ᠴᠢ ᠪᠢᠳᠡᠨ ᠢ ᠭᠠᠰᠠᠯᠭᠠᠭᠰᠠᠨ ᠪᠡᠯᠡᠭ ᠲᠠᠯ᠎ᠠ ᠶᠢᠨ ᠶᠠᠪᠤᠯᠴᠠᠭ᠎ᠠ
ᠨᠡᠶᠢᠲᠡᠯᠡᠭᠰᠡᠨ ᠴᠠᠭ᠄
2015/7/31
        ᠪᠡᠯᠡᠭ ᠲᠠᠯ᠎ᠠ ᠶᠢᠨ ᠶᠠᠪᠤᠯᠴᠠᠭ᠎ᠠ ᠶᠢ ᠳᠤᠷᠠᠳᠬᠤ ᠲᠠᠢ ᠵᠡᠷᠭᠡ ᠠᠶᠢᠯ ᠡᠷᠦᠬᠡ ᠪᠤᠯᠭᠠᠨ ᠳᠤ ᠶᠠᠷᠢᠭᠠᠳ ᠪᠠᠷᠠᠬᠤ ᠦᠭᠡᠢ ᠦᠯᠢᠭᠡᠷ ᠪᠠᠶᠢᠲᠠᠭ᠃ ᠬᠥᠮᠥᠨ ᠪᠣᠯᠭᠠᠨ ᠪᠡᠯᠡᠭ ᠲᠠᠯ᠎ᠠ ᠶᠢᠨ ᠶᠠᠪᠣᠯᠴᠠᠭ᠎ᠠ ᠶᠢᠨ ᠮᠠᠭᠤ ᠶᠢ ᠮᠡᠳᠡᠵᠦ᠂ ᠬᠡᠯᠡᠵᠦ᠂ ᠡᠰᠡᠷᠭᠦᠴᠡᠵᠦ ᠪᠠᠶᠢᠳᠠᠭ ᠪᠣᠯᠪᠠᠴᠤ ᠬᠡᠨ ᠴᠦ ᠬᠡᠰᠡᠨ ᠡᠨᠡᠬᠦ ᠵᠢᠭᠲᠡᠢ ︽ᠠᠭᠠᠯᠵᠢᠨ ᠲᠣᠣᠷ︾ ᠠᠴᠠ ᠰᠠᠯᠵᠤ ᠴᠢᠳᠠᠬᠤ ᠦᠭᠡᠢ ᠪᠤᠬᠢᠨᠢᠳᠤᠵᠤ ᠰᠠᠭᠤᠳᠠᠭ᠃       ᠵᠠᠷᠢᠮ ᠡᠷᠦᠬᠡ ᠶᠢᠨ ᠵᠢᠯ ᠤᠨ ᠪᠡᠯᠡᠭ ᠲᠠᠯ᠎ᠠ ᠶᠢᠨ ᠶᠠᠪᠤᠯᠴᠠᠭ᠎ᠠ ᠶᠢᠨ ᠵᠠᠷᠤᠳᠠᠯ ᠨᠢ ᠣᠷᠣᠯᠭ᠎ᠠ ᠶᠢᠨ ᠬᠢᠨᠢ ᠬᠠᠭᠠᠰ ᠢᠯᠡᠭᠦᠦ ᠶᠢ ᠡᠵᠡᠯᠡᠵᠦ᠂ ᠠᠮᠢᠳᠤᠷᠠᠯ ᠤᠨ ᠭᠤᠣᠯ ᠵᠠᠷᠤᠳᠠᠯ ᠤᠨ ᠬᠢᠨᠢ ᠶᠡᠬᠡᠩᠬᠢ ᠨᠢ ᠪᠣᠯᠵᠤ ᠪᠠᠶᠢᠳᠠᠭ᠃ ᠲᠡᠷᠡᠴᠢᠯᠡᠨ ᠵᠠᠷᠢᠮ ᠡᠷᠦᠬᠡ ᠵᠢᠭᠡᠯᠡᠯᠭᠡ ᠪᠠᠷ ᠴᠤ ᠬᠡᠰᠡᠨ ᠤᠷᠢᠯᠭ᠎ᠠ ᠵᠠᠯᠠᠯᠭ᠎ᠠ ᠶᠢᠨ ᠵᠠᠷᠤᠳᠠᠯ ᠢᠶᠠᠨ ᠵᠠᠪᠠᠯ ᠭᠠᠷᠭᠠᠬᠤ ᠪᠠᠷ ᠴᠢᠷᠮᠠᠶᠢᠲᠠᠭ᠃ ᠢᠩᠭᠢᠭᠡᠳ ᠠᠳᠠᠯ ᠠᠮᠢᠳᠤᠷᠠᠯ ᠤᠨ ᠦᠨᠳᠥᠰᠦᠨ ᠪᠠᠲᠤᠯᠠᠭ᠎ᠠ ᠪᠠᠨ ᠴᠤ ᠪᠠᠳᠣᠯᠠᠵᠣ ᠳᠡᠶᠢᠯᠬᠦ ᠦᠭᠡᠢ ᠪᠣᠯᠵᠤ᠂ ᠠᠮᠢᠳᠤᠷᠠᠯ ᠤᠨ ᠶᠠᠰᠤ ᠴᠢᠨᠠᠷ ᠨᠢ ᠶᠡᠬᠡᠪᠡᠷ ᠳᠣᠷᠣᠭᠰᠢᠯᠠᠵᠦ ᠪᠠᠶᠢᠭ᠎ᠠ ᠵᠢᠱᠢᠶ᠎ᠡ ᠮᠤᠩᠭᠦᠢ᠃ ᠦᠨᠡᠬᠡᠷ ᠴᠦ ︽ᠳᠡᠭᠡᠭᠦᠷ ᠨᠢᠭᠤᠷ ᠲᠡᠮᠡᠴᠡᠵᠦ᠂ ᠳᠣᠣᠭᠤᠷ ᠠᠮᠢ ᠲᠡᠮᠡᠴᠡᠬᠦ︾ ᠭᠡᠭᠴᠢ ᠡᠨᠡ ᠪᠣᠶᠣ᠃ ᠤᠳᠤᠬᠠᠨ ᠤ ᠨᠡᠶᠢᠭᠡᠮ ᠳᠤ ᠬᠥᠮᠥᠨ ᠬᠥᠮᠥᠨ ᠤ ᠬᠤᠭᠤᠷᠣᠨᠳᠣᠬᠢ ᠬᠠᠷᠢᠯᠴᠠᠭ᠎ᠠ ᠶᠠᠪᠤᠯᠴᠠᠭ᠎ᠠ ᠶᠢ ᠬᠡᠲᠦ ᠬᠦᠨᠳᠥᠳᠬᠡᠵᠦ᠂ ︽ᠠᠬ᠎ᠠ ᠳᠡᠭᠦᠦ ᠶᠢᠨ ᠨᠠᠶᠢᠷ ᠲᠠᠯ᠎ᠠ ᠶᠢᠨ ᠲᠥᠯᠥᠭᠡ ᠬᠤᠶᠠᠷ ᠰᠦᠪᠡᠭᠡᠨ ᠳᠡᠭᠡᠨ ᠢᠯᠲᠦ ᠠᠭᠰᠠᠵᠤ ᠣᠷᠣᠬᠤ︾ ᠬᠥᠮᠥᠨ ᠣᠯᠠᠩᠬᠢ ᠶᠢ ᠡᠵᠡᠯᠡᠵᠦ ᠪᠣᠢ᠃ ᠲᠡᠭᠡᠬᠦ ᠳᠤ ᠡᠨᠡᠬᠦ ᠨᠡᠶᠢᠭᠡᠮ ᠤᠨ ᠬᠠᠷᠢᠯᠴᠠᠭ᠎ᠠ ᠶᠠᠪᠤᠯᠴᠠᠭ᠎ᠠ ᠶᠢᠨ ᠮᠤᠨᠳᠠᠭ ᠶᠡᠭᠡ ᠥᠪᠡᠷ ᠤᠨ ᠥᠷᠲᠡᠭ ᠢ ᠨᠠᠷᠢᠨ ᠪᠣᠳᠣᠵᠤ ᠲᠤᠩᠭᠠᠳᠠᠭ ᠨᠢ ᠴᠥᠭᠡᠨ᠂ ᠲᠡᠷᠡᠴᠢᠯᠡᠨ ︽ᠬᠥᠨᠵᠢᠯᠡ ᠶᠢᠨ ᠢᠶᠠᠨ ᠬᠢᠷᠢ ᠪᠠᠷ ᠬᠥᠯ  ᠢᠶᠠᠨ ᠵᠢᠭᠢᠬᠦ︾ ᠶᠢ ᠤᠮᠠᠷᠲᠠᠵᠤ᠂ ᠥᠪᠡᠷᠰᠡᠳ ᠤᠨ ᠢᠶᠠᠨ ᠠᠳᠠᠯ ᠠᠮᠢᠳᠤᠷᠠᠯ ᠤᠨ ᠢᠶᠠᠨ ᠦᠨᠳᠥᠰᠦ ᠰᠠᠭᠤᠷᠢ ᠪᠠᠨ ᠴᠦ ᠭᠤᠶᠢᠪᠢᠯᠵᠠᠭᠤᠯᠵᠤ ᠪᠠᠶᠢᠳᠠᠭ ᠨᠢ ᠴᠥᠭᠡᠨ ᠪᠤᠰᠤ ᠪᠠᠶᠢᠲᠠᠭ᠃ ᠦᠨᠡᠨ ᠳᠡᠭᠡᠨ ᠨᠡᠶᠢᠭᠡᠮ ᠤᠨ ᠨᠠᠶᠢᠷ ᠲᠠᠯ᠎ᠠ ᠶᠢᠨ ᠶᠠᠪᠤᠯᠴᠠᠭ᠎ᠠ ᠶᠢᠨ ᠤᠯᠠᠩᠬᠢ ᠨᠢ ᠥᠩᠭᠡᠪᠴᠢ ᠲᠠᠯ᠎ᠠ ᠶᠢᠨ ᠶᠠᠪᠤᠯᠴᠠᠭ᠎ᠠ ᠪᠣᠯᠣᠨ᠎ᠠ᠂ ᠦᠨᠡᠨᠬᠦ ᠥᠨᠳᠥᠷ ᠦᠷ᠎ᠡ ᠪᠦᠲᠦᠮᠵᠢ ᠲᠠᠢ ᠨᠢ ᠮᠠᠰᠢ ᠴᠥᠭᠡᠨ ᠢ ᠪᠢᠳᠡ ᠪᠣᠳᠠᠲᠤ ᠠᠮᠢᠳᠤᠷᠠᠯ ᠠᠴᠠ ᠪᠠᠨ ᠲᠣᠳᠣᠷᠬᠠᠢ ᠳ᠋ᠦᠩᠨᠡᠵᠦ ᠳᠡᠶᠢᠯᠦᠨ᠎ᠡ᠃ ᠲᠡᠶᠢᠮᠦ ᠪᠠᠶᠢᠲᠠᠯ᠎ᠠ ᠨᠡᠶᠢᠭᠡᠮ ᠤᠨ ᠶᠠᠪᠤᠯᠴᠠᠭ᠎ᠠ ᠳᠤ ᠮᠤᠨᠳᠠᠭ ᠶᠡᠭᠡ ᠦᠷᠡᠭᠳᠡᠯ ᠰᠦᠢᠳᠥᠯ ᠭᠠᠷᠭᠠᠵᠤ᠂ ᠥᠪᠡᠷ ᠤᠨ ᠪᠡᠶ᠎ᠡ ᠪᠠ ᠭᠡᠷ ᠡᠷᠦᠬᠡ ᠶᠢᠨ ᠢᠶᠠᠨ ᠵᠣᠯ ᠵᠢᠷᠭᠠᠯ ᠢ ᠴᠦ ᠦᠷᠡᠭᠳᠡᠭᠦᠯᠬᠦ ᠨᠢ ᠨᠡᠭᠡᠷᠡᠨ ᠲᠤᠰᠠ ᠦᠭᠡᠢ ᠮᠥᠷᠲᠡᠭᠡᠨ ᠤᠬᠠᠭ᠎ᠠ ᠦᠭᠡᠢ ᠬᠢᠳᠡᠯ ᠪᠣᠰᠣ ᠤᠤ⁈       ᠪᠤᠰᠤᠳ ᠢ ᠤᠷᠢᠵᠤ ᠵᠠᠯᠠᠬᠤ ᠳᠤ ᠤᠯᠠᠭᠠᠨ ᠨᠢᠭᠤᠷ ᠬᠡᠷᠡᠭᠲᠡᠢ᠂ ᠤᠷᠢᠯᠭ᠎ᠠ ᠵᠠᠯᠠᠯᠭ᠎ᠠ ᠶᠢ ᠣᠶᠢᠰᠢᠶᠠᠬᠤ ᠦᠭᠡᠢ ᠥᠩᠭᠡᠷᠡᠭᠡᠬᠦ ᠳᠤ ᠨᠡᠩ ᠶᠡᠭᠡ ᠵᠣᠷᠢᠭ ᠰᠥᠰᠥ ᠱᠠᠭᠠᠷᠳᠠᠭᠳᠠᠨ᠎ᠠ᠃ ᠡᠨᠡ ᠪᠣᠯ ᠵᠥᠷᠢᠴᠡᠯ ᠤᠨ ᠬᠤᠶᠠᠷ ᠲᠠᠯ᠎ᠠ ᠪᠤᠯᠬᠤ ᠪᠥᠭᠡᠳ ᠡᠨᠡᠬᠦ ᠠᠰᠠᠭᠤᠳᠠᠯ ᠢ ᠰᠢᠢᠳᠪᠦᠷᠢᠯᠡᠬᠦ ᠶᠢᠨ ᠵᠠᠩᠭᠢᠯᠠᠭ᠎ᠠ ᠨᠢ ᠪᠤᠰᠤᠳ ᠢ ᠵᠠᠯᠠᠬᠤ ᠳᠡᠭᠡᠷ᠎ᠡ ᠪᠠᠶᠢᠭ᠎ᠠ ᠭᠡᠭᠴᠢ ᠨᠢ ᠲᠣᠳᠣᠷᠬᠠᠢ᠃ ᠨᠡᠶᠢᠭᠡᠮ ᠤᠨ ᠶᠡᠭᠡ ᠲᠠᠯ᠎ᠠ ᠠᠴᠠ ᠠᠪᠴᠤ ᠦᠵᠡᠬᠦ ᠳᠤ᠂ ᠪᠡᠯᠡᠭ ᠲᠠᠯ᠎ᠠ ᠶᠢᠨ ᠶᠠᠪᠤᠯᠴᠠᠭ᠎ᠠ ᠭᠡᠭᠴᠢ ᠨᠢ ᠶᠠᠭ ᠯᠠ ᠴᠠᠰᠤᠨ ᠪᠥᠮᠪᠦᠭᠡ ᠥᠩᠭᠦᠷᠢᠭᠦᠯᠵᠦ ᠪᠠᠶᠢᠭ᠎ᠠ ᠰᠢᠬ᠂ ᠴᠢ ᠬᠡᠳᠥᠢ ᠣᠯᠠᠨ ᠬᠥᠮᠥᠨ ᠢ ᠵᠠᠯᠠᠬᠰᠠᠨ ᠪᠠᠶᠢᠪᠠᠯ ᠳᠠᠷᠠᠭᠠᠴᠢ ᠪᠠᠷ ᠯᠠᠪᠲᠠᠢ ᠡᠭᠦᠨ ᠠᠴᠠ ᠢᠯᠡᠭᠦᠦ ᠪᠡᠯᠡᠭ ᠰᠡᠯᠲᠡ ᠶᠢᠨ ᠵᠠᠷᠤᠳᠠᠯ ᠭᠠᠷᠭᠠᠬᠤ ᠴᠢᠬᠤᠯᠠ ᠲᠠᠢ᠂ ᠴᠢᠨᠠᠭᠰᠢᠯᠠᠭᠠᠳ ᠬᠡᠳᠥᠨ ᠳᠠᠬᠢᠨ ᠢᠯᠡᠭᠦᠦ ᠬᠥᠮᠥᠨ ᠤ ᠬᠠᠷᠢᠯᠴᠠᠭ᠎ᠠ ᠶᠢᠨ ᠥᠷᠢ ᠥᠭᠴᠡᠭᠡ ᠲᠠᠢ ᠪᠣᠯᠴᠢᠬᠠᠳᠠᠭ᠃ ᠪᠤᠴᠠᠭᠠᠭᠠᠳ ᠨᠡᠩ ᠶᠡᠭᠡ ᠬᠡᠪᠴᠢᠶᠡᠨ ᠤ ᠨᠠᠶᠢᠷ ᠬᠤᠷᠢᠮ ᠬᠢᠵᠦ᠂ ᠡᠳᠡᠭᠡᠷ ᠲᠠᠯᠪᠢᠵᠤ ᠭᠠᠷᠭᠠᠭᠰᠠᠨ ᠪᠡᠯᠡᠭ ᠤᠨ ᠮᠥᠩᠭᠦ ᠪᠠᠨ ᠪᠤᠴᠠᠭᠠᠵᠤ ᠠᠪᠬᠤ ᠪᠠᠷ ᠨᠢᠭᠤᠷ ᠢᠶᠠᠨ ᠬᠠᠶᠢᠷᠠᠯᠠᠬᠤ ᠦᠭᠡᠢ ᠪᠠᠷ ᠵᠠᠯᠠᠯᠭ᠎ᠠ ᠲᠠᠷᠬᠠᠭᠠᠬᠤ ᠴᠢᠬᠤᠯᠠ ᠲᠠᠢ ᠪᠣᠯᠳᠠᠭ᠃ ᠦᠨᠡᠨ ᠳᠡᠭᠡᠨ ᠴᠢ ᠬᠡᠷᠪᠡ ᠨᠣᠶᠠᠨ ᠵᠡᠷᠭᠡᠲᠡᠨ ᠪᠢᠰᠢ ᠯᠠ ᠶᠤᠮ ᠪᠣᠯ ᠪᠡᠯᠡᠭ ᠲᠠᠯ᠎ᠠ ᠶᠢᠨ ᠶᠠᠪᠤᠯᠴᠠᠭ᠎ᠠ ᠳᠤ ᠬᠤᠨᠵᠢᠬᠤ ᠭᠡᠰᠡᠨ ᠶᠠᠪᠤᠳᠠᠯ ᠪᠠᠶᠢᠬᠤ ᠦᠭᠡᠢ᠂ ᠬᠤᠷᠢᠶᠠᠭᠰᠠᠨ ᠪᠡᠯᠡᠭ ᠤᠨ ᠵᠣᠭᠤᠰ ᠴᠢᠨᠢ ᠬᠡᠳᠦ ᠡᠷᠭᠢᠯᠳᠥᠬᠦ ᠳᠤ ᠯᠠ ᠪᠦᠷ ᠬᠤᠭᠤᠯᠠ ᠠᠷᠢᠬᠢ ᠲᠠᠮᠠᠬᠢ ᠪᠠ ᠵᠠᠮ ᠤᠨ ᠵᠠᠷᠤᠳᠠᠯ ᠪᠣᠯᠣᠭᠠᠳ ᠯᠠ ᠠᠯᠠᠭ᠎ᠠ ᠪᠣᠯᠳᠠᠭ ᠭᠡᠭᠴᠢ ᠶᠢ ᠨᠠᠷᠢᠨ ᠪᠣᠳᠣᠵᠤ ᠦᠵᠡᠬᠦ ᠦᠭᠡᠢ ᠪᠣᠯ ᠮᠡᠳᠡᠳᠡᠭ ᠬᠥᠮᠥᠨ ᠴᠥᠭᠡᠨ᠃ ᠣᠨᠴᠠᠭᠠᠶᠢᠯᠠᠨ ᠵᠠᠷᠢᠮ ᠡᠷᠬᠡ ᠵᠡᠷᠭᠡᠲᠡᠨ ᠪᠠ ︽ᠵᠠᠯᠠᠯᠭ᠎ᠠ ᠶᠢᠨ ᠠᠳᠠ ᠣᠷᠣᠰᠢᠭᠰᠠᠳ︾ ᠲᠣᠮᠣ ᠬᠡᠯᠪᠡᠷᠢ ᠶᠢᠨ ᠨᠠᠶᠢᠷ ᠬᠤᠷᠢᠮ ᠬᠢᠵᠦ᠂ ᠶᠡᠬᠡᠪᠡᠷ ᠪᠡᠯᠡᠭ ᠤᠨ ᠵᠣᠭᠤᠰ ᠬᠠᠮᠤᠵᠤ᠂ ᠡᠨᠡᠬᠦ ᠨᠡᠶᠢᠭᠡᠮ ᠤᠨ ᠡᠷᠡᠮᠳᠡᠭ ᠵᠡᠷᠡᠮᠳᠡᠭ ᠠᠵᠢᠯᠯᠠᠭ᠎ᠠ ᠶᠢ ᠨᠡᠩ ᠴᠦ ᠳᠡᠪᠡᠷᠡᠭᠦᠯᠵᠦ ᠪᠠᠶᠢᠳᠠᠭ ᠨᠢ ᠵᠢᠭᠰᠢᠯᠳᠡᠢ᠃ ᠡᠭᠡᠯ ᠵᠢᠷ ᠤᠨ ᠣᠯᠠᠨ ᠲᠦᠮᠡᠨ ᠯᠡ ᠬᠥᠭᠡᠷᠦᠬᠦᠢ᠂ ᠣᠯᠣᠭᠰᠠᠨ ᠬᠡᠳᠥᠨ ᠮᠥᠩᠭᠦ ᠪᠠᠨ ᠬᠠᠶᠢᠷ᠎ᠠ ᠨᠠᠶᠢᠷ ᠦᠭᠡᠢ ᠰᠢᠭᠤᠷᠴᠤ ᠢᠷᠡᠬᠦ ᠤᠷᠢᠯᠭ᠎ᠠ ᠶᠢᠨ ᠤᠯᠠᠭᠠᠨ ᠬᠠᠭᠤᠳᠠᠰᠤᠨ ᠳᠤ ᠦᠷᠡᠵᠦ᠂ ᠭᠡᠷ ᠲᠡᠭᠡᠨ ᠬᠠᠷᠢᠨ ᠰᠢᠩᠭᠡᠨ ᠪᠤᠳᠠᠭ᠎ᠠ ᠣᠭᠤᠴᠢᠯᠠᠵᠤ ᠪᠣᠷᠣ ᠬᠤᠨᠤᠭ ᠢ ᠲᠤᠭᠤᠯᠵᠤ ᠪᠠᠶᠢᠳᠠᠭ ᠢ ᠬᠡᠨ ᠣᠯᠵᠤ ᠦᠵᠡᠬᠦ ᠪᠤᠢ⁈ ᠬᠠᠷᠢᠨ ᠨᠢᠭᠡ ᠵᠣᠯ ᠲᠠᠢ ᠤᠴᠢᠷ ᠪᠣᠯ᠂ ᠰᠢᠨ᠎ᠡ ᠲᠥᠷᠥ ᠶᠢᠨ ᠪᠣᠳᠣᠯᠭ᠎ᠠ ᠭᠠᠷᠴᠤ᠂ ᠨᠠᠮ ᠵᠠᠰᠠᠭ ᠤᠨ ᠤᠳᠤᠷᠢᠳᠬᠤ ᠺᠠᠳ᠋ᠷ ᠲᠣᠮᠣ ᠬᠡᠯᠪᠡᠷᠢ ᠶᠢᠨ ᠨᠠᠶᠢᠷ ᠬᠤᠷᠢᠮ ᠬᠢᠬᠦ ᠶᠢ ᠴᠠᠭᠠᠵᠠᠯᠠᠬᠤ ᠪᠣᠯᠣᠭᠰᠠᠨ ᠨᠢ ᠪᠦᠷᠬᠦᠭ ᠲᠡᠭᠷᠢ ᠭᠡᠶᠢᠭᠰᠡᠨ ᠮᠡᠲᠦ ᠪᠣᠯᠵᠤ ᠪᠠᠶᠢᠨ᠎ᠠ᠃ ᠡᠨᠡ ᠪᠣᠯ ᠪᠡᠯᠡᠭ ᠲᠠᠯ᠎ᠠ ᠶᠢᠨ ᠬᠠᠷ᠎ᠠ ᠰᠢᠭᠤᠷᠭ᠎ᠠ ᠶᠢ ᠵᠠᠰᠠᠵᠤ ᠨᠠᠮᠬᠠᠷᠠᠭᠤᠯᠬᠤ ᠰᠠᠶᠢᠨ ᠠᠷᠭ᠎ᠠ ᠪᠣᠯᠬᠤ ᠨᠢ ᠳᠠᠮᠵᠢᠭ ᠦᠭᠡᠢ᠃ ᠤᠳᠤᠷᠢᠳᠬᠤ ᠺᠠᠳ᠋ᠷᠴᠣᠳ ᠲᠣᠯᠣᠭᠠᠶᠢᠯᠠᠭᠠᠳ ᠨᠠᠶᠢᠷ ᠬᠤᠷᠢᠮ ᠤᠨ ᠬᠡᠪᠴᠢᠶ᠎ᠡ ᠪᠠᠨ ᠪᠠᠭᠠᠰᠬᠠᠳᠠᠭ ᠯᠠ ᠶᠤᠮ ᠪᠣᠯ ᠨᠡᠶᠢᠭᠡᠮ ᠨᠡᠶᠢᠲᠡ ᠶᠢᠨ ᠨᠠᠶᠢᠷ ᠲᠠᠯ᠎ᠠ ᠶᠢᠨ ᠶᠠᠪᠤᠯᠴᠠᠭᠠᠨ ᠤᠯᠠᠮ ᠢᠶᠠᠷ ᠨᠠᠮᠬᠠᠷᠠᠨ᠂ ᠡᠨᠡᠬᠦ ᠭᠠᠵᠢᠭᠤ ᠡᠷᠡᠮᠳᠡᠭ ᠰᠠᠯᠬᠢ ᠶᠢᠨ ᠡᠷᠴᠢ ᠨᠢ ᠬᠠᠷᠢᠵᠤ ᠬᠦᠴᠦ ᠨᠢ ᠪᠠᠭᠤᠷᠠᠬᠤ ᠨᠢ ᠵᠠᠶᠢᠯᠠᠰᠢ ᠦᠭᠡᠢ᠃ ᠬᠠᠷᠢᠨ ᠲᠡᠳᠡᠭᠡᠷ ︽ᠵᠠᠯᠠᠯᠭ᠎ᠠ ᠶᠢᠨ ᠠᠳᠠ ᠣᠷᠣᠰᠢᠭᠰᠠᠳ︾ ᠤᠨ ᠵᠠᠯᠠᠯᠭ᠎ᠠ ᠶᠢ ᠬᠥᠮᠥᠰ ᠨᠡᠶᠢᠭᠡᠮ ᠤᠨ ᠬᠠᠨᠳᠤᠰᠢ ᠳᠤ ᠵᠣᠬᠢᠴᠠᠭᠤᠯᠤᠨ ᠵᠣᠷᠢᠭ ᠰᠢᠭᠤᠳᠴᠤ ᠪᠠᠶᠢᠭᠠᠳ ᠣᠶᠢᠰᠢᠶᠠᠬᠤ ᠦᠭᠡᠢ ᠥᠩᠭᠡᠷᠡᠭᠡᠵᠦ ᠪᠠᠶᠢᠪᠠᠯ ᠲᠡᠳᠡᠨ ᠤ ᠡᠨᠡᠬᠦ ᠡᠪᠡᠳᠴᠢᠨ ᠨᠢ ᠴᠦ ᠠᠭᠠᠵᠢᠮ ᠳᠠᠭᠠᠨ ᠵᠠᠰᠠᠷᠠᠵᠤ ᠡᠳᠡᠭᠡᠷᠡᠬᠦ ᠨᠢ ᠯᠠᠪᠲᠠᠢ᠃       ᠨᠠᠶᠢᠷ ᠬᠤᠷᠢᠮ ᠢ ᠴᠥᠭᠡᠳᠬᠡᠬᠦ ᠪᠠ ᠬᠡᠪᠴᠢᠶ᠎ᠡ ᠶᠢ ᠨᠢ ᠪᠠᠭᠠᠰᠬᠠᠵᠤ᠂ ᠨᠡᠶᠢᠭᠡᠮ ᠨᠡᠶᠢᠲᠡ ᠶᠢᠨ ᠰᠠᠶᠢᠨ ᠰᠠᠶᠢᠬᠠᠨ ᠬᠡᠪ ᠰᠣᠷᠳᠠᠯ ᠢ ᠰᠤᠷᠲᠠᠯᠴᠢᠯᠠᠨ ᠪᠠᠳᠠᠷᠠᠭᠤᠯᠵᠤ᠂ ᠭᠠᠵᠢᠭᠤ ᠮᠠᠭᠤᠬᠠᠢ ᠰᠠᠯᠬᠢ ᠶᠢ ᠤᠬᠠᠮᠰᠠᠷ ᠠᠴᠠ ᠪᠠᠨ ᠬᠤᠷᠢᠭᠯᠠᠨ ᠵᠣᠭᠰᠣᠭᠠᠬᠤ ᠪᠣᠯ ᠡᠨᠡᠬᠦ ᠨᠡᠶᠢᠭᠡᠮ ᠳᠤ ᠠᠮᠢᠳᠤᠷᠠᠵᠤ ᠪᠠᠶᠢᠭ᠎ᠠ ᠬᠥᠮᠥᠨ ᠪᠣᠯᠭᠠᠨ ᠤ ᠡᠷᠬᠡᠪᠰᠢ ᠭᠦᠢᠴᠡᠳᠬᠡᠬᠦ ᠬᠠᠷᠢᠭᠤᠴᠠᠯᠭ᠎ᠠ ᠪᠣᠯᠣᠨ᠎ᠠ᠃ ᠬᠠᠷᠢᠨ ᠥᠪᠡᠷ ᠤᠨ ᠥᠴᠥᠬᠡᠨ ᠠᠰᠢᠭ ᠲᠤᠰᠠ ᠪᠠ ᠤᠯᠠᠭᠠᠨ ᠨᠢᠭᠤᠷ ᠢᠶᠠᠨ ᠪᠣᠳᠣᠭᠠᠳ᠂ ᠭᠠᠵᠢᠭᠤ ᠮᠠᠭᠤᠬᠠᠢ ᠵᠦᠢᠯᠡᠰ ᠢ ᠦᠵᠡᠵᠦ ᠪᠠᠶᠢᠭᠠᠳ ᠦᠵᠡᠭᠰᠡᠨ ᠦᠭᠡᠢ ᠰᠢᠭ ᠥᠩᠭᠡᠷᠡᠭᠡᠬᠦ ᠳᠤ ᠬᠦᠷᠪᠡᠯ ᠡᠴᠦᠰ ᠲᠤ ᠬᠤᠣᠷ ᠠᠮᠰᠠᠵᠤ ᠮᠣᠳᠣ ᠪᠠᠨ ᠴᠢᠷᠬᠦ ᠨᠢ ᠥᠪᠡᠷ ᠤᠨ ᠴᠢᠨᠢ ᠪᠡᠶ᠎ᠡ ᠪᠣᠯᠬᠤ ᠶᠢ ᠮᠡᠳᠡᠵᠦ ᠤᠬᠠᠬᠤ ᠤᠴᠢᠷᠲᠠᠢ ᠪᠢᠯᠡ᠃  
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号