠎ᠠ ᠬᠡᠪᠳᠡᠷᠢ ᠠᠪᠬᠤ ᠭᠡᠵᠤ ᠪᠠᠶᠢᠭ᠎ᠠ ᠶᠢ ᠠᠩᠭᠠᠵᠡᠷᠡᠨ ᠮᠠᠳᠠᠵᠤ᠂ ᠲᠠᠷᠠᠭ᠎ᠠ ᠦᠷᠯᠦᠭᠡ ᠨᠢ ᠲᠠᠷᠠ ᠵᠦᠭ ᠲᠤ ᠬᠦᠳᠡᠯᠵᠤ ᠪᠤᠰᠤᠳ ᠠᠴᠠ ᠤᠷᠢᠳᠠᠵᠤ ᠬᠤᠨᠤᠰᠢ ᠶᠢᠨ ᠪᠠᠭᠠᠰᠤ  ᠶᠢ ᠱᠠᠯᠠᠮᠠᠭᠠᠶᠢᠯᠠᠨ ᠲᠡᠬᠦᠳᠡᠭ᠃ ᠰᠠᠪᠡᠷ ᠰᠠᠪᠡᠷ ᠢᠶᠠᠷ ᠲᠡᠬᠦᠵᠤ᠂ ᠠᠷᠤᠭ ᠠᠷᠤᠭ ᠢᠶᠠᠷ ᠤᠪᠤᠭᠠᠯᠠᠭᠰᠠᠭᠠᠷ ᠠᠷᠭᠠᠯ ᠲᠡᠬᠦᠬᠦ ᠶᠢᠨ ᠪᠠᠬ᠎ᠠ ᠲᠠᠢ ᠠᠭᠰᠤᠮ᠎ᠠ ᠡᠷ᠎ᠡ ᠴᠤ ᠠᠰᠬᠠᠷᠠᠮ᠎ᠠ ᠬᠦᠯᠦᠰᠤ ᠲᠠᠢ ︽ᠲᠠᠯ᠎ᠠ ᠶᠢᠨ ᠠᠳᠤᠭᠤ ᠶᠢ ᠲᠠᠰᠤ ᠬᠤᠷᠢᠶᠠᠴᠢᠬᠠᠭᠰᠠᠨ︾ ᠠᠷᠤᠭ ᠰᠠᠪᠠᠷ ᠢᠶᠠᠨ ᠲᠡᠯᠪᠢᠵᠤ ᠡᠮᠤᠰᠬᠢᠬᠦ ᠵᠠᠭᠤᠷ᠎ᠠ ᠬᠤᠨᠤᠰᠢ ᠳᠤ ᠪᠠᠬ᠎ᠠ ᠲᠠᠢ ᠭᠤᠵᠢᠮᠳᠠᠭᠤ ᠡᠷ᠎ᠡ ᠴᠤ ᠬᠤᠴᠤᠷᠴᠤ ᠢᠷᠡᠭᠡᠳ ᠬᠡᠮᠰᠢᠯ ᠲᠠᠯᠪᠢᠳᠠᠭ ᠤᠳᠠᠭ᠎ᠠ ᠴᠤ ᠤᠯᠠᠨ ᠤᠯᠠᠨ ᠭᠠᠷᠳᠠᠭ ᠪᠠᠶᠢᠭᠰᠠᠨ᠃ ᠦᠭᠡᠷ  ᠤᠨ ᠬᠤᠨᠤᠰᠢ ᠲᠡᠬᠦᠬᠦ ᠳᠤ ᠦᠭᠡᠷ ᠤᠨ ᠤᠯᠠᠨ ᠴᠦᠭᠡᠨ ᠨᠢ ᠲᠤᠩ ᠴᠢᠬᠤᠯᠠ ᠪᠠᠶᠢᠳᠠᠭ᠃ ᠭᠡᠳᠤᠨ ᠵᠠᠭᠤᠭᠠᠳ ᠦᠭᠡᠷ ᠤᠨ ᠬᠤᠨᠤᠰᠢ ᠶᠢᠨ ᠪᠠᠭᠠᠰᠤ ᠶᠢ ᠲᠡᠬᠦᠬᠦ ᠳᠤ ᠰᠠᠶ᠋ᠢ ᠠᠷᠭᠠᠯ ᠲᠡᠬᠦᠬᠦᠭᠴᠢ ᠶᠢᠨ ᠡᠷ᠎ᠡ ᠰᠢᠨᠳᠠᠰᠤ ᠠᠷᠭ᠎ᠠ ᠲᠠᠮ  ᠢ ᠰᠢᠯᠭᠠᠳᠠᠭ᠃ ᠵᠠᠷᠢᠮ ᠨᠢ ᠪᠠᠭᠠᠰᠤ ᠶᠢ ᠰᠠᠪᠠᠷᠠᠯᠠᠬᠤ ᠳᠤ ᠪᠠᠨ ᠲᠠᠮ ᠲᠠᠢ᠂ ᠰᠠᠪᠠᠯᠠᠬᠤ ᠳᠤ ᠪᠠᠨ ᠤᠨᠤᠴᠢ ᠲᠠᠢ ᠪᠠᠶᠢᠬᠤ ᠳᠤ ᠵᠠᠷᠢᠮ ᠨᠢ ᠡᠪ ᠲᠦᠢ ᠠᠨᠠᠢ ᠠᠴᠠ ᠪᠤᠯᠵᠤ ᠠᠷᠤᠭ ᠤᠨ ᠭᠠᠳᠠᠨ᠎ᠠ ᠤᠨᠠᠭᠠᠵᠤ ᠲᠤᠰᠬᠠᠳᠠᠭ ᠠᠴᠠ ᠠᠷᠤᠭ  ᠨᠢ ᠲᠦᠬᠦᠷᠡᠬᠦ ᠠᠴᠠ ᠡᠮᠤᠨ᠎ᠡ ᠴᠢᠳᠬᠤᠴᠢᠬᠠᠳᠠᠭ᠃ ᠵᠠᠷᠢᠮ ᠨᠢ ᠭᠡᠳᠤᠨ ᠲᠡᠷᠭᠡ ᠲᠡᠬᠦᠴᠢᠭᠡᠭᠡᠳ ᠡᠷ᠎ᠡ ᠶᠢᠨ ᠰᠢᠨᠵᠢ  ᠲᠠᠢ ᠬᠡᠳᠡᠶᠢᠵᠤ ᠪᠠᠶᠢᠬᠤ ᠳᠤ ᠵᠠᠷᠢᠮ ᠨᠢ ᠭᠡᠳᠦᠬᠡᠨ ᠠᠷᠤᠭ ᠲᠡᠬᠦᠴᠢᠭᠡᠭᠡᠳ ᠭᠡᠳᠤᠷᠡᠳᠡᠯ᠎ᠡ ᠮᠠᠭᠤᠳᠠᠯ᠎ᠠ ᠬᠡᠮᠡᠨ ᠬᠠᠵᠠᠭᠤᠯᠵᠤ ᠪᠠᠶᠢᠬᠤ ᠴᠤ ᠪᠤᠢ᠃ ᠨᠠᠮᠤᠷ ᠤᠨ ᠪᠠᠭᠠᠰᠤ ᠨᠢ ᠪᠦᠷᠢᠨ ᠬᠦᠯᠳᠡᠭᠡᠳᠤᠢ ᠪᠤᠯᠬᠤᠷ ᠬᠤᠨᠤᠰᠢ ᠪᠠᠨ ᠲᠡᠬᠦᠵᠤ ᠪᠠᠷᠠᠪᠠᠯ ᠠᠳᠡ ᠲᠠᠨᠳᠠ ᠴᠢᠳᠬᠤᠭᠰᠠᠨ ᠪᠠᠭᠠᠰᠤ ᠪᠠᠨ ᠴᠤᠭᠯᠠᠭᠤᠯᠵᠤ᠂ ᠤᠷᠳᠤ ᠲᠦᠷᠪᠡᠯᠵᠢᠨ ᠪᠤᠶᠤ ᠲᠤᠭᠤᠷᠢᠭ ᠬᠡᠯᠪᠡᠷᠢ ᠲᠠᠢ ᠵᠡᠷᠭᠡ ᠵᠦᠢᠯ ᠵᠦᠢᠯ ᠤᠨ ᠤᠨᠴᠠᠭᠠᠢ ᠲᠠᠮᠳᠡᠭ ᠲᠠᠢ ᠲᠡᠯᠭᠡᠳᠡᠭ᠃ ᠢᠡᠭᠬᠢᠵᠤ ᠲᠡᠯᠭᠡᠬᠦ ᠦᠭᠡᠢ ᠪᠤᠯ ᠪᠤᠰᠤᠳ ᠤᠨ ᠬᠢ ᠲᠠᠢ ᠠᠳᠡᠬᠦᠷᠡᠬᠦ ᠶᠠᠪᠤᠳᠠᠯ ᠴᠤ ᠭᠠᠷᠳᠠᠭ᠃ ᠦᠭᠡᠷ ᠤᠨ ᠪᠠᠭᠠᠰᠤ ᠶᠢ ᠶᠠᠷᠤ ᠨᠢ ᠤᠯᠠᠷᠢᠯ ᠤᠨ ᠬᠠᠯᠠᠭᠤᠨ ᠬᠦᠢᠳᠡᠨ ᠴᠢᠨᠠᠷ ᠢᠶᠠᠷ ᠨᠦᠢᠳᠠᠨ ᠪᠠᠭᠠᠰᠤ᠂ ᠴᠠᠷᠴᠠᠭᠤ ᠪᠠᠭᠠᠰᠤ᠂ ᠬᠦᠯᠳᠡᠬᠦᠦ ᠪᠠᠭᠠᠰᠤ ᠭᠡᠵᠤ᠂ ᠤᠷᠤᠨ ᠪᠠᠶᠢᠷᠢ ᠪᠠᠷ ᠨᠢ ᠬᠠᠰᠢᠶᠠᠨ ᠤ ᠪᠠᠭᠠᠰᠤ᠂ ᠬᠤᠨᠤᠰᠢ ᠶᠢᠨ ᠪᠠᠭᠠᠰᠤ᠂ ᠴᠤᠪᠤᠭ᠎ᠠ ᠪᠠᠭᠠᠰᠤ᠂ ᠪᠠᠯᠴᠢᠭᠡᠷ ᠤᠨ ᠪᠠᠭᠠᠰᠤ ᠭᠡᠵᠤ ᠢᠯᠭᠠᠳᠠᠭ᠃ ᠨᠦᠢᠳᠠᠨ ᠪᠠᠭᠠᠰᠤ ᠨᠢ ᠬᠦᠯᠳᠡᠬᠦᠦ ᠪᠠᠭᠠᠰᠤ ᠠᠴᠠ ᠡᠬᠦᠷᠬᠦ ᠳᠤ ᠬᠦᠨᠳᠤ ᠪᠠᠶᠢᠵᠤ᠂ ᠬᠦᠴᠦ ᠲᠠᠮᠢᠷ ᠢ ᠪᠠᠷᠠᠳᠠᠭ᠃ ᠨᠦᠢᠳᠠᠨ ᠪᠠᠭᠠᠰᠤ᠂ ᠴᠡᠷᠴᠠᠭᠤ ᠪᠠᠭᠠᠰᠤ ᠶᠢ ᠲᠠᠯᠭᠡᠬᠦ ᠪᠤᠶᠤ ᠲᠠᠯᠤᠩᠯᠡᠨ ᠴᠢᠳᠬᠤᠳᠠᠭ᠃ ᠬᠤᠨᠤᠰᠢ ᠪᠠᠭᠠᠰᠤ᠂ ᠪᠠᠯᠴᠢᠭᠡᠷ ᠤᠨ ᠪᠠᠭᠠᠰᠤ ᠶᠢ ᠶᠠᠷᠤ ᠨᠢ ᠲᠤᠪᠤᠯᠢᠭ ᠪᠤᠶᠤ ᠲᠠᠨᠵᠢ ᠭᠠᠵᠠᠷ ᠲᠡᠷᠭᠡ ᠪᠤᠶᠤ ᠭᠡᠳᠤᠨ ᠲᠡᠷᠭᠡ ᠪᠠᠷ ᠴᠤᠭᠯᠠᠭᠤᠯᠤᠨ ᠤᠪᠤᠭᠠᠯᠠᠳᠠᠭ᠃ ᠢᠡᠭᠬᠢᠬᠦ ᠨᠢ ᠬᠠᠳᠠᠬᠤ ᠳᠤ ᠬᠤᠷᠳᠤᠨ ᠪᠠᠶᠢᠳᠠᠭ᠃ ᠭᠡᠷ ᠦᠢᠷᠠᠯᠴᠠᠭ᠎ᠠ ᠴᠤᠪᠤᠭ᠎ᠠ ᠪᠠᠭᠠᠰᠤ ᠶᠢ ᠭᠤᠤᠯᠳᠠᠭᠤ ᠠᠷᠤᠭ ᠠᠷᠤᠭ ᠢᠶᠠᠷ ᠭᠠᠳᠠᠨ᠎ᠠ ᠪᠠᠨ ᠡᠬᠦᠷᠦᠨ ᠵᠦᠭᠡᠭᠡᠳᠡᠭ ᠴᠤ ᠪᠤᠢ᠃ ᠪᠠᠯᠴᠢᠭᠡᠷ ᠤᠨ ᠪᠠᠭᠠᠰᠤ ᠶᠢ ᠲᠡᠬᠦᠬᠦ ᠳᠤ ᠪᠠᠰᠠ ᠴᠤ ᠬᠠᠰᠢᠷ ᠲᠤᠷᠰᠢᠯᠭ᠎ᠠ ᠪᠠᠶᠢᠬᠤ ᠭᠡᠷᠡᠭᠳᠡᠢ᠃ ᠦᠭᠡᠷ ᠤᠨ ᠰᠦᠷᠦᠭ ᠠᠯᠢ ᠵᠦᠭ ᠲᠤ ᠪᠠᠯᠴᠢᠭᠡᠷᠯᠡᠬᠦ ᠪᠠᠷ ᠭᠠᠷᠤᠭᠰᠠᠨ᠂ ᠬᠠᠮᠢᠭᠠᠭᠤᠷ ᠲᠤᠭᠳᠠᠨ ᠢᠳᠡᠰᠢᠯᠠᠵᠤ ᠪᠠᠶᠢᠭᠰᠠᠨ᠂ ᠬᠡᠪᠳᠡᠵᠤ ᠪᠠᠶᠢᠭᠰᠠᠨ ᠴᠠᠷᠠᠭ᠎ᠠ ᠬᠦᠷᠢᠶ᠎ᠠ ᠶᠢ ᠲᠤᠪᠤ ᠲᠤᠯᠤᠭᠠᠳ ᠤᠨ ᠤᠷᠤᠢ ᠳᠤ ᠭᠠᠷᠴᠤ ᠠᠵᠢᠭᠯᠠᠨ ᠮᠠᠳᠠᠵᠤ᠂ ᠲᠡᠷᠠ ᠤᠷᠤᠨ ᠵᠠᠢ ᠪᠠᠷ ᠡᠷᠢᠨ ᠲᠡᠭᠦᠪᠠᠯ ᠠᠷᠭᠠᠯ ᠤᠨ ᠤᠯᠵᠠ ᠤᠮᠤᠭ ᠢᠯᠠᠬᠦᠦ ᠪᠠᠶᠢᠳᠠᠭ᠃ ᠵᠦᠪᠬᠡᠨ ᠦᠭᠡᠷ ᠤᠳ ᠪᠠᠯᠴᠢᠭᠡᠷᠯᠡᠵᠤ ᠪᠠᠶᠢᠭ᠎ᠠ ᠲᠤᠬᠠᠢ ᠶᠢᠨ ᠭᠠᠵᠠᠷ ᠲᠤ ᠲᠡᠬᠦᠬᠦ ᠪᠢᠰᠢ᠂ ᠬᠠᠷᠢᠨ ᠢᠳᠡᠰᠢᠯᠠᠵᠤ ᠴᠠᠳᠤᠭᠠᠳ ᠬᠡᠪᠳᠡᠵᠤ ᠦᠡᠭᠭᠡᠷᠡᠭᠰᠠᠨ ᠬᠡᠪᠳᠡᠷᠢ ᠤᠷᠤᠨ ᠢ ᠤᠯᠵᠤ ᠲᠡᠭᠦᠪᠠᠯ ᠠᠷᠭᠠᠯ ᠤᠨ ᠬᠤᠷᠢᠶᠠᠯᠳᠠ ᠨᠠᠩ ᠠᠷᠪᠢᠨ ᠪᠢᠯᠠ᠃       ᠠᠷᠤᠭ ᠢ ᠶᠠᠷᠤ ᠨᠢ ᠨᠠᠶᠢᠭᠤᠯᠵᠠᠭᠤᠷ ᠮᠤᠳᠤ ᠪᠠᠷ ᠬᠦᠷᠦᠳᠡᠭ᠃ ᠶᠠᠷᠤ ᠳᠤ ᠪᠠᠨ ᠲᠠᠯᠳᠤ᠂ ᠴᠠᠶᠢᠷ ᠂ ᠬᠠᠶᠢᠯᠠᠰᠤ᠂ ᠪᠤᠷᠭᠠᠰᠤ ᠵᠡᠷᠭᠡ ᠨᠠᠶᠢᠭᠤᠯᠵᠠᠭᠤᠷ ᠮᠤᠳᠤ ᠪᠠᠷ ᠬᠦᠷᠦᠵᠤ᠂ ᠠᠷᠭᠠᠯ ᠲᠡᠬᠦᠬᠦ ᠡᠵᠡᠨ ᠤ ᠬᠢᠨᠢ ᠴᠢᠳᠠᠯ ᠲᠤᠷᠪᠢ ᠳᠤ ᠨᠢ ᠵᠤᠬᠢᠴᠠᠭᠤᠯᠤᠨ ᠪᠦᠳᠦᠬᠦᠨ ᠪᠠᠭ᠎ᠠ ᠶᠢ ᠨᠢ ᠲᠤᠬᠢᠷᠠᠭᠤᠯᠳᠠᠭ᠃ ᠰᠠᠭᠰᠠ ᠠᠷᠤᠭ ᠪᠠ ᠴᠤᠩᠬᠤ ᠲᠠᠢ ᠭᠡᠵᠤ ᠬᠤᠶᠠᠷ ᠵᠦᠢᠯ ᠪᠠᠶᠢᠳᠠᠭ᠃ ᠰᠠᠭᠰᠠ ᠠᠷᠤᠭ ᠨᠢ ᠡᠬᠦᠷᠭᠦ ᠳᠤ ᠬᠦᠨᠳᠤ ᠰᠢᠭ ᠪᠤᠯᠪᠠᠴᠤ ᠪᠠᠬᠢᠯᠢᠭ᠌ ᠪᠠᠶᠢᠵᠤ᠂ ᠴᠤᠩᠬᠤ ᠲᠠᠢ ᠠᠷᠤᠭ ᠨᠢ ᠡᠬᠦᠷᠭᠦ ᠳᠤ ᠬᠦᠡᠭᠭᠡᠨ ᠰᠢᠭ ᠪᠤᠯᠪᠠᠴᠤ ᠬᠡᠪᠡᠷᠡᠭ ᠪᠠᠶᠢᠳᠠᠭ᠃ ᠴᠠᠶᠢᠷ ᠤᠨ ᠮᠤᠳᠤ ᠪᠤᠶᠤ ᠲᠠᠯᠳᠤ ᠶᠢᠨ ᠮᠤᠳᠤ ᠶᠢᠨ ᠨᠠᠶᠢᠭᠤᠯᠵᠠᠭᠤᠷ ᠢᠶᠠᠷ ᠬᠦᠷᠦᠭᠰᠠᠨ ᠠᠷᠤᠭ ᠨᠢ ᠬᠠᠮᠤᠭ ᠠᠴᠠ ᠪᠦᠭᠡᠯᠢᠭ ᠪᠠᠶᠢᠳᠠᠭ᠃ ᠠᠷᠤᠭ ᠬᠦᠷᠦᠬᠦ ᠨᠢ ᠪᠠᠰᠠ ᠨᠢᠭᠡᠨ ᠭᠠᠷ ᠤᠷᠠᠯᠠᠯ ᠢ ᠭᠠᠶᠢᠬᠠᠭᠤᠯᠳᠠᠭ ᠠᠵᠤ ᠪᠤᠯᠬᠤᠷ ᠤᠷᠠᠨ ᠴᠡᠮᠴᠡᠭᠡᠷ ᠬᠦᠷᠦᠭᠰᠠᠨ ᠠᠷᠤᠭ ᠢ ᠡᠬᠦᠷᠪᠠᠯ ᠨᠤᠳᠤᠭ ᠤᠰᠤ ᠶᠢᠨ ᠢᠶᠠᠨ ᠠᠷᠭᠠᠯ ᠲᠡᠬᠦᠭᠴᠢᠳ ᠤᠨ ᠪᠠᠭ᠋ᠠᠷᠬᠠᠯ ᠢ ᠲᠠᠳᠠᠳᠠᠭ ᠴᠤ ᠪᠤᠢ᠃ ᠮᠤᠳᠤᠨ ᠰᠠᠪᠠᠷ ᠢ ᠬᠤᠶᠠᠷ ᠵᠦᠢᠯ ᠳᠤ ᠬᠤᠪᠢᠶᠠᠳᠠᠭ᠃ ᠠᠷᠭᠠᠯ ᠲᠡᠬᠦᠬᠦ ᠰᠠᠪᠡᠷ ᠪᠤᠶᠤ ᠠᠷᠭᠠᠯ ᠲᠡᠭᠡᠭᠡᠬᠦ ᠰᠠᠪᠡᠷ ᠪᠤᠯᠤᠨ᠎ᠠ᠃ ᠠᠷᠭᠠᠯ ᠲᠡᠬᠦᠬᠦ ᠪᠠ ᠠᠷᠭᠠᠯ ᠲᠡᠭᠡᠭᠡᠬᠦ ᠰᠠᠪᠠᠷ ᠢ ᠰᠢᠷ᠎ᠠ ᠲᠠᠯᠳᠤ ᠪᠠᠷ ᠮᠠᠳᠡᠨ ᠬᠢᠵᠤ᠂ ᠭᠤᠤᠯ ᠰᠢᠳᠤ ᠨᠢ ᠡᠰᠢ ᠲᠠᠢ ᠪᠠᠨ ᠦᠷᠬᠦᠯᠵᠢ ᠪᠠᠶᠢᠵᠤ᠂ ᠬᠤᠶᠠᠷ ᠲᠠᠯ᠎ᠠ ᠶᠢᠨ ᠰᠢᠳᠤ ᠶᠢ ᠨᠢ ᠭᠤᠤᠯ ᠰᠢᠳᠤ ᠲᠠᠢ ᠨᠢ ᠬᠡᠯᠳᠤᠷᠠᠰᠤ ᠭᠠᠷᠭᠠᠨ ᠬᠤᠯᠪᠤᠵᠤ᠂ ᠦᠭᠡᠷ ᠤᠨ ᠰᠢᠬᠢᠷ᠎ᠠ ᠶᠢᠨ ᠠᠷᠠᠰᠤ ᠪᠠᠷ ᠡᠯᠳᠡᠭᠰᠠᠨ ᠰᠤᠷ ᠢᠶᠠᠷ ᠰᠠᠪᠡᠷ ᠤᠨ ᠰᠢᠳᠤ ᠶᠢᠨ ᠪᠤᠭᠤᠮ᠎ᠠ ᠪᠤᠶᠤ ᠲᠤᠮᠳᠠ ᠤᠷᠴᠢᠮ ᠢᠶᠠᠷ ᠡᠷᠢᠶᠠᠰᠤ ᠬᠢᠵᠤ ᠴᠢᠩᠭᠠᠯᠠᠨ ᠲᠤᠭᠳᠠᠭᠠᠨ᠎ᠠ᠃ ᠠᠷᠭᠠᠯ ᠲᠡᠬᠦᠬᠦ ᠰᠠᠪᠡᠷ ᠨᠢ 5 — 7 ᠰᠢᠳᠤ ᠲᠠᠢ᠂ ᠠᠷᠭᠠᠯ ᠲᠡᠭᠡᠭᠡᠬᠦ ᠰᠠᠪᠡᠷ ᠨᠢ 9 — 10 ᠰᠢᠳᠤ ᠲᠠᠢ ᠪᠠᠶᠢᠳᠠᠭ᠃       ᠠᠷᠭᠠᠯ ᠲᠡᠭᠡᠭᠡᠬᠦ ᠭᠡᠵᠤ ᠪᠠᠰᠠ ᠨᠢᠭᠡᠨ ᠪᠠᠬ᠎ᠠ ᠲᠠᠢ ᠠᠵᠤ ᠪᠦᠭᠡᠳ ᠠᠵᠢᠯᠴᠢ ᠡᠷᠡᠴᠤᠳ ᠤᠨ ᠬᠦᠳᠡᠯᠮᠤᠷᠢ ᠶᠢᠨ ᠬᠤᠷᠢᠶᠠᠯᠳᠠ ᠪᠤᠯᠬᠤ ᠶᠤᠮ᠃ ᠶᠠᠷᠤ ᠳᠤ ᠪᠠᠨ ᠭᠡᠭᠡᠷ᠎ᠠ ᠶᠢᠨ ᠠᠷᠭᠠᠯ ᠢᠶᠠᠨ ᠪᠢᠯᠢᠭ ᠤᠨ ᠤᠯᠠᠷᠢᠯ  ᠤᠨ ᠴᠠᠭᠠᠨ ᠰᠠᠷ᠎ᠠ ᠶᠢᠨ ᠠᠷᠪᠠᠨ ᠲᠠᠪᠤᠨ ᠦᠡᠭᠭᠡᠷᠡᠭᠡᠳ ᠡᠬᠢᠯᠠᠨ ᠲᠡᠭᠡᠭᠡᠳᠡᠭ᠃ ᠠᠷᠭᠠᠯ ᠲᠡᠭᠡᠭᠡᠬᠦ ᠠᠴᠠ ᠤᠷᠢᠳ ᠬᠦᠯᠪᠦᠷᠢ ᠶᠢᠨ ᠦᠭᠡᠷ ᠤᠨ ᠢᠳᠡᠰᠢ ᠤᠤᠭᠤᠰᠢ ᠶᠢ ᠲᠠᠩᠴᠠᠬᠦᠯᠦᠨ ᠤᠶᠠᠬᠤ ᠶᠢᠨ ᠲᠠᠭᠠᠤ ᠮᠤᠳᠤᠨ ᠲᠡᠷᠭᠡ ᠪᠠᠨ ᠰᠠᠯᠪᠢᠨ ᠴᠢᠩᠭᠠᠷᠠᠭᠤᠯᠬᠤ ᠪᠤᠶᠤ ᠪᠤᠯᠤ ᠲᠠᠩᠭᠡᠯᠢᠭ ᠤᠨ ᠲᠤᠰᠤᠯᠠᠬᠤ᠂ ᠠᠷᠭᠠᠯ ᠲᠡᠭᠡᠭᠡᠬᠦ ᠳᠤ ᠭᠡᠷᠡᠭᠯᠡᠬᠦ ᠯᠢᠶᠠᠩᠼᠢ ︵ᠨᠠᠶᠢᠭᠤᠯᠵᠠᠭᠤᠷ ᠢᠶᠠᠷ ᠬᠦᠷᠦᠭᠰᠠᠨ ᠲᠤᠮᠤ ᠰᠠᠭᠰᠠ︶᠂ ᠠᠳᠠᠭᠠᠷ᠂ ᠲᠠᠳᠠᠯᠭ᠎ᠠ ᠲᠠᠭᠡᠰᠤ᠂ ᠮᠤᠳᠤᠨ ᠰᠠᠪᠡᠷ᠂ ᠨᠠᠭᠠᠯᠳᠤᠨ ᠬᠦᠯᠳᠡᠭᠰᠠᠨ ᠪᠠᠭᠠᠰᠤ ᠶᠢ ᠬᠤᠪᠠᠭ᠋ᠠᠯᠠᠬᠤ ᠭᠤᠤᠲᠸᠤ ᠵᠡᠷᠭᠡ ᠪᠠᠨ ᠪᠦᠷᠢᠨ ᠲᠦᠬᠦᠷ ᠪᠡᠯᠡᠳᠭᠡᠳᠡᠭ᠃ ᠠᠷᠭᠠᠯ ᠲᠡᠭᠡᠭᠡᠬᠦ ᠯᠢᠶᠠᠩᠼᠢ ᠶᠢ ᠮᠤᠳᠤᠨ ᠲᠡᠷᠭᠡᠨ ᠤ ᠢᠯᠡᠤ ᠶᠢᠨ ᠬᠡᠮᠵᠢᠶ᠎ᠠ ᠪᠠᠷ ᠬᠦᠷᠦᠳᠡᠭ ᠪᠤᠯᠬᠤᠷ ᠤᠷᠤᠴᠠ ᠬᠡᠮᠵᠢᠶ᠎ᠠ ᠨᠢ ᠶᠠᠷᠤᠩᠬᠡᠢ ᠳᠤ ᠪᠠᠨ ᠠᠳᠠᠯᠢ ᠪᠠᠶᠢᠵᠤ᠂ ᠶᠠᠷᠤ ᠳᠤ ᠪᠠᠨ ᠠᠷᠪᠠᠨ ᠠᠷᠤᠭ ᠤᠨ ᠪᠠᠭᠳᠠᠭᠠᠮᠵᠢ ᠲᠠᠢ ᠪᠠᠶᠢᠳᠠᠭ᠃ ᠨᠠᠮᠤᠷ ᠤᠨ ᠰᠢᠷ᠎ᠠ ᠠᠷᠭᠠᠯ ᠢ ᠲᠡᠭᠡᠭᠡᠬᠦ ᠳᠤ ᠰᠤᠭᠰᠤᠷᠠᠭ᠎ᠠ ᠯᠢᠶᠠᠩᠼᠢ ᠪᠠᠷ ᠲᠡᠭᠡᠭᠡᠳᠡᠭ ᠠᠴᠠ ᠬᠤᠷᠢ ᠭᠤᠴᠢᠨ ᠠᠷᠤᠭ ᠢᠶᠠᠷ ᠴᠤ ᠪᠠᠭᠳᠠᠭᠠᠳᠠᠭ᠃ ᠨᠢᠭᠡ ᠡᠪᠤᠯ᠂ ᠬᠠᠪᠤᠷ ᠤᠨ ᠠᠷᠭᠠᠯ ᠢ ᠵᠠᠷᠢᠮ ᠡᠷᠡᠴᠤᠳ ᠨᠢ ᠨᠠᠶᠠ ᠵᠠᠭᠤᠨ ᠲᠡᠷᠭᠡ ᠲᠡᠭᠡᠭᠡᠳᠡᠭ ᠴᠤ ᠪᠤᠢ᠃ ᠠᠷᠭᠠᠯ ᠢ ᠲᠠᠷᠤᠰᠢᠭᠤᠯᠬᠤ ᠳᠤ ᠤᠷᠢᠳ ᠢᠶᠠᠷ ᠬᠠᠰᠢᠶᠠᠨ ᠦᠭᠡᠷ ᠤᠨ ᠠᠷᠭᠠᠯ ᠢᠶᠠᠨ ᠲᠠᠷᠤᠵᠤ᠂ ᠲᠠᠷᠠᠭ᠎ᠠ ᠨᠢ ᠭᠡᠭᠡᠷ᠎ᠠ ᠶᠢᠨ ᠠᠷᠭᠠᠯ ᠢᠶᠠᠨ ᠲᠡᠭᠡᠭᠡᠵᠤ ᠲᠠᠷᠤᠰᠢᠭᠤᠯᠳᠠᠭ᠃ ᠵᠠᠷᠢᠮ ᠠᠶᠢᠯ ᠨᠢ ᠠᠷᠭᠠᠯ ᠲᠠᠷᠤᠰᠢᠭᠤᠯᠬᠤ ᠳᠤ ᠪᠠᠨ ᠬᠠᠰᠢᠶᠠᠯᠠᠬᠤ᠂ ᠵᠠᠷᠢᠮ ᠠᠶᠢᠯ ᠨᠢ ᠵᠡᠷᠭᠡᠯᠡᠬᠦ᠂ ᠵᠠᠷᠢᠮ ᠠᠶᠢᠯ ᠨᠢ ᠰᠤᠯᠠ ᠲᠠᠯᠤᠩᠯᠡᠨ ᠲᠠᠷᠤᠰᠢᠭᠤᠯᠳᠠᠭ᠃ ᠠᠷᠭᠠᠯ ᠲᠠᠷᠤᠰᠢᠭᠤᠯᠬᠤ ᠳᠤ ᠪᠠᠨ ᠲᠤᠪᠤᠯᠢᠭ ᠲᠠᠨᠵᠢ ᠭᠠᠵᠠᠷ ᠢ ᠰᠤᠩᠭᠤᠵᠤ᠂ ᠠᠷᠭᠠᠯ ᠤᠨ ᠬᠠᠳᠠᠬᠤ ᠪᠠ ᠤᠰᠤᠨ ᠳᠤ ᠲᠠᠪᠳᠦᠬᠦ ᠠᠴᠠ ᠬᠢᠴᠢᠶᠡᠳᠡᠭ᠃ ᠵᠡᠷᠭᠡᠯᠡᠨ ᠲᠠᠷᠤᠰᠢᠭᠤᠯᠬᠤ ᠳᠤ ᠬᠦᠴᠦ ᠬᠦᠳᠡᠯᠮᠤᠷᠢ ᠢᠯᠠᠬᠦᠦ ᠵᠠᠷᠤᠴᠠᠭᠤᠯᠬᠤ ᠶᠢᠨ ᠬᠠᠮᠳᠤ ᠲᠠᠮ ᠮᠡᠷᠭᠡᠵᠢᠯ ᠭᠡᠷᠡᠭᠰᠡᠳᠡᠭ᠃ ᠵᠡᠷᠭᠡᠯᠡᠬᠦ ᠪᠦᠳᠦᠭᠦᠨ ᠠᠷᠭᠠᠯ ᠢᠶᠠᠨ ᠤᠷᠢᠳ  ᠢᠶᠠᠷ ᠰᠤᠩᠭᠤᠵᠤ ᠢᠯᠭᠠᠬᠤ ᠶᠢᠨ ᠲᠠᠭᠠᠤ ᠵᠡᠷᠭᠡᠯᠡᠵᠤ᠂ ᠵᠡᠷᠭᠡᠯᠡᠬᠦ ᠶᠢᠨ ᠲᠠᠭᠠᠤ ᠠᠷᠭᠠᠯ ᠢᠶᠠᠨ ᠲᠦᠬᠦᠷᠭᠡᠳᠡᠭ᠃ ᠵᠡᠷᠭᠡᠯᠡᠬᠦ ᠳᠤ ᠪᠠᠨ ᠦᠭᠡᠷ ᠤᠨ ᠪᠠᠭᠠᠰᠤ ᠶᠢᠨ ᠬᠡᠯᠪᠡᠷᠢ ᠲᠦᠷᠰᠤ ᠶᠢ ᠦᠵᠠᠨ ᠲᠤᠬᠢᠳᠠᠢ ᠲᠠᠯᠪᠢᠬᠤ ᠶᠢᠨ ᠲᠠᠭᠤ ᠰᠠᠭᠤᠷᠢ ᠠᠴᠠ ᠲᠡᠭᠡᠭᠰᠢ ᠪᠠᠨ ᠴᠤᠮᠤᠭ ᠵᠡᠷᠭᠡᠯᠡᠳᠡᠭ᠃ ᠡᠰᠠ ᠲᠠᠶᠢᠮᠤ ᠪᠤᠯ ᠵᠡᠷᠭᠡᠯᠡᠭᠰᠠᠨ ᠠᠷᠭᠠᠯ ᠨᠢ ᠬᠢᠯᠪᠠᠷᠬᠠᠨ ᠨᠤᠷᠠᠵᠤ ᠤᠨᠠᠳᠠᠭ᠃ ᠠᠷᠭᠠᠯ ᠢᠶᠠᠨ ᠵᠤᠬᠢᠬᠤ ᠬᠡᠮᠵᠢᠶᠠᠨ ᠳᠤ ᠵᠡᠷᠭᠡᠯᠡᠭᠰᠠᠨ ᠤ ᠬᠤᠶᠢᠨ᠎ᠠ ᠤᠷᠤᠶᠢᠯᠠᠵᠤ᠂ ᠤᠷᠤᠶᠢᠯᠠᠭᠰᠠᠨ ᠠᠷᠭᠠᠯ ᠢᠶᠠᠨ ᠨᠢᠭᠡ ᠦᠷᠯᠦᠭᠡᠨ ᠤ ᠬᠠᠰᠢᠶᠠᠨ ᠳᠠᠬᠢ ᠦᠭᠡᠷ ᠤᠨ ᠨᠦᠢᠳᠠᠨ ᠪᠠᠭᠠᠰᠤ ᠪᠠᠨ ᠤᠰᠤ ᠪᠠᠷ ᠨᠤᠬᠤᠵᠤ ᠮᠢᠯᠢᠶᠠᠨ ᠰᠢᠪᠠᠵᠤ᠂ ᠵᠤᠬᠢᠬᠤ ᠬᠤᠭᠤᠴᠠᠭ᠎ᠠ ᠪᠤᠯᠪᠠᠯ ᠲᠠᠯᠡᠭ ᠲᠠᠢ ᠠᠷᠭᠠᠯ ᠢᠶᠠᠨ ᠵᠡᠷᠭᠡᠯᠡᠭᠰᠠᠨ ᠤ ᠬᠡᠮᠵᠢᠶ᠎ᠠ  ᠪᠠᠷ ᠪᠦᠬᠦᠨ ᠢ ᠮᠢᠯᠢᠶᠠᠵᠤ᠂ ᠨᠢᠭᠡ ᠤᠨ ᠤ ᠲᠠᠷᠤᠰᠢ ᠠᠷᠭᠠᠯ ᠤᠨ ᠪᠦᠬᠦ ᠠᠵᠢᠯ ᠲᠠᠭᠤᠰᠳᠠᠭ᠃ ᠠᠷᠭᠠᠯ ᠲᠠᠷᠤᠰᠢᠭᠤᠯᠬᠤ ᠳᠤ ᠪᠠᠨ ᠵᠠᠷᠢᠮ ᠠᠶᠢᠯ ᠨᠢ ᠵᠤᠨ ᠨᠠᠮᠤᠷ ᠤᠨ ᠲᠠᠷᠤᠰᠢ᠂ ᠡᠪᠤᠯ ᠬᠠᠪᠤᠷ ᠤᠨ ᠲᠠᠷᠤᠰᠢ ᠭᠡᠵᠤ ᠲᠤᠰ ᠲᠤᠰ ᠲᠤᠨᠢ ᠰᠠᠯᠭᠠᠨ ᠲᠠᠷᠤᠰᠢᠭᠤᠯᠳᠠᠭ᠃ ᠬᠤᠶᠠᠷ ᠭᠤᠷᠪᠠᠨ ᠲᠠᠯᠠᠩ ᠲᠠᠷᠤᠰᠢ ᠲᠠᠢ ᠠᠶᠢᠯ ᠪᠤᠯ ᠬᠤᠳᠠ ᠤᠰᠤᠨ  ᠳᠤ ᠪᠠᠨ ᠱᠠᠭᠰᠢᠭᠳᠠᠭᠰᠠᠨ ᠠᠵᠢᠯᠴᠢ ᠠᠶᠢᠯ ᠪᠤᠯᠤᠨ᠎ᠠ᠃ ᠲᠠᠷᠤᠰᠢ ᠠᠷᠭᠠᠯ ᠢ ᠬᠤᠶᠠᠷ ᠵᠢᠯ ᠠᠴᠠ ᠲᠡᠭᠡᠭᠰᠢ ᠪᠠᠶᠢᠯᠭᠠᠪᠠᠯ ᠰᠢᠷᠤᠶᠢᠰᠢᠵᠤ ᠲᠦᠯᠠᠬᠦ ᠳᠤ ᠢᠯᠴᠢ ᠢᠯᠭᠠᠷᠠᠭᠤᠯᠬᠤ ᠬᠡᠮᠵᠢᠶ᠎ᠠ ᠨᠢ ᠲᠤᠤᠷ᠎ᠠ ᠨᠤᠴᠤᠬᠤ ᠨᠢ ᠠᠨᠠᠢ ᠪᠠᠶᠢᠳᠠᠭ ᠠᠴᠠ ᠠᠷᠭᠠᠯ ᠬᠤᠳᠠᠯᠳᠤᠨ ᠠᠪᠤᠭᠴᠢ ᠶᠠᠪᠤᠭᠤᠯ ᠬᠢᠳᠡᠳ ᠲᠤ ᠲᠠᠯᠠᠩ ᠢᠶᠠᠷ ᠨᠢ ᠪᠤᠶᠤ ᠲᠡᠷᠭᠡ ᠪᠠᠷ ᠦᠨ᠎ᠠ ᠬᠠᠶᠠᠯᠴᠢᠨ ᠬᠤᠳᠠᠯᠳᠤᠵᠤ᠂ ᠮᠦᠡᠭᠬᠦ ᠵᠤᠭᠤᠰ ᠵᠤᠯᠢᠵᠤ ᠠᠮᠢᠳᠤᠷᠠᠯ ᠳᠤ ᠪᠠᠨ ᠵᠠᠷᠤᠴᠠᠭᠤᠯᠳᠠᠭ ᠴᠤ ᠪᠤᠢ᠃ ᠨᠤᠳᠤᠭ  ᠤᠨ ᠮᠤᠩᠭᠤᠯᠴᠤᠳ ᠮᠢᠨᠢ ᠬᠤᠨᠢ ᠢᠮᠠᠭᠠᠨ ᠤ ᠪᠠᠭᠠᠰᠤ — ᠭᠤᠷᠭᠤᠤᠯ ᠬᠦᠷᠵᠡᠩ ᠢᠶᠠᠷ ᠶᠠᠷᠤ ᠳᠤ ᠪᠠᠨ ᠲᠦᠯᠡᠰᠢ ᠬᠢᠳᠡᠭ ᠦᠭᠡᠢ᠃ ᠤᠳᠤᠭ᠎ᠠ ᠲᠤᠭᠤᠰᠤ ᠨᠢ ᠠᠭᠠᠷ ᠢ ᠪᠤᠬᠢᠷᠳᠤᠭᠤᠯᠵᠤ᠂ ᠡᠪᠡᠳᠴᠢᠨ ᠲᠠᠬᠤᠯ ᠤᠯᠬᠤ ᠠᠴᠠ ᠬᠢᠴᠢᠶᠡᠳᠡᠭ᠃ ᠬᠤᠨᠢ ᠢᠮᠠᠭᠠᠨ ᠬᠤᠷᠭᠤᠤᠯ ᠢ ᠵᠠᠷᠢᠮ ᠠᠶᠢᠯ ᠨᠢ ᠵᠢᠯ ᠦᠨᠵᠢᠬᠦᠯᠦᠨ ᠲᠦᠯᠡᠰᠢ ᠪᠤᠯᠭᠠᠳᠠᠭ ᠴᠤ ᠪᠤᠢ᠃ ᠡᠷᠳᠡ ᠳᠤ ᠪᠠᠨ ᠮᠤᠷᠢᠨ ᠬᠤᠮᠤᠭᠤᠯ ᠢ ᠪᠠᠷᠤᠭ ᠤᠨ ᠠᠶᠢᠯ ᠨᠢ ᠦᠭᠡᠷ ᠤᠨ ᠪᠠᠭᠠᠰᠤ ᠲᠠᠢ ᠬᠤᠯᠢᠵᠤ ᠲᠠᠷᠤᠰᠢᠭᠤᠯᠳᠠᠭ ᠦᠭᠡᠢ᠂ ᠵᠦᠪᠬᠡᠨ ᠬᠠᠪᠤᠷ ᠤᠨ ᠬᠠᠷ᠎ᠠ ᠬᠤᠮᠤᠭᠤᠯ ᠢ ᠠᠰ ᠲᠤᠨᠢ ᠲᠠᠷᠤᠰᠢᠭᠤᠯᠵᠤ ᠲᠦᠯᠡᠰᠢ ᠪᠤᠯᠭᠠᠳᠠᠭ᠃       ᠠᠷᠭᠠᠯ ᠨᠢ ᠮᠤᠩᠭᠤᠯᠴᠤᠳ ᠤᠨ ᠠᠷᠢᠭᠤᠨ ᠭᠤᠯᠤᠮᠳᠠ ᠪᠠᠨ ᠬᠦᠭᠵᠢᠭᠡᠵᠤ᠂ ᠠᠮᠤ ᠬᠦᠨᠠᠰᠤ ᠶᠢ  ᠨᠢ ᠪᠤᠯᠭᠤᠳᠠᠭ ᠠᠮᠢᠯᠠᠯ ᠤᠨ ᠰᠤᠷᠪᠤᠯᠵᠢ ᠪᠤᠯᠤᠭᠰᠠᠨ ᠢᠶᠠᠷ ᠢᠶᠠᠨ ᠮᠤᠩᠭᠤᠯ ᠵᠠᠩ ᠦᠢᠯᠠ ᠶᠢᠨ ᠴᠢᠬᠤᠯᠠ ᠨᠢᠭᠡᠨ ᠡᠯᠧᠮᠧᠨ᠋ᠲ ᠪᠤᠯᠬᠤ ᠶᠤᠰᠤᠳᠠᠢ᠃  
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号