ᠬᠡᠤᠬᠡᠳ ᠤᠨ ᠬᠦᠴᠦᠷᠭᠡᠭᠯᠡᠯ ᠢ ᠴᠢᠩᠭ᠎ᠠ ᠵᠠᠰᠠᠬᠤ ᠶᠢᠨ ᠤᠴᠢᠷ
ᠨᠡᠶᠢᠲᠡᠯᠡᠭᠰᠡᠨ ᠴᠠᠭ᠄
2015/6/16
     ᠲᠤᠯᠤᠭᠠᠢ ᠶᠢ ᠨᠢ ᠲᠤᠭᠤᠰᠬ᠎ᠠ ᠪᠠᠷ ᠪᠠᠯᠪᠠᠵᠦ᠂ ᠤᠯᠠᠩᠭᠠᠰᠤᠬᠰᠠᠨ ᠰᠢᠬ ᠢᠰᠬᠦᠯᠦᠨ᠎ᠠ︔ ᠤᠯᠠᠭᠤᠯᠠ ᠨᠡᠶᠢᠯᠡᠨ ᠨᠢᠬᠡ ᠬᠡᠤᠬᠡᠳ ᠤᠨ ᠨᠢᠭᠤᠷ ᠠᠮᠠ ᠶᠢ ᠨᠢ ᠦᠵᠡᠬᠦ ᠶᠢᠨ ᠲᠦᠷᠢ ᠦᠬᠡᠢ ᠪᠤᠯᠳᠠᠯ᠎ᠠ ᠢᠰᠬᠦᠯᠦᠭᠰᠡᠨ ᠢᠶᠠᠨ ᠵᠤᠷᠯᠤᠩ ᠤᠨ ᠨᠦᠬᠡᠨ ᠳᠤ ᠲᠦᠯᠬᠢᠨ ᠤᠷᠤᠭᠤᠯᠪᠠ︔ ᠬᠡᠳᠦᠨ ᠦᠬᠢᠨ ᠰᠤᠷᠤᠬᠴᠢ ᠨᠢᠬᠡ ᠡᠮᠡᠭᠳᠡᠢ ᠬᠠᠮᠳᠤ ᠰᠤᠷᠤᠬᠴᠢ ᠪᠠᠨ ᠬᠡᠵᠢᠬᠡᠳᠡᠵᠦ ᠵᠤᠳᠤᠬᠤ ᠶᠢᠨ ᠵᠡᠷᠭᠡᠪᠡᠷ ᠬᠤᠪᠴᠠᠰᠤ ᠶᠢ ᠨᠢ ᠲᠠᠶᠢᠯᠵᠦ ᠁ ᠤᠷᠴᠢᠮ ᠸᠢᠴᠠᠲ᠂ ᠰᠦᠯᠵᠢᠶ᠎ᠠ ᠪᠠᠷ ᠲᠠᠮᠵᠢᠬᠳᠠᠬᠰᠠᠨ ᠡᠳᠡᠭᠡᠷ ᠸᠢᠳᠢᠣ᠋ ᠶᠢ ᠨᠢᠬᠡ ᠪᠢᠰᠢ ᠣᠳᠠᠭ᠎ᠠ ᠬᠠᠷᠠᠬᠤ ᠳᠠᠭᠠᠨ ᠤᠳᠤ ᠶᠢᠨ ᠰᠤᠷᠭᠠᠭᠤᠯᠢ ᠶᠢᠨ ᠬᠦᠷᠢᠶᠡᠨ ᠳᠠᠬᠢ ᠬᠦᠴᠦᠷᠭᠡᠭᠯᠡᠯ ᠤᠨ ᠲᠤᠬᠠᠢ ᠦᠪᠡᠷ ᠤᠨ ᠡᠷᠬᠡ ᠦᠬᠡᠢ ᠰᠤᠴᠢᠵᠦ ᠠᠪᠤᠯ᠎ᠠ᠃      ᠬᠡᠳᠦᠢ ᠶᠡᠭᠡ ᠬᠤᠷᠤᠰᠤᠯ᠂ ᠶᠠᠮᠠᠷ ᠬᠡᠴᠡᠬᠦᠦ ᠵᠠᠨᠤᠯ ᠲᠠᠢ ᠭᠡᠵᠦ ᠦᠶ᠎ᠠ ᠶᠢᠨ ᠨᠦᠬᠦᠳ᠂ ᠬᠠᠮᠳᠤ ᠰᠤᠷᠤᠬᠴᠢ ᠪᠠᠨ ᠲᠡᠬᠡᠵᠤ ᠬᠠᠷᠠᠳᠠᠵᠦ ᠲᠠᠮᠤᠯᠠᠬᠤ ᠨᠢ ᠪᠤᠢ︖ ᠰᠢᠯᠲᠠᠭᠠᠨ ᠨᠢ ᠬᠠᠷᠢᠨ ᠱᠠᠬᠠᠢ ᠶᠢ ᠨᠢ ᠵᠢᠬᠡᠯᠡᠵᠦ ᠡᠮᠦᠰᠬᠦ ᠠᠴᠠ ᠪᠤᠯᠤᠬᠰᠠᠨ᠂ ᠡᠰᠡᠬᠦᠯ᠎ᠠ ᠵᠢᠵᠢᠭ ᠰᠠᠵᠢᠭ ᠵᠦᠷᠢᠴᠡᠯ ᠠᠴᠠ ᠪᠤᠯᠤᠬᠰᠠᠨ ᠨᠢ ᠤᠯᠠᠩᠬᠢ ᠬᠡᠵᠦ ᠪᠤᠢ᠃ ᠴᠤᠬᠢᠬᠳᠠᠬᠰᠠᠨ ᠰᠤᠷᠤᠬᠴᠢ ᠳᠤ ᠠᠪᠴᠤ ᠬᠡᠯᠡᠪᠡᠯ᠂ ᠴᠠᠬ ᠬᠤᠭᠤᠴᠠᠭ᠎ᠠ ᠦᠩᠬᠡᠷᠡᠬᠦ ᠶᠢ ᠲᠠᠭᠠᠯᠳᠤᠨ ᠪᠡᠶ᠎ᠠ ᠲᠡᠬᠡᠷᠡᠬᠢ ᠰᠢᠷᠬ᠎ᠠ ᠨᠢ ᠠᠶᠠᠨᠳᠠᠭᠠᠨ ᠡᠳᠡᠭᠡᠷᠡᠬᠦ ᠨᠢ ᠯᠠᠪᠳᠠᠢ ᠴᠤ ᠰᠡᠳᠬᠢᠯ ᠳᠤᠨᠢ ᠦᠯᠡᠳᠡᠭᠡᠬᠦ ᠰᠤᠷᠪᠢ ᠰᠢᠷᠬ᠎ᠠ ᠨᠢ ᠬᠤᠵᠢᠮ ᠤᠨ ᠠᠮᠢᠳᠤᠷᠠᠯ ᠰᠤᠷᠤᠯᠭ᠎ᠠ ᠳᠤᠨᠢ ᠪᠠᠷᠠᠭᠠᠨ ᠰᠡᠬᠦᠳᠡᠷ ᠪᠤᠯᠬᠤ ᠦᠬᠡᠢ ᠬᠡᠰᠡᠨ ᠢ ᠬᠡᠨ ᠴᠤ ᠪᠠᠲᠤᠳᠠᠢ ᠬᠡᠯᠡᠵᠦ ᠴᠢᠳᠠᠬᠤ ᠪᠣᠢ᠃ ᠲᠡᠳᠡ ᠡᠬᠦᠨ ᠠᠴᠠ ᠪᠤᠯᠵᠦ ᠬᠤᠵᠢᠮ ᠨᠢ ᠠᠶᠤᠮᠠᠳᠠᠮᠠᠬᠠᠢ ᠬᠤᠯᠴᠢᠭᠠᠷ ᠬᠦᠮᠦᠨ ᠪᠤᠯᠵᠦ ᠮᠡᠳᠡᠨ᠎ᠠ᠂ ᠡᠰᠡᠬᠦᠯ᠎ᠠ ᠮᠦᠨ ᠬᠦᠴᠦᠷᠭᠡᠭᠯᠡᠯ ᠢᠶᠠᠷ ᠬᠦᠴᠦᠷᠭᠡᠭᠯᠡᠯ ᠳᠤ ᠬᠠᠨᠳᠤᠬᠤ ᠬᠦᠮᠦᠨ ᠴᠤ ᠪᠤᠯᠵᠦ ᠮᠡᠳᠡᠨ᠎ᠡ᠃ ᠲᠠᠬᠢᠪᠠᠯ᠂ ᠬᠦᠮᠦᠨ ᠢ ᠴᠤᠬᠢᠬᠰᠠᠨ ᠬᠡᠤᠬᠡᠳ ᠤᠨ ᠬᠠᠤᠯᠢ ᠰᠢᠳᠬᠡᠯ ᠤᠯᠬᠤ ᠡᠰᠡᠬᠦ ᠶᠢ ᠶᠠᠷᠢᠬᠤ ᠦᠬᠡᠢ᠂ ᠬᠡᠷᠪᠡ ᠲᠡᠳᠡᠨᠦᠰ ᠢ ᠡᠷᠳᠡᠭᠡᠨ ᠵᠠᠰᠠᠷᠠᠭᠤᠯᠵᠦ ᠠᠪᠬᠤ ᠦᠬᠡᠢ ᠪᠤᠯ ᠬᠤᠵᠢᠮ ᠤᠨ ᠠᠮᠢᠳᠤᠷᠠᠯ ᠳᠤᠨᠢ ᠮᠦᠨ ᠬᠤᠤᠷ ᠤᠨ ᠦᠨᠳᠦᠰᠦ ᠲᠠᠷᠢᠬᠤ ᠲᠡᠳᠦᠢ ᠦᠬᠡᠢ᠂ ᠨᠡᠶᠢᠬᠡᠮ ᠨᠡᠶᠢᠳᠡ ᠶᠢᠨ ᠬᠡᠮ ᠰᠤᠭᠤᠬ ᠪᠤᠯᠬᠤ ᠨᠢ ᠭᠠᠷᠴᠠᠭ᠎ᠠ ᠦᠬᠡᠢ᠃ ᠬᠡᠷᠡᠭ ᠤᠨ ᠡᠵᠡᠳ ᠨᠢ ᠠᠷᠪᠠᠭᠠᠳ ᠨᠠᠰᠤᠨ ᠤ ᠪᠠᠭᠠᠴᠤᠳ᠂ ᠲᠡᠷᠡᠴᠢᠯᠡᠨ ᠦᠬᠢᠨ ᠰᠤᠷᠤᠬᠴᠢ ᠪᠠᠶᠢᠯᠴᠠᠬᠰᠠᠨ ᠨᠢ ᠨᠡᠩ ᠴᠤ ᠭᠠᠶᠢᠬᠠᠰᠢ ᠠᠯᠳᠠᠭᠤᠯᠤᠨ᠎ᠠ᠃ ᠡᠨᠡ ᠨᠢ ᠴᠤᠬᠤᠮ ᠬᠡᠨ ᠤ ᠬᠠᠷᠢᠭᠤᠴᠠᠯᠭ᠎ᠠ ᠪᠤᠢ︖ ᠶᠠᠮᠠᠷ ᠰᠢᠯᠲᠠᠭᠠᠨ ᠠᠴᠠ ᠪᠤᠯᠪᠠ︖ ᠬᠡᠬᠦ ᠤᠯᠠᠨ ᠠᠰᠠᠭᠤᠯᠳᠠ ᠶᠢᠨ ᠡᠮᠦᠨ᠎ᠠ ᠰᠤᠷᠭᠠᠭᠤᠯᠢ᠂ ᠬᠡᠷ ᠤᠨ ᠠᠬᠠᠮᠠᠳ᠂ ᠨᠡᠶᠢᠬᠡᠮ ᠨᠢ ᠪᠦᠷ ᠵᠠᠶᠢᠯᠠᠭᠤᠯᠵᠣ ᠪᠤᠯᠤᠰᠢ ᠦᠬᠡᠢ ᠬᠠᠷᠢᠭᠤᠴᠠᠯᠭ᠎ᠠ ᠲᠠᠢ ᠨᠢ ᠯᠠᠪᠳᠠᠢ᠃ ᠬᠡᠬᠦ ᠳᠡᠭᠡᠨ ᠡᠶᠢᠮᠦᠷᠬᠦ ᠬᠦᠴᠦᠷᠭᠡᠭᠯᠡᠯ ᠤᠨ ᠬᠡᠷᠡᠭ ᠡᠬᠦᠰᠬᠦ ᠶᠢ ᠡᠬᠢ ᠦᠨᠳᠦᠰᠦ ᠠᠴᠠ ᠨᠢ ᠰᠡᠷᠭᠡᠶᠢᠯᠡᠨ ᠵᠤᠬᠰᠤᠭᠠᠬᠤ ᠨᠢ ᠰᠠᠶ᠋ᠢ ᠵᠠᠩᠭᠢᠯᠠᠭ᠎ᠠ ᠪᠠᠶᠢᠵᠦ ᠲᠠᠭᠠᠷᠠᠨ᠎ᠠ᠂ ︽ᠬᠤᠨᠢ ᠪᠠᠨ ᠴᠢᠨ᠋ᠸ᠎ᠠ ᠳᠤ ᠠᠪᠤᠭᠤᠯᠤᠭᠠᠳ ᠰᠠᠶ᠋ᠢ ᠬᠤᠷᠤᠭ᠎ᠠ ᠪᠠᠨ ᠪᠠᠬᠢᠯᠡᠭᠰᠡᠨ︾ ᠴᠤ ᠶᠠᠭᠠᠬᠢᠬᠤᠪ᠂ ᠬᠤᠵᠢᠮ ᠡᠶᠢᠮᠦ ᠬᠡᠷᠡᠭ ᠲᠠᠬᠢᠵᠦ ᠭᠠᠷᠬᠤ ᠦᠬᠡᠢ᠂ ᠡᠰᠡᠬᠦᠯ᠎ᠠ ᠴᠦᠬᠡᠷᠡᠪᠡᠯ ᠪᠤᠯᠴᠢᠬᠠᠬᠤ ᠨᠢ ᠲᠡᠷᠡ᠃ ᠡᠬᠦᠨ ᠳᠤ ᠬᠡᠷ ᠤᠨ ᠠᠬᠠᠮᠠᠳ ᠪᠤᠯᠤᠬᠰᠠᠳ ᠬᠡᠤᠬᠡᠳ ᠲᠡᠭᠡᠨ ᠬᠠᠷᠠᠬᠠᠨ ᠪᠠᠭ᠎ᠠ ᠠᠴᠠ ᠨᠢ ᠨᠠᠭᠠᠳᠤ ᠵᠠᠬ᠎ᠠ ᠶᠢᠨ ᠬᠠᠤᠯᠢ ᠲᠦᠷᠢᠮ᠂ ᠶᠤᠰᠤ ᠰᠤᠷᠳᠠᠬᠤᠨ ᠤ ᠬᠦᠮᠦᠵᠢᠯ ᠬᠦᠷᠲᠡᠭᠡᠵᠦ᠂ ᠰᠤᠷᠭᠠᠭᠤᠯᠢ ᠳᠤ ᠶᠤᠰᠤ ᠨᠤᠮ ᠲᠠᠢ ᠬᠡᠤᠬᠡᠳ ᠲᠤᠰᠢᠶᠠᠵᠦ ᠦᠭᠪᠡᠯ ᠵᠤᠬᠢᠨ᠎ᠠ︔ ᠰᠤᠷᠭᠠᠭᠤᠯᠢ ᠶᠢᠨ ᠲᠠᠯ᠎ᠠ ᠶᠢᠨ ᠬᠢᠨ ᠪᠠᠭᠰᠢ ᠪᠤᠯᠤᠬᠰᠠᠳ ᠰᠤᠷᠤᠭᠴᠢ ᠪᠠᠨ ᠭᠠᠭᠴᠠᠬᠦ ᠰᠤᠷᠤᠯᠭ᠎ᠠ ᠪᠠᠷ ᠪᠠᠷᠢᠮᠵᠢᠶᠠᠯᠠᠬᠤ ᠪᠢᠰᠢ᠂ ᠬᠠᠷᠢᠨ ᠶᠤᠰᠤ ᠰᠣᠷᠳᠠᠬᠤᠨ ᠤ ᠬᠦᠮᠦᠵᠢᠯ ᠢ ᠠᠳᠠᠯᠢᠬᠠᠨ ᠴᠢᠬᠤᠯᠠᠴᠢᠯᠠᠬᠤ ᠮᠦᠷᠲᠡᠬᠡᠨ ᠲᠡᠭᠡᠲᠦ ᠬᠡᠮᠵᠢᠶᠡᠨ ᠤ ᠬᠠᠷᠢᠭᠤᠴᠠᠯᠭᠠᠳᠤ ᠤᠪᠤᠷ ᠢᠶᠠᠷ ᠰᠤᠷᠤᠬᠴᠢᠳ ᠢᠶᠠᠨ ᠢᠯᠡᠬᠦᠬᠡᠨ ᠬᠠᠷᠠᠵᠦ ᠬᠠᠮᠠᠭᠠᠯᠠᠪᠠᠯ ᠲᠠᠭᠠᠷᠠᠨ᠎ᠠ︔ ᠬᠡᠤᠬᠡᠳ ᠤᠨ ᠬᠦᠴᠦᠷᠭᠡᠭᠯᠡᠯ ᠤᠨ ᠦᠨᠳᠦᠰᠦ ᠰᠢᠯᠲᠠᠭᠠᠨ ᠨᠢ ᠦᠨᠡᠨ ᠳᠡᠭᠡᠨ ᠨᠡᠶᠢᠬᠡᠮ ᠠᠴᠠ ᠰᠢᠯᠲᠠᠭᠠᠯᠠᠬᠳᠠᠵᠦ ᠪᠠᠶᠢᠳᠠᠬ᠂ ᠢᠯᠠᠩᠭᠤᠶ᠎ᠠ ᠰᠦᠯᠵᠢᠶ᠎ᠠ ᠬᠦᠭᠵᠢᠭᠰᠡᠨ ᠦᠨᠦᠳᠦᠷ ᠨᠡᠶᠢᠬᠡᠮ ᠲᠡᠬᠡᠷᠡᠬᠢ ᠭᠠᠵᠢ ᠨᠦᠯᠦᠬᠡ ᠨᠢ ᠰᠦᠯᠵᠢᠶ᠎ᠠ᠂ ᠭᠠᠷ ᠤᠳᠠᠰᠤ᠂ ᠲᠧᠯᠧᠢᠰ ᠵᠡᠷᠭᠡ ᠪᠠᠷ ᠲᠠᠮᠵᠢᠵᠦ ᠬᠡᠤᠬᠡᠳ ᠤᠨ ᠨᠢᠷᠠᠢ ᠵᠦᠬᠡᠯᠡᠨ ᠤᠶᠤᠨ ᠰᠠᠨᠠᠭ᠎ᠠ ᠶᠢ ᠪᠤᠬᠢᠷᠲᠤᠭᠤᠯᠵᠦ ᠪᠠᠶᠢᠭ᠎ᠠ ᠨᠢ ᠯᠠᠪᠳᠠᠢ᠂ ᠡᠶᠢᠮᠦ ᠪᠤᠯᠬᠤᠷ ᠨᠡᠶᠢᠬᠡᠮ ᠤᠨ ᠶᠡᠭᠡ ᠤᠷᠴᠢᠨ ᠢ ᠵᠠᠰᠠᠨ ᠰᠠᠶᠢᠵᠢᠷᠠᠭᠤᠯᠬᠤ ᠨᠢ ᠮᠦᠨ ᠮᠠᠰᠢ ᠴᠢᠬᠤᠯᠠ ᠪᠢᠯᠡ᠃      ᠡᠬᠡ ᠤᠯᠤᠰ ᠤᠨ ᠢᠷᠡᠭᠡᠳᠦᠢ ᠪᠤᠯᠬᠤ ᠪᠠᠭᠠᠴᠤᠳ ᠬᠡᠤᠬᠡᠳ ᠢ ᠬᠤᠸᠠᠷ ᠴᠡᠴᠡᠭ ᠢᠶᠠᠷ ᠵᠦᠢᠷᠯᠡᠳᠡᠭ᠃ ᠬᠡᠷᠪᠡ ᠡᠳᠡᠭᠡᠷ ᠬᠤᠸᠠᠷ ᠴᠡᠴᠡᠭ ᠤᠨ ᠲᠤᠮᠳᠠ ᠬᠠᠶᠠ ᠴᠤᠬᠤᠢᠢᠬᠤ ᠬᠤᠤᠷᠠᠳᠤ ᠡᠪᠡᠰᠦ᠂ ᠦᠷᠭᠡᠰᠤ ᠰᠢᠪᠦᠭᠡ ᠶᠢ ᠴᠠᠬ ᠲᠤᠬᠠᠢ ᠳᠤᠨᠢ ᠠᠷᠢᠯᠭᠠᠨ ᠴᠡᠪᠡᠷᠯᠡᠵᠦ ᠬᠠᠶᠠᠬᠤ ᠦᠬᠡᠢ ᠪᠤᠯ ᠡᠬᠡ ᠤᠯᠤᠰ ᠤᠨ ᠢᠷᠡᠭᠡᠳᠦᠢ ᠶᠢ ᠬᠠᠷᠰᠢᠯᠠᠬᠤ ᠨᠢ ᠲᠠᠮᠵᠢᠬ ᠦᠬᠡᠢ᠃ ᠬᠡᠤᠬᠡᠳ ᠤᠨ ᠡᠷᠡᠬᠦᠯ ᠰᠠᠷᠠᠭᠤᠯ ᠦᠰᠦᠨ ᠪᠤᠶᠢᠵᠢᠯᠳᠠ ᠶᠢᠨ ᠲᠦᠯᠦᠬᠡ᠂ ᠰᠤᠷᠭᠠᠭᠤᠯᠢ ᠶᠢᠨ ᠬᠦᠷᠢᠶᠡᠨ ᠤ ᠬᠦᠴᠦᠷᠭᠡᠭᠯᠡᠯ ᠢ ᠴᠢᠩᠭ᠎ᠠ ᠵᠠᠰᠠᠪᠠᠯ ᠵᠤᠬᠢᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号