ᠮᠣᠩᠭᠤᠯᠴᠤᠳ ᠤᠨ ᠠᠮᠢ ᠠᠬᠤᠢ ᠶᠢᠨ ᠲᠤᠬᠠᠢ ᠴᠡᠭᠡᠷ ᠬᠤᠷᠢᠭ᠎ᠠ
ᠨᠡᠶᠢᠲᠡᠯᠡᠭᠰᠡᠨ ᠴᠠᠭ᠄
2015/5/21
       ᠮᠤᠩᠭᠤᠯᠴᠤᠳ ᠤᠨ ᠳᠤᠮᠳᠠ ᠪᠠᠶᠢᠭᠠᠯᠢ ᠠᠬᠤᠢ ᠪᠠᠨ ᠬᠠᠮᠠᠭᠠᠯᠠᠬᠤ ᠬᠠᠮᠢᠶ᠎ᠠ ᠪᠦᠭᠦᠢ ᠵᠠᠩ ᠵᠠᠩᠰᠢᠯ ᠂ ᠴᠡᠭᠡᠷ ᠬᠤᠷᠢᠭ᠎ᠠ ᠮᠠᠰᠢ ᠤᠯᠠᠨ ᠪᠠᠶᠢᠳᠠᠭ ᠪᠦᠭᠡᠳ ᠡᠳᠡᠭᠡᠷ ᠢ ᠠᠬᠠᠮᠠᠳ ᠨᠢ ᠳᠤᠤᠷ᠎ᠠ ᠦᠶ᠎ᠠ ᠳᠡᠭᠡᠨ ᠤᠯᠠᠮᠵᠢᠯᠠᠬᠤ᠂ ᠠᠪᠤ ᠡᠵᠢ ᠨᠢ ᠦᠷ᠎ᠠ ᠭᠡᠦᠭᠡᠳ ᠲᠡᠭᠡᠨ ᠤᠯᠠᠮᠵᠢᠯᠠᠬᠤ᠂ ᠠᠬ᠎ᠠ ᠡᠭᠡᠴᠢ ᠨᠢ ᠠᠩᠭ᠎ᠠ ᠳᠡᠭᠦᠦ ᠨᠠᠷ ᠲᠠᠭᠠᠨ ᠤᠯᠠᠮᠵᠢᠯᠠᠬᠤ  ᠪᠠᠷ ᠳᠡᠮᠵᠢᠨ ᠠᠷᠠᠳ ᠳᠦᠮᠡᠨ ᠢᠶᠠᠨ ᠰᠤᠷᠭᠠᠨ ᠭᠦᠮᠦᠵᠢᠭᠦᠯᠳᠡᠭ ᠠᠴᠠ ᠵᠠᠯᠠᠭᠤ ᠪᠠᠭᠠᠴᠤᠳ ᠢ ᠰᠤᠷᠭᠠᠨ ᠭᠦᠮᠦᠵᠢᠭᠦᠯᠬᠦ ᠳᠤ ᠴᠢᠬᠤᠯᠠ ᠦᠢᠯᠡᠳᠤᠯ ᠭᠠᠷᠭᠠᠵᠤ ᠪᠠᠶᠢᠳᠠᠭ᠃       ᠡᠳᠡᠭᠡᠷ ᠠᠴᠠ ᠳᠤᠷᠠᠳᠪᠠᠯ᠄      ᠮᠤᠩᠭᠤᠯᠴᠤᠳ ᠳᠡᠭᠷᠢ ᠶᠢ ᠵᠢᠭᠠᠵᠤ ᠬᠠᠷᠢᠶᠠᠬᠤ ᠪᠤᠶᠤ ᠳᠡᠭᠷᠢ ᠦᠭᠡᠳᠠ ᠨᠤᠯᠮᠤᠬᠤ ᠶᠢ ᠴᠡᠭᠡᠷᠯᠡᠨ ᠪᠤᠶᠠᠨ ᠢᠶᠠᠨ ᠪᠠᠷᠠᠨ᠎ᠠ ᠭᠡᠳᠡᠭ︔      ᠨᠠᠷᠠ᠂ ᠰᠠᠷᠠ᠂ ᠤᠳᠤᠨ ᠮᠡᠴᠢᠳ᠂ ᠰᠤᠯᠤᠩᠭ᠎ᠠ ᠦᠭᠡᠳᠠ ᠵᠢᠭᠠᠬᠤ ᠪᠠ ᠬᠠᠷᠢᠶᠠᠬᠤ ᠶᠢ ᠴᠡᠭᠡᠷᠯᠠᠨ ᠭᠠᠷ ᠨᠢ ᠳᠡᠬᠢᠷ ᠪᠤᠯᠤᠨ᠎ᠠ ᠭᠡᠳᠡᠭ︔      ᠳᠡᠬᠢᠯᠭ᠎ᠠ ᠰᠢᠳᠦᠭᠡᠨ ᠲᠠᠢ ᠠᠭᠤᠯᠠ ᠬᠠᠶᠢᠷᠬᠠᠨ ᠤ ᠤᠢᠢᠷ᠎ᠠ ᠬᠠᠪᠢ ᠪᠠᠷ ᠭᠠᠵᠠᠷ ᠢ ᠮᠡᠯᠳᠠᠵᠤ ᠰᠡᠭᠴᠡᠬᠦ᠂ ᠮᠤᠳᠤ ᠳᠦᠯᠡᠭᠡ ᠠᠪᠬᠤ᠂ ᠠᠩ ᠭᠦᠷᠤᠭᠡ ᠬᠢᠬᠦ᠂ ᠵᠢᠭᠠᠰᠤ ᠭᠦᠭᠢᠳᠡᠬᠦ ᠵᠡᠷᠭᠡ ᠶᠢ ᠡᠷᠠᠰ ᠴᠡᠭᠡᠷᠯᠡᠳᠡᠭ︔      ᠠᠭᠤᠯᠠ ᠨᠢᠷᠤᠭᠤ ᠨᠤᠳᠤᠭ ᠪᠡᠯᠴᠢᠭᠡᠷ ᠳᠡᠭᠡᠷ᠎ᠠ ᠭᠠᠵᠠᠷ ᠰᠡᠭᠴᠡᠵᠤ᠂ ᠭᠦᠷᠤᠰᠤ ᠰᠢᠷᠤᠢ ᠭᠦᠳᠡᠯᠭᠡᠪᠠᠯ ᠭᠠᠵᠠᠷ ᠤᠨ ᠰᠠᠬᠢᠭᠤᠰᠤ ᠶᠢ ᠭᠦᠨᠳᠡᠨ᠎ᠡ ᠭᠡᠳᠡᠭ︔       ᠤᠰᠤ ᠪᠤᠯᠠᠭ᠂ ᠨᠠᠭᠤᠷ ᠪᠦᠷᠢᠳᠤ ᠳᠤ ᠬᠤᠭ ᠨᠤᠪᠰᠢ ᠬᠢᠬᠦ ᠶᠢ ᠴᠡᠭᠡᠷᠯᠡᠳᠡᠭ︔       ᠭᠤᠤᠯ ᠭᠤᠷᠤᠬ᠎ᠠ ᠠᠴᠠ ᠤᠰᠤ ᠠᠪᠬᠤ ᠳᠠᠭᠠᠨ ᠰᠢᠨᠠᠭ᠎ᠠ ᠰᠠᠭᠤᠯᠠᠭ᠎ᠠ ᠪᠠᠨ ᠴᠡᠪᠠᠷ ᠪᠠᠶᠢᠯᠭᠠᠬᠤ ᠭᠡᠷᠡᠭᠳᠠᠢ ᠪᠠᠶᠢᠳᠠᠭ︔      ᠬᠤᠳᠳᠤᠭ ᠪᠤᠯᠠᠭ᠂ ᠭᠤᠤᠯ ᠭᠤᠷᠤᠬᠠᠨ ᠤ ᠤᠢᠢᠷᠠᠯᠴᠠᠭ᠎ᠠ ᠭᠠᠳᠠᠭᠠᠯᠠᠳᠠᠭ ᠦᠭᠡᠢ︔       ᠭᠤᠤᠯ ᠭᠤᠷᠤᠬᠠᠨ ᠳᠤ ᠬᠤᠪᠴᠠᠰᠤ ᠬᠤᠨᠠᠷ ᠤᠬᠢᠶᠠᠬᠤ ᠶᠢ ᠴᠡᠭᠡᠷᠯᠡᠨ᠎ᠠ︔       ᠭᠤᠤᠯ ᠮᠦᠷᠠᠨ ᠤ ᠰᠠᠪᠠ ᠭᠠᠵᠠᠷ ᠤᠨ ᠡᠪᠠᠰᠤ ᠪᠤᠷᠭᠠᠰᠤ ᠶᠢ ᠭᠦᠨᠳᠡᠬᠦ᠂ ᠭᠦᠷᠤᠰᠤ ᠰᠢᠷᠤᠢ ᠶᠢ ᠭᠦᠳᠡᠯᠭᠡᠪᠠᠯ ᠭᠤᠤᠯ ᠮᠦᠷᠠᠨ ᠤ ᠤᠰᠤ ᠰᠢᠷᠬᠢᠨ᠎ᠠ ᠭᠡᠳᠡᠭ︔       ᠠᠩ ᠭᠦᠷᠤᠭᠡ ᠬᠢᠬᠦ ᠳᠤ ᠠᠮᠢᠳᠠᠨ ᠤ ᠦᠰᠤ ᠨᠤᠤᠰᠤ ᠨᠢ ᠭᠦᠢᠴᠡᠭᠡ ᠦᠭᠡᠢ ᠦᠶ᠎ᠠ ᠳᠤ ᠪᠤᠶᠤ ᠬᠠᠪᠤᠷ᠂ ᠵᠤᠨ᠂ ᠡᠪᠤᠯ ᠤᠨ ᠭᠦᠴᠤ ᠳᠠᠷᠭᠤ ᠮᠠᠭᠤᠳᠠᠢ ᠦᠶ᠎ᠠ ᠳᠤ ᠡᠰᠡᠭᠦᠯ᠎ᠠ ᠭᠡᠭᠡᠯ ᠲᠠᠢ ᠦᠶ᠎ᠠ ᠳᠤᠨᠢ ᠠᠩᠨᠠᠵᠤ ᠪᠤᠯᠬᠤ ᠦᠭᠡᠢ᠂ ᠳᠠᠷᠠ ᠴᠤ ᠪᠠᠶᠢᠳᠤᠭᠠᠢ ᠦᠷᠭᠦᠭᠡᠵᠤ ᠭᠦᠭᠡᠭᠡᠬᠦ ᠶᠢ ᠴᠤ ᠴᠡᠭᠡᠷᠯᠡᠨ᠎ᠠ︔       ᠰᠢᠪᠠᠭᠤᠨ ᠡᠭᠦᠷ ᠢ ᠠᠭᠤᠳᠠᠯᠵᠤ ᠦᠨᠳᠡᠭᠡ ᠶᠢ ᠨᠢ ᠬᠠᠭᠠᠯᠵᠤ ᠠᠩᠭᠠᠬᠠᠢ ᠶᠢ ᠨᠢ ᠪᠠᠷᠢᠪᠠᠯ ᠭᠡᠦᠭᠡᠳ ᠤᠨ ᠴᠢᠷᠠᠢ ᠳᠡᠭᠡᠷ᠎ᠠ ᠴᠤᠬᠤᠷ ᠳᠤᠯᠪᠤ ᠭᠠᠷᠤᠨ᠎ᠠ ᠭᠡᠳᠡᠭ︔       ᠬᠤᠸᠠᠷ ᠴᠡᠴᠡᠭ ᠢ ᠳᠠᠰᠤᠯᠪᠠᠯ ᠭᠡᠦᠭᠡᠳ ᠤᠨ ᠵᠢᠰᠤ ᠡᠪᠳᠡᠷᠠᠨ᠎ᠠ ᠭᠡᠳᠡᠭ︔      ᠭᠡᠭᠡᠷ᠎ᠠ ᠶᠢᠨ ᠰᠤᠩᠬᠢᠨ᠎ᠠ ᠶᠢ ᠬᠠᠮᠢᠶ᠎ᠠ ᠨᠠᠮᠢᠶ᠎ᠠ ᠦᠭᠡᠢ ᠮᠠᠯᠳᠠᠪᠠᠯ ᠬᠦᠮᠦᠨ ᠤ ᠨᠢᠳᠤ ᠡᠪᠡᠳᠤᠨ᠎ᠠ ᠭᠡᠳᠡᠭ︔       ᠭᠡᠦᠭᠡᠳ ᠭᠠᠯ ᠢᠶᠠᠷ ᠨᠠᠭᠠᠳᠪᠠᠯ ᠦᠭᠡᠷ ᠮᠠᠯ ᠨᠢ ᠭᠠᠳᠠᠭᠰᠢ ᠶᠠᠪᠤᠨ᠎ᠠ ᠭᠡᠳᠡᠭ᠃ 
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号