| ᠦᠭᠡᠷᠡᠴᠢᠯᠡᠯᠳᠡ ᠶᠢᠨ ᠰᠠᠯᠬᠢ ᠶᠢ ᠲᠠᠭᠠᠭᠠᠳ ᠬᠦᠮᠦᠰ ᠮᠠᠨᠢ ᠶᠠᠭᠤ ᠪᠦᠬᠦᠨ ᠢ ᠦᠭᠡᠷᠡᠴᠢᠯᠡᠵᠦ | ᠡᠬᠢᠯᠡᠵᠦ ᠪᠠᠶᠢᠨ᠎ᠠ᠂ ᠭᠡᠬᠦ ᠳᠤ ᠶᠠᠭᠤᠮ᠎ᠠ ᠪᠦᠬᠦᠨ ᠢ ᠦᠭᠡᠷᠡᠴᠢᠯᠡᠵᠦ ᠪᠤᠯᠤᠨ᠎ᠠ ᠤᠤ ᠭᠡᠳᠡᠭ ᠨᠢᠭᠡ ᠠᠰᠠᠭᠤᠳᠠᠯ ᠭᠠᠷᠴᠦ | ᠢᠷᠡᠨ᠎ᠡ᠂ ᠲᠡᠭᠡᠭᠡᠳ ᠡᠨᠡ ᠮᠡᠳᠤ ᠪᠠᠷ ᠴᠠᠰᠢ ᠶᠠᠪᠤᠪᠠᠯ ᠦᠯᠡᠳᠡᠬᠦ ᠶᠠᠭᠤᠮ᠎ᠠ ᠪᠠᠶᠢᠬᠤ ᠪᠣᠯᠪᠠ ᠤᠤ ᠳ᠋ᠠ ᠭᠡᠵᠤ ᠰᠠᠨᠠᠭ᠎ᠠ | ᠪᠣᠯᠬᠤ ᠳᠠᠭᠠᠨ ᠬᠡᠳᠦᠨ ᠦᠭᠡ ᠪᠢᠴᠢᠬᠦ ᠶᠢ ᠰᠠᠨᠠᠯᠤᠭᠠ᠃ | ᠮᠠᠨ ᠤ ᠮᠣᠩᠭᠤᠯᠴᠤᠳ ᠶᠡᠷᠦᠨᠢ ᠦᠭᠡᠷᠡᠴᠢᠯᠡᠯᠳᠡ ᠬᠢᠬᠦ ᠳᠡᠭᠡᠨ ᠰᠠᠶᠢᠨ ᠶᠤᠮ᠂ ᠡᠮᠦᠰᠭᠡᠯ ᠵᠠᠰᠠᠯ᠂ | ᠢᠳᠡᠭᠡᠨ ᠤᠮᠳᠠᠭᠠᠨ᠂ ᠤᠷᠤᠨ ᠰᠠᠭᠤᠴᠠ᠂ ᠤᠨᠤᠭ᠎ᠠ ᠬᠦᠯᠦᠭ ᠠᠴᠠ ᠪᠠᠨ ᠡᠬᠢᠯᠡᠭᠡᠳ ᠣᠳᠣ ᠪᠣᠯᠬᠤ ᠳᠤ ᠡᠷ᠎ᠡ ᠶᠢᠨ | ᠭᠤᠷᠪᠠᠨ ᠨᠠᠭᠠᠳᠤᠮ ᠤᠨ ᠢᠶᠠᠨ ᠰᠣᠳᠣᠨ ᠵᠦᠢᠯ ᠪᠣᠯᠬᠤ ᠪᠦᠬᠡ ᠶᠢᠨ ᠲᠡᠮᠡᠴᠡᠭᠡᠨ ᠢᠶᠠᠨ ᠴᠦ ᠦᠭᠡᠷᠡᠴᠢᠯᠡᠬᠦ ᠪᠣᠯᠪᠠ᠂ | ᠥᠰᠬᠦ ᠠᠴᠠ ᠰᠤᠷᠤᠭᠰᠠᠨ ᠦᠨᠳᠦᠰᠦᠨ ᠬᠡᠯᠡ ᠪᠣᠯᠬᠤ ᠦᠰᠦᠭ ᠪᠢᠴᠢᠭ ᠢᠶᠠᠨ ᠴᠦ ᠦᠭᠡᠷᠡᠴᠢᠯᠡᠬᠦ ᠪᠣᠯᠪᠠ᠂ ᠡᠪᠦᠭᠡ | ᠳᠡᠭᠡᠳᠦᠰ ᠠᠴᠠ ᠪᠠᠨ ᠤᠯᠠᠮᠵᠢᠯᠠᠵᠦ ᠢᠷᠡᠭᠰᠡᠨ ᠵᠠᠩ ᠦᠢᠯᠡ ᠪᠠᠨ ᠴᠦ ᠦᠭᠡᠷᠡᠴᠢᠯᠡᠬᠦ ᠪᠣᠯᠪᠠ ᠁ | ᠨᠠᠭᠠᠭᠤᠷ ᠰᠢᠭ᠋ ᠶᠠᠷᠢᠬᠤ ᠳᠤ ᠡᠮᠦᠰᠭᠡᠯ ᠵᠠᠰᠠᠯ᠂ ᠢᠳᠡᠭᠡᠨ ᠤᠮᠳᠠᠭᠠᠨ ᠵᠡᠷᠭᠡ ᠪᠣᠯ ᠡᠳᠦᠷ | ᠲᠤᠳᠤᠮ ᠤᠨ ᠬᠡᠷᠡᠭᠯᠡᠭᠡᠨ ᠤ ᠵᠦᠢᠯ ᠪᠤᠯᠬᠤᠷ ᠪᠤᠰᠤᠳ ᠦᠨᠳᠦᠰᠦᠳᠡᠨ ᠤ ᠰᠠᠶᠢᠨ ᠰᠠᠶᠢᠬᠠᠨ ᠵᠦᠢᠯᠡᠰ ᠪᠠ ᠲᠡᠯᠡᠬᠡᠢ | ᠨᠡᠶᠢᠲᠡ ᠶᠢᠨ ᠲᠡᠷᠢᠭᠦᠨ ᠤ ᠣᠶᠢᠯᠠᠭᠠᠭᠳᠠᠬᠤᠨ ᠢ ᠬᠦᠯᠢᠶᠡᠨ ᠠᠪᠴᠦ᠂ ᠦᠪᠡᠷ ᠤᠨ ᠠᠮᠢᠳᠤᠷᠠᠯ ᠤᠨ ᠬᠢᠷᠢ | ᠲᠦᠪᠰᠢᠨ ᠢᠶᠠᠨ ᠲᠡᠭᠡᠭᠰᠢᠯᠡᠭᠦᠯᠬᠦ ᠨᠢ ᠴᠦ ᠪᠣᠯ ᠪᠣᠯᠬᠤ ᠦᠭᠡᠢ ᠶᠠᠪᠤᠳᠠᠯ ᠪᠢᠰᠢ᠂ ᠮᠣᠩᠭᠤᠯ ᠳᠡᠪᠡᠯ ᠢ ᠰᠢᠨ᠎ᠡ | ᠮᠠᠶ᠋ᠢᠭ ᠢᠶᠠᠷ ᠡᠰᠬᠡᠵᠦ᠂ ᠤᠯᠠᠨ ᠵᠠᠭᠪᠤᠷ ᠢᠶᠠᠷ ᠤᠶᠤᠵᠦ ᠡᠮᠦᠰᠴᠦ ᠪᠠᠶᠢᠭ᠎ᠠ ᠨᠢ ᠮᠣᠩᠭᠤᠯ ᠪᠦᠰᠡᠭᠦᠶᠢᠴᠤᠳ ᠢ ᠤᠯᠠᠮ | ᠭᠤᠶᠤ ᠪᠤᠯᠭᠠᠵᠦ᠂ ᠮᠣᠩᠭᠤᠯ ᠵᠠᠯᠠᠭᠤᠴᠤᠳ ᠢ ᠤᠯᠠᠮ ᠴᠤᠭᠯᠢᠭ ᠪᠤᠯᠭᠠᠭᠰᠠᠨ ᠨᠢ ᠡᠮᠦᠰᠴᠦ ᠡᠳ᠋ᠯᠡᠬᠦ ᠳᠤ ᠳᠦᠭᠦᠮ | ᠲᠡᠳᠦᠢ ᠦᠭᠡᠢ᠂ ᠡᠮᠦᠰᠭᠡᠯ ᠵᠠᠰᠠᠯ ᠤᠨ ᠰᠤᠶᠤᠯ ᠢ ᠤᠯᠠᠮ ᠪᠠᠶᠠᠯᠢᠭᠵᠢᠭᠤᠯᠵᠠᠢ᠃ ᠭᠡᠬᠦ ᠳᠤ ᠨᠢᠭᠡ ᠦᠨᠳᠦᠰᠦᠳᠡᠨ ᠳᠤ | ᠠᠪᠴᠦ ᠬᠡᠯᠡᠪᠡᠯ ᠪᠤᠳᠠᠰ ᠤᠨ ᠪᠤᠯᠪᠠᠰᠤᠨ ᠤ ᠥᠭᠡᠷᠡᠴᠢᠯᠡᠯᠳᠡ ᠪᠠ ᠣᠶᠣᠨ ᠤ ᠪᠤᠯᠪᠠᠰᠤᠨ ᠤ ᠥᠭᠡᠷᠡᠴᠢᠯᠡᠯᠳᠡ ᠨᠢ | ᠮᠦᠨ ᠴᠢᠨᠠᠷ ᠤᠨ ᠢᠯᠭᠠᠭ᠎ᠠ ᠲᠠᠢ ᠪᠠᠶᠢᠳᠠᠭ ᠠᠵᠢ᠂ ᠡᠭᠦᠨ ᠠᠴᠠ ᠰᠢᠯᠳᠠᠭᠠᠯᠠᠵᠦ ᠡᠨᠡ ᠬᠤᠶᠠᠷ ᠪᠤᠯᠪᠠᠰᠤᠨ ᠳᠤ | ᠬᠠᠨᠳᠤᠬᠤ ᠣᠪᠣᠷ ᠴᠦ ᠴᠢᠨᠠᠷ ᠤᠨ ᠢᠯᠭᠠᠭ᠎ᠠ ᠲᠠᠢ ᠪᠠᠶᠢᠵᠦ ᠲᠠᠭᠠᠷᠠᠨ᠎ᠠ᠃ ᠥᠭᠡᠷ᠎ᠡ ᠪᠠᠷ ᠬᠡᠯᠡᠪᠡᠯ᠂ ᠡᠮᠦᠰᠭᠡᠯ ᠵᠠᠰᠠᠯ᠂ | ᠢᠳᠡᠭᠡᠨ ᠤᠮᠳᠠᠭᠠᠨ ᠨᠢ ᠪᠣᠳᠠᠰ ᠤᠨ ᠪᠤᠯᠪᠠᠰᠤᠨ ᠳᠤ ᠪᠠᠭᠳᠠᠵᠦ ᠪᠠᠶᠢᠬᠤ ᠳᠤ ᠦᠦᠬᠡ ᠲᠡᠦᠬᠡ ᠦᠰᠦᠭ ᠪᠢᠴᠢᠭ ᠨᠢ | ᠣᠶᠣᠨ ᠤ ᠪᠣᠯᠪᠠᠰᠤᠨ ᠳᠤ ᠪᠠᠭᠳᠠᠵᠦ ᠪᠠᠶᠢᠳᠠᠭ᠃ ᠨᠢᠭᠡᠨ ᠣᠶᠣᠨᠴᠢ ᠦᠨᠳᠦᠰᠦᠳᠡᠨ ᠪᠣᠯ ᠡᠮᠦᠰᠭᠡᠯ ᠵᠠᠰᠠᠯ᠂ | ᠢᠳᠡᠭᠡᠨ ᠤᠮᠳᠠᠭᠠᠨ ᠵᠡᠷᠭᠡ ᠪᠣᠳᠠᠰ ᠤᠨ ᠪᠤᠯᠪᠠᠰᠤᠨ ᠤ ᠦᠭᠡᠷᠡᠴᠢᠯᠡᠯᠳᠡ ᠰᠢᠨᠡᠴᠢᠯᠡᠯᠳᠡ ᠪᠠᠷ ᠳᠠᠮᠵᠢᠨ ᠪᠤᠰᠤᠳ | ᠦᠨᠳᠦᠰᠦᠳᠡᠨ ᠤ ᠣᠬᠢ ᠰᠢᠯᠢᠳᠡᠭ ᠪᠦᠳᠦᠭᠡᠭᠳᠡᠬᠦᠨ ᠢ ᠰᠢᠩᠭᠡᠭᠡᠨ ᠠᠪᠴᠦ ᠦᠪᠡᠷ ᠤᠨ ᠢᠶᠠᠨ ᠪᠡᠶ᠎ᠡ ᠮᠠᠬᠠᠪᠤᠳ ᠢ | ᠴᠢᠬᠢᠷᠠᠭᠵᠢᠭᠤᠯᠳᠠᠭ ᠴᠦ ᠦᠦᠬᠡ ᠲᠡᠦᠬᠡ᠂ ᠦᠰᠦᠭ ᠪᠢᠴᠢᠭ᠂ ᠤᠤᠭᠠᠯ ᠰᠡᠳᠬᠢᠬᠦᠢ ᠵᠡᠷᠭᠡ ᠣᠶᠣᠨ ᠤ | ᠪᠣᠯᠪᠠᠰᠤᠨ ᠤ ᠤᠯᠠᠮᠵᠢᠯᠠᠯ ᠰᠤᠶᠤᠯ ᠢᠶᠠᠨ ᠪᠦᠷᠢᠨ ᠪᠦᠲᠦᠨ ᠢᠶᠠᠷ ᠨᠢ ᠬᠠᠳᠠᠭᠠᠯᠠᠵᠦ᠂ ᠬᠡᠵᠢᠶ᠎ᠡ ᠴᠦ ᠪᠤᠰᠤᠳ ᠲᠤ | ᠦᠯᠦ ᠬᠠᠶᠢᠯᠤᠭᠳᠠᠬᠤ ᠬᠦᠴᠦᠷᠭᠡᠭ ᠶᠡᠭᠡ ᠰᠡᠳᠬᠢᠯ ᠤᠨ ᠲᠠᠮᠢᠷ ᠢ ᠰᠤᠷᠢᠵᠦ ᠬᠠᠳᠠᠭᠠᠯᠠᠳᠠᠭ ᠶᠤᠮ᠂ ᠡᠶᠢᠮᠦᠷᠬᠦ ᠵᠠᠭᠤ | ᠮᠢᠩᠭᠠᠨ ᠵᠢᠯ ᠤᠨ ᠲᠤᠷᠰᠢ ᠡᠪᠦᠭᠡ ᠲᠡᠭᠡᠳᠦᠰ ᠠᠴᠠ ᠪᠠᠨ ᠤᠯᠠᠮᠵᠢᠯᠠᠵᠦ ᠢᠷᠡᠭᠰᠡᠨ ᠤᠯᠠᠮᠵᠢᠯᠠᠯᠳᠤ ᠰᠤᠶᠤᠯ ᠳᠤ | ᠬᠡᠮᠵᠢᠶᠡᠯᠡᠰᠢ ᠦᠭᠡᠢ ᠶᠡᠭᠡ ᠡᠷᠴᠢ ᠬᠦᠴᠦ ᠪᠠ ᠣᠶᠣᠨ ᠤ ᠲᠠᠮᠢᠷ ᠠᠭᠤᠯᠤᠭᠳᠠᠵᠦ ᠦᠷᠭᠦᠯᠵᠢᠯᠡᠨ ᠤᠷᠤᠰᠢᠨ | ᠬᠦᠭᠵᠢᠬᠦᠢ ᠶᠢᠨ ᠰᠤᠷᠪᠤᠯᠵᠢ ᠶᠢ ᠬᠠᠩᠭᠠᠵᠦ ᠪᠠᠶᠢᠳᠠᠭ᠃ ᠤᠴᠢᠷ ᠶᠠᠭᠤ ᠭᠡᠪᠡᠯ ᠡᠨᠡ ᠨᠢ ᠶᠠᠭ ᠯᠠ ᠡᠬᠡ ᠬᠦᠮᠦᠨ | ᠨᠢᠯᠬ᠎ᠠ ᠬᠡᠦᠬᠡᠳ ᠢᠶᠠᠨ ᠲᠥᠷᠦᠬᠦ ᠦᠶ᠎ᠡ ᠳᠤ ᠬᠦᠢᠰᠦ ᠪᠠᠷ ᠢᠶᠠᠨ ᠬᠤᠯᠪᠤᠨ ᠠᠮᠢᠨ ᠭᠤᠣᠯ ᠳᠤ ᠨᠢ ᠳᠠᠮᠵᠢᠭᠤᠯᠳᠠᠭ | ᠲᠥᠷᠦᠯᠬᠢ ᠡᠷᠴᠢ ᠬᠦᠴᠦ ᠲᠠᠢ ᠠᠳᠠᠯᠢ ᠶᠤᠮ᠂ ᠡᠨᠡ ᠡᠷᠴᠢ ᠬᠦᠴᠦ ᠪᠣᠯ ᠠᠮᠢ ᠨᠠᠰᠤᠨ ᠤ ᠤᠨᠳᠤᠷᠤᠯ ᠮᠦᠨ᠂ ᠡᠨᠡ | ᠡᠷᠴᠢ ᠬᠦᠴᠦ ᠪᠣᠯ ᠬᠦᠮᠦᠨ ᠪᠣᠯᠬᠤᠢ ᠶᠢᠨ ᠦᠨᠳᠦᠰᠦ ᠮᠦᠨ᠃ ᠰᠤᠨᠤᠰᠬᠤ ᠳᠤ ᠡᠨᠡᠬᠦ ᠡᠷᠴᠢ ᠬᠦᠴᠦ ᠶᠢ ᠤᠷᠤᠯᠠᠵᠦ | ᠴᠢᠳᠠᠬᠤ ᠡᠨᠧᠷᠬᠢ ᠲᠡᠯᠡᠬᠡᠢ ᠳᠤ ᠠᠯᠠᠭ᠎ᠠ ᠭᠡᠨ᠎ᠡ᠂ ᠶᠠᠮᠠᠷ ᠴᠦ ᠰᠢᠨᠵᠢᠯᠡᠬᠦ ᠤᠬᠠᠭᠠᠨ ᠤ ᠰᠤᠳᠤᠯᠤᠯᠳᠠ ᠶᠢᠨ ᠦᠷ᠎ᠡ | ᠪᠦᠲᠦᠭᠡᠯ ᠢ ᠡᠭᠦᠨ ᠲᠠᠢ ᠠᠳᠠᠯᠢᠳᠬᠠᠪᠠᠯ ᠶᠠᠭᠤ ᠴᠦ ᠪᠢᠰᠢ ᠭᠡᠨ᠎ᠡ᠂ ᠠᠮᠢ ᠨᠠᠰᠤᠨ ᠤ ᠭᠠᠶᠢᠬᠠᠮᠰᠢᠭ ᠭᠡᠵᠤ | ᠡᠭᠦᠨ ᠳᠡᠭᠡᠨ ᠪᠠᠶᠢᠳᠠᠭ ᠠᠵᠢ᠂ ᠶᠠᠭ ᠡᠶᠢᠮᠦ ᠤᠴᠢᠷ ᠠᠴᠠ ᠰᠠᠶ᠋ᠢᠬᠠᠨ ᠲᠥᠷᠦᠭᠰᠡᠨ ᠬᠡᠦᠬᠡᠳ ᠢ ᠡᠪᠦᠯ ᠤᠨ ᠶᠢᠰᠦ ᠶᠢᠨ | ᠬᠦᠢᠲᠡᠨ ᠳᠤ ᠡᠳᠦᠷᠵᠢᠨ ᠰᠦᠨᠢᠵᠢᠨ ᠭᠠᠳᠠᠨ᠎ᠠ ᠬᠠᠶᠠᠭᠰᠠᠨ ᠪᠠᠶᠢᠳᠠᠯ᠎ᠠ ᠬᠦᠯᠳᠡᠳᠡᠭ ᠦᠭᠡᠢ ᠭᠠᠶᠢᠬᠠᠮᠰᠢᠭ ᠤᠯᠠᠨ | ᠭᠠᠷᠤᠭᠰᠠᠨ ᠪᠢᠯᠡ᠃ | ᠣᠶᠣᠨ ᠤ ᠪᠣᠯᠪᠠᠰᠤᠨ ᠳᠤ ᠪᠠᠭᠲᠠᠬᠤ ᠦᠰᠦᠭ ᠪᠢᠴᠢᠭ ᠢᠶᠠᠨ ᠦᠭᠡᠷᠡᠴᠢᠯᠡᠵᠦ ᠪᠠᠶᠢᠭ᠎ᠠ ᠶᠢ ᠶᠠᠭ | ᠡᠨᠡᠬᠦ ᠡᠬᠡ ᠶᠢᠨ ᠬᠡᠪᠡᠯᠢ ᠠᠴᠠ ᠬᠠᠶᠢᠷᠠᠯᠠᠭᠰᠠᠨ ᠡᠷᠴᠢ ᠬᠦᠴᠦ ᠪᠠᠨ ᠦᠭᠡᠷᠡᠴᠢᠯᠡᠵᠦ ᠪᠠᠶᠢᠬᠤ ᠲᠠᠢ ᠵᠦᠢᠷᠯᠡᠵᠦ ᠪᠤᠯᠤᠮᠠᠷ | ᠶᠤᠮ᠂ ᠶᠠᠭ ᠴᠦ ᠡᠶᠢᠮᠦ ᠠᠴᠠ ᠢᠩᠬᠢᠵᠦ ᠦᠭᠡᠷᠡᠴᠢᠯᠡᠬᠦ ᠨᠢ ᠠᠮᠢᠨ ᠳᠤ ᠬᠦᠷᠬᠦ ᠠᠶᠤᠯ ᠲᠠᠢ ᠭᠡᠵᠤ ᠤᠶᠢᠯᠠᠭᠠᠵᠦ | ᠪᠤᠯᠤᠮᠠᠷ ᠶᠤᠮ᠂ ᠭᠡᠬᠦ ᠳᠡᠭᠡᠨ ᠡᠨᠡ ᠪᠣᠯ ᠪᠦᠬᠦᠶᠢᠯᠡ ᠦᠨᠳᠦᠰᠦᠳᠡᠨ ᠤ ᠠᠮᠢᠨ ᠳᠤ ᠬᠦᠷᠬᠦ ᠠᠷᠴᠠᠭ᠎ᠠ ᠦᠭᠡᠢ | ᠥᠭᠡᠷᠡᠴᠢᠯᠡᠯᠳᠡ ᠪᠤᠯᠤᠨ᠎ᠠ᠃ ᠡᠶᠢᠮᠦᠷᠬᠦ ᠰᠤᠬᠤᠷ ᠪᠠᠯᠠᠢ ᠥᠭᠡᠷᠡᠴᠢᠯᠡᠯᠳᠡ ᠶᠢᠨ ᠭᠤᠣᠯ ᠰᠢᠯᠳᠠᠭᠠᠨ ᠨᠢ ᠪᠤᠳᠠᠰ ᠤᠨ | ᠪᠤᠯᠪᠠᠰᠤᠨ ᠤ ᠥᠭᠡᠷᠡᠴᠢᠯᠡᠯᠳᠡ ᠪᠠ ᠣᠶᠣᠨ ᠤ ᠪᠤᠯᠪᠠᠰᠤᠨ ᠤ ᠥᠭᠡᠷᠡᠴᠢᠯᠡᠯᠳᠡ ᠶᠢᠨ ᠮᠦᠨ ᠴᠢᠨᠠᠷ ᠤᠨ ᠢᠯᠭᠠᠭ᠎ᠠ ᠶᠢ | ᠭᠦᠢᠴᠡᠳ ᠲᠠᠨᠢᠵᠦ ᠴᠢᠳᠠᠭᠰᠠᠨ ᠦᠭᠡᠢ ᠠᠴᠠ ᠪᠤᠯᠤᠭᠰᠠᠨ ᠶᠤᠮ᠂ ᠡᠨᠡ ᠬᠤᠶᠠᠷ ᠪᠤᠯᠪᠠᠰᠤᠨ ᠳᠤ ᠬᠠᠨᠳᠤᠬᠤ | ᠣᠪᠣᠷ ᠤᠨ ᠴᠢᠨᠠᠷ ᠤᠨ ᠢᠯᠭᠠᠭ᠎ᠠ ᠶᠢ ᠲᠠᠨᠢᠵᠦ ᠴᠢᠳᠠᠭᠰᠠᠨ ᠦᠭᠡᠢ ᠠᠴᠠ ᠪᠣᠯᠣᠭᠰᠠᠨ ᠶᠤᠮ᠂ ᠬᠠᠮᠢᠶ᠎ᠠ ᠪᠦᠬᠦᠢ | ᠡᠷᠭᠡᠳᠤ ᠪᠠᠶᠢᠭᠤᠯᠤᠯᠭ᠎ᠠ ᠦᠨᠳᠦᠰᠦᠳᠡᠨ ᠤ ᠬᠡᠯᠡ ᠰᠤᠶᠤᠯ ᠳᠤ ᠬᠠᠨᠳᠤᠬᠤ ᠡᠭᠦᠷᠭᠡ ᠬᠠᠷᠢᠭᠤᠴᠠᠯᠭ᠎ᠠ ᠪᠠᠨ ᠬᠠᠤᠯᠢ | ᠶᠤᠰᠤᠭᠠᠷ ᠬᠦᠢᠴᠡᠳᠭᠡᠭᠰᠡᠨ ᠦᠭᠡᠢ ᠠᠴᠠ ᠪᠤᠯᠤᠭᠰᠠᠨ ᠶᠤᠮ᠂ ᠨᠡᠩ ᠴᠢᠨᠠᠭᠰᠢᠯᠠᠪᠠᠯ ᠴᠦᠭᠡᠨ ᠲᠣᠭᠠᠨ ᠤ ᠬᠦᠮᠦᠰ | ᠬᠤᠪᠢ ᠶᠢᠨ ᠠᠰᠢᠭ ᠲᠤᠰᠠ ᠶᠢ ᠬᠦᠭᠡᠭᠡᠴᠡᠯᠳᠦᠵᠦ᠂ ᠦᠨᠳᠦᠰᠦᠳᠡᠨ ᠤ ᠠᠰᠢᠭ ᠲᠤᠰᠠ ᠪᠠᠷ ᠵᠤᠯᠢᠶ᠎ᠠ ᠬᠢᠭᠰᠡᠨ ᠠᠴᠠ | ᠪᠤᠯᠤᠭᠰᠠᠨ ᠶᠤᠮ᠃ ᠡᠭᠦᠨ ᠤ ᠦᠷ᠎ᠡ ᠳ᠋ᠦᠩ ᠬᠢᠷᠢ ᠵᠡᠷᠭᠡ ᠬᠦᠨᠳᠤ ᠨᠤᠴᠢᠳᠠᠢ ᠭᠡᠳᠡᠭ ᠢ ᠠᠳᠡ ᠤᠯᠠᠨ ᠶᠠᠷᠢᠬᠤ | ᠦᠭᠡᠢ ᠴᠦ ᠤᠬᠠᠭᠠᠨ ᠲᠠᠢ ᠬᠦᠮᠦᠰ ᠠᠮᠠᠷᠬᠠᠨ ᠤᠶᠢᠯᠠᠭᠠᠵᠦ ᠪᠣᠯᠬᠤ ᠶᠤᠮ᠃ ᠬᠠᠷᠢᠨ ᠠᠳᠡ ᠨᠡᠶᠢᠲᠡ | ᠮᠣᠩᠭᠤᠯᠴᠤᠳ ᠤᠨ ᠳᠤᠮᠳᠠ ᠮᠠᠰᠢ ᠶᠡᠭᠡ ᠰᠠᠨᠠᠯ ᠲᠠᠢ ᠪᠠᠶᠢᠭ᠎ᠠ ᠨᠢᠭᠡ ᠤᠳᠠᠭᠠᠨ ᠤ ᠮᠣᠩᠭᠤᠯ ᠦᠰᠦᠭ ᠪᠢᠴᠢᠭ ᠤᠨ | ᠥᠭᠡᠷᠡᠴᠢᠯᠡᠯᠳᠡ ᠪᠠᠷ ᠵᠢᠱᠢᠶ᠎ᠡ ᠪᠤᠯᠭᠠᠵᠦ ᠦᠵᠡᠯᠳᠡ ᠪᠠᠨ ᠲᠤᠳᠤᠷᠬᠠᠶᠢᠯᠠᠶ᠎ᠠ ᠭᠡᠵᠤ ᠰᠠᠨᠠᠵᠦ ᠪᠠᠶᠢᠨ᠎ᠠ᠃ | ᠡᠨᠡᠬᠦ ᠥᠭᠡᠷᠡᠴᠢᠯᠡᠯᠳᠡ ᠬᠡᠵᠢᠶ᠎ᠡ ᠶᠠᠪᠤᠭᠳᠠᠭᠰᠠᠨ᠂ ᠬᠡᠨ ᠦᠭᠡᠷᠡᠴᠢᠯᠡᠭᠰᠡᠨ᠂ ᠬᠠᠮᠢᠭ᠎ᠠ ᠠᠴᠠ | ᠵᠦᠪᠰᠢᠶᠡᠷᠡᠭᠰᠡᠨ ᠵᠡᠷᠭᠡ ᠵᠠᠩᠭᠢᠯᠠᠭ᠎ᠠ ᠶᠢᠨ ᠠᠰᠠᠭᠤᠳᠠᠯ ᠤᠳ ᠢ ᠮᠡᠳᠡᠬᠦ ᠬᠦᠮᠦᠨ ᠲᠤᠩ ᠴᠦᠬᠡᠨ ᠪᠠᠶᠢᠭ᠎ᠠ ᠨᠢ | ᠭᠠᠶᠢᠬᠠᠯᠳᠠᠢ᠂ ᠶᠡᠭᠡ ᠰᠤᠷᠭᠠᠭᠤᠯᠢ ᠶᠢᠨ ᠡᠷᠳᠡᠮᠳᠡᠨ ᠪᠠᠭᠰᠢ ᠨᠠᠷ ᠠᠴᠠ ᠠᠰᠠᠭᠤᠬᠤ ᠳᠤ ᠮᠡᠳᠡᠬᠦ ᠦᠭᠡᠢ ᠪᠠᠶᠢᠪᠠ᠂ | ᠬᠡᠪᠯᠡᠯ ᠮᠡᠳᠡᠭᠡᠯᠡᠯ ᠤᠨ ᠪᠠᠶᠢᠭᠤᠯᠤᠯᠭ᠎ᠠ ᠠᠴᠠ ᠠᠰᠠᠭᠤᠬᠤ ᠳᠤ ᠮᠡᠳᠡᠬᠦ ᠦᠭᠡᠢ ᠪᠠᠶᠢᠪᠠ᠂ ᠬᠡᠯᠡ ᠪᠢᠴᠢᠭ ᠤᠨ | ᠵᠦᠪᠯᠡᠯ ᠠᠴᠠ ᠠᠰᠠᠭᠤᠬᠤ ᠳᠤ ᠮᠡᠳᠡᠬᠦ ᠦᠭᠡᠢ ᠪᠠᠶᠢᠪᠠ᠂ ᠬᠡᠯᠡ ᠪᠢᠴᠢᠭ ᠤᠨ ᠪᠠᠭᠰᠢ ᠨᠠᠷ ᠠᠴᠠ ᠠᠰᠠᠭᠤᠬᠤ ᠳᠤ | ᠮᠡᠳᠡᠬᠦ ᠦᠭᠡᠢ ᠪᠠᠶᠢᠪᠠ᠃ ᠶᠠᠭᠤ ᠴᠦ ᠪᠤᠯᠤᠭᠰᠠᠨ ᠨᠢᠭᠡ ᠯᠠ ᠮᠡᠳᠡᠬᠦ ᠳᠤ ᠬᠡᠳᠦᠨ ᠵᠠᠭᠤᠨ ᠦᠭᠡ ᠶᠢ ᠦᠭᠡᠷᠡᠴᠢᠯᠡᠵᠦ | ᠰᠤᠷᠬᠤ ᠪᠢᠴᠢᠭ᠂ ᠲᠣᠯᠢ ᠪᠢᠴᠢᠭ᠂ ᠬᠡᠪᠯᠡᠯ ᠮᠡᠳᠡᠭᠡᠯᠡᠯ ᠳᠤ ᠨᠡᠶᠢᠳᠡᠮ ᠰᠠᠴᠤᠭᠰᠠᠨ ᠪᠠᠶᠢᠯ᠎ᠠ᠃ ᠠᠷᠠᠳ ᠲᠦᠮᠡᠨ ᠤ | ᠰᠠᠨᠠᠯ ᠲᠤᠶᠢᠯ ᠤᠨ ᠶᠡᠭᠡ ᠪᠠᠷ ᠲᠦᠪᠯᠡᠷᠡᠵᠦ ᠪᠠᠶᠢᠭ᠎ᠠ ᠠᠴᠠ ᠦᠵᠡᠬᠦ ᠳᠤ ᠡᠨᠡ ᠥᠭᠡᠷᠡᠴᠢᠯᠡᠯᠳᠡ ᠪᠣᠯ ᠦᠨᠳᠦᠰᠦᠳᠡᠨ ᠤ | ᠰᠣᠶᠣᠯ ᠤᠨ ᠭᠤᠣᠯ ᠴᠢᠮᠦᠭᠡ ᠪᠣᠯᠬᠤ ᠦᠰᠦᠭ ᠪᠢᠴᠢᠭ ᠲᠤ ᠬᠠᠰᠢ ᠶᠠᠰᠢ ᠬᠠᠨᠳᠤᠵᠦ᠂ ᠡᠷᠦᠢ ᠬᠤᠷᠤᠢ ᠦᠭᠡᠢ | ᠦᠭᠡᠷᠡᠴᠢᠯᠡᠭᠰᠡᠨ ᠠᠴᠠ ᠤᠯᠠᠨ ᠤ ᠳᠤᠷ᠎ᠠ ᠦᠭᠡᠶᠢᠴᠡᠯ ᠢ ᠬᠦᠷᠭᠡᠭᠰᠡᠨ ᠨᠢ ᠢᠯᠡᠷᠡᠬᠡᠢ ᠪᠠᠶᠢᠨ᠎ᠠ᠃ ᠰᠣᠨᠣᠰᠬᠤ ᠳᠤ | ᠲᠡᠷᠡ ᠤᠳᠠᠭᠠᠨ ᠤ ᠥᠭᠡᠷᠡᠴᠢᠯᠡᠯᠳᠡ ᠳᠤ ᠬᠡᠳᠤᠨ ᠵᠠᠭᠤᠨ ᠦᠭᠡ ᠬᠤᠯᠪᠤᠭᠳᠠᠯᠠ ᠭᠡᠳᠡᠭ᠂ ᠲᠡᠳᠡᠭᠡᠷ ᠦᠭᠡ ᠤᠯᠠᠨ | ᠭᠠᠵᠠᠷ ᠳᠣᠷᠠᠳᠣᠭᠳᠠᠵᠦ ᠪᠠᠶᠢᠭᠰᠠᠨ ᠲᠤᠯᠠ ᠠᠳᠡ ᠪᠢ ᠪᠦᠬᠦᠨ ᠢ ᠲᠤᠷᠠᠳᠬᠤ ᠦᠭᠡᠢ᠂ ᠴᠦᠬᠡᠪᠦᠷᠢ ᠬᠡᠳᠤᠨ | ᠦᠭᠡ ᠪᠠᠷ ᠵᠢᠱᠢᠶᠡᠯᠠᠵᠦ ᠦᠵᠡᠯᠳᠡ ᠪᠠᠨ ᠢᠯᠡᠳᠭᠡᠶ᠎ᠡ᠃ ᠲᠤᠰ ᠦᠭᠡᠷᠡᠴᠢᠯᠡᠯᠳᠡ ᠳᠤ ︽ᠲᠡᠶᠢᠨ ᠢᠯᠭᠠᠯ ᠤᠨ | ᠳᠠᠭᠠᠪᠤᠷᠢ ᠶᠢ ᠵᠠᠪᠠᠯ ᠰᠠᠯᠭᠠᠵᠦ ᠪᠢᠴᠢᠬᠦ ᠬᠡᠷᠡᠭᠳᠡᠢ︾ ᠭᠡᠳᠡᠭ ᠦᠨᠳᠦᠰᠦᠯᠡᠯ ᠢᠶᠠᠷ ︽ᠨᠠᠮᠠᠶᠢ ᠴᠢᠮᠠᠶᠢ᠂ ᠳᠠᠭᠠᠨ ᠲᠠᠭᠠᠨ | ︾ ᠵᠡᠷᠭᠡ ᠶᠢ ᠰᠠᠯᠭᠠᠭᠠᠳ ︽ᠨᠠᠮ᠎ᠠ ᠶᠢ᠂ ᠴᠢᠮ᠎ᠠ ᠶᠢ᠂ ᠳᠤ ᠪᠠᠨ᠂ ᠲᠤ ᠪᠠᠨ︾ ᠁ ᠪᠣᠯᠭᠠᠭᠰᠠᠨ ᠪᠠᠶᠢᠯ᠎ᠠ᠂ ᠡᠨᠡ | ᠨᠢ ᠴᠦ ᠪᠠᠰᠠ ᠶᠤᠰᠤ ᠦᠭᠡᠢ ᠪᠢᠰᠢ ᠯᠠ ᠳ᠋ᠠ᠂ ᠵᠦᠪᠬᠡᠨ ᠭᠠᠶᠢᠬᠠᠯᠳᠠᠢ ᠨᠢ ᠮᠠᠨ ᠤ ᠡᠪᠦᠭᠡ ᠲᠡᠭᠡᠳᠦᠰ ᠲᠡᠯᠡᠬᠡᠢ ᠳᠤ | ᠭᠠᠭᠴᠠ ᠪᠤᠰᠤᠭ᠎ᠠ ᠮᠣᠩᠭᠤᠯ ᠦᠰᠦᠭ ᠢ ᠵᠤᠬᠢᠶᠠᠵᠦ᠂ ᠬᠡᠳᠤᠨ ᠵᠠᠭᠤᠨ ᠵᠢᠯ ᠤᠨ ᠤᠯᠠᠨ ᠤᠳᠠᠭᠠᠨ ᠤ | ᠦᠭᠡᠷᠡᠴᠢᠯᠡᠯᠳᠡ᠂ ᠰᠢᠨᠡᠴᠢᠯᠡᠯᠳᠡ᠂ ᠬᠤᠪᠢᠰᠤᠯᠳᠠ ᠶᠢ ᠳᠠᠮᠵᠢᠭᠤᠯᠵᠦ ᠪᠢᠳᠡᠨ ᠤ ᠭᠠᠷ ᠲᠤ ᠬᠦᠷᠭᠡᠬᠦ ᠳᠡᠭᠡᠨ ︽ | ᠲᠡᠶᠢᠨ ᠢᠯᠭᠠᠯ ᠤᠨ ᠳᠠᠭᠠᠪᠤᠷᠢ ᠶᠢ ᠵᠠᠪᠠᠯ ᠰᠠᠯᠭᠠᠵᠦ ᠪᠢᠴᠢᠬᠦ ᠬᠡᠷᠡᠭᠳᠡᠢ︾ ᠭᠡᠳᠡᠭ ᠶᠤᠰᠤ ᠶᠢ ᠮᠡᠳᠡᠭᠰᠡᠨ ᠦᠭᠡᠢ | ᠵᠠᠯᠭᠠᠭᠠᠳ ᠪᠢᠴᠢᠴᠢᠬᠡᠯᠡ ᠭᠡᠵᠢ ᠤᠤ︖ ᠥᠴᠥᠨᠡᠨ ᠵᠠᠭᠤ ᠮᠢᠩᠭᠠᠨ ᠵᠢᠯ ᠦᠶ᠎ᠡ ᠳᠠᠮᠵᠢᠨ ᠢᠷᠡᠳᠡᠯ᠎ᠡ ᠡᠨᠡ ᠶᠤᠰᠤ ᠶᠢ | ᠮᠡᠳᠡᠭᠰᠡᠨ ᠬᠦᠮᠦᠨ ᠠᠯᠠᠭ᠎ᠠ ᠭᠡᠵᠢ ᠤᠤ︖ ᠪᠢᠳᠡ ᠯᠡ ᠮᠡᠷᠭᠡᠨ ᠪᠤᠯᠤᠭᠠᠳ ᠡᠭᠦᠨ ᠢ ᠤᠯᠤᠭᠠᠳ ᠦᠵᠡᠴᠢᠬᠡᠯ᠎ᠡ ᠭᠡᠵᠢ | ᠤᠤ︖ ᠲᠡᠶᠢᠮᠦ ᠪᠢᠰᠢ ᠪᠠᠶᠢᠬ᠎ᠠ᠃ ᠦᠨᠡᠨᠳᠡᠭᠡᠨ ᠬᠤᠯᠪᠤᠵᠦ ᠪᠢᠴᠢᠬᠦ ᠨᠢ ᠰᠠᠯᠭᠠᠵᠦ ᠪᠢᠴᠢᠬᠦ ᠠᠴᠠ ᠪᠠᠨ ᠠᠮᠠᠷ᠂ | ᠲᠠᠳᠠᠯᠠᠵᠦ ᠪᠢᠴᠢᠬᠦ ᠳᠤ ᠨᠡᠩ ᠳᠥᠭᠦᠮ ︵ᠲᠠᠳᠠᠯᠠᠬᠤ ᠪᠣᠯ ᠦᠢᠭᠤᠷᠵᠢᠨ ᠮᠣᠩᠭᠤᠯ ᠦᠰᠦᠭ ᠤᠨ ᠬᠠᠮᠤᠭ ᠤᠨ | ᠴᠢᠬᠤᠯᠠ ᠳᠠᠪᠠᠭᠤᠯᠢᠭ ᠶᠤᠮ︶᠂ ᠠᠷᠠᠳ ᠲᠦᠮᠡᠨ ᠬᠦᠯᠢᠶᠡᠵᠦ ᠠᠪᠬᠤ ᠨᠢ ᠨᠡᠩ ᠬᠢᠯᠪᠠᠷ ᠵᠡᠷᠭᠡ ᠰᠢᠯᠳᠠᠭᠠᠨ ᠠᠴᠠ | ᠪᠤᠯᠵᠦ ᠰᠠᠯᠭᠠᠵᠦ ᠪᠢᠴᠢᠬᠦ ᠶᠤᠰᠤᠳᠠᠢ ᠪᠠᠶᠢᠭᠰᠠᠨ ᠴᠦ ᠨᠡᠶᠢᠯᠡᠭᠦᠯᠵᠦ ᠪᠢᠴᠢᠭᠡᠳ ᠰᠤᠷᠴᠢᠬᠠᠭᠰᠠᠨ ᠬᠡᠷᠡᠭ ᠶᠤᠮ᠃ | ᠲᠡᠭᠦᠨ ᠢ ᠨᠢᠭᠡ ᠶᠡᠭᠡ ᠰᠤᠳᠤᠯᠵᠦ᠂ ᠰᠠᠯᠭᠠᠵᠦ ᠮᠡᠷᠭᠡᠯᠡᠭᠡᠳ ᠪᠠᠶᠢᠬᠤ ᠱᠠᠭᠠᠷᠳᠠᠯᠭ᠎ᠠ ᠠᠯᠠᠭ᠎ᠠ᠂ ᠦᠭᠡ ᠬᠡᠯᠡ ᠳᠤ | ᠵᠠᠩᠰᠢᠯ ᠢ ᠬᠦᠨᠳᠦᠳᠭᠡᠬᠦ ᠵᠠᠷᠴᠢᠮ ᠪᠠᠶᠢᠳᠠᠭ᠂ ᠶᠠᠭ ᠬᠡᠯᠡᠪᠡᠯ ᠪᠠᠭ᠎ᠠ ᠰᠤᠷᠭᠠᠭᠤᠯᠢ ᠶᠢᠨ ᠬᠡᠦᠬᠡᠳ ᠤᠳ ᠴᠦ | ᠰᠠᠯᠭᠠᠭᠠᠳ ᠪᠢᠴᠢᠬᠦ ᠶᠢ ᠮᠡᠳᠡᠨ᠎ᠡ ᠯᠠ ᠳ᠋ᠠ᠃ ᠡᠶᠢᠮᠦ ᠠᠴᠠ ᠪᠦᠳᠦᠨ ᠢᠶᠠᠷ ᠨᠢ ᠮᠢᠩᠭᠠᠨ ᠵᠢᠯ ᠢ ᠲᠠᠪᠠᠵᠦ ᠢᠷᠡᠵᠦ | ᠴᠢᠳᠠᠭᠰᠠᠨ ᠦᠰᠦᠭ ᠢ ᠪᠢᠳᠡ ᠪᠦᠳᠦᠨ ᠢᠶᠠᠷ ᠨᠢ ᠠᠪᠴᠦ ᠶᠠᠪᠤᠭᠰᠠᠨ ᠪᠣᠯ ᠲᠦᠮᠡᠨ ᠵᠦᠪ᠃ ᠪᠠᠰᠠ ᠨᠢᠭᠡ | ᠦᠵᠡᠯᠳᠡ ᠨᠢ ᠪᠣᠯ ᠥᠭᠡᠷᠡᠴᠢᠯᠡᠵᠦ ᠪᠣᠯᠬᠤ ᠶᠢ ᠨᠢ ᠵᠠᠪᠠᠯ ᠥᠭᠡᠷᠡᠴᠢᠯᠡᠬᠦ ᠬᠡᠷᠡᠭᠳᠡᠢ ᠭᠡᠨ᠎ᠡ᠂ ᠲᠡᠳᠡᠨ ᠤ | ᠥᠭᠡᠷᠡᠴᠢᠯᠡᠵᠦ ᠪᠤᠯᠤᠨ᠎ᠠ ᠭᠡᠵᠤ ᠦᠵᠡᠭᠡ ᠨᠢ ᠲᠡᠭᠡᠷᠡᠬᠢ ᠬᠢᠯᠪᠠᠷᠬᠠᠨ ᠵᠢᠱᠢᠶ᠎ᠡ ᠤᠳ ᠶᠤᠮ ᠪᠠᠶᠢᠨ᠎ᠠ᠂ ᠲᠡᠭᠡᠪᠡᠯ | ᠥᠭᠡᠷᠡᠴᠢᠯᠡᠵᠦ ᠲᠡᠶᠢᠯᠬᠦ ᠦᠭᠡᠢ ᠶᠢ ᠨᠢ ᠶᠠᠭᠠᠭᠢᠨ᠎ᠠ ᠤᠤ︖ ᠵᠢᠱᠢᠶᠡᠯᠡᠪᠡᠯ᠂ ᠨᠢᠭᠡᠳᠦᠭᠡᠷ ᠪᠡᠶ᠎ᠡ ᠶᠢᠨ | ᠬᠠᠷᠢᠶᠠᠯᠠᠬᠤ ᠶᠢᠨ ᠲᠡᠶᠢᠨ ᠢᠯᠭᠠᠯ ᠳᠠᠬᠢ ︽ᠮᠢᠨᠦ᠂ ᠴᠢᠨᠤ︾ ᠶᠢ ᠪᠠᠰᠠ ᠰᠠᠯᠭᠠᠨ᠎ᠠ ᠪᠢᠵᠡ︖ ︽ᠮᠢᠨ ᠤ᠂ ᠴᠢᠨ ᠤ | ︾ ᠭᠡᠵᠤ ᠪᠢᠴᠢᠨ᠎ᠡ ᠪᠢᠵᠡ︖ ᠠᠷᠠᠢ ᠪᠤᠯᠤᠭᠰᠠᠨ ᠦᠭᠡᠢ ᠪᠠᠶᠢᠬ᠎ᠠ᠃ | ᠶᠠᠮᠠᠷ ᠴᠦ ᠬᠡᠯᠡᠨ ᠳᠤ ᠴᠦᠭᠡᠨ ᠲᠣᠭᠠᠨ ᠤ ᠣᠨᠴᠣᠭᠤᠢ ᠪᠢᠴᠢᠯᠭᠡ ᠲᠠᠢ ᠦᠰᠦᠭ ᠪᠠᠶᠢᠳᠠᠭ᠂ | ᠤᠶᠢᠭᠤᠷᠵᠢᠨ ᠮᠣᠩᠭᠤᠯ ᠦᠰᠦᠭ ᠲᠤ ᠴᠦ ᠠᠳᠠᠯᠢ᠂ ︽ᠣᠨᠴᠣᠭᠤᠢ᠂ ᠲᠡᠭᠷᠢ᠂ ᠮᠠᠩᠨᠠᠢ᠂ ᠲᠠᠩᠨᠠᠢ︾ ᠵᠡᠷᠭᠡ ᠦᠭᠡ | ᠪᠤᠢ᠂ ᠡᠳᠡᠭᠡᠷ ᠦᠭᠡ ᠶᠢ ᠦᠶ᠎ᠡ ᠦᠶ᠎ᠡ ᠶᠢᠨ ᠮᠣᠩᠭᠤᠯᠴᠤᠳ ᠲᠠᠳᠮᠠᠭᠠᠢ ᠬᠡᠷᠡᠭᠯᠡᠵᠦ᠂ ᠶᠠᠮᠠᠷ ᠴᠦ ᠲᠤᠮᠤ ᠦᠢᠯᠡ | ᠶᠠᠪᠤᠳᠠᠯ ᠢ ᠰᠠᠭᠠᠳᠠᠭᠠᠵᠦ ᠪᠠᠶᠢᠭᠰᠠᠨ ᠦᠭᠡᠢ᠃ ᠭᠡᠬᠦ ᠳᠤ ᠡᠳᠡᠭᠡᠷ ᠤᠨ ᠳᠤᠲᠤᠷ᠎ᠠ ᠠᠴᠠ ︽ᠣᠨᠴᠤᠭᠤᠢ︾ ᠨᠢ | ᠥᠭᠡᠷᠡᠴᠢᠯᠡᠭᠴᠢᠳ ᠤᠨ ᠠᠩᠬᠠᠷᠤᠯ ᠳᠤ ᠤᠷᠤᠭᠰᠠᠨ ᠪᠠᠶᠢᠯ᠎ᠠ᠂ ᠶᠤᠰᠤ ᠨᠢ ᠴᠦ ᠪᠦᠷᠢᠨ ᠭᠦᠢᠴᠡᠳ᠄ ︽ᠣᠨᠴᠣᠭᠤᠢ︾ | ᠶᠢᠨ ᠢᠵᠠᠭᠤᠷ ᠨᠢ ︽ᠣᠨᠴᠠ︾ ᠤᠴᠢᠷ ᠠᠴᠠ ︽ᠣᠨᠴᠣᠭᠤᠢ︾ ᠭᠡᠵᠤ ᠪᠢᠴᠢᠬᠦ ᠨᠢ ᠪᠤᠷᠤᠭᠤ᠂ ︽ᠣᠨᠴᠠᠭᠠᠢ︾ | ᠭᠡᠵᠤ ᠪᠢᠴᠢᠪᠡᠯ ᠲᠠᠭᠠᠷᠠᠨ᠎ᠠ︕ ᠮᠢᠩᠭᠠᠨ ᠵᠢᠯ ᠢᠯᠡᠷᠡᠭᠦᠯᠦᠭᠡ ᠦᠭᠡᠢ ᠪᠠᠶᠢᠭᠰᠠᠨ ᠮᠠᠰᠢ ᠲᠤᠮᠤ ᠠᠰᠠᠭᠤᠳᠠᠯ ᠢ | ᠢᠯᠡᠷᠡᠭᠦᠯᠦᠭᠰᠡᠨ ᠠᠵᠢ︕ ᠦᠨᠡᠨᠳᠡᠭᠡᠨ ᠪᠠᠭ᠎ᠠ ᠰᠤᠷᠭᠠᠭᠤᠯᠢ ᠶᠢᠨ ᠬᠡᠦᠬᠡᠳ ᠴᠦ ᠭᠡᠰᠡᠨ ᠲᠡᠭᠦᠨ ᠤ ᠢᠵᠠᠭᠤᠷ ᠨᠢ ︽ | ᠣᠨᠴᠠ︾ ᠭᠡᠳᠡᠭ ᠢ ᠮᠡᠳᠡᠨ᠎ᠡ᠂ ᠲᠡᠭᠡᠪᠡᠯ ᠵᠠᠭᠤ ᠮᠢᠩᠭᠠᠨ ᠵᠢᠯ ᠢᠶᠠᠷ ᠮᠠᠨ ᠤ ᠡᠪᠦᠭᠡ ᠲᠡᠭᠡᠳᠦᠰ ᠶᠠᠭᠠᠭᠢᠭᠠᠳ | ᠮᠡᠳᠡᠭᠰᠡᠨ ᠦᠭᠡᠢ ᠶᠤᠮ ᠪᠣᠯ︖ ᠡᠰᠡᠬᠦᠯ᠎ᠡ ᠮᠡᠳᠡᠵᠦ ᠪᠠᠶᠢᠭᠠᠳ ᠲᠤᠰᠬᠠᠶᠢᠯᠠᠨ ᠢᠩᠬᠢᠵᠦ ᠦᠯᠡᠳᠡᠭᠡᠭᠰᠡᠨ ᠪᠤᠯᠤᠮᠵᠢ | ᠪᠠᠶᠢᠨ᠎ᠠ ᠤᠤ︖ ᠦᠭᠡᠢ ᠤᠤ︖ ᠶᠠᠭᠤ ᠴᠦ ᠪᠤᠯᠤᠭᠰᠠᠨ ᠲᠡᠯᠡᠬᠡᠢ ᠳᠤ ᠭᠠᠶᠢᠬᠠᠮᠰᠢᠭᠳᠠᠢ ᠪᠣᠰᠤᠭ᠎ᠠ ᠮᠣᠩᠭᠤᠯ | ᠦᠰᠦᠭ ᠢ ᠵᠤᠬᠢᠶᠠᠴᠢᠬᠠᠭᠠᠳ ᠶᠠᠳᠠᠵᠦ ᠣᠨᠴᠣᠭᠤᠢ ᠶᠢᠨ ᠢᠶᠠᠨ ᠢᠵᠠᠭᠤᠷ ᠢ ᠮᠡᠳᠡᠬᠦ ᠦᠭᠡᠢ ᠬᠡᠮᠵᠢᠶᠡᠨ ᠳᠤ ᠬᠦᠷᠬᠦ | ᠦᠭᠡᠢ ᠪᠠᠶᠢᠬ᠎ᠠ᠃ ᠡᠰᠡᠬᠦᠯ᠎ᠡ ᠬᠤᠶᠢᠴᠢ ᠶᠢᠨ ᠬᠦᠮᠦᠰ ᠲᠤ ᠪᠠᠨ ᠮᠣᠩᠭᠤᠯ ᠦᠰᠦᠭ ᠲᠤ ᠣᠨᠴᠤᠭᠤᠢ ᠪᠢᠴᠢᠯᠭᠡ ᠲᠠᠢ | ᠬᠡᠳᠤᠨ ᠦᠭᠡ ᠪᠠᠶᠢᠳᠠᠭ᠂ ︽ᠣᠨᠴᠤᠭᠤᠢ︾ ᠭᠡᠳᠡᠭ ᠡᠨᠡ ᠦᠭᠡ ᠠᠴᠠ ᠡᠬᠢᠯᠡᠵᠦ ᠪᠠᠲᠤ ᠴᠡᠭᠡᠵᠢᠯᠡᠵᠦ ᠵᠦᠪ | ᠬᠡᠷᠡᠭᠯᠡᠵᠦ ᠶᠠᠪᠤᠭᠠᠷᠠᠢ ᠭᠡᠰᠡᠨ ᠵᠣᠷᠢᠯᠭ᠎ᠠ ᠲᠠᠢ ᠢᠩᠭᠢᠵᠦ ᠪᠢᠴᠢᠭᠰᠡᠨ ᠴᠦ ᠪᠠᠶᠢᠵᠦ ᠪᠤᠯᠵᠤᠰᠢ ᠦᠭᠡᠢ᠂ ᠶᠠᠭᠤ ᠴᠦ | ᠭᠡᠰᠡᠨ ᠤᠯᠠᠨ ᠵᠠᠭᠤᠨ ᠵᠢᠯ ᠢᠩᠬᠢᠵᠦ ᠬᠡᠷᠡᠭᠯᠡᠭᠡᠳ ᠳᠠᠳᠤᠭᠰᠠᠨ ᠪᠦᠭᠡᠳ ᠶᠠᠭᠤ ᠶᠢ ᠴᠦ ᠰᠠᠭᠠᠲᠠᠭᠠᠭᠰᠠᠨ ᠦᠭᠡᠢ | ᠪᠠᠶᠢᠯ᠎ᠠ᠃ ᠥᠭᠡᠷᠡᠴᠢᠯᠡᠭᠴᠢᠳ ᠮᠠᠨᠢ ᠣᠨᠴᠤᠭᠤᠢ ᠪᠢᠴᠢᠯᠭᠡ ᠲᠠᠢ ᠦᠭᠡᠰ ᠢ ᠥᠭᠡᠷᠡᠴᠢᠯᠡᠬᠦ ᠳᠡᠭᠡᠨ ᠪᠠᠰᠠ ᠠᠮᠠᠷᠬᠠᠨ ᠢ | ᠨᠢ ︽ᠦᠭᠡᠷᠡᠴᠢᠯᠡᠵᠦ︾ ᠬᠦᠴᠢᠷ ᠢ ᠨᠢ ᠤᠷᠬᠢᠬᠤ ᠠᠷᠭ᠎ᠠ ᠪᠠᠨ ᠬᠡᠷᠡᠭᠯᠡᠪᠡ᠂ ᠲᠤᠬᠠᠶᠢᠯᠠᠪᠠᠯ ︽ᠣᠨᠴᠤᠭᠤᠢ︾ ᠠᠴᠠ | ᠴᠠᠰᠢ ᠪᠠᠨ ︽ᠲᠡᠭᠷᠢ᠂ ᠮᠠᠩᠨᠠᠢ᠂ ᠲᠠᠩᠨᠠᠢ᠂ ᠪᠠᠷᠰ︾ ᠵᠡᠷᠭᠡ ᠦᠭᠡ ᠶᠢ ᠠᠷᠠᠢ ᠬᠦᠨᠳᠡᠵᠦ ᠴᠢᠳᠠᠭᠰᠠᠨ ᠦᠭᠡᠢ | ᠤᠷᠬᠢᠵᠠᠢ᠂ ᠲᠡᠳᠡᠨ ᠤ ᠪᠠᠷᠢᠮᠵᠢᠶ᠎ᠠ ᠪᠠᠷ ᠪᠣᠯ ᠡᠳᠡᠭᠡᠷ ᠦᠰᠦᠭ ᠢ ᠨᠡᠩ ᠴᠦ ᠥᠭᠡᠷᠡᠴᠢᠯᠡᠬᠦ ᠶᠤᠰᠤᠳᠠᠢ ᠪᠠᠶᠢᠭᠰᠠᠨ᠂ | ᠲᠤᠬᠠᠶᠢᠯᠠᠪᠠᠯ ︽ᠲᠡᠩᠭᠡᠷᠢ᠂ ᠮᠠᠭᠨᠠᠢ᠂ ᠲᠠᠭᠨᠠᠢ᠂ ᠪᠠᠷᠠᠰ︾ ᠭᠡᠬᠦ ᠶᠤᠰᠤᠳᠠᠢ ᠪᠢᠵᠡ︖ ᠶᠠᠭᠠᠭᠢᠭᠠᠳ ᠢᠩᠬᠢᠵᠦ | ᠥᠭᠡᠷᠡᠴᠢᠯᠡᠭᠰᠡᠨ ᠦᠭᠡᠢ ᠶᠤᠮ ᠪᠣᠯ︖ ᠡᠶᠢᠮᠦ ᠠᠴᠠ ᠠᠮᠠᠷ ᠢ ᠨᠢ ᠡᠷᠢᠵᠦ ᠬᠦᠴᠢᠷ ᠢ ᠨᠢ ᠤᠷᠬᠢᠭᠠᠳ ᠭᠠᠭᠴᠠ ︽ | ᠣᠨᠴᠤᠭᠤᠢ︾ ᠶᠢ ᠥᠭᠡᠷᠡᠴᠢᠯᠡᠭᠰᠡᠨ ᠡᠨᠡ ᠥᠭᠡᠷᠡᠴᠢᠯᠡᠯᠳᠡ ᠬᠦᠮᠦᠰ ᠤᠨ ᠳᠤᠷ᠎ᠠ ᠦᠭᠡᠶᠢᠴᠡᠯ ᠢ ᠬᠦᠷᠭᠡᠬᠦ ᠴᠦ | ᠭᠠᠷᠴᠠᠭ᠎ᠠ ᠦᠭᠡᠢ ᠬᠡᠷᠡᠭ ᠠᠵᠢ᠃ | ᠪᠠᠰᠠ ᠨᠢᠭᠡ ᠦᠰᠦᠭ ᠢ ᠥᠭᠡᠷᠡᠴᠢᠯᠡᠭᠰᠡᠨ ᠨᠢ ᠤᠯᠤᠰ ᠲᠥᠷᠦ ᠶᠢᠨ ᠤᠳᠬ᠎ᠠ ᠤᠴᠢᠷ ᠲᠠᠢ | ᠬᠤᠯᠪᠤᠭᠳᠠᠬᠤ ᠲᠤᠯᠠ ᠳᠤᠷᠠᠳᠤᠭᠠᠳ ᠠᠪᠤᠶ᠎ᠠ ᠯᠠ ᠳ᠋ᠠ᠃ ᠲᠤᠬᠠᠶᠢᠯᠠᠪᠠᠯ ︽ᠲᠤᠤᠱᠳᠠᠢ᠂ ᠲᠤᠤᠱᠯᠠᠭᠤᠯᠬᠤ︾ | ᠭᠡᠳᠡᠭ ᠦᠭᠡ ᠪᠤᠯᠤᠨ᠎ᠠ᠃ ᠡᠭᠦᠨ ᠢ ᠴᠢᠨᠢ ︽ᠥᠭᠡᠷᠡᠴᠢᠯᠡᠭᠡᠳ︾ ︽ᠲᠤᠭᠤᠰᠢᠳᠠᠢ᠂ ᠲᠤᠭᠤᠰᠢᠯᠠᠭᠤᠯᠬᠤ︾ | ᠪᠤᠯᠭᠠᠪᠠᠢ︕ ᠡᠨᠡ ᠨᠢ ᠶᠠᠮᠠᠷ ᠵᠣᠷᠢᠯᠭ᠎ᠠ ᠠᠴᠠ ᠭᠡᠳᠡᠭ ᠢ ᠪᠢ ᠤᠬᠠᠭᠠᠨ ᠢ ᠨᠢ ᠡᠰᠡ ᠣᠯᠪᠠ᠂ ᠡᠭᠦᠨ ᠤ ᠤᠯᠠᠮ ᠢᠶᠠᠷ | ︽ᠨᠠᠮ ᠤᠨ ᠲᠥᠪ ᠬᠤᠷᠢᠶᠠᠨ ᠤ ᠪᠢᠴᠢᠭ ᠮᠠᠲ᠋ᠧᠷᠢᠶᠠᠯ ᠪᠠ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ | ᠶᠠᠷᠢᠶᠠᠨ ᠤ ᠵᠣᠷᠢᠭ ᠰᠠᠨᠠᠭ᠎ᠠ ᠶᠢ ᠲᠤᠤᠱᠯᠠᠭᠤᠯᠤᠨ ᠨᠠᠶᠢᠳᠠᠪᠦᠷᠢᠵᠢᠭᠤᠯᠤᠶ᠎ᠠ᠃︾ ᠭᠡᠰᠡᠨ ᠦᠭᠡ ᠨᠢ ᠪᠢᠴᠢᠯᠭᠡ ᠶᠢᠨ | ᠲᠠᠯ᠎ᠠ ᠳᠤ ᠤᠳᠬ᠎ᠠ ᠬᠤᠪᠢᠷᠠᠵᠦ᠂ ︽ᠨᠠᠮ ᠤᠨ ᠲᠥᠪ ᠬᠤᠷᠢᠶᠠᠨ ᠤ ᠪᠢᠴᠢᠭ ᠮᠠᠲ᠋ᠧᠷᠢᠶᠠᠯ ᠪᠠ ᠰᠢ ᠶᠢᠨ ᠫᠢᠩ | ᠶᠡᠷᠦᠩᠬᠡᠢ ᠱᠦᠵᠢ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠲᠤᠭᠤᠰᠢᠯᠠᠭᠤᠯᠤᠨ ︵ᠳᠤᠷᠤᠭᠰᠢᠯᠠᠭᠤᠯᠤᠨ︶ | ᠨᠠᠶᠢᠳᠠᠪᠦᠷᠢᠵᠢᠭᠤᠯᠤᠶ᠎ᠠ᠃︾ ᠭᠡᠰᠡᠨ ᠦᠭᠡ ᠪᠣᠯᠵᠠᠢ᠂ ᠡᠨᠡ ᠨᠢ ᠲᠤᠷᠤᠭᠰᠢ ᠲᠡᠰ ᠪᠠᠭᠤᠷᠠᠭᠤᠯᠤᠨ | ᠨᠠᠶᠢᠳᠠᠪᠦᠷᠢᠵᠢᠭᠤᠯᠤᠨ᠎ᠠ ᠭᠡᠰᠡᠨ ᠰᠢᠭ ᠤᠳᠬ᠎ᠠ ᠬᠤᠳᠬᠤᠵᠦ ᠪᠠᠶᠢᠭ᠎ᠠ ᠪᠠᠷ ᠢᠶᠠᠨ ᠨᠡᠩ ᠮᠠᠭᠤᠬᠠᠢ ᠦᠷ᠎ᠡ ᠳ᠋ᠦᠩ | ᠭᠠᠷᠭᠠᠵᠠᠢ᠃ ᠡᠶᠢᠮᠦ ᠠᠴᠠ ᠦᠰᠦᠭ ᠪᠢᠴᠢᠭ ᠤᠨ ᠥᠭᠡᠷᠡᠴᠢᠯᠡᠯᠳᠡ ᠭᠡᠳᠡᠭ ᠢ ᠬᠢᠴᠢᠶᠡᠬᠦ ᠦᠭᠡᠢ ᠪᠣᠯ ᠤᠯᠤᠰ ᠲᠥᠷᠦ | ᠲᠠᠢ ᠴᠦ ᠬᠤᠯᠪᠣᠭᠳᠠᠵᠦ ᠮᠡᠳᠡᠬᠦ ᠶᠤᠮ ᠪᠠᠶᠢᠨ᠎ᠠ᠃ ᠡᠭᠦᠨ ᠠᠴᠠ ᠴᠢᠨᠠᠭᠰᠢ ᠪᠤᠳᠤᠬᠤ ᠶᠤᠮ ᠪᠣᠯ ︽ᠲᠤᠷᠤᠭᠰᠢ︾ | ᠭᠡᠳᠡᠭ ᠦᠭᠡ ᠶᠢ ᠴᠦ ᠥᠭᠡᠷᠡᠴᠢᠯᠡᠬᠦ ᠴᠢᠬᠤᠯᠠ ᠲᠠᠢ ᠪᠢᠵᠡ︖ ︽ᠳᠤᠤᠰᠢ︾ ︽ᠪᠤᠶᠤ ︽ᠲᠤᠭᠤᠰᠢ︾ ᠭᠡᠪᠡᠯ | ᠲᠠᠭᠠᠷᠠᠨ᠎ᠠ ᠪᠢᠵᠡ︖ ᠲᠡᠭᠡᠵᠦ ᠥᠭᠡᠷᠡᠴᠢᠯᠡᠵᠦ ᠪᠣᠯᠬᠤ ᠤᠤ︖ ᠡᠶᠢᠮᠦ ᠠᠴᠠ ᠦᠰᠦᠭ ᠪᠢᠴᠢᠭ ᠤᠨ | ᠥᠭᠡᠷᠡᠴᠢᠯᠡᠯᠳᠡ ᠳᠤ ᠬᠡᠷᠪᠡ ᠵᠠᠷᠴᠢᠮ ᠢ ᠪᠠᠷᠢᠬᠤ ᠦᠭᠡᠢ ᠪᠠᠷ ︽ᠥᠭᠡᠷᠡᠴᠢᠯᠡᠵᠦ ᠪᠣᠯᠬᠤ ᠶᠢ ᠨᠢ ᠥᠭᠡᠷᠡᠴᠢᠯᠡᠬᠦ | ᠬᠡᠷᠡᠭᠳᠡᠢ︾ ᠭᠡᠳ ᠶᠠᠪᠤᠬᠤ ᠶᠤᠮ ᠪᠣᠯ ᠡᠪᠦᠭᠡ ᠲᠡᠭᠡᠳᠦᠰ ᠠᠴᠠ ᠤᠯᠠᠮᠵᠢᠯᠠᠵᠦ ᠢᠷᠡᠭᠰᠡᠨ ᠦᠰᠦᠭ ᠪᠢᠴᠢᠭ ᠢᠶᠠᠨ | ᠮᠦᠬᠦᠭᠡᠵᠦ ᠬᠠᠶᠠᠬᠤ ᠯᠠ ᠬᠡᠷᠡᠭ ᠪᠤᠯᠤᠨ᠎ᠠ᠃ ᠦᠰᠦᠭ ᠪᠢᠴᠢᠭ ᠪᠣᠯ ᠬᠠᠷᠢᠴᠠᠩᠭᠤᠢ ᠲᠣᠭᠲᠠᠪᠤᠷᠢᠳᠠᠢ ᠪᠠᠶᠢᠬᠤ ᠶᠢ | ᠱᠠᠭᠠᠷᠳᠠᠳᠠᠭ᠂ ᠵᠠᠪᠠᠯ ᠥᠭᠡᠷᠡᠴᠢᠯᠡᠵᠦ ᠦᠯᠦ ᠪᠣᠯᠬᠤ ᠵᠠᠷᠴᠢᠮ ᠢ ᠪᠠᠷᠢᠮᠳᠠᠯᠠᠬᠤ ᠬᠡᠷᠡᠭᠳᠡᠢ᠂ ᠬᠡᠷᠪᠡ ︽ᠥᠭᠡᠷᠡᠴᠢᠯᠡᠵᠦ | ᠪᠣᠯᠬᠤ ᠶᠢ ᠨᠢ ᠥᠭᠡᠷᠡᠴᠢᠯᠡᠬᠦ ᠬᠡᠷᠡᠭᠳᠡᠢ︾ ᠭᠡᠰᠡᠨ ᠵᠠᠷᠴᠢᠮ ᠢᠶᠠᠷ ᠶᠠᠪᠤᠬᠤ ᠶᠤᠮ ᠪᠣᠯ ᠣᠯᠠᠨ ᠠᠰᠠᠭᠤᠳᠠᠯ ᠭᠠᠷᠴᠦ | ᠢᠷᠡᠨ᠎ᠡ᠂ ᠲᠤᠬᠠᠶᠢᠯᠠᠪᠠᠯ ᠶᠠᠮᠠᠷ ᠵᠠᠷᠴᠢᠮ ᠪᠤᠯᠤᠨ ᠪᠠᠷᠢᠮᠵᠢᠶ᠎ᠠ ᠪᠠᠷ ᠥᠭᠡᠷᠡᠴᠢᠯᠡᠨ᠎ᠡ ᠤᠤ︖ ᠲᠡᠷᠡ ᠵᠠᠷᠴᠢᠮ | ᠪᠠᠷᠢᠮᠵᠢᠶ᠎ᠠ ᠶᠢ ᠬᠡᠨ ᠲᠤᠭᠳᠠᠭᠠᠨ᠎ᠠ ᠤᠤ︖ ᠬᠡᠨ ᠬᠦᠮᠦᠨ ᠳᠤ ᠲᠡᠶᠢᠮᠦ ᠶᠡᠭᠡ ᠡᠷᠬᠡ ᠪᠠᠶᠢᠨ᠎ᠠ ᠤᠤ︖ ᠬᠡᠷᠪᠡ | ᠵᠠᠷᠴᠢᠮ ᠢ ᠪᠠᠷᠢᠬᠤ ᠦᠭᠡᠢ ᠪᠣᠯ ᠠᠯᠢ ᠴᠦ ᠡᠳᠦᠷ ᠶᠠᠮᠠᠷ ᠴᠦ ᠨᠢᠭᠡ ︽ᠡᠷᠳᠡᠮᠳᠡᠨ ᠮᠡᠷᠭᠡᠳ︾ ᠭᠠᠷᠴᠦ ᠢᠷᠡᠭᠡᠳ ︽ | ᠥᠭᠡᠷᠡᠴᠢᠯᠡᠵᠦ︾ ᠪᠠᠶᠢᠬᠤ ᠳᠤ ᠪᠡᠯᠡᠨ ᠰᠢᠦ ᠳ᠋ᠠ᠂ ᠮᠠᠨ ᠤ ᠬᠢᠨ ᠳᠤ ᠡᠶᠢᠮᠦ ᠡᠷᠳᠡᠮᠳᠡᠨ ᠮᠤᠩᠳᠠᠬᠤ ᠦᠭᠡᠢ᠂ ᠡᠶᠢᠮᠦ | ᠡᠷᠳᠡᠮᠳᠡᠨ ᠢ ᠭᠠᠷᠭᠠᠳᠠᠭ ᠤᠷᠴᠢᠨ ᠲᠤᠭᠤᠷᠢᠨ ᠴᠦ ᠮᠤᠩᠳᠠᠬᠤ ᠦᠭᠡᠢ ᠶᠤᠮ᠃ | ᠦᠨᠡᠨᠳᠡᠭᠡᠨ ᠪᠢᠳᠡᠨ ᠤ ᠡᠪᠦᠭᠡ ᠲᠡᠭᠡᠳᠦᠰ ᠠᠴᠠ ᠪᠡᠯᠡᠨ ᠰᠠᠶᠢᠬᠠᠨ ᠦᠭᠡ ᠬᠡᠯᠡ ᠦᠰᠦᠭ | ᠪᠢᠴᠢᠭ ᠢ ᠪᠢᠳᠡᠨ ᠤ ᠭᠠᠷ ᠲᠡᠭᠡᠷ᠎ᠡ ᠦᠯᠡᠳᠡᠭᠡᠵᠦ ᠦᠭᠭᠦᠭᠡᠳ ᠪᠠᠶᠢᠭ᠎ᠠ ᠨᠢ ᠬᠡᠴᠦᠨᠡᠨ ᠤᠮᠤᠭᠰᠢᠭᠤᠰᠢᠳᠠᠢ | ᠡᠷᠬᠢᠮᠯᠡᠭᠦᠰᠢᠳᠡᠢ ᠥᠪ ᠬᠦᠷᠦᠩᠭᠡ ᠪᠢᠯᠡ᠂ ᠪᠢᠳᠡ ᠲᠡᠭᠦᠨ ᠢ ᠲᠡᠷᠡ ᠬᠡᠪ ᠢᠶᠠᠷ ᠨᠢ ᠤᠯᠠᠮᠵᠢᠯᠠᠵᠦ ᠬᠠᠳᠠᠭᠠᠯᠠᠵᠦ | ᠦᠯᠡᠳᠡᠭᠡᠬᠦ ᠶᠤᠰᠤᠳᠠᠢ ᠠᠴᠠ ᠪᠤᠰᠤ ᠬᠠᠷᠢᠨ ᠡᠳᠦᠷ ᠤᠨ ᠮᠠᠷᠭᠠᠰᠢ ᠥᠭᠡᠷᠡᠴᠢᠯᠡᠶ᠎ᠡ ᠰᠢᠨᠡᠴᠢᠯᠡᠶᠡ ᠭᠡᠳ ᠪᠠᠶᠢᠬᠤ | ᠱᠠᠭᠠᠷᠳᠠᠯᠭ᠎ᠠ ᠦᠭᠡᠢ᠂ ᠡᠷᠬᠡ ᠦᠭᠡᠢ ᠶᠤᠮ᠃ ᠡᠶᠢᠮᠦ ᠠᠴᠠ ᠶᠠᠮᠠᠷ ᠴᠦ ᠪᠠᠶᠢᠭᠤᠯᠤᠯᠭ᠎ᠠ ᠨᠢᠭᠡᠴᠡ ᠪᠤᠶᠤ ᠬᠤᠪᠢ | ᠬᠦᠮᠦᠨ ᠦᠭᠡ ᠬᠡᠯᠡᠨ ᠤ ᠠᠰᠠᠭᠤᠳᠠᠯ ᠳᠤ ᠬᠠᠨᠳᠤᠬᠤ ᠳᠠᠭᠠᠨ ᠲᠤᠶᠢᠯ ᠤᠨ ᠶᠡᠭᠡ ᠪᠣᠯᠭᠤᠮᠵᠢᠳᠠᠢ ᠣᠪᠣᠷ ᠢ ᠠᠪᠬᠤ | ᠬᠡᠷᠡᠭᠳᠡᠢ᠂ ᠣᠯᠠᠨ ᠵᠠᠭᠤᠨ ᠵᠢᠯ ᠤᠨ ᠲᠤᠷᠰᠢ ᠤᠯᠠᠮᠵᠢᠯᠠᠵᠦ ᠢᠷᠡᠭᠰᠡᠨ ᠵᠠᠩᠰᠢᠯ ᠢ ᠲᠡᠭᠡᠳᠤ ᠬᠡᠮᠵᠢᠶ᠎ᠡ ᠪᠠᠷ | ᠬᠦᠨᠳᠦᠳᠭᠡᠬᠦ ᠬᠡᠷᠡᠭᠳᠡᠢ᠂ ᠨᠡᠶᠢᠭᠡᠮ ᠲᠠᠶᠠᠭᠠᠷ ᠥᠷᠭᠡᠨ ᠬᠡᠪᠴᠢᠶᠡᠨ ᠳᠤ ᠰᠠᠨᠠᠯ ᠬᠤᠷᠢᠶᠠᠵᠦ᠂ ᠪᠣᠯᠣᠮᠵᠢᠳᠤ ᠴᠢᠨᠠᠷ ᠢ | ᠪᠦᠬᠦ ᠲᠠᠯ᠎ᠠ ᠪᠠᠷ ᠤᠶᠢᠯᠠᠭᠠᠬᠤ ᠬᠡᠷᠡᠭᠳᠡᠢ᠂ ᠥᠭᠡᠷᠡᠴᠢᠯᠡᠭᠰᠡᠨ ᠵᠦᠢᠯ ᠳᠡᠭᠡᠨ ᠵᠤᠬᠢᠬᠤ ᠬᠤᠭᠤᠴᠠᠭᠠᠨ ᠤ ᠲᠤᠷᠰᠢᠯᠳᠠ | ᠬᠢᠵᠦ᠂ ᠤᠯᠠᠨ ᠨᠡᠶᠢᠲᠡ ᠶᠢᠨ ᠬᠦᠯᠢᠶᠡᠨ ᠠᠪᠴᠦ ᠪᠠᠶᠢᠭ᠎ᠠ ᠪᠠᠶᠢᠳᠠᠯ ᠪᠠ ᠪᠤᠳᠠᠳᠠᠢ ᠦᠷ᠎ᠡ ᠳ᠋ᠦᠩ ᠳᠤ ᠰᠢᠨᠵᠢᠯᠡᠬᠦ | ᠤᠬᠠᠭᠠᠨᠴᠢ ᠦᠨᠡᠯᠡᠯᠳᠡ ᠬᠢᠬᠦ ᠬᠡᠷᠡᠭᠳᠡᠢ᠃ ᠤᠴᠢᠷ ᠨᠢ ᠦᠭᠡ ᠬᠡᠯᠡ ᠦᠰᠦᠭ ᠪᠢᠴᠢᠭ ᠪᠣᠯ ᠶᠠᠮᠠᠷ ᠨᠢᠭᠡ ᠬᠤᠪᠢ | ᠬᠦᠮᠦᠨ ᠪᠣᠶᠣ ᠪᠠᠶᠢᠭᠤᠯᠤᠯᠭ᠎ᠠ ᠨᠢᠭᠡᠴᠡ ᠶᠢᠨ ᠬᠤᠪᠢ ᠶᠢᠨ ᠥᠮᠴᠢ ᠪᠤᠰᠤ᠂ ᠬᠠᠷᠢᠨ ᠪᠦᠬᠦ ᠮᠣᠩᠭᠤᠯ | ᠲᠣᠭᠤᠷᠭᠠᠳᠠᠨ ᠤ ᠬᠠᠮᠲᠤ ᠶᠢᠨ ᠥᠪ ᠬᠦᠷᠦᠩᠭᠡ ᠶᠤᠮ᠃ | ᠦᠰᠦᠭ ᠪᠢᠴᠢᠭ ᠢ ᠦᠭᠡᠷᠡᠴᠢᠯᠡᠵᠦ ᠦᠯᠦ ᠪᠤᠯᠤᠨ᠎ᠠ᠃ | | | 2015. 5. 29 | |