ᠳᠡᠳᠡᠭᠡᠷ ᠬᠠᠰᠤᠭᠳᠠᠭᠰᠠᠨ ᠨᠡᠷᠡᠲᠦ ᠶᠡᠭᠡ ᠰᠤᠷᠭᠠᠭᠤᠯᠢ ᠨᠤᠭᠤᠳ
ᠨᠡᠶᠢᠲᠡᠯᠡᠭᠰᠡᠨ ᠴᠠᠭ᠄
2015/6/18
    ᠶᠠᠨ ᠵᠢᠩ(燕京) ᠶᠡᠭᠡ ᠰᠤᠷᠭᠠᠭᠤᠯᠢ᠄ ᠤᠶᠢᠷ᠎ᠠ ᠦᠶ᠎ᠡ ᠶᠢᠨ ᠳᠤᠮᠳᠠᠲᠦ ᠤᠯᠤᠰ ᠤᠨ ᠭᠡᠪᠴᠢᠶ᠎ᠡ ᠎ ᠪᠠᠷ ᠬᠠᠮᠤᠭ ᠶᠡᠭᠡ᠂ ᠵᠢᠭᠠᠨ ᠰᠤᠷᠭᠠᠯᠳᠠ ᠶᠢᠨ ᠶᠠᠰᠦ ᠴᠢᠨᠠᠷ ᠬᠠᠮᠤᠭ ᠰᠠᠶᠢᠨ᠂ ᠤᠷᠴᠢᠨ ᠲᠤᠭᠤᠷᠢᠨ ᠬᠠᠮᠤᠭ ᠰᠠᠶᠢᠬᠠᠨ ᠶᠡᠭᠡ ᠰᠤᠷᠭᠠᠭᠤᠯᠢ ᠪᠤᠯᠤᠨ᠎ᠠ᠂ 1916 ᠤᠨ ᠳᠤ ᠪᠠᠶᠢᠭᠤᠯᠤᠭᠳᠠᠵᠦ᠂ John Leighton Stuart ︵ᠠᠮᠧᠷᠢᠺᠡ ᠶᠢᠨ ᠡᠾᠷᠢᠰᠲ᠋ᠤᠰ ᠤᠨ ᠱᠠᠰᠢᠨ ᠤ ᠨᠡᠶᠢᠭᠡᠮᠯᠢᠭ ᠤᠨ ᠱᠠᠰᠢᠨ ᠳᠡᠯᠭᠡᠷᠡᠭᠦᠯᠦᠭᠴᠢ᠂ ᠭᠠᠳᠠᠭᠠᠲᠦ ᠬᠠᠷᠢᠯᠴᠠᠭᠠᠨ ᠤ ᠳᠠᠷᠤᠭ᠎ᠠ᠂ ᠰᠤᠷᠭᠠᠨ ᠭᠦᠮᠦᠵᠢᠯᠳᠡᠨ︶ ᠵᠠᠭᠢᠷᠤᠯ ᠪᠤᠯᠪᠠ᠃ ᠦᠩᠭᠡᠷᠡᠭᠰᠡᠨ ᠳᠤ ᠬᠠᠷᠸᠠᠷᠳ᠋ ᠶᠡᠭᠡ ᠰᠤᠷᠭᠠᠭᠤᠯᠢ ᠲᠠᠢ ᠬᠠᠮᠲᠤᠷᠠᠨ ᠬᠠᠷᠸᠠᠷᠳ᠋ —  ᠶᠠᠨ ᠵᠢᠩ ᠰᠤᠷᠭᠠᠭᠤᠯᠢ ᠶᠢ ᠪᠠᠶᠢᠭᠤᠯᠪᠠ᠂ ᠤᠯᠤᠰ ᠤᠨ ᠲᠤᠲᠤᠭᠠᠲᠦ ᠭᠠᠳᠠᠭᠠᠲᠦ ᠳᠤ ᠶᠡᠭᠡ ᠨᠡᠷ᠎ᠡ ᠠᠯᠳᠠᠷ ᠲᠠᠢ ᠰᠤᠷᠭᠠᠭᠤᠯᠢ ᠪᠤᠯᠤᠨ᠎ᠠ᠃ ᠰᠤᠷᠭᠠᠭᠤᠯᠢ ᠶᠢᠨ ᠭᠦᠷᠢᠶ᠎ᠡ ᠨᠢ ᠤᠲᠤ ᠶᠢᠨ ᠪᠡᠭᠡᠵᠢᠩ ᠶᠡᠭᠡ ᠰᠤᠷᠭᠠᠭᠤᠯᠢ ᠶᠢᠨ ᠭᠤᠤᠯ ᠭᠦᠷᠢᠶ᠎ᠡ — ᠶᠠᠨ ᠶᠤᠸᠠᠨ ᠭᠦᠷᠢᠶ᠎ᠡ ᠪᠤᠯᠤᠨ᠎ᠠ᠃ 1952 ᠤᠨ ᠤ ᠳᠡᠭᠡᠲᠦ ᠵᠡᠷᠭᠡ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠬᠠᠰᠤᠭᠳᠠᠪᠠ᠃      ᠹᠦ᠋ ᠿᠧᠨ(辅仁) ᠶᠡᠭᠡ ᠰᠤᠷᠭᠠᠭᠤᠯᠢ᠄ 1925 ᠤᠨ ᠳᠤ ᠷᠤᠮᠠ ᠶᠢᠨ ᠱᠠᠰᠢᠨ ᠤ ᠤᠷᠲᠦᠨ ᠎ ᠠᠴᠠ ᠪᠠᠶᠢᠭᠤᠯᠵᠦ᠂ 20 ᠳ᠋ᠤᠭᠠᠷ ᠵᠠᠭᠤᠨ ᠤ ᠡᠭᠢᠨ ᠳᠤ ᠪᠡᠭᠡᠵᠢᠩ ᠶᠡᠭᠡ ᠰᠤᠷᠭᠠᠭᠤᠯᠢ᠂ ᠴᠢᠩᠬᠤᠸᠠ ᠶᠡᠭᠡ ᠰᠤᠷᠭᠠᠭᠤᠯᠢ᠂ ᠶᠠᠨ ᠵᠢᠩ ᠶᠡᠭᠡ ᠰᠤᠷᠭᠠᠭᠤᠯᠢ ᠲᠠᠢ ᠬᠠᠮᠲᠦ ︽ᠪᠸᠢᠢᠫᠢᠩ ᠤᠨ ᠲᠦᠷᠪᠡᠨ ᠨᠡᠷᠡᠲᠦ ᠰᠤᠷᠭᠠᠭᠤᠯᠢ︾ ᠭᠡᠵᠦ ᠨᠡᠷᠡᠶᠢᠲᠦᠭᠳᠡᠵᠦ ᠪᠠᠶᠢᠪᠠ᠃ 1952 ᠤᠨ ᠤ ᠳᠡᠭᠡᠲᠦ ᠵᠡᠷᠭᠡ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠬᠠᠰᠤᠭᠳᠠᠵᠦ᠂ ᠰᠤᠷᠭᠠᠭᠤᠯᠢ ᠶᠢᠨ ᠭᠦᠷᠢᠶ᠎ᠡ ᠶᠢ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠤᠶᠢᠲᠦ ᠰᠤᠷᠭᠠᠭᠤᠯᠢ ᠶᠢᠨ ᠭᠦᠷᠢᠶ᠎ᠡ ᠲᠠᠢ ᠨᠡᠶᠢᠯᠡᠭᠦᠯᠵᠦ᠂ ᠠᠵᠢᠯᠳᠠᠨ ᠵᠢᠴᠢ ᠰᠠᠯᠪᠤᠷᠢ ᠶᠢᠨ ᠤᠷᠤᠨ ᠲᠤᠭ᠎ᠠ ᠶᠢ ᠳᠤᠰᠪᠤᠷᠢ ᠪᠡᠭᠡᠵᠢᠩ ᠶᠡᠭᠡ ᠰᠤᠷᠭᠠᠭᠤᠯᠢ᠂ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ᠂ ᠳᠤᠮᠳᠠᠲᠦ ᠤᠯᠤᠰ ᠤᠨ ᠠᠷᠠᠳ ᠤᠨ ᠶᠡᠭᠡ ᠰᠤᠷᠭᠠᠭᠤᠯᠢ᠂ ᠳᠤᠮᠳᠠᠲᠦ ᠤᠯᠤᠰ ᠤᠨ ᠤᠯᠤᠰ ᠲᠦᠷᠦ ᠬᠠᠤᠯᠢ ᠴᠠᠭᠠᠵᠠ ᠎ ᠶᠢᠨ ᠶᠡᠭᠡ ᠰᠤᠷᠭᠠᠭᠤᠯᠢ᠂ ᠲᠦᠪ ᠤᠨ ᠡᠳ᠋ ᠤᠨ ᠵᠠᠰᠠᠭ ᠤᠨ ᠶᠡᠭᠡ ᠰᠤᠷᠭᠠᠭᠤᠯᠢ ᠳᠤ ᠬᠤᠪᠢᠶᠠᠨ  ᠤᠷᠤᠭᠤᠯᠪᠠ  ᠃      ᠴᠢ ᠯᠦ᠋(齐鲁) ᠶᠡᠭᠡ ᠰᠤᠷᠭᠠᠭᠤᠯᠢ᠄ ᠳᠤᠮᠳᠠᠲᠦ ᠶᠢᠨ ᠳᠡᠤᠭᠡᠨ ᠳᠡᠭᠡᠷᠡᠭᠢ ᠬᠠᠮᠤᠭ ᠠᠩᠬᠠᠨ ᠤ ᠱᠠᠰᠢᠨ ᠤ ᠨᠡᠶᠢᠭᠡᠮᠯᠢᠭ ᠤᠨ ᠶᠡᠭᠡ ᠰᠤᠷᠭᠠᠭᠤᠯᠢ ᠪᠤᠯᠤᠨ᠎ᠠ᠂ ᠠᠮᠧᠷᠢᠺᠡ᠂ ᠠᠩᠭ᠍ᠯᠢ᠂ ᠺᠠᠨᠠᠳᠠ ᠭᠤᠷᠪᠠᠨ ᠤᠯᠤᠰ ᠤᠨ 14 ᠡᠾᠷᠢᠰᠲ᠋ᠤᠰ ᠤᠨ ᠱᠠᠰᠢᠨ ᠤ ᠨᠡᠶᠢᠭᠡᠮᠯᠢᠭ ᠬᠠᠮᠲᠤᠷᠠᠨ ᠱᠠᠨᠳᠦ᠋ᠩ ᠳᠤ ᠪᠠᠶᠢᠭᠤᠯᠵᠦ᠂ ᠭᠦᠭᠵᠢᠵᠦ ᠮᠠᠨᠲᠤᠵᠦ ᠪᠠᠶᠢᠭᠰᠠᠨ ᠦᠶ᠎ᠡ ᠳᠡᠭᠡᠨ ︽ᠳᠤᠮᠳᠠᠲᠦ ᠶᠢᠨ ᠨᠢᠭᠡᠲᠦᠭᠡᠷ ᠶᠡᠭᠡ ᠰᠤᠷᠭᠠᠭᠤᠯᠢ︾ ᠭᠡᠵᠦ ᠠᠯᠳᠠᠷᠰᠢᠵᠦ᠂ ᠶᠠᠨ ᠵᠢᠩ ᠶᠡᠭᠡ ᠰᠤᠷᠭᠠᠭᠤᠯᠢ ᠲᠠᠢ ᠬᠠᠮᠲᠦ ︽ᠡᠮᠦᠨᠡᠲᠦ ᠳᠤ ᠴᠢ ᠯᠦ᠋ ᠤᠮᠠᠷᠠᠲᠦ ᠳᠤ ᠶᠠᠨ ᠵᠢᠩ︾ ᠬᠡᠵᠦ ᠠᠯᠳᠠᠷᠰᠢᠵᠠᠢ᠃ ᠤᠯᠠᠨ ᠨᠡᠷᠡᠲᠦ ᠭᠦᠮᠦᠰ ᠵᠢᠱᠢᠶᠡᠯᠡᠪᠡᠯ ᠵᠤᠭᠢᠶᠠᠯᠴᠢ ᠯᠣᠣ ᠱᠧ᠂ ᠳᠡᠤᠭᠡᠴᠢ ᠭᠦ᠋ ᠵᠢᠶᠧ ᠭᠠᠩ᠂ ᠮᠦᠸᠧᠽᠢ ᠶᠢᠨ ᠰᠤᠷᠭᠠᠯᠳᠠᠨ ᠤ ᠶᠡᠭᠡ ᠪᠠᠭᠰᠢ ᠯᠤᠸᠠᠨ ᠳ᠋ᠢᠶᠣᠣ ᠹᠦ᠋᠂ ᠱᠢ ᠵᠦᠴᠦᠭᠡ ᠶᠢᠨ ᠤᠨᠤᠯᠴᠢᠨ ᠮᠠ ᠶᠠᠨ ᠰᠢᠶᠠᠩ ᠵᠡᠷᠭᠡ ᠭᠦᠮᠦᠰ ᠪᠦᠷ ᠠᠳᠡ ᠪᠠᠭᠰᠢᠯᠠᠵᠦ ᠪᠠᠶᠢᠪᠠ᠃ 1952 ᠤᠨ ᠤ ᠳᠡᠭᠡᠲᠦ ᠵᠡᠷᠭᠡ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠳᠤᠰ ᠰᠤᠷᠭᠠᠭᠤᠯᠢ ᠶᠢ ᠱᠠᠨᠳᠦ᠋ᠩ ᠶᠡᠭᠡ ᠰᠤᠷᠭᠠᠭᠤᠯᠢ ᠲᠠᠢ  ᠨᠡᠶᠢᠯᠡᠭᠦᠯᠦᠨ᠂ ᠭᠡᠰᠡᠭ ᠳᠤᠰᠬᠠᠢ ᠮᠡᠷᠭᠡᠵᠢᠯ ᠢ ᠱᠠᠨᠳᠦ᠋ᠩ ᠤᠨ ᠪᠠᠭᠰᠢ ᠶᠡᠭᠡ ᠰᠤᠷᠭᠠᠭᠤᠯᠢ ᠲᠠᠢ ᠨᠡᠶᠢᠯᠡᠭᠦᠯᠵᠦ᠂ ᠰᠤᠷᠭᠠᠭᠤᠯᠢ ᠶᠢᠨ ᠭᠦᠷᠢᠶ᠎ᠡ ᠨᠢ ᠤᠲᠦ ᠶᠢᠨ ᠱᠠᠨᠳᠦ᠋ᠩ ᠶᠡᠭᠡ ᠰᠤᠷᠭᠠᠭᠤᠯᠢ ᠶᠢᠨ ᠪᠠᠷᠠᠭᠤᠨ ᠰᠤᠷᠭᠠᠭᠤᠯᠢ ᠶᠢᠨ ᠭᠦᠷᠢᠶ᠎ᠡ ᠪᠤᠯᠤᠨ᠎ᠠ᠃       ᠳ᠋ᠦᠩ ᠦ᠋(东吴) ᠶᠡᠭᠡ ᠰᠤᠷᠭᠠᠭᠤᠯᠢ᠄ 20 ᠳ᠋ᠤᠭᠠᠷ ᠵᠠᠭᠤᠨ ᠤ ᠡᠭᠢᠨ ᠤ ᠳᠤᠮᠳᠠᠲᠦ ᠤᠯᠤᠰ ᠎ ᠤᠨ ᠬᠠᠮᠤᠭ ᠠᠩᠬᠠᠨ ᠤ ᠠᠷᠠᠳ ᠠᠴᠠ ᠡᠷᠭᠢᠯᠡᠭᠰᠡᠨ ᠶᠡᠭᠡ ᠰᠤᠷᠭᠠᠭᠤᠯᠢ ᠪᠤᠯᠤᠨ᠎ᠠ᠃ 1900 ᠤᠨ ᠳᠤ ᠰᠦᠵᠸᠦ ᠎ ᠳᠤ ᠪᠠᠶᠢᠭᠤᠯᠤᠭᠳᠠᠵᠦ᠂ ᠬᠠᠤᠯᠢ ᠶᠢᠨ ᠤᠬᠠᠭᠠᠨ ᠨᠢ ᠲᠤᠬᠠᠢ ᠦᠶ᠎ᠡ ᠳᠤ ᠲᠤᠲᠤᠭᠠᠲᠦ ᠭᠠᠳᠠᠭᠠᠲᠦ ᠳᠤ ᠨᠡᠷ᠎ᠡ ᠠᠯᠳᠠᠷ ᠎ ᠲᠠᠢ᠃ 1952 ᠤᠨ ᠤ ᠳᠡᠭᠡᠲᠦ ᠵᠡᠷᠭᠡ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠬᠠᠰᠤᠭᠳᠠᠵᠦ᠂ ᠤᠤᠯ ᠭᠠᠵᠠᠷ ᠳᠡᠭᠡᠷ᠎ᠡ ᠨᠢ ᠵᠢᠶᠠᠩᠰᠦ ᠶᠢᠨ ᠪᠠᠭᠰᠢ ᠶᠢᠨ ᠶᠡᠭᠡ ᠰᠤᠷᠭᠠᠭᠤᠯᠢ ᠶᠢ ᠪᠠᠶᠢᠭᠤᠯᠵᠦ᠂ 1986 ᠤᠨ ᠳᠤ ᠨᠡᠷ᠎ᠡ ᠪᠠᠨ ᠰᠦᠵᠸᠦ ᠶᠡᠭᠡ ᠰᠤᠷᠭᠠᠭᠤᠯᠢ ᠭᠡᠵᠦ ᠬᠠᠯᠠᠪᠠ᠃       ᠰᠠᠨᠲ ᠵᠤᠨ᠋ᠰ(圣约翰) ᠶᠡᠭᠡ ᠰᠤᠷᠭᠠᠭᠤᠯᠢ᠄ ᠳᠤᠮᠳᠠᠲᠦ ᠤᠯᠤᠰ ᠤᠨ ᠠᠩᠬᠠᠲᠤᠭᠠᠷ ᠴᠤᠯ ᠠᠩᠭ᠍ᠯᠢ ᠭᠡᠯᠡ ᠪᠠᠷ ᠭᠢᠴᠢᠶᠡᠯᠯᠡᠭᠦ ᠶᠡᠭᠡ ᠰᠤᠷᠭᠠᠭᠤᠯᠢ ᠪᠤᠯᠤᠨ᠎ᠠ᠂ ︽ᠭᠡᠷᠡᠯ ᠪᠠ ᠦᠨᠡᠨ ᠶᠤᠰᠤ︾᠎ ᠪᠠᠷ ᠰᠤᠷᠭᠠᠭᠤᠯᠢ ᠎ ᠶᠢᠨ ᠲᠦᠷᠢᠮ ᠪᠤᠯᠭᠠᠵᠦ᠂ ︽ᠲᠤᠷᠤᠨᠠᠲᠦ ᠶᠢᠨ ᠬᠠᠷᠸᠠᠷᠳ᠋︾ ᠪᠠ ︽ᠭᠠᠳᠠᠭᠠᠲᠦ ᠬᠠᠷᠢᠯᠴᠠᠭᠠᠨ ᠤ ᠴᠢᠳᠠᠪᠤᠷᠢᠳᠠᠨ ᠢ ᠭᠦᠮᠦᠵᠢᠭᠦᠯᠭᠦ ᠭᠠᠵᠠᠷ︾ ᠭᠡᠰᠡᠨ ᠰᠠᠶᠢᠬᠠᠨ ᠠᠯᠳᠠᠷ ᠲᠠᠢ᠂ ᠢᠷᠭᠡᠨ ᠤᠯᠤᠰ ᠤᠨ ᠦᠶ᠎ᠡ ᠳᠤ ᠰᠤᠷᠭᠠᠨ ᠭᠦᠮᠦᠵᠢᠯ ᠎ ᠤᠨ ᠳᠠᠯ᠎ᠠ ᠪᠠᠷ ᠮᠠᠰᠢ ᠤᠯᠠᠨ ᠨᠢᠭᠡᠲᠦᠭᠡᠷ ᠢ ᠡᠭᠦᠳᠴᠦ᠂ ᠢᠯᠠᠩᠭᠤᠶ᠎ᠠ ᠪᠡᠶ᠎ᠡ ᠳᠠᠮᠢᠷ ᠤᠨ ᠰᠤᠷᠭᠠᠨ ᠭᠦᠮᠦᠵᠢᠯ ᠤᠨ ᠳᠠᠯ᠎ᠠ ᠪᠠᠷ ᠤᠷᠤᠶᠢᠯᠠᠵᠦ  ᠪᠠᠶᠢᠪᠠ᠃ ᠳᠤᠰ ᠰᠤᠷᠭᠠᠭᠤᠯᠢ ᠨᠢ ᠯᠢᠨ ᠢᠦᠢ ᠲᠠᠩ᠂ ᠵᠠᠩ ᠠᠢ ᠯᠢᠩ᠂ ᠽᠧᠦ ᠲᠣᠣ ᠹᠧᠨ᠂ ᠭᠦ᠋ ᠸᠧᠢ ᠵᠢᠶᠦ᠋ᠨ᠂ ᠰᠥᠩ ᠽᠢ ᠸᠧᠨ᠂ ᠷᠥᠩ ᠢ ᠿᠧᠨ᠂ ᠯᠢᠦ ᠬᠤᠩ ᠱᠧᠩ᠂ ᠪᠧᠢ ᠢᠦᠢ ᠮᠢᠩ᠂ ᠱᠢ ᠵᠣᠣ ᠵᠢᠢ ᠵᠡᠷᠭᠡ ᠮᠠᠰᠢ ᠤᠯᠠᠨ ᠳᠤᠮᠳᠠᠲᠦ ᠤᠯᠤᠰ ᠤᠨ ᠳᠡᠤᠭᠡᠨ ᠳᠤ ᠨᠡᠷ᠎ᠡ ᠨᠦᠯᠦᠭᠡ ᠶᠡᠬᠡᠲᠠᠢ ᠭᠠᠷᠮᠠᠭᠠᠢ ᠭᠦᠮᠦᠰ ᠢ ᠭᠦᠮᠦᠵᠢᠭᠦᠯᠪᠡ᠃       ᠵᠧᠨᠳᠠᠨ(震旦) ᠶᠡᠭᠡ ᠰᠤᠷᠭᠠᠭᠤᠯᠢ᠄ ᠹᠷᠠᠨᠽᠢ ᠶᠢᠨ ᠺᠠᠲ᠋ᠤᠯᠢᠭ ᠱᠠᠰᠢᠨ ᠤ ᠨᠡᠶᠢᠭᠡᠮᠯᠢᠭ ᠨᠢ 1903 ᠤᠨ ᠳᠤ ᠪᠠᠶᠢᠭᠤᠯᠵᠦ᠂ ᠳᠤᠮᠳᠠᠲᠦ ᠶᠢᠨ ᠬᠠᠷ᠎ᠠ ᠯᠠᠮ᠎ᠠ ᠮᠠ ᠰᠢᠶᠠᠩ ᠪᠥᠸᠧ ᠵᠠᠭᠢᠷᠤᠯ ᠪᠤᠯᠪᠠ᠃ ᠵᠧᠨᠳᠠᠨ ᠭᠡᠳᠡᠭ ᠪᠤᠯ ᠡᠷᠳᠡᠨ ᠤ ᠶᠧᠵᠢᠫᠲ ᠤᠨ ᠳᠤᠮᠳᠠᠲᠦ ᠤᠯᠤᠰ ᠤᠨ ᠬᠠᠭᠤᠴᠢᠨ ᠨᠡᠷᠡᠶᠢᠲᠦᠯ ᠪᠤᠯᠤᠨ᠎ᠠ᠃ ᠳᠡᠭᠡᠲᠦ ᠵᠡᠷᠭᠡ ᠎ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠵᠧᠨᠳᠠᠨ ᠶᠡᠭᠡ ᠰᠤᠷᠭᠠᠭᠤᠯᠢ ᠶᠢᠨ ᠡᠯ᠎ᠡ ᠳᠡᠭᠡᠲᠦ ᠰᠤᠷᠭᠠᠭᠤᠯᠢ ᠰᠠᠯᠪᠤᠷᠢ ᠶᠢ ᠳᠤᠰᠪᠦᠷᠢ ᠹᠦᠳᠠᠨ ᠶᠡᠭᠡ ᠰᠤᠷᠭᠠᠭᠤᠯᠢ᠂ ᠱᠠᠩᠬᠠᠢ ᠶᠢᠨ ᠵᠠᠮ ᠬᠠᠷᠢᠯᠴᠠᠭ᠎ᠠ ᠎ ᠶᠢᠨ ᠶᠡᠭᠡ ᠰᠤᠷᠭᠠᠭᠤᠯᠢ᠂ ᠲᠦᠩ ᠵᠢᠢ ᠶᠡᠭᠡ ᠰᠤᠷᠭᠠᠭᠤᠯᠢ ᠳᠤ ᠬᠤᠪᠢᠶᠠᠨ ᠨᠡᠶᠢᠯᠡᠭᠦᠯᠪᠡ᠃      ᡁᠢ ᠵᠢᠶᠠᠩ(之江) ᠶᠡᠭᠡ ᠰᠤᠷᠭᠠᠭᠤᠯᠢ᠄ 1845 ᠤᠨ ᠳᠤ ᠠᠮᠧᠷᠢᠺᠠ ᠨᠤᠲᠤᠭ ᠲᠠᠢ ᠪᠠᠭᠰᠢ ᠬᠠᠩᠵᠸᠦ ᠳᠤ ᠪᠠᠶᠢᠭᠤᠯᠤᠭᠰᠠᠨ ᠡᠾᠷᠢᠰᠲ᠋ᠤᠰ ᠤᠨ ᠱᠠᠰᠢᠨ ᠤ ᠨᠡᠶᠢᠭᠡᠮᠯᠢᠭ ᠤᠨ ᠶᠡᠭᠡ ᠰᠤᠷᠭᠠᠭᠤᠯᠢ ᠪᠠᠶᠢᠵᠦ᠂ ᠪᠦᠭᠦ ᠤᠯᠤᠰ ᠤᠨ ᠶᠡᠭᠡ ᠳᠡᠭᠡᠲᠦ ᠰᠤᠷᠭᠠᠭᠤᠯᠢ ᠶᠢᠨ ᠲᠤᠲᠤᠷ᠎ᠠ ᠵᠤᠭᠢᠬᠤ ᠪᠠᠶᠢᠷᠢ ᠰᠠᠭᠤᠷᠢ ᠲᠠᠢ ᠰᠤᠷᠭᠠᠭᠤᠯᠢ ᠪᠤᠯᠤᠨ᠎ᠠ᠂ ᠯᠢᠨ ᠬᠠᠨ ᠳ᠋ᠠ᠂ ᠶᠢᠨ ᠵᠦᠩ ᠬᠤᠸᠠ᠂ ᠵᠦ ᠱᠧᠩ ᠬᠤᠣ ᠵᠡᠷᠭᠡ ᠨᠡᠷᠡᠲᠦ ᠭᠦᠮᠦᠰ ᠨᠢ ᠳᠤᠰ ᠰᠤᠷᠭᠠᠭᠤᠯᠢ ᠶᠢᠨ ᠰᠤᠷᠤᠭᠴᠢ ᠪᠤᠯᠤᠨ᠎ᠠ᠃ 1951 ᠤᠨ ᠳᠤ ᠳᠤᠰ ᠰᠤᠷᠭᠠᠭᠤᠯᠢ ᠶᠢ ᠵᠧᠵᠢᠶᠠᠩ ᠮᠤᠵᠢ ᠶᠢᠨ ᠰᠤᠶᠤᠯ ᠭᠦᠮᠦᠵᠢᠯ ᠤᠨ ᠲᠢᠩᠭᠢᠮ ᠠᠴᠠ ᠬᠠᠮᠢᠶᠠᠷᠴᠦ᠂ ᠠᠮᠧᠷᠢᠺᠡ ᠨᠤᠲᠤᠭ ᠲᠠᠢ ᠪᠠᠭᠰᠢ ᠤᠯᠤᠰ ᠳᠠᠭᠠᠨ ᠬᠠᠷᠢᠪᠠ᠃ 1952 ᠤᠨ ᠳᠤ ᠵᠧᠵᠢᠶᠠᠩ ᠶᠡᠭᠡ ᠰᠤᠷᠭᠠᠭᠤᠯᠢ ᠲᠠᠢ ᠨᠡᠶᠢᠯᠡᠭᠦᠯᠪᠡ᠃      ᠎ ᠶᠢᠨ ᠯᠢᠩ(金陵) ᠶᠡᠭᠡ ᠰᠤᠷᠭᠠᠭᠤᠯᠢ᠄ ᠠᠮᠧᠷᠢᠺᠠ ᠶᠢᠨ ᠡᠾᠷᠢᠰᠲ᠋ᠤᠰ ᠤᠨ ᠱᠠᠰᠢᠨ ᠤ ᠠᠬᠠᠮᠠᠳ ᠨᠡᠶᠢᠭᠡᠮᠯᠢᠭ ᠨᠢ ᠨᠠᠨᠵᠢᠩ ᠳᠤ ᠪᠠᠶᠢᠭᠤᠯᠪᠠ᠃ ᠰᠤᠷᠭᠠᠨ ᠭᠦᠮᠦᠵᠢᠯᠳᠡᠨ ᠲᠣᠣ ᠰᠢᠩ ᡁᠢ᠂ ᠨᠤᠪᠧᠯ ᠤᠨ ᠤᠳᠬ᠎ᠠ ᠵᠤᠭᠢᠶᠠᠯ ᠤᠨ ᠱᠠᠩᠨᠠᠯ ᠤᠨ ᠭᠦᠷᠳᠡᠭᠴᠢ ᠰᠠᠢ ᠵᠧᠨ ᠵᠦ᠂ ᠭᠦᠨ ᠤᠬᠠᠭᠠᠨᠳᠠᠨ ᠹᠠᠩ ᠳ᠋ᠦᠩ ᠮᠧᠢ᠂ ᠰᠤᠶᠤᠯ ᠳᠡᠤᠭᠡ ᠎ ᠶᠢᠨ ᠤᠬᠠᠭᠠᠨᠳᠠᠨ ᠴᠧᠩ ᠴᠢᠶᠠᠨ ᠹᠠᠨ ᠵᠡᠷᠭᠡ ᠨᠡᠷᠡᠲᠦ ᠭᠦᠮᠦᠰ ᠨᠢ ᠴᠦᠮ ᠳᠤᠰ ᠰᠤᠷᠭᠠᠭᠤᠯᠢ ᠠᠴᠠ ᠳᠡᠭᠦᠰᠪᠡ᠃ 20 ᠳ᠋ᠤᠭᠠᠷ ᠵᠠᠭᠤᠨ ᠤ ᠳᠠᠪᠢᠭᠠᠳ ᠤᠨ ᠳᠤ ᠳᠠᠶᠢᠸᠠᠨ ᠤ ᠳᠠᠷᠢᠶᠠᠯᠠᠩ ᠤᠨ  ᠡᠳᠡᠭᠡᠳ ︽ᠠᠵᠦ ᠠᠬᠤᠢ ᠶᠢᠨ ᠰᠡᠷᠭᠦᠭᠡᠯᠳᠡ︾᠎ ᠶᠢ ᠤᠷᠢᠶᠠᠯᠠᠭᠰᠠᠨ ᠤᠯᠠᠩᠭᠢ ᠭᠤᠤᠯᠯᠠᠭᠴᠢ ᠭᠦᠮᠦᠰ ᠨᠢ ᠪᠦᠷ ᠳᠤᠰ ᠰᠤᠷᠭᠠᠭᠤᠯᠢ ᠶᠢᠨ ᠤᠶᠤᠳᠠᠳ ᠪᠤᠯᠤᠨ᠎ᠠ᠃ ᠬᠦ᠋ ᠱᠢ ᠠᠴᠠ ᠢᠷᠭᠡᠨ ᠤᠯᠤᠰ ᠤᠨ ᠦᠶ᠎ᠡ ᠶᠢᠨ ᠳᠠᠷᠢᠶᠠᠯᠠᠩ ᠤᠨ ᠰᠤᠲᠤᠯᠭᠠᠨ ᠤ ᠲᠦᠪ ᠨᠢ ᠨᠠᠨᠵᠢᠩ ᠪᠠᠶᠢᠵᠦ᠂ ᠨᠠᠨᠵᠢᠩ ᠤᠨ ᠳᠠᠷᠢᠶᠠᠯᠠᠩ ᠤᠨ ᠰᠤᠲᠤᠯᠭᠠᠨ ᠤ ᠲᠦᠪ ᠨᠢ ᠶᠢᠨ ᠯᠢᠩ ᠶᠡᠭᠡ ᠰᠤᠷᠭᠠᠭᠤᠯᠢ ᠪᠤᠯᠤᠨ᠎ᠠ ᠭᠡᠪᠡ᠃      ᠯᠢᠩ ᠨᠠᠨ(岭南) ᠶᠡᠭᠡ ᠰᠤᠷᠭᠠᠭᠤᠯᠢ᠄ ᠠᠮᠧᠷᠢᠺᠡ ᠶᠢᠨ ᠡᠾᠷᠢᠰᠲ᠋ᠤᠰ ᠤᠨ ᠱᠠᠰᠢᠨ ᠤ ᠠᠬᠠᠮᠠᠳ ᠨᠡᠶᠢᠭᠡᠮᠯᠢᠭ ᠨᠢ 1888 ᠤᠨ ᠳᠤ ᠭᠤᠸᠠᠩᠵᠸᠦ ᠳᠤ ᠪᠠᠶᠢᠭᠤᠯᠪᠠ᠃ 1925 ᠤᠨ ᠠᠴᠠ 1927 ᠤᠨ ᠪᠤᠯᠳᠠᠯ᠎ᠠ᠂ ᠭᠤᠸᠠᠩᠵᠸᠦ ᠨᠢ ᠶᠡᠭᠡ ᠬᠤᠪᠢᠰᠬᠠᠯ ᠤᠨ ᠤᠷᠭᠢᠯ ᠤᠨ ᠴᠠᠭ ᠦᠶ᠎ᠡ ᠳᠤ ᠪᠠᠶᠢᠵᠦ᠂ ᠳᠤᠰ ᠰᠤᠷᠭᠠᠭᠤᠯᠢ ᠎ ᠶᠢᠨ ᠠᠵᠢᠯᠴᠢᠨ᠂ ᠰᠤᠷᠤᠭᠴᠢᠳ ᠵᠠᠯᠭᠠᠪᠡᠷ ᠠᠵᠢᠯ ᠬᠠᠶᠠᠬᠤ᠂ ᠭᠢᠴᠢᠶᠡᠯ ᠬᠠᠶᠠᠭᠰᠠᠨ ᠠᠴᠠ ᠰᠤᠷᠭᠠᠭᠤᠯᠢ ᠨᠢ ᠡᠷᠭᠢᠯᠡᠭᠦ ᠪᠠᠨ ᠵᠤᠭᠰᠤᠪᠠ᠃ ᠳᠤᠰ ᠵᠢᠯ ᠤᠨ ᠬᠢᠨᠢ ᠲᠤᠯᠤᠭᠠᠨ ᠰᠠᠷ᠎ᠠ ᠳᠤ ᠳᠤᠮᠳᠠᠲᠦ ᠶᠢᠨ ᠭᠦᠮᠦᠨ ᠦᠪᠡᠷᠲᠡᠭᠡᠨ ᠡᠷᠭᠢᠯᠡᠪᠡ᠃ ᠤᠷᠢᠳ ᠬᠤᠵᠢᠳ ᠨᠡᠶᠢᠭᠡᠮ᠂ ᠪᠠᠶᠢᠭᠠᠯᠢ᠂ ᠠᠵᠦ ᠤᠶᠢᠯᠡᠳᠪᠦᠷᠢ᠂ ᠳᠠᠷᠢᠶᠠᠯᠠᠩ᠂  ᠬᠤᠳᠠᠯᠲᠤᠭ᠎ᠠ᠂ ᠡᠮᠨᠡᠯᠭᠡ ᠶᠢᠨ ᠰᠤᠷᠭᠠᠭᠤᠯᠢ ᠶᠢ ᠪᠠᠶᠢᠭᠤᠯᠪᠠ᠃ 1952 ᠤᠨ ᠤ ᠳᠡᠭᠡᠲᠦ ᠵᠡᠷᠭᠡ ᠶᠢᠨ ᠰᠤᠷᠭᠠᠭᠤᠯᠢ ᠶᠢᠨ ᠳᠡᠭᠡᠲᠦ ᠰᠤᠷᠭᠠᠭᠤᠯᠢ ᠰᠠᠯᠪᠤᠷᠢ ᠶᠢᠨ ᠴᠡᠭᠴᠡᠯᠡᠯᠳᠡ ᠳᠤ ᠯᠢᠩ ᠨᠠᠨ ᠶᠡᠭᠡ ᠰᠤᠷᠭᠠᠭᠤᠯᠢ ᠵᠢᠴᠢ ᠵᠦᠩ ᠱᠠᠨ ᠶᠡᠭᠡ ᠰᠤᠷᠭᠠᠭᠤᠯᠢ ᠎ ᠶᠢᠨ ᠳᠡᠭᠡᠲᠦ ᠰᠤᠷᠭᠠᠭᠤᠯᠢ ᠶᠢᠨ ᠨᠡᠶᠢᠭᠡᠮ ᠪᠠᠶᠢᠭᠠᠯᠢ ᠶᠢᠨ ᠰᠠᠯᠪᠤᠷᠢ ᠶᠢ ᠨᠡᠶᠢᠯᠡᠭᠦᠯᠵᠦ᠂ ᠤᠲᠤ ᠶᠢᠨ ᠵᠦᠩ ᠱᠠᠨ ᠶᠡᠭᠡ ᠰᠤᠷᠭᠠᠭᠤᠯᠢ ᠶᠢ ᠪᠦᠷᠢᠯᠲᠦᠭᠦᠯᠪᠡ᠃ ᠪᠤᠰᠤᠳ ᠭᠢᠴᠢᠶᠡᠯ ᠲᠦᠷᠦᠯ ᠢ ᠨᠡᠶᠢᠯᠡᠭᠦᠯᠦᠨ ᠴᠡᠭᠴᠡᠯᠡᠵᠦ᠂ ᠲᠤᠰᠪᠤᠷᠢ ᠡᠮᠦᠨᠡᠲᠦ ᠤᠷᠤᠨ ᠤ ᠠᠵᠦ ᠤᠶᠢᠯᠡᠳᠪᠦᠷᠢ ᠶᠢᠨ ᠳᠡᠭᠡᠲᠦ ᠰᠤᠷᠭᠠᠭᠤᠯᠢ᠂ ᠡᠮᠦᠨᠡᠲᠦ ᠤᠷᠤᠨ ᠤ ᠳᠠᠷᠢᠶᠠᠯᠠᠩ ᠤᠨ ᠳᠡᠭᠡᠲᠦ ᠰᠤᠷᠭᠠᠭᠤᠯᠢ᠂ ᠡᠮᠦᠨᠡᠲᠦ ᠤᠷᠤᠨ ᠤ ᠪᠠᠭᠰᠢ ᠶᠢᠨ ᠶᠡᠭᠡ ᠰᠤᠷᠭᠠᠭᠤᠯᠢ ᠪᠤᠯᠤᠨ ᠵᠦᠩ ᠱᠠᠨ ᠡᠮᠨᠡᠯᠭᠡ ᠶᠢᠨ ᠳᠡᠭᠡᠲᠦ ᠰᠤᠷᠭᠠᠭᠤᠯᠢ ᠪᠤᠯᠭᠠᠪᠠ᠃ ︵︽ᠤᠩᠰᠢᠭᠴᠢ︾ ᠰᠡᠳᠭᠦᠯ ᠠᠴᠠ ᠤᠷᠴᠢᠭᠤᠯᠪᠠ︶
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号