| | — ᠨᠦᠬᠦᠷ ᠡ᠂ ᠲᠠ ᠰᠢᠬᠦᠷ ᠢᠶᠠᠨ ᠮᠠᠷᠳᠠᠴᠢᠬᠠᠵᠠᠢ᠃ | ᠠᠷᠤ ᠠᠴᠠ ᠬᠦᠮᠦᠨ ᠲᠠᠭᠤᠳᠠᠪᠠ᠃ ᠬᠦᠮᠦᠨ ᠠᠨᠳᠠᠭᠤᠷᠠᠵᠤ ᠲᠠᠭᠤᠳᠠᠵᠤ ᠪᠠᠶᠢᠭ᠎ᠠ ᠪᠢᠵᠠ ᠭᠡᠵᠦ ᠡᠰᠢ ᠲᠡᠰᠢ | ᠬᠠᠷᠠᠭᠰᠠᠨ ᠪᠤᠯᠪᠠᠴᠤ ᠴᠡᠴᠡᠷᠯᠢᠭ ᠤᠨ ᠮᠤᠳᠤᠳ ᠤᠨ ᠲᠤᠮᠳᠠ ᠬᠦᠮᠦᠨ ᠲᠦᠷᠦᠯᠬᠢᠳᠡᠨ ᠪᠢᠳᠡ ᠬᠤᠶᠠᠷᠬᠠᠨ ᠪᠠᠶᠢᠪᠠ᠃ | ᠪᠢ ᠴᠡᠴᠡᠷᠯᠢᠭ ᠤᠨ ᠰᠠᠨᠳᠠᠯᠢ ᠲᠡᠭᠡᠷ᠎ᠡ ᠡᠵᠡᠨ ᠳᠡᠭᠡᠨ ᠬᠠᠶᠠᠭᠳᠠᠭᠠᠳ ᠤᠬᠢᠯᠠᠵᠤ ᠪᠠᠶᠢᠬᠤ ᠰᠢᠦᠬᠠᠨ | ᠬᠦᠭᠡᠷᠦᠬᠦ᠋ᠢᠯᠡᠯᠳᠡᠢ ᠨᠠᠪᠰᠠᠶᠢᠨ ᠬᠡᠪᠳᠡᠬᠦ ᠰᠢᠬᠦᠷ ᠢ ᠬᠠᠷᠠᠵᠤ ᠠᠮᠵᠢᠪᠠ᠃ ᠲᠡᠯᠪᠢ ᠪᠠᠨ ᠬᠤᠮᠢᠭᠰᠠᠨ ᠴᠡᠴᠡᠭ | ᠰᠢᠤᠬᠠᠨ ᠬᠦᠭᠡᠷᠦᠬᠦᠨ ᠰᠢᠬᠦᠷ ᠪᠠᠶᠢᠯ᠎ᠠ᠃ | ᠰᠢᠬᠦᠷ ᠲᠤ ᠲᠤᠰᠠᠯᠠᠴᠢᠬᠠᠬᠤ ᠬᠦᠰᠡᠯ ᠲᠦᠷᠦᠪᠡ᠃ ᠡᠨᠡ ᠬᠤᠳᠠ ᠶᠢᠨ ᠲᠡᠭᠷᠢ ᠪᠦᠷᠬᠦ᠋ᠢᠵᠦ ᠪᠤᠷᠤᠭᠠᠨ | ᠱᠠᠭᠢᠬᠤ ᠳᠤ ᠪᠡᠯᠡᠬᠡᠨ ᠪᠦᠭᠡᠳ ᠦᠢᠯᠡᠷ ᠲᠠᠢ ᠰᠢᠬᠦᠷ ᠢᠶᠠᠨ ᠮᠠᠷᠳᠠᠴᠢᠬᠠᠵᠠᠢ᠃ | — ᠪᠠᠶᠠᠷᠯᠠᠯ᠎ᠠ᠂ ᠮᠠᠷᠳᠠᠴᠢᠬᠠᠭᠰᠠᠨ ᠪᠠᠶᠢᠨ᠎ᠠ ᠰᠢᠦ ᠭᠡᠵᠦ ᠪᠢ ᠪᠤᠴᠠᠭᠠᠳ ᠠᠯᠬᠤᠪᠠ᠃ | ᠲᠠᠨᠢᠬᠤ ᠦᠭᠡᠢ ᠰᠢᠬᠦᠷ ᠪᠠᠷᠢᠭᠰᠠᠨ ᠨᠦᠬᠦᠷ ᠪᠤᠷᠤᠭᠠᠨ ᠲᠠᠢ ᠬᠤᠳᠠ ᠶᠢᠨ ᠭᠤᠳᠤᠮᠵᠢ ᠪᠠᠷ ᠲᠠᠭᠤᠤ ᠠᠶᠠᠯᠤᠨ | ᠠᠯᠬᠤᠬᠤ ᠪᠦᠯᠦᠭᠡ᠃ ᠭᠡᠨᠡᠳᠳᠡ ᠬᠡᠨ ᠨᠢᠭᠡ ᠠᠷᠤ ᠠᠴᠠ ᠮᠢᠨᠢ ᠲᠠᠭᠤᠳᠠᠭᠠᠳ ︽ᠮᠢᠨᠤ ᠰᠢᠬᠦᠷ ᠢ ᠠᠪᠤᠭᠠᠳ | ᠲᠤᠳᠠᠭᠠᠴᠢᠬᠠᠵᠠᠢ︾ ᠭᠡᠵᠦ ᠬᠠᠰᠭᠢᠷᠬᠤ ᠪᠤᠯᠪᠠ ᠦᠦ ᠭᠡᠵᠦ ᠴᠢᠬᠢ ᠰᠣᠷᠳᠦ᠋ᠢᠯᠭᠠᠨ ᠵᠢᠭᠠᠬᠠᠨ ᠵᠢᠷᠦᠬᠡ ᠲᠦᠭᠰᠢᠨ | ᠲᠦᠷᠭᠡᠨ ᠠᠯᠬᠤᠯᠠᠵᠤ ᠶᠠᠪᠤᠯ᠎ᠠ᠃ | — ᠬᠡᠨ ᠤ ᠰᠢᠬᠦᠷ ᠪᠤᠢ︖ | ᠪᠦᠰᠡᠭᠦᠢ ᠮᠢᠨᠢ ᠬᠠᠷᠠᠮᠠᠭᠴᠠ ᠨᠢᠳᠦ ᠨᠢ ᠲᠤᠳᠦ᠋ᠢᠪᠠ᠃ ᠲᠡᠷᠡ ᠬᠤᠯᠠᠭᠠᠶᠢᠴᠢ ᠬᠤᠳᠠᠯᠴᠢ ᠶᠢ ᠶᠡᠭᠡ | ᠠᠳᠠᠯᠠᠳᠠᠭ ᠰᠠᠶᠢᠨ ᠬᠦᠮᠦᠨ ᠪᠢᠯᠡ᠃ | — ᠪᠤᠷᠤᠭᠠᠨ ᠪᠤᠯᠵᠤᠭᠰᠠᠨ ᠴᠦ ᠦᠭᠡᠢ ᠭᠡᠨᠡᠳᠳᠡ ᠱᠠᠭᠢᠭᠠᠳ ᠬᠤᠷᠰᠢᠶᠠᠨ ᠠᠴᠠ ᠰᠢᠨ᠎ᠡ ᠰᠢᠬᠦᠷ | ᠠᠪᠴᠢᠬᠠᠯ᠎ᠠ᠃ | — ᠡᠰᠢᠨ ᠳᠤᠨᠢ ᠤᠶᠠᠭᠰᠠᠨ ᠬᠦᠭᠡᠷᠦᠬᠦᠨ ᠪᠤᠭᠤᠯᠳᠠ ᠶᠢ ᠴᠢ ᠠᠪᠤᠭᠰᠠᠨ ᠦᠦ︖ ᠪᠢ ᠰᠠᠨᠳᠤᠷᠴᠤ | ᠰᠢᠬᠦᠷ ᠢᠶᠠᠨ ᠱᠠᠭᠠᠶᠢᠪᠠᠯ ᠡᠰᠢᠨ ᠳᠤᠨᠢ ᠵᠢᠷᠦᠬᠡᠨ ᠤ ᠬᠡᠯᠪᠡᠷᠢ ᠲᠠᠢ ᠰᠢᠨ᠎ᠡ ᠤᠯᠠᠭᠠᠨ ᠪᠤᠭᠤᠯᠳᠠ ᠤᠶᠠᠭᠠᠰᠣᠳᠠᠢ | ᠪᠠᠶᠢᠬᠤ ᠶᠤᠮ᠃ ᠡᠶᠢᠮᠦ ᠯᠡ ᠨᠢᠳᠦ ᠬᠠᠭᠠᠷᠬᠠᠢ ᠬᠦᠮᠦᠨ ᠳ᠋ᠠ ᠪᠢ᠃ | — ᠬᠡᠨ ᠤ ᠰᠢᠬᠦᠷ ᠪᠤᠢ︖ | — ᠴᠡᠴᠡᠷᠯᠢᠭ ᠤᠨ ᠰᠠᠨᠳᠠᠯᠢ ᠭᠡᠵᠦ ᠪᠢ ᠴᠤᠯᠴᠢᠷᠠᠪᠠ᠃ | — ᠪᠤᠷᠤᠭᠠᠨ ᠤ ᠲᠤᠮᠳᠠ ᠬᠡᠨ ᠲᠠᠢ ᠴᠤᠭ ᠴᠡᠴᠡᠷᠯᠢᠭ ᠢᠶᠠᠷ ᠰᠢᠬᠦᠷ ᠪᠠᠷᠢᠵᠤ ᠠᠯᠬᠤᠭᠰᠠᠨ ᠪᠤᠢ︖ | ᠪᠤᠷᠬᠠᠨ ᠮᠢᠨᠢ᠂ ᠡᠨᠡ ᠰᠢᠬᠦᠷ ᠢ ᠦᠷᠦ ᠡᠪᠡᠳᠦᠭᠰᠡᠨ ᠴᠢᠨᠢ ᠨᠢᠭᠤᠴᠠ ᠠᠮᠠᠷᠠᠭ ᠤᠨ ᠬᠡᠷᠡᠭ ᠲᠤ ᠤᠷᠢᠶᠠᠭᠳᠠᠬᠤ ᠨᠢ ᠡ | ᠃ | — ᠪᠢᠰᠢ ᠡ᠂ ᠴᠡᠴᠡᠷᠯᠢᠭ ᠤᠨ ᠰᠠᠨᠳᠠᠯᠢ ᠠᠴᠠ ᠤᠯᠵᠤ ᠠᠪᠤᠭᠰᠠᠨ ᠰᠢᠬᠦᠷ ᠶᠤᠮ ᠭᠡᠵᠦ ᠰᠠᠨᠳᠤᠷᠤᠨ | ᠲᠠᠶᠢᠯᠪᠤᠷᠢᠯᠠᠪᠠ᠃ | — ᠰᠢᠬᠦᠷ ᠬᠤᠯᠠᠭᠠᠶᠢᠯᠠᠭᠰᠠᠨ ᠦᠦ︖ ᠪᠢ ᠠᠷᠭ᠎ᠠ ᠦᠭᠡᠢ ᠲᠤᠯᠤᠭᠠᠢ ᠲᠤᠬᠢᠪᠠ᠃ ᠬᠤᠯᠠᠭᠠᠶᠢᠴᠢ ᠪᠤᠯᠬᠤ | ᠴᠦ ᠶᠠᠭᠠᠬᠢᠬᠤ ᠪᠤᠢ ᠳ᠋ᠠ᠃ | — ᠴᠢ ᠶᠠᠭᠠᠬᠢᠭᠠᠳ ᠲᠠᠩᠳᠠ ᠶᠠᠭᠤ ᠨᠢᠭᠡ ᠬᠤᠯᠠᠭᠠᠶᠢᠯᠠᠭᠠᠳ ᠪᠠᠶᠢᠬᠤ ᠶᠤᠮ ᠭᠡᠵᠦ ᠲᠡᠷᠡ ᠰᠠᠨᠠᠭ᠎ᠠ | ᠠᠯᠳᠠᠪᠠ᠃ | — ᠪᠢ ᠬᠡᠵᠢᠶ᠎ᠡ ᠶᠠᠭᠤᠮ᠎ᠠ ᠬᠤᠯᠠᠭᠠᠶᠢᠯᠠᠭᠰᠠᠨ ᠪᠤᠢ︖ ᠲᠠᠩᠳᠠ ᠭᠡᠳᠡᠭ ᠴᠢᠨᠢ᠃ | — ᠲᠡᠷᠡ ᠡᠳᠦᠷ ᠵᠢᠮᠢᠰ ᠤᠨ ᠲᠡᠯᠭᠡᠬᠦᠷ ᠲᠤ ᠤᠴᠢᠭᠠᠳ ᠵᠦᠪᠰᠢᠶᠡᠷᠡᠯ ᠦᠭᠡᠢ ᠪᠠᠷ ᠦᠵᠦᠮ ᠠᠴᠠ ᠨᠢ | ᠠᠮᠠᠨ ᠳᠠᠭᠠᠨ ᠬᠢᠴᠢᠭᠡᠭᠰᠡᠨ ᠪᠢᠰᠢ ᠦᠦ︖ ᠲᠡᠷᠡ ᠤᠳᠠᠭ᠎ᠠ ᠲᠡᠷᠭᠡᠳᠡ ᠠᠴᠠ ᠴᠢᠨᠢ ᠢᠴᠢᠵᠦ ᠦᠬᠦᠬᠦ ᠰᠢᠬᠠᠭᠰᠠᠨ | ᠶᠤᠮ᠃ ᠬᠢᠮᠢ ᠶᠢᠨ ᠡᠮ ᠨᠢ ᠣᠭᠢᠶᠠᠭᠳᠠᠭᠠ ᠦᠭᠡᠢ ᠦᠵᠦᠮ ᠢ ᠰᠢᠭᠤᠳ ᠵᠠᠯᠭᠢᠴᠢᠬᠠᠨᠠ ᠭᠡᠳᠡᠭ ᠴᠢᠨᠢ ᠁ | ᠪᠢ ᠰᠢᠬᠦᠷ ᠢ ᠪᠤᠴᠠᠭᠠᠬᠤ ᠪᠠᠷ ᠴᠡᠴᠡᠷᠯᠢᠭ ᠤᠷᠤᠭᠤ ᠶᠠᠪᠤᠯ᠎ᠠ᠃ ᠪᠤᠷᠤᠭ᠎ᠠ ᠴᠦ ᠵᠤᠭᠰᠤᠵᠠᠢ᠃ ᠡᠶᠢᠮᠦ ᠤᠯᠠᠨ | ᠶᠠᠷᠰᠢᠭ ᠪᠤᠳᠤᠯᠢᠶᠠᠨ ᠲᠠᠳᠠᠬᠤ ᠶᠢ ᠨᠢ ᠮᠡᠳᠡᠭᠰᠡᠨ ᠪᠤᠯ ᠦᠨᠦᠳᠦᠷ ᠤᠨ ᠪᠤᠷᠤᠭᠠᠨ ᠳᠤ ᠱᠠᠯᠠᠪ ᠨᠤᠷᠤᠭᠳᠠᠬᠤ ᠪᠠᠶᠢᠵᠠᠢ | ᠃ ᠬᠡᠯᠡᠬᠦ ᠠᠴᠠ ᠰᠢᠬᠦᠷ ᠤᠨ ᠡᠵᠡᠨ ᠨᠢ ᠡᠨᠡ ᠪᠤᠷᠤᠭᠠᠨ ᠳᠤ ᠨᠠᠮᠠᠢᠢ ᠤᠷᠤᠯᠠᠭᠠᠳ ᠱᠠᠯᠠᠪ ᠨᠤᠷᠤᠭᠳᠠᠭᠰᠠᠨ ᠴᠦ | ᠮᠠᠭᠠᠳ ᠦᠭᠡᠢ᠃ ᠨᠠᠮᠠᠢᠢ ᠪᠠᠷᠢᠵᠤ ᠠᠪᠴᠢᠬᠠᠭᠠᠳ ᠪᠤᠷᠤᠭᠠᠨ ᠳᠤ ᠱᠠᠯᠠᠪ ᠨᠤᠷᠤᠭᠳᠠᠭᠠᠳ ᠲᠠᠭᠰᠢᠭᠤᠷ ᠬᠦᠷᠴᠢᠭᠡᠯᠡ | ᠭᠡᠵᠦ ᠡᠮᠨᠡᠯᠭᠡ ᠶᠢᠨ ᠰᠦᠢᠳᠭᠡᠯ ᠲᠦᠯᠦᠭᠦᠯᠬᠦ ᠦᠭᠡᠢ ᠪᠢᠵᠠ ᠳ᠋ᠧ᠃ ᠬᠤᠷᠳᠤᠨ ᠲᠡᠷᠡ ᠰᠠᠨᠳᠠᠯᠢ ᠲᠡᠭᠡᠷ᠎ᠡ | ᠰᠢᠬᠦᠷ ᠢ ᠨᠢ ᠲᠠᠯᠪᠢᠴᠢᠬᠠᠭᠠᠳ ᠭᠤᠳ ᠲᠤᠳᠠᠭᠠᠪᠠᠯ ᠪᠠᠷᠠᠪᠠ᠃ ᠴᠡᠴᠡᠷᠯᠢᠭ ᠤᠨ ᠰᠠᠨᠳᠠᠯᠢ ᠪᠤᠷᠤᠭᠠᠨ ᠳᠤ | ᠱᠣᠯᠪᠤᠶᠢᠳᠠᠯᠠ ᠨᠤᠷᠤᠭᠳᠠᠵᠤ ᠰᠠᠯᠪᠠᠷᠠᠭᠰᠠᠨ ᠴᠡᠴᠡᠭ ᠤᠨ ᠲᠡᠯᠪᠢ᠂ ᠨᠠᠪᠴᠢᠰ ᠤᠨᠠᠴᠢᠬᠠᠵᠠᠢ᠃ ᠨᠢᠭᠡᠨ ᠬᠦᠭᠡᠷᠦᠬᠦᠨ | ᠲᠠᠭᠢᠨᠢ ᠮᠤᠳᠤᠨ ᠤ ᠤᠷᠤᠢ ᠳᠤ ᠰᠠᠭᠤᠵᠤ ᠪᠠᠶᠢᠭᠰᠠᠨ ᠢᠶᠠᠨ ᠰᠢᠬᠦᠷ ᠢᠶᠠᠨ ᠰᠠᠨᠳᠠᠯᠢ ᠲᠡᠭᠡᠷ᠎ᠡ ᠤᠨᠠᠭᠠᠴᠢᠬᠠᠭᠰᠠᠨ | ᠮᠠᠭᠠᠳ ᠦᠭᠡᠢ ᠭᠡᠵᠦ ᠬᠡᠢ ᠪᠤᠳᠤᠪᠠ᠃ ᠮᠤᠳᠤᠨ ᠤ ᠤᠷᠤᠢ ᠳᠤ ᠪᠤᠯᠵᠤᠮᠤᠷ ᠴᠦ ᠠᠯᠠᠭ᠎ᠠ ᠪᠠᠶᠢᠨ᠎ᠠ᠃ | ᠴᠡᠴᠡᠷᠯᠢᠭ ᠤᠨ ᠰᠠᠨᠳᠠᠯᠢ ᠲᠡᠭᠡᠷ᠎ᠡ ᠠᠰᠢᠭᠦᠢ ᠰᠢᠬᠦᠷ ᠤᠨ ᠡᠵᠡᠨ ᠨᠢ ᠠᠯᠠᠭ᠎ᠠ ᠪᠠᠶᠢᠯ᠎ᠠ᠃ ᠴᠡᠴᠡᠷᠯᠢᠭ ᠤᠨ ᠮᠤᠳᠤᠳ | ᠶᠠᠭᠤ ᠴᠦ ᠬᠠᠷᠠᠭ᠎ᠠ ᠦᠭᠡᠢ ᠶᠤᠮᠰᠢᠭ ᠤᠪᠯᠠᠨ ᠵᠤᠭᠰᠤᠭᠰᠠᠭᠠᠷ ᠪᠠᠶᠢᠨ᠎ᠠ᠃ ᠰᠢᠬᠦᠷ ᠢ ᠴᠡᠴᠡᠷᠯᠢᠭ ᠤᠨ ᠰᠠᠨᠳᠠᠯᠢ | ᠲᠡᠭᠡᠷ᠎ᠡ ᠪᠤᠯᠭᠤᠮᠵᠢᠳᠠᠶᠢᠬᠠᠨ ᠲᠠᠯᠪᠢᠭᠠᠳ ᠪᠤᠴᠠᠵᠤ ᠠᠯᠬᠤᠪᠠ᠃ | — ᠬᠦᠱᠢ᠂ ᠨᠦᠬᠦᠷ ᠡ᠂ ᠲᠠ ᠰᠢᠬᠦᠷ ᠢᠶᠠᠨ ᠮᠠᠷᠳᠠᠴᠢᠬᠠᠵᠠᠢ᠃ | ᠡᠷᠭᠢᠨ ᠬᠠᠷᠠᠪᠠᠯ ᠭᠡᠨᠡᠳᠳᠡ ᠬᠠᠮᠢᠭ᠎ᠠ ᠠᠴᠠ ᠭᠠᠷᠴᠤ ᠢᠷᠡᠭᠰᠡᠨ ᠪᠤᠢ ᠭᠡᠵᠦ ᠪᠤᠳᠤᠮᠠᠷᠬᠠᠨ ᠬᠦᠭᠰᠢᠨ ᠨᠠᠮᠠᠢᠢ | ᠲᠠᠭᠤᠳᠠᠵᠤ ᠪᠠᠶᠢᠪᠠ᠃ | — ᠠᠭᠤᠴᠢᠯᠠᠭᠠᠷᠠᠢ᠂ ᠡᠨᠡ ᠮᠢᠨᠤ ᠰᠢᠬᠦᠷ ᠪᠢᠰᠢ ᠭᠡᠵᠦ ᠪᠢ ᠬᠡᠯᠡᠴᠢᠭᠡᠭᠡᠳ ᠦᠪᠡᠷ ᠠᠴᠠ ᠪᠠᠨ ᠢᠴᠢᠪᠡ᠃ | | ᠪᠤᠳᠤᠬᠤ ᠳᠤ ᠬᠦᠭᠰᠢᠨ ᠮᠢᠨᠤ ᠴᠡᠴᠡᠷᠯᠢᠭ ᠤᠨ ᠰᠠᠨᠳᠠᠯᠢ ᠲᠡᠭᠡᠷ᠎ᠡ ᠰᠢᠬᠦᠷ ᠲᠠᠯᠪᠢᠭᠰᠠᠨ ᠢ ᠬᠠᠷᠠᠭᠰᠠᠨ ᠯᠡ | ᠪᠢᠵᠠ ᠳ᠋ᠠ᠃ ᠬᠦᠭᠰᠢᠨ ᠨᠠᠮᠠᠢᠢ ᠭᠠᠶᠢᠬᠠᠨ ᠬᠠᠷᠠᠭᠰᠠᠭᠠᠷ ︽ᠰᠠᠶ᠋ᠢᠬᠠᠨ ᠴᠢ ᠲᠠᠯᠪᠢᠭᠰᠠᠨ ᠪᠢᠰᠢ ᠦᠦ︖︾ ᠭᠡᠵᠦ | ᠶᠠᠭ ᠮᠢᠨᠤ ᠪᠤᠳᠤᠵᠤ ᠪᠠᠶᠢᠭᠰᠠᠨ ᠢ ᠬᠡᠯᠡᠪᠡ᠃ ︽ᠵᠦᠭᠡᠷ᠂ ᠦᠭᠡᠷ᠎ᠡ ᠬᠦᠮᠦᠨ ᠤ ᠰᠢᠬᠦᠷ ᠢ ᠠᠳᠬᠤᠴᠢᠬᠠᠭᠠᠳ | ᠠᠬᠢᠭᠠᠳ ᠤᠷᠤᠨ ᠳᠤᠨᠢ ᠁︾ ᠭᠡᠵᠦ ᠬᠡᠯᠡᠭᠡᠳ ᠴᠠᠰᠢ ᠬᠡᠯᠡᠵᠦ ᠭᠠᠷᠤᠭᠰᠠᠨ ᠦᠭᠡᠢ᠃ ᠡᠨᠡ ᠶᠤᠰᠤᠳᠠᠢ | ᠬᠤᠯᠠᠭᠠᠶᠢᠴᠢ ᠭᠡᠳᠡᠭ ᠢᠶᠠᠨ ᠵᠠᠷᠯᠠᠵᠤ ᠪᠠᠶᠢᠭ᠎ᠠ ᠤᠴᠢᠷ ᠪᠢᠰᠢ ᠦᠦ᠃ ᠬᠦᠭᠰᠢᠨ ᠤᠴᠢᠷ ᠤᠬᠠᠭᠠᠨ ᠢ ᠨᠢ ᠤᠯᠤᠯ | ᠦᠭᠡᠢ ᠨᠠᠮᠠᠢᠢ ᠭᠠᠶᠢᠬᠠᠨ ᠬᠠᠷᠠᠭᠠᠳ ᠶᠠᠪᠤᠵᠤ ᠤᠳᠪᠠ᠃ | ᠪᠢ ᠴᠡᠴᠡᠷᠯᠢᠭ ᠤᠨ ᠵᠠᠮ ᠢᠶᠠᠷ ᠴᠠᠰᠢ ᠠᠯᠬᠤᠵᠤ ᠤᠳᠤᠯ᠎ᠠ᠃ ᠭᠡᠨᠡᠳᠳᠡ ᠰᠠᠨᠳᠠᠯᠢ ᠲᠡᠭᠡᠷ᠎ᠡ ᠦᠨᠦᠴᠢᠷᠡᠨ | ᠬᠤᠴᠤᠷᠤᠭᠰᠠᠨ ᠰᠢᠬᠦᠷ ᠨᠠᠮᠠᠢᠢ ᠲᠠᠭᠤᠳᠠᠬᠤ ᠮᠡᠳᠦ ᠰᠠᠨᠠᠭᠳᠠᠪᠠ᠃ ᠡᠷᠭᠢᠨ ᠬᠠᠷᠠᠪᠠᠯ ᠰᠠᠨᠳᠠᠯᠢ ᠲᠡᠭᠡᠷᠡᠬᠢ ᠰᠢᠬᠦᠷ | ᠨᠢᠭᠡᠨᠳᠡ ᠠᠯᠠᠭ᠎ᠠ ᠪᠤᠯᠴᠢᠬᠠᠭᠰᠠᠨ ᠪᠠᠶᠢᠪᠠ᠃ ᠲᠡᠮᠡᠢ ᠬᠤᠯᠠ ᠦᠭᠡᠢ ᠰᠢᠬᠦᠷ ᠪᠠᠷᠢᠭᠰᠠᠨ ᠰᠠᠶ᠋ᠢ ᠶᠢᠨ ᠬᠦᠭᠰᠢᠨ | ᠬᠠᠷᠠᠭᠳᠠᠪᠠ᠃ | — ᠨᠠᠰᠣᠳᠠᠨ ᠡ᠂ ᠡᠨᠡ ᠴᠢᠨᠤ ᠰᠢᠬᠦᠷ ᠪᠢᠰᠢ ᠰᠢᠦ ᠳ᠋ᠠ᠃ | — ᠲᠡᠭᠡᠭᠡᠳ ᠴᠢᠨᠤ ᠰᠢᠬᠦᠷ ᠶᠤᠮ ᠦᠦ︖ | — ᠡᠵᠡᠨ ᠨᠢ ᠮᠢᠨᠤ ᠲᠠᠨᠢᠯ ᠶᠤᠮ᠃ ᠮᠦᠳᠳᠦ ᠠᠴᠠ ᠢᠷᠡᠭᠡᠳ ᠰᠢᠬᠦᠷ ᠢᠶᠠᠨ ᠠᠪᠤᠨ᠎ᠠ᠃ | ᠬᠦᠭᠰᠢᠨ ᠰᠢᠬᠦᠷ ᠢ ᠲᠤᠷᠠᠮᠵᠢᠬᠠᠨ ᠪᠤᠴᠠᠭᠠᠵᠤ ᠦᠭᠭᠦᠭᠡᠳ ᠶᠠᠭᠤ ᠨᠢᠭᠡ ᠲᠦᠳᠦᠨᠡᠭᠰᠡᠭᠡᠷ ᠴᠠᠰᠢᠯᠠᠪᠠ᠃ ᠪᠢ | ᠰᠢᠬᠦᠷ ᠢ ᠬᠤᠯᠠᠭᠠᠢ ᠳᠤ ᠠᠯᠳᠠᠴᠢᠬᠠᠬᠤ ᠠᠴᠠ ᠠᠶᠤᠭᠠᠳ ᠰᠢᠬᠦᠷ ᠢ ᠬᠠᠷᠠᠵᠤ ᠵᠤᠭᠰᠤᠬᠤ ᠪᠠᠷ ᠪᠤᠯᠪᠠ᠃ | ᠡᠵᠡᠨ ᠳᠤᠨᠢ ᠰᠡᠵᠢᠭᠯᠡᠭᠳᠡᠬᠦ ᠠᠴᠠ ᠠᠶᠤᠭᠠᠳ ᠰᠠᠨᠳᠠᠯᠢ ᠲᠡᠭᠡᠷ᠎ᠡ ᠴᠦ ᠰᠠᠭᠤᠵᠤ ᠵᠢᠷᠦᠬᠡᠯᠡᠭᠰᠡᠨ ᠦᠭᠡᠢ᠃ ᠵᠢᠭᠠᠬᠠᠨ | ᠬᠤᠯᠠ ᠵᠠᠶᠢᠳᠠᠢ ᠴᠡᠴᠡᠷᠯᠢᠭ ᠤᠨ ᠵᠠᠮ ᠲᠡᠭᠡᠷ᠎ᠡ ᠲᠠᠮᠠᠭᠢ ᠲᠠᠳᠠᠵᠤ ᠵᠤᠭᠰᠤᠯ᠎ᠠ᠃ ᠬᠦᠮᠦᠨ ᠲᠦᠷᠦᠯᠬᠢᠳᠡᠨ ᠤ ᠲᠤᠮᠳᠠ | ᠨᠠᠳᠠ ᠰᠢᠭ᠋ ᠬᠤᠯᠠᠭᠠᠶᠢᠴᠢ ᠬᠡᠴᠢᠨᠡᠨ ᠤᠯᠠᠨ ᠪᠠᠶᠢᠬᠤ ᠶᠢ ᠪᠤᠤ ᠮᠡᠳᠡ᠃ ᠬᠡᠷᠪᠡ ᠪᠢ ᠲᠡᠷᠭᠡᠳᠡ ᠨᠢ ᠵᠤᠭᠰᠤᠭ᠎ᠠ | ᠦᠭᠡᠢ ᠰᠠᠨ ᠪᠤᠯ ᠯᠠᠪ ᠯᠡ ᠲᠡᠷᠡ ᠰᠢᠬᠦᠷ ᠬᠡᠳᠦ᠋ᠢᠨ ᠬᠤᠯᠠᠭᠠᠢ ᠳᠤ ᠠᠯᠳᠠᠭᠰᠠᠨ ᠪᠠᠶᠢᠬᠤ ᠡ᠃ ᠴᠦᠬᠡᠨ ᠪᠤᠰᠤ | ᠵᠠᠮ ᠤᠨ ᠬᠦᠮᠦᠰ ᠲᠡᠷᠡ ᠰᠠᠨᠳᠠᠯᠢ ᠵᠦᠭ ᠮᠢᠷᠢᠶᠡᠵᠦ ᠦᠵᠡᠭᠰᠡᠨ ᠪᠦᠭᠡᠳ ᠮᠢᠨᠤ ᠬᠤᠷᠢᠬᠯᠠᠬᠰᠠᠨ ᠢᠶᠠᠷ ᠰᠠᠶ᠋ᠢ ᠴᠠᠰᠢ | ᠤᠳᠤᠵᠠᠢ᠃ ᠪᠢ ᠲᠡᠳᠡᠨ ᠤ ᠲᠤᠮᠳᠠ ᠠᠴᠠ ᠦᠪᠡᠷ ᠢ ᠪᠠᠨ ᠬᠠᠷᠠᠬᠤ ᠰᠢᠭ᠋ ᠪᠤᠯᠤᠭᠰᠠᠨ ᠪᠦᠭᠡᠳ ᠡᠷᠬᠡ ᠦᠭᠡᠢ | ᠢᠴᠢᠬᠦ ᠰᠡᠳᠬᠢᠯ ᠲᠦᠷᠦᠭᠳᠡᠪᠡ᠃ ᠬᠠᠷᠠᠩᠭᠤᠢ ᠲᠦᠬᠦᠭᠰᠡᠨ ᠪᠤᠯᠪᠠᠴᠤ ᠰᠢᠬᠦᠷ ᠤᠨ ᠡᠵᠡᠨ ᠨᠢ ᠢᠷᠡᠭᠰᠡᠨ ᠦᠭᠡᠢ᠃ | ᠭᠠᠷ ᠤᠳᠠᠰᠤ ᠮᠢᠨᠢ ᠲᠠᠩᠭᠢᠨᠠᠨ ᠲᠤᠤᠭᠠᠷᠪᠠ᠃ | — ᠴᠢ ᠬᠠᠮᠢᠭ᠎ᠠ ᠶᠠᠪᠤᠴᠢᠬᠠᠭᠰᠠᠨ ᠪᠤᠢ︖ | — ᠴᠡᠴᠡᠷᠯᠢᠭ ᠲᠤ ᠪᠠᠶᠢᠨ᠎ᠠ᠃ | — ᠦᠨᠦᠳᠦᠷ ᠶᠠᠭᠠᠬᠢᠭᠠᠳ ᠴᠡᠴᠡᠷᠯᠢᠭ ᠲᠤ ᠰᠠᠭᠤᠬᠤ ᠪᠤᠯᠴᠢᠬᠠᠪᠠ︖ | — ᠪᠢ ᠲᠡᠷᠡ ᠰᠢᠬᠦᠷ ᠢ ᠰᠠᠬᠢᠵᠤ ᠪᠠᠶᠢᠨ᠎ᠠ᠃ ᠬᠦᠮᠦᠨ ᠬᠤᠯᠠᠭᠠᠶᠢᠯᠠᠬᠤ ᠭᠡᠳ ᠪᠤᠯᠳᠠᠭ ᠦᠭᠡᠢ᠃ | — ᠴᠢ ᠰᠣᠯᠢᠶ᠎ᠠ ᠲᠠᠢ ᠶᠤᠮ ᠦᠦ᠂ ᠬᠠᠭᠠᠰ ᠡᠳᠦᠷ ᠲᠡᠷᠡ ᠰᠢᠬᠦᠷ ᠢ ᠰᠠᠬᠢᠵᠤ ᠰᠠᠭᠤᠭᠰᠠᠨ ᠦᠦ︖ | — ᠲᠡᠶᠢᠮᠦ᠂ ᠬᠤᠯᠠᠭᠠᠶᠢᠴᠢ ᠲᠡᠩᠳᠡᠭᠦᠦ ᠤᠯᠠᠨ ᠪᠤᠯᠴᠢᠬᠠᠵᠠᠢ᠃ | — ᠴᠢ ᠰᠢᠬᠦᠷ ᠢ ᠤᠭ ᠤᠷᠤᠨ ᠳᠤᠨᠢ ᠠᠪᠠᠴᠢᠵᠤ ᠲᠠᠯᠪᠢᠭᠰᠠᠨ ᠴᠢᠨᠢ ᠪᠤᠯᠤᠯ᠎ᠠ ᠰᠢᠳᠡ᠃ ᠰᠢᠬᠦᠷ | ᠬᠤᠯᠠᠭᠠᠢ ᠳᠤ ᠠᠯᠳᠠᠬᠤ ᠡᠰᠡᠬᠦ ᠨᠢ ᠴᠢᠮᠠᠳᠤ ᠬᠠᠮᠢᠶ᠎ᠠ ᠪᠠᠶᠢᠨ᠎ᠠ ᠦᠦ ᠭᠡᠵᠦ ᠲᠡᠷᠡ ᠦᠭᠦᠯᠡᠪᠡ᠃ | ᠲᠡᠭᠦᠨ ᠤ ᠦᠭᠡ ᠵᠦᠪ ᠯᠡ ᠳ᠋ᠠ᠃ ᠪᠢ ᠰᠢᠬᠦᠷ ᠢ ᠤᠷᠬᠢᠭᠠᠳ ᠭᠡᠷ ᠲᠡᠭᠡᠨ ᠪᠤᠴᠠᠪᠠ᠃ ᠮᠠᠷᠭᠠᠰᠢ | ᠦᠷᠯᠦᠭᠡ ᠨᠢ ᠠᠵᠢᠯ ᠤᠨ ᠭᠠᠵᠠᠷ ᠵᠦᠭ ᠢᠶᠠᠨ ᠶᠠᠪᠤᠬᠤ ᠳᠤ ᠪᠢ ᠵᠤᠷᠢᠭᠤᠳᠠ ᠴᠡᠴᠡᠷᠯᠢᠭ ᠢᠶᠠᠷ ᠲᠠᠭᠠᠷᠢᠪᠠ᠃ | ᠰᠢᠬᠦᠷ ᠠᠯᠠᠭ᠎ᠠ ᠪᠤᠯᠴᠢᠬᠠᠵᠠᠢ᠃ | | |