ᠡᠬᠡ ᠬᠡᠯᠡᠨ ᠳᠡᠭᠡᠨ ᠡᠵᠡᠨ ᠪᠤᠯᠬᠤ ᠳᠤ ᠬᠡᠷ ᠤᠨ ᠬᠦᠮᠦᠵᠢᠯ ᠠᠴᠠ ᠡᠬᠢᠯᠡᠨ᠎ᠡ
ᠨᠡᠶᠢᠲᠡᠯᠡᠭᠰᠡᠨ ᠴᠠᠭ᠄
2015/5/21
     ᠮᠤᠩᠭᠤᠯ ᠬᠡᠯᠡ ᠪᠠᠨ ᠬᠠᠶᠢᠷᠠᠯᠠᠵᠤ ᠬᠠᠮᠠᠭᠠᠯᠠᠶ᠎ᠡ᠂ ᠦᠪᠯᠡᠵᠤ ᠵᠠᠯᠭᠠᠮᠵᠢᠯᠠᠶ᠎ᠡ ᠬᠡᠵᠤ ᠬᠡᠯᠡᠵᠤ ᠬᠢᠵᠤ ᠪᠠᠶᠢᠬᠰᠠᠨ ᠠᠴᠠ ᠪᠠᠨ ᠬᠠᠤᠯᠢ ᠪᠠᠷ ᠪᠠᠳᠤᠯᠠᠭᠤᠯᠤᠭᠠᠳ ᠨᠢᠬᠡᠨᠳᠡ ᠠᠷᠪᠠᠨ ᠵᠢᠯ ᠪᠤᠯᠴᠢᠬᠠᠯ᠎ᠡ᠃ ᠲᠠᠷᠤᠢ ᠡᠨᠡ ᠵᠢᠯ ᠤᠨ 5 ᠰᠠᠷ᠎ᠡ ᠶᠢᠨ 1 ᠤ ᠡᠳᠤᠷ ᠪᠤᠯ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠮᠣᠩᠭᠤᠯ ᠦᠭᠡ ᠬᠡᠯᠡ ᠦᠰᠥᠭ ᠪᠢᠴᠢᠭ ᠤᠨ ᠠᠵᠢᠯ ᠤᠨ ᠲᠥᠷᠢᠮ ᠨᠡᠶᠢᠳᠡᠯᠡᠭᠳᠡᠨ ᠬᠡᠷᠡᠭᠵᠢᠭᠦᠯᠥᠭᠳᠡᠭᠰᠡᠨ ᠠᠷᠪᠠᠨ ᠵᠢᠯ ᠤᠨ ᠣᠢ︾ ᠲᠤᠬᠢᠶᠠᠵᠤ ᠪᠤᠢ᠃ ᠲᠦᠷᠦ ᠶᠢᠨ ᠪᠤᠳᠤᠯᠭ᠎ᠠ ᠬᠡᠰᠢᠭ᠂ ᠦᠪᠡᠷ ᠤᠨ ᠪᠤᠳᠤᠯᠭ᠎ᠠ ᠳᠦᠰᠢᠭ᠃ ᠦᠪᠡᠷ ᠤᠨ ᠪᠤᠳᠤᠯᠭ᠎ᠠ ᠭᠡᠭᠴᠢ ᠨᠢ ᠦᠪᠡᠷ ᠤᠨ ᠤᠴᠢᠷ ᠲᠠᠭᠠᠨ ᠦᠷᠤᠭᠡᠯ ᠤᠨ ᠴᠢᠷᠠᠢ ᠶᠢ ᠬᠠᠷᠠᠬᠤ ᠦᠭᠡᠢ ᠭᠡᠰᠡᠨ ᠬᠠᠲᠠᠭᠤ ᠪᠤᠳᠤᠯᠭ᠎ᠠ ᠮᠦᠨ ᠬᠡᠵᠤ ᠯ᠊ · ᠤᠳᠽᠡᠷ ᠭᠤᠸᠠᠢ ᠶᠠᠷᠢᠵᠤ ᠪᠠᠶᠢᠬᠰᠠᠨ ᠪᠢᠯᠡ᠃ ᠪᠢᠳᠡᠨᠡᠷ ᠦᠩᠬᠡᠷᠡᠵᠤ ᠤᠳᠤᠬᠰᠠᠨ ᠲᠦᠷᠦ ᠶᠢᠨ ᠲᠦᠰᠢᠭ ᠲᠠᠢ ᠠᠷᠪᠠᠨ ᠵᠢᠯ ᠢᠶᠠᠨ ᠡᠷᠬᠢᠨ ᠬᠠᠷᠠᠬᠤ ᠳᠤ᠂ ᠦᠪᠡᠷ ᠪᠡᠶ᠎ᠡ ᠶᠢ ᠪᠠᠨ ᠰᠢᠬᠦᠬᠦ ᠴᠠᠭ ᠪᠤᠯᠵᠡᠢ᠃ ᠠᠮᠵᠢᠯᠳᠡ ᠤᠯᠤᠯᠳᠡ ᠲᠠᠢ ᠠᠳᠠᠯ᠎ᠡ ᠪᠠᠨ ᠠᠯᠳᠠᠭ᠎ᠠ ᠤᠨᠤᠭ᠎ᠠ ᠲᠠᠢ ᠨᠢ ᠮᠡᠳᠡᠬᠡᠵᠢ᠃ ᠲᠦᠮᠡ ᠶᠠᠷᠢᠵᠤ ᠪᠤᠮᠡ ᠶᠠᠩᠰᠢᠬᠰᠠᠨ ᠴᠤ ᠲᠡᠷᠡ ᠨᠢᠬᠡ ᠯᠡ ᠦᠬᠡ᠃ ᠡᠬᠡ ᠬᠡᠯᠡ ᠳᠡᠭᠡᠨ ᠡᠵᠡᠨ ᠨᠢ ᠪᠤᠯᠵᠤ ᠶᠠᠪᠤᠶ᠎ᠡ᠃      ︽ᠬᠦᠶ᠋ᠢ︕ ᠮᠠᠨ ᠤ ᠰᠤᠷᠭᠠᠨ ᠬᠦᠮᠦᠵᠢᠯ ᠴᠢᠨᠢ ᠶᠠᠭᠤ ᠪᠤᠯᠵᠦ ᠪᠠᠶᠢᠨ᠎ᠠ ᠪᠤᠢ︖ ᠮᠠᠨ ᠤ ᠭᠡᠤᠭᠡᠳ ᠤᠨ ᠭᠡᠯᠡ ᠶᠠᠭ ᠭᠤᠷᠢ ᠦᠭᠡᠢ ᠪᠠᠶᠢᠨ᠎ᠡ︾᠂ ︽ᠤᠳᠤ ᠴᠢᠨᠢ ᠬᠡᠤᠬᠡᠳ ᠤᠳ ᠲᠤ ᠬᠢᠳᠠᠳ ᠬᠡᠯᠡ ᠶᠢ ᠵᠢᠭᠠᠬᠤ ᠦᠬᠡᠢ ᠪᠠᠷ ᠰᠤᠷᠴᠢᠬᠠᠨ᠎ᠡ᠂ ᠮᠤᠩᠭᠤᠯ ᠬᠡᠯᠡ ᠶᠢ ᠶᠠᠭ ᠭᠤᠷᠢ ᠦᠬᠡᠢ︾᠂ ︽ᠮᠤᠩᠭᠤᠯ ᠬᠡᠤᠬᠡᠳ ᠮᠤᠩᠭᠤᠯ ᠬᠡᠯᠡ ᠳᠡᠭᠡᠨ ᠮᠠᠭᠤ ᠬᠡᠳᠡᠭ ᠴᠢᠨᠢ ᠶᠠᠭᠠᠬᠢᠨ᠎ᠡ︾ ᠭᠡᠵᠦ ᠤᠯᠠᠨ ᠤᠯᠠᠨ ︽ᠭᠤᠷᠢ ᠦᠭᠡᠢ᠂ ᠪᠤᠯᠬᠤ ᠦᠭᠡᠢ︾ ᠠᠴᠠ ᠪᠤᠯᠤᠬᠰᠠᠨ ᠪᠠᠶᠢᠬᠤ ᠶᠠᠷᠢᠶ᠎ᠡ ᠬᠦᠮᠦᠰ ᠤᠨ ᠲᠤᠮᠳᠠ ᠲᠠᠩᠳᠡ ᠶᠠᠷᠢᠬᠳᠠᠬᠤ ᠪᠤᠯᠵᠤ ᠪᠤᠢ᠃ ᠲᠡᠬᠡᠪᠡᠯ ᠴᠤᠬᠤᠮ ᠶᠠᠭᠤᠨ ᠤ ᠤᠴᠢᠷ ᠪᠠᠶᠢᠬᠰᠠᠨ ᠪᠤᠯ︖ ᠠᠷᠭ᠎ᠠ ᠦᠬᠡᠢ ᠨᠡᠶᠢᠬᠡᠮ ᠤᠨ ᠬᠦᠭᠵᠢᠯ᠂ ᠬᠤᠳᠠᠴᠢᠯᠠᠯᠳᠡ᠂ ᠠᠮᠢᠳᠤᠷᠠᠯ ᠤᠨ ᠤᠷᠴᠢᠨ ᠲᠠᠢ ᠰᠢᠭᠤᠳ ᠬᠤᠯᠪᠤᠬᠳᠠᠬᠤ ᠨᠢ ᠮᠡᠳᠡᠬᠡᠵᠢ᠃ ᠲᠡᠬᠡᠬᠦ ᠳᠡᠭᠡᠨ ᠬᠡᠤᠬᠡᠳ ᠤᠨ ᠭᠡᠯᠡ ᠮᠠᠭᠤ ᠪᠠᠶᠢᠬᠤ ᠨᠢ ᠦᠬᠡᠷ᠎ᠡ ᠴᠤᠬᠤᠮ ᠭᠡᠨ ᠤ ᠤᠴᠢᠷ ᠪᠤᠢ︖ ᠰᠤᠷᠭᠠᠨ ᠬᠦᠮᠦᠵᠢᠯ ᠤᠨ ᠠᠰᠠᠭᠤᠳᠠᠯ ᠭᠡᠵᠢ ᠤᠤ︖ ᠰᠤᠷᠭᠠᠭᠤᠯᠢ᠂ ᠪᠠᠭᠰᠢ ᠨᠠᠷ ᠤᠨ ᠯᠠ ᠤᠴᠢᠷ ᠭᠡᠵᠢ ᠤᠤ︖ ᠡᠴᠢᠭᠡ ᠡᠭᠡ ᠭᠡᠷ ᠤᠨ ᠠᠬᠠᠮᠠᠳᠴᠤᠳ ᠲᠠᠢ ᠦᠴᠦᠭᠡᠨ ᠴᠤ ᠬᠤᠯᠪᠤᠭᠳᠠᠯ ᠦᠭᠡᠢ ᠭᠡᠵᠢ ᠤᠤ ︖ ᠁ ᠭᠡᠵᠦ ᠤᠯᠠᠨ ᠬᠠᠷᠠᠭᠠᠰᠤ ᠠᠴᠠ ᠲᠤᠩᠭᠠᠵᠤ ᠪᠤᠳᠤᠬᠤ ᠨᠢ ᠵᠦᠪ᠃ ᠵᠠᠷᠢᠮ ᠭᠡᠷ ᠤᠨ ᠠᠬᠠᠮᠠᠳ ᠤᠨ ᠭᠡᠯᠡᠬᠦ ᠪᠠᠷ ᠪᠤᠯ᠂ ᠬᠡᠤᠬᠡᠳ ᠤᠨ ᠭᠡᠯᠡ ᠮᠠᠭᠤ ᠪᠠᠶᠢᠭ᠎ᠠ ᠨᠢ ᠰᠤᠷᠭᠠᠨ ᠬᠦᠮᠦᠵᠢᠯ ᠤᠨ ᠠᠰᠠᠭᠤᠳᠠᠯ᠂ ᠰᠤᠷᠭᠠᠭᠤᠯᠢ ᠶᠢᠨ ᠶᠠᠪᠤᠳᠠᠯ᠂ ᠪᠠᠭᠰᠢ ᠨᠠᠷ ᠤᠨ ᠤᠴᠢᠷ ᠶᠤᠮ ᠪᠠᠶᠢᠨ᠎ᠠ᠃ ᠳᠡᠭᠡᠪᠡᠯ ᠪᠢᠳᠡ᠂ ᠬᠡᠤᠬᠡᠳ ᠴᠤᠬᠤᠮ ᠭᠡᠨ ᠠᠴᠠ᠂ ᠶᠠᠭᠠᠬᠢᠵᠦ ᠭᠡᠯᠡ ᠰᠤᠷᠳᠠᠭ ᠢ ᠦᠵᠠᠶ᠎ᠠ᠃ ᠬᠡᠤᠬᠡᠳ ᠭᠡᠯᠡ ᠰᠤᠷᠬᠤ ᠳᠤ᠂ ᠦᠪᠡᠰᠦᠬᠡᠨ ᠰᠤᠷᠬᠤ᠂ ᠡᠴᠢᠬᠡ ᠡᠭᠡ᠂ ᠠᠬᠠᠮᠠᠳ ᠪᠤᠭᠤᠷᠤᠯ ᠠᠴᠠ ᠪᠠᠨ ᠰᠤᠷᠬᠤ᠂ ᠨᠠᠶᠢᠵᠠ ᠨᠦᠬᠦᠳ ᠠᠴᠠ ᠪᠠᠨ ᠰᠤᠷᠬᠤ᠂ ᠪᠠᠭᠰᠢ᠂ ᠰᠤᠷᠭᠠᠭᠤᠯᠢ ᠠᠴᠠ ᠰᠤᠷᠬᠤ᠂ ᠨᠠᠶᠢᠭᠡᠮ᠂ ᠤᠷᠴᠢᠨ ᠠᠴᠠ ᠰᠤᠷᠬᠤ᠂ ᠲᠧᠯᠸᠢᠰ᠂ ᠷᠠᠳᠢᠣ᠋ ᠠᠴᠠ ᠰᠤᠷᠬᠤ᠂᠂᠂᠂ ᠵᠡᠷᠭᠡ ᠤᠯᠠᠨ ᠳᠠᠯ᠎ᠠ ᠪᠤᠢ᠃ ᠭᠡᠤᠭᠡᠳ ᠤᠨ ᠭᠡᠯᠡ ᠰᠤᠷᠬᠤ ᠶᠠᠪᠤᠴᠠ ᠳᠤ ᠡᠳᠡᠭᠡᠷ ᠨᠢ ᠠᠯᠢ ᠠᠯᠢ ᠨᠢ ᠴᠤ ᠳᠤᠳᠠᠭᠳᠠᠵᠦ ᠪᠤᠯᠤᠰᠢ ᠦᠭᠡᠢ ᠶᠤᠮ᠃ ᠠᠯᠢ ᠠᠯᠢ ᠶᠢ ᠨᠢ ᠴᠤ ᠤᠮᠳᠤᠭᠠᠶᠢᠯᠠᠵᠦ ᠪᠤᠯᠬᠤ ᠦᠭᠡᠢ ᠶᠤᠮ᠃      ᠳᠡᠯᠡᠬᠡᠢ ᠶᠢᠷᠳᠢᠨᠴᠤ ᠮᠠᠨ ᠢ ᠡᠮᠤᠰᠭᠡᠯ ᠵᠡᠭᠦᠳᠡᠯ ᠢᠶᠠᠷ ᠪᠢᠰᠢ ᠦᠭᠡ ᠬᠡᠯᠡ ᠪᠠᠷ ᠮᠤᠩᠭᠤᠯ ᠲᠤᠭᠤᠷᠭᠠᠳᠠᠨ ᠭᠡᠵᠦ ᠲᠠᠨᠢᠳᠠᠭ ᠬᠡᠵᠤ ᠲᠤ᠋ · ᠰᠡᠴᠡᠨᠪᠠᠶᠠᠷ ᠭᠤᠸᠠᠢ ᠶᠠᠷᠢᠵᠤ ᠦᠩᠬᠡᠷᠡᠭᠰᠡᠨ ᠪᠠᠶᠢᠳᠠᠭ᠃ ᠮᠤᠩᠭᠤᠯ ᠲᠤᠭᠤᠷᠭᠠᠳᠠᠨ ᠬᠡᠳᠡᠭ ᠢ ᠠᠩᠬ᠎ᠠ ᠲᠠᠨᠢᠭᠤᠯᠬᠤ ᠪᠠᠭᠰᠢ ᠨᠢ ᠠᠪᠤ ᠡᠵᠢ᠂ ᠠᠬᠠᠰ ᠵᠠᠬᠠᠰ ᠶᠤᠮ᠃ ᠤᠯᠠᠩᠬᠢ ᠡᠴᠢᠭᠡ ᠡᠭᠡ ᠭᠡᠷ ᠤᠨ ᠠᠬᠠᠮᠠᠳ ︽ᠬᠡᠤᠬᠡᠳ ᠡᠴᠢᠭᠡ ᠡᠭᠡ ᠠᠴᠠ ᠪᠠᠨ ᠬᠡᠯᠡ ᠰᠤᠷᠬᠤ︾ ᠭᠡᠰᠡᠨ ᠢ ᠤᠮᠳᠤᠭᠠᠶᠢᠯᠠᠳᠠᠭ᠃ ᠳᠠᠮᠠᠢ ᠠᠩᠬᠠᠷᠤᠯ ᠳᠠᠭᠠᠨ ᠠᠪᠳᠠᠭ ᠦᠭᠡᠢ᠂ ᠰᠠᠨᠠᠭᠠᠨ ᠳᠤ ᠴᠤ ᠤᠷᠤᠳᠠᠭ ᠦᠬᠡᠢ᠃ ᠬᠡᠤᠬᠡᠳ ᠤᠨ ᠬᠠᠮᠤᠭ ᠠᠩᠬᠠᠨ ᠤ ᠪᠠᠭᠰᠢ ᠪᠤᠯ ᠡᠴᠢᠭᠡ ᠡᠭᠡ ᠭᠡᠳᠡᠭ ᠪᠢᠰᠢᠤ⁈ ᠬᠡᠤᠬᠡᠳ ᠠᠯᠢᠪᠠ ᠰᠤᠷᠬᠤ ᠡᠵᠡᠮᠰᠢᠬᠦ ᠶᠠᠭᠤᠮ᠎ᠠ ᠶᠢ ᠡᠴᠢᠭᠡ ᠡᠭᠡ ᠠᠴᠠ ᠪᠠᠨ ᠯᠠ ᠠᠩᠬ᠎ᠠ ᠰᠤᠷᠴᠤ᠂ ᠡᠴᠢᠭᠡ ᠡᠭᠡ ᠨᠢ ᠯᠠ ᠠᠩᠬᠠᠯᠠᠨ ᠵᠢᠭᠠᠵᠦ ᠰᠤᠷᠭᠠᠳᠠᠭ ᠰᠢᠤ︕ ᠦᠭᠡ ᠭᠡᠯᠡ ᠰᠤᠷᠬᠤ ᠨᠢ ᠴᠤ ᠮᠦᠨ ᠠᠳᠠᠯᠢ ᠪᠢᠯᠠ︕ ᠡᠴᠢᠭᠡ ᠡᠭᠡ᠂ ᠭᠡᠷ ᠤᠨ ᠠᠬᠠᠮᠠᠳ ᠪᠤᠯᠤᠭᠰᠠᠳ᠂ ᠭᠡᠤᠭᠡᠳ ᠤᠨ ᠢᠶᠠᠨ ᠦᠭᠡ ᠭᠡᠯᠡ ᠮᠠᠭᠤ ᠪᠠᠶᠢᠭ᠎ᠠ ᠶᠢ ᠪᠢᠳᠡᠭᠡᠢ ᠪᠤᠰᠤᠳ ᠲᠤ ᠳᠦᠯᠬᠢᠭᠡᠳ ᠪᠠᠶᠢᠭᠠᠷᠠᠢ︕ ᠦᠪᠡᠷ ᠤᠨ ᠪᠠᠶ᠎ᠠ ᠠᠴᠠ ᠪᠠᠨ ᠠᠰᠠᠭᠤᠳᠠᠯ ᠢᠶᠠᠨ ᠡᠷᠢᠵᠤ ᠰᠤᠷᠤᠭᠠᠷᠠᠢ᠃ ︽ᠪᠢ ᠬᠡᠤᠬᠡᠳ ᠤᠨ ᠠᠪᠤ ᠡᠵᠢ᠂ ᠠᠬᠠᠮᠠᠳ ᠲᠤᠮᠤᠭᠠᠳᠠᠠ ᠨᠢ ᠪᠠᠶᠢᠨ᠎ᠡ᠂ ᠦᠪᠡᠷ ᠤᠨ ᠪᠡᠶ᠎ᠡ ᠪᠠᠷ ᠢᠶᠠᠨ ᠬᠡᠪ ᠲᠠᠭᠤᠷᠢᠶᠠᠯ ᠦᠵᠡᠬᠦᠯᠬᠦ ᠬᠡᠷᠡᠭᠳᠡᠢ︾ ᠬᠡᠵᠤ ᠪᠡᠶ᠎ᠡ ᠳᠡᠭᠡᠨ ᠴᠢᠩᠭ᠎ᠠ ᠢᠮᠠᠬᠳᠡ ᠬᠡᠯᠡᠵᠤ᠂ ᠬᠢᠵᠤ ᠪᠠᠶᠢᠭᠠᠷᠠᠢ᠃ ᠳᠠᠷᠠᠴᠢᠯᠠᠨ ᠬᠡᠤᠬᠡᠳ ᠲᠠᠢ ᠪᠠᠨ ᠪᠤᠶᠤ ᠦᠪᠠᠷ ᠵᠠᠭᠤᠷ᠎ᠠ ᠪᠠᠨ ᠡᠬᠡ ᠬᠡᠯᠡ ᠪᠠᠷ ᠢᠶᠠᠨ ᠶᠠᠷᠢᠯᠴᠠᠵᠤ᠂ ᠬᠡᠤᠬᠡᠳ ᠲᠡᠭᠡᠨ ᠦᠭᠡ ᠭᠡᠯᠡ ᠰᠤᠷᠬᠤ ᠰᠠᠶᠢᠨ ᠰᠠᠶᠢᠬᠠᠨ ᠤᠷᠴᠢᠨ ᠨᠦᠬᠦᠴᠠᠯ ᠢ ᠪᠦᠷᠢᠯᠳᠦᠬᠦᠯᠤᠨ᠂ ᠳᠠᠳᠠᠨ ᠤ ᠦᠭᠡ ᠭᠡᠯᠡ ᠶᠢ ᠴᠠᠪᠠᠷ ᠳᠡᠭᠰᠢ ᠪᠠᠷ ᠰᠤᠷᠬᠤ ᠵᠦᠭ ᠲᠤ ᠨᠢ ᠬᠦᠳᠦᠯᠵᠤ ᠪᠠᠶᠢᠭᠠᠷᠠᠢ᠃      ᠨᠢᠭᠡ ᠡᠳᠦᠷ ᠢᠶᠠᠨ ᠪᠢᠳᠡ ᠭᠤᠷᠪᠠᠨ ᠵᠠᠭᠤᠨ ᠵᠢᠷᠠᠨ ᠲᠠᠪᠤ ᠪᠠᠷ ᠦᠷᠡᠵᠢᠬᠦᠯᠵᠦ ᠨᠢᠭᠡ ᠵᠢᠯ ᠪᠤᠯᠭᠠᠶ᠎ᠠ᠂ ᠨᠢᠭᠡ ᠵᠢᠯ ᠢᠶᠠᠨ ᠪᠢᠳᠡ ᠨᠢᠩᠵᠢᠨ ᠰᠡᠳᠬᠢᠯ ᠪᠠᠳᠤ ᠬᠠᠷᠢᠭᠤᠴᠠᠯᠭ᠎ᠠ ᠪᠠᠷ ᠢᠶᠠᠨ ᠦᠷᠡᠵᠢᠬᠦᠯᠵᠦ ᠦᠨᠢ ᠤᠳᠠᠭᠠᠨ ᠪᠤᠯᠭᠠᠶ᠎ᠠ᠃ ᠨᠢᠭᠡ ᠦᠰᠦᠭ ᠨᠢᠭᠡ ᠦᠭᠡᠨ ᠳᠡᠭᠡᠨ ᠴᠦ ᠪᠢᠳᠡ ᠬᠦᠨᠵᠡᠭᠡᠢ ᠬᠠᠶᠢᠷ᠎ᠠ ᠪᠠᠨ ᠰᠢᠩᠭᠡᠭᠡᠵᠦ᠂ ᠡᠬᠡ ᠬᠡᠯᠡ ᠪᠠᠨ ᠡᠷᠡᠬᠦᠯ ᠰᠠᠶᠢᠬᠠᠨ ᠦᠷᠡᠵᠢᠬᠦᠯᠵᠦ ᠲᠡᠯᠭᠡᠷᠡᠬᠦᠯᠵᠦ᠂ ᠡᠩ ᠶᠢᠷᠲᠢᠨᠴᠦ ᠶᠢ ᠮᠤᠩᠭᠤᠯ ᠢᠶᠠᠷ ᠢᠶᠠᠨ ᠲᠠᠨᠢᠵᠦ ᠬᠦᠭᠵᠢᠬᠦᠯᠦᠶ᠎ᠡ ᠬᠡᠵᠤ ᠪ᠊ · ᠪᠤᠶᠠᠨᠬᠡᠰᠢᠭ ᠶᠠᠷᠢᠵᠤ ᠪᠠᠶᠢᠬᠰᠠᠨ ᠪᠢᠯᠡ᠃ ᠡᠬᠡ ᠬᠡᠯᠡᠨ ᠤ ᠡᠵᠡᠨ ᠨᠢ ᠪᠤᠯᠬᠤ ᠳᠤ ᠲᠠ ᠪᠢᠳᠡᠨ ᠤ ᠬᠠᠮᠳᠤ ᠶᠢᠨ ᠴᠢᠷᠮᠠᠶᠢᠯᠭ᠎ᠠ ᠬᠡᠷᠡᠭᠳᠡᠢ᠃ ᠠᠪᠤ ᠡᠵᠢ ᠶᠢᠨ ᠨᠦᠷᠢ ᠬᠦᠳᠡᠯᠮᠤᠷᠢ ᠱᠠᠭᠠᠷᠳᠠᠬᠳᠠᠨ᠎ᠡ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号