| ᠮᠤᠩᠭᠤᠯ ᠬᠡᠯᠡ ᠪᠠᠨ ᠬᠠᠶᠢᠷᠠᠯᠠᠵᠤ ᠬᠠᠮᠠᠭᠠᠯᠠᠶ᠎ᠡ᠂ ᠦᠪᠯᠡᠵᠤ ᠵᠠᠯᠭᠠᠮᠵᠢᠯᠠᠶᠡ ᠬᠡᠵᠤ ᠬᠡᠯᠡᠵᠤ ᠬᠢᠵᠤ | ᠪᠠᠶᠢᠬᠰᠠᠨ ᠠᠴᠠ ᠪᠠᠨ ᠬᠠᠤᠯᠢ ᠪᠠᠷ ᠪᠠᠳᠤᠯᠠᠭᠤᠯᠤᠭᠠᠳ ᠨᠢᠬᠡᠨᠳᠡ ᠠᠷᠪᠠᠨ ᠵᠢᠯ ᠪᠤᠯᠴᠢᠬᠠᠯᠡ᠃ ᠲᠠᠷᠤᠢ ᠡᠨᠡ ᠵᠢᠯ ᠤᠨ | 5 ᠰᠠᠷ᠎ᠡ ᠶᠢᠨ 1 ᠤ ᠡᠳᠤᠷ ᠪᠤᠯ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠮᠣᠩᠭᠤᠯ ᠦᠭᠡ ᠬᠡᠯᠡ | ᠦᠰᠥᠭ ᠪᠢᠴᠢᠭ ᠤᠨ ᠠᠵᠢᠯ ᠤᠨ ᠲᠥᠷᠢᠮ ᠨᠡᠶᠢᠳᠡᠯᠡᠭᠳᠡᠨ ᠬᠡᠷᠡᠭᠵᠢᠭᠦᠯᠥᠭᠳᠡᠭᠰᠡᠨ ᠠᠷᠪᠠᠨ ᠵᠢᠯ ᠤᠨ ᠣᠢ︾ | ᠲᠤᠬᠢᠶᠠᠵᠤ ᠪᠤᠢ᠃ ᠲᠦᠷᠦ ᠶᠢᠨ ᠪᠤᠳᠤᠯᠭ᠎ᠠ ᠬᠡᠰᠢᠭ᠂ ᠦᠪᠡᠷ ᠤᠨ ᠪᠤᠳᠤᠯᠭ᠎ᠠ ᠳᠦᠰᠢᠭ᠃ ᠦᠪᠡᠷ ᠤᠨ ᠪᠤᠳᠤᠯᠭ᠎ᠠ | ᠭᠡᠭᠴᠢ ᠨᠢ ᠦᠪᠡᠷ ᠤᠨ ᠤᠴᠢᠷ ᠲᠠᠭᠠᠨ ᠦᠷᠤᠭᠡᠯ ᠤᠨ ᠴᠢᠷᠠᠢ ᠶᠢ ᠬᠠᠷᠠᠬᠤ ᠦᠭᠡᠢ ᠭᠡᠰᠡᠨ ᠬᠠᠲᠠᠭᠤ ᠪᠤᠳᠤᠯᠭ᠎ᠠ | ᠮᠦᠨ ᠬᠡᠵᠤ ᠯ᠊ · ᠤᠳᠽᠡᠷ ᠭᠤᠸᠠᠢ ᠶᠠᠷᠢᠵᠤ ᠪᠠᠶᠢᠬᠰᠠᠨ ᠪᠢᠯᠡ᠃ ᠪᠢᠳᠡᠨᠡᠷ ᠦᠩᠬᠡᠷᠡᠵᠤ ᠤᠳᠤᠬᠰᠠᠨ ᠲᠦᠷᠦ ᠶᠢᠨ | ᠲᠦᠰᠢᠭ ᠲᠠᠢ ᠠᠷᠪᠠᠨ ᠵᠢᠯ ᠢᠶᠠᠨ ᠡᠷᠬᠢᠨ ᠬᠠᠷᠠᠬᠤ ᠳᠤ᠂ ᠦᠪᠡᠷ ᠪᠡᠶ᠎ᠡ ᠶᠢ ᠪᠠᠨ ᠰᠢᠬᠦᠬᠦ ᠴᠠᠭ ᠪᠤᠯᠵᠡᠢ᠃ ᠠᠮᠵᠢᠯᠳᠡ | ᠤᠯᠤᠯᠳᠡ ᠲᠠᠢ ᠠᠳᠠᠯ᠎ᠡ ᠪᠠᠨ ᠠᠯᠳᠠᠭ᠎ᠠ ᠤᠨᠤᠭ᠎ᠠ ᠲᠠᠢ ᠨᠢ ᠮᠡᠳᠡᠬᠡᠵᠢ᠃ ᠲᠦᠮᠡ ᠶᠠᠷᠢᠵᠤ ᠪᠤᠮᠡ ᠶᠠᠩᠰᠢᠬᠰᠠᠨ ᠴᠤ | ᠲᠡᠷᠡ ᠨᠢᠬᠡ ᠯᠡ ᠦᠬᠡ᠃ ᠡᠬᠡ ᠬᠡᠯᠡ ᠳᠡᠭᠡᠨ ᠡᠵᠡᠨ ᠨᠢ ᠪᠤᠯᠵᠤ ᠶᠠᠪᠤᠶ᠎ᠡ᠃ | ︽ᠬᠦᠶ᠋ᠢ︕ ᠮᠠᠨ ᠤ ᠰᠤᠷᠭᠠᠨ ᠬᠦᠮᠦᠵᠢᠯ ᠴᠢᠨᠢ ᠶᠠᠭᠤ ᠪᠤᠯᠵᠦ ᠪᠠᠶᠢᠨ᠎ᠠ ᠪᠤᠢ︖ ᠮᠠᠨ ᠤ ᠭᠡᠤᠭᠡᠳ ᠤᠨ | ᠭᠡᠯᠡ ᠶᠠᠭ ᠭᠤᠷᠢ ᠦᠭᠡᠢ ᠪᠠᠶᠢᠨ᠎ᠡ︾᠂ ︽ᠤᠳᠤ ᠴᠢᠨᠢ ᠬᠡᠤᠬᠡᠳ ᠤᠳ ᠲᠤ ᠬᠢᠳᠠᠳ ᠬᠡᠯᠡ ᠶᠢ ᠵᠢᠭᠠᠬᠤ ᠦᠬᠡᠢ ᠪᠠᠷ | ᠰᠤᠷᠴᠢᠬᠠᠨᠡ᠂ ᠮᠤᠩᠭᠤᠯ ᠬᠡᠯᠡ ᠶᠢ ᠶᠠᠭ ᠭᠤᠷᠢ ᠦᠬᠡᠢ︾᠂ ︽ᠮᠤᠩᠭᠤᠯ ᠬᠡᠤᠬᠡᠳ ᠮᠤᠩᠭᠤᠯ ᠬᠡᠯᠡ ᠳᠡᠭᠡᠨ ᠮᠠᠭᠤ | ᠬᠡᠳᠡᠭ ᠴᠢᠨᠢ ᠶᠠᠭᠠᠬᠢᠨ᠎ᠡ︾ ᠭᠡᠵᠦ ᠤᠯᠠᠨ ᠤᠯᠠᠨ ︽ᠭᠤᠷᠢ ᠦᠭᠡᠢ᠂ ᠪᠤᠯᠬᠤ ᠦᠭᠡᠢ︾ ᠠᠴᠠ ᠪᠤᠯᠤᠬᠰᠠᠨ ᠪᠠᠶᠢᠬᠤ | ᠶᠠᠷᠢᠶ᠎ᠡ ᠬᠦᠮᠦᠰ ᠤᠨ ᠲᠤᠮᠳᠠ ᠲᠠᠩᠳᠡ ᠶᠠᠷᠢᠬᠳᠠᠬᠤ ᠪᠤᠯᠵᠤ ᠪᠤᠢ᠃ ᠲᠡᠬᠡᠪᠡᠯ ᠴᠤᠬᠤᠮ ᠶᠠᠭᠤᠨ ᠤ ᠤᠴᠢᠷ ᠪᠠᠶᠢᠬᠰᠠᠨ | ᠪᠤᠯ︖ ᠠᠷᠭ᠎ᠠ ᠦᠬᠡᠢ ᠨᠡᠶᠢᠬᠡᠮ ᠤᠨ ᠬᠦᠭᠵᠢᠯ᠂ ᠬᠤᠳᠠᠴᠢᠯᠠᠯᠳᠡ᠂ ᠠᠮᠢᠳᠤᠷᠠᠯ ᠤᠨ ᠤᠷᠴᠢᠨ ᠲᠠᠢ ᠰᠢᠭᠤᠳ | ᠬᠤᠯᠪᠤᠬᠳᠠᠬᠤ ᠨᠢ ᠮᠡᠳᠡᠬᠡᠵᠢ᠃ ᠲᠡᠬᠡᠬᠦ ᠳᠡᠭᠡᠨ ᠬᠡᠤᠬᠡᠳ ᠤᠨ ᠭᠡᠯᠡ ᠮᠠᠭᠤ ᠪᠠᠶᠢᠬᠤ ᠨᠢ ᠦᠬᠡᠷ᠎ᠡ ᠴᠤᠬᠤᠮ ᠭᠡᠨ ᠤ | ᠤᠴᠢᠷ ᠪᠤᠢ︖ ᠰᠤᠷᠭᠠᠨ ᠬᠦᠮᠦᠵᠢᠯ ᠤᠨ ᠠᠰᠠᠭᠤᠳᠠᠯ ᠭᠡᠵᠢ ᠤᠤ︖ ᠰᠤᠷᠭᠠᠭᠤᠯᠢ᠂ ᠪᠠᠭᠰᠢ ᠨᠠᠷ ᠤᠨ ᠯᠠ | ᠤᠴᠢᠷ ᠭᠡᠵᠢ ᠤᠤ︖ ᠡᠴᠢᠭᠡ ᠡᠭᠡ ᠭᠡᠷ ᠤᠨ ᠠᠬᠠᠮᠠᠳᠴᠤᠳ ᠲᠠᠢ ᠦᠴᠦᠭᠡᠨ ᠴᠤ ᠬᠤᠯᠪᠤᠭᠳᠠᠯ ᠦᠭᠡᠢ ᠭᠡᠵᠢ ᠤᠤ | ︖ ᠁ ᠭᠡᠵᠦ ᠤᠯᠠᠨ ᠬᠠᠷᠠᠭᠠᠰᠤ ᠠᠴᠠ ᠲᠤᠩᠭᠠᠵᠤ ᠪᠤᠳᠤᠬᠤ ᠨᠢ ᠵᠦᠪ᠃ ᠵᠠᠷᠢᠮ ᠭᠡᠷ ᠤᠨ ᠠᠬᠠᠮᠠᠳ ᠤᠨ | ᠭᠡᠯᠡᠬᠦ ᠪᠠᠷ ᠪᠤᠯ᠂ ᠬᠡᠤᠬᠡᠳ ᠤᠨ ᠭᠡᠯᠡ ᠮᠠᠭᠤ ᠪᠠᠶᠢᠭ᠎ᠠ ᠨᠢ ᠰᠤᠷᠭᠠᠨ ᠬᠦᠮᠦᠵᠢᠯ ᠤᠨ ᠠᠰᠠᠭᠤᠳᠠᠯ᠂ ᠰᠤᠷᠭᠠᠭᠤᠯᠢ ᠶᠢᠨ | ᠶᠠᠪᠤᠳᠠᠯ᠂ ᠪᠠᠭᠰᠢ ᠨᠠᠷ ᠤᠨ ᠤᠴᠢᠷ ᠶᠤᠮ ᠪᠠᠶᠢᠨ᠎ᠠ᠃ ᠳᠡᠭᠡᠪᠡᠯ ᠪᠢᠳᠡ᠂ ᠬᠡᠤᠬᠡᠳ ᠴᠤᠬᠤᠮ ᠭᠡᠨ ᠠᠴᠠ᠂ ᠶᠠᠭᠠᠬᠢᠵᠦ | ᠭᠡᠯᠡ ᠰᠤᠷᠳᠠᠭ ᠢ ᠦᠵᠠᠶ᠎ᠠ᠃ ᠬᠡᠤᠬᠡᠳ ᠭᠡᠯᠡ ᠰᠤᠷᠬᠤ ᠳᠤ᠂ ᠦᠪᠡᠰᠦᠬᠡᠨ ᠰᠤᠷᠬᠤ᠂ ᠡᠴᠢᠬᠡ ᠡᠭᠡ᠂ ᠠᠬᠠᠮᠠᠳ | ᠪᠤᠭᠤᠷᠤᠯ ᠠᠴᠠ ᠪᠠᠨ ᠰᠤᠷᠬᠤ᠂ ᠨᠠᠶᠢᠵᠠ ᠨᠦᠬᠦᠳ ᠠᠴᠠ ᠪᠠᠨ ᠰᠤᠷᠬᠤ᠂ ᠪᠠᠭᠰᠢ᠂ ᠰᠤᠷᠭᠠᠭᠤᠯᠢ ᠠᠴᠠ ᠰᠤᠷᠬᠤ᠂ | ᠨᠠᠶᠢᠭᠡᠮ᠂ ᠤᠷᠴᠢᠨ ᠠᠴᠠ ᠰᠤᠷᠬᠤ᠂ ᠲᠧᠯᠸᠢᠰ᠂ ᠷᠠᠳᠢᠣ᠋ ᠠᠴᠠ ᠰᠤᠷᠬᠤ᠂᠂᠂᠂ ᠵᠡᠷᠭᠡ ᠤᠯᠠᠨ ᠳᠠᠯ᠎ᠠ ᠪᠤᠢ᠃ | ᠭᠡᠤᠭᠡᠳ ᠤᠨ ᠭᠡᠯᠡ ᠰᠤᠷᠬᠤ ᠶᠠᠪᠤᠴᠠ ᠳᠤ ᠡᠳᠡᠭᠡᠷ ᠨᠢ ᠠᠯᠢ ᠠᠯᠢ ᠨᠢ ᠴᠤ ᠳᠤᠳᠠᠭᠳᠠᠵᠦ ᠪᠤᠯᠤᠰᠢ ᠦᠭᠡᠢ ᠶᠤᠮ᠃ | ᠠᠯᠢ ᠠᠯᠢ ᠶᠢ ᠨᠢ ᠴᠤ ᠤᠮᠳᠤᠭᠠᠶᠢᠯᠠᠵᠦ ᠪᠤᠯᠬᠤ ᠦᠭᠡᠢ ᠶᠤᠮ᠃ | ᠳᠡᠯᠡᠬᠡᠢ ᠶᠢᠷᠳᠢᠨᠴᠤ ᠮᠠᠨ ᠢ ᠡᠮᠤᠰᠭᠡᠯ ᠵᠡᠭᠦᠳᠡᠯ ᠢᠶᠠᠷ ᠪᠢᠰᠢ ᠦᠭᠡ ᠬᠡᠯᠡ ᠪᠠᠷ ᠮᠤᠩᠭᠤᠯ ᠲᠤᠭᠤᠷᠭᠠᠳᠠᠨ ᠭᠡᠵᠦ | ᠲᠠᠨᠢᠳᠠᠭ ᠬᠡᠵᠤ ᠲᠤ᠋ · ᠰᠡᠴᠡᠨᠪᠠᠶᠠᠷ ᠭᠤᠸᠠᠢ ᠶᠠᠷᠢᠵᠤ ᠦᠩᠬᠡᠷᠡᠭᠰᠡᠨ ᠪᠠᠶᠢᠳᠠᠭ᠃ ᠮᠤᠩᠭᠤᠯ ᠲᠤᠭᠤᠷᠭᠠᠳᠠᠨ ᠬᠡᠳᠡᠭ ᠢ | ᠠᠩᠬ᠎ᠠ ᠲᠠᠨᠢᠭᠤᠯᠬᠤ ᠪᠠᠭᠰᠢ ᠨᠢ ᠠᠪᠤ ᠡᠵᠢ᠂ ᠠᠬᠠᠰ ᠵᠠᠬᠠᠰ ᠶᠤᠮ᠃ ᠤᠯᠠᠩᠬᠢ ᠡᠴᠢᠭᠡ ᠡᠭᠡ ᠭᠡᠷ ᠤᠨ ᠠᠬᠠᠮᠠᠳ ︽ | ᠬᠡᠤᠬᠡᠳ ᠡᠴᠢᠭᠡ ᠡᠭᠡ ᠠᠴᠠ ᠪᠠᠨ ᠬᠡᠯᠡ ᠰᠤᠷᠬᠤ︾ ᠭᠡᠰᠡᠨ ᠢ ᠤᠮᠳᠤᠭᠠᠶᠢᠯᠠᠳᠠᠭ᠃ ᠳᠠᠮᠠᠢ ᠠᠩᠬᠠᠷᠤᠯ ᠳᠠᠭᠠᠨ | ᠠᠪᠳᠠᠭ ᠦᠭᠡᠢ᠂ ᠰᠠᠨᠠᠭᠠᠨ ᠳᠤ ᠴᠤ ᠤᠷᠤᠳᠠᠭ ᠦᠬᠡᠢ᠃ ᠬᠡᠤᠬᠡᠳ ᠤᠨ ᠬᠠᠮᠤᠭ ᠠᠩᠬᠠᠨ ᠤ ᠪᠠᠭᠰᠢ ᠪᠤᠯ ᠡᠴᠢᠭᠡ | ᠡᠭᠡ ᠭᠡᠳᠡᠭ ᠪᠢᠰᠢᠤ⁈ ᠬᠡᠤᠬᠡᠳ ᠠᠯᠢᠪᠠ ᠰᠤᠷᠬᠤ ᠡᠵᠡᠮᠰᠢᠬᠦ ᠶᠠᠭᠤᠮ᠎ᠠ ᠶᠢ ᠡᠴᠢᠭᠡ ᠡᠭᠡ ᠠᠴᠠ ᠪᠠᠨ ᠯᠠ ᠠᠩᠬ᠎ᠠ | ᠰᠤᠷᠴᠤ᠂ ᠡᠴᠢᠭᠡ ᠡᠭᠡ ᠨᠢ ᠯᠠ ᠠᠩᠬᠠᠯᠠᠨ ᠵᠢᠭᠠᠵᠦ ᠰᠤᠷᠭᠠᠳᠠᠭ ᠰᠢᠤ︕ ᠦᠭᠡ ᠭᠡᠯᠡ ᠰᠤᠷᠬᠤ ᠨᠢ ᠴᠤ ᠮᠦᠨ | ᠠᠳᠠᠯᠢ ᠪᠢᠯᠠ︕ ᠡᠴᠢᠭᠡ ᠡᠭᠡ᠂ ᠭᠡᠷ ᠤᠨ ᠠᠬᠠᠮᠠᠳ ᠪᠤᠯᠤᠭᠰᠠᠳ᠂ ᠭᠡᠤᠭᠡᠳ ᠤᠨ ᠢᠶᠠᠨ ᠦᠭᠡ ᠭᠡᠯᠡ ᠮᠠᠭᠤ | ᠪᠠᠶᠢᠭ᠎ᠠ ᠶᠢ ᠪᠢᠳᠡᠭᠡᠢ ᠪᠤᠰᠤᠳ ᠲᠤ ᠳᠦᠯᠬᠢᠭᠡᠳ ᠪᠠᠶᠢᠭᠠᠷᠠᠢ︕ ᠦᠪᠡᠷ ᠤᠨ ᠪᠠᠶ᠎ᠠ ᠠᠴᠠ ᠪᠠᠨ ᠠᠰᠠᠭᠤᠳᠠᠯ ᠢᠶᠠᠨ | ᠡᠷᠢᠵᠤ ᠰᠤᠷᠤᠭᠠᠷᠠᠢ᠃ ︽ᠪᠢ ᠬᠡᠤᠬᠡᠳ ᠤᠨ ᠠᠪᠤ ᠡᠵᠢ᠂ ᠠᠬᠠᠮᠠᠳ ᠲᠤᠮᠤᠭᠠᠳᠠᠠ ᠨᠢ ᠪᠠᠶᠢᠨ᠎ᠡ᠂ ᠦᠪᠡᠷ ᠤᠨ | ᠪᠡᠶ᠎ᠡ ᠪᠠᠷ ᠢᠶᠠᠨ ᠬᠡᠪ ᠲᠠᠭᠤᠷᠢᠶᠠᠯ ᠦᠵᠡᠬᠦᠯᠬᠦ ᠬᠡᠷᠡᠭᠳᠡᠢ︾ ᠬᠡᠵᠤ ᠪᠡᠶ᠎ᠡ ᠳᠡᠭᠡᠨ ᠴᠢᠩᠭ᠎ᠠ ᠢᠮᠠᠬᠳᠡ ᠬᠡᠯᠡᠵᠤ᠂ ᠬᠢᠵᠤ | ᠪᠠᠶᠢᠭᠠᠷᠠᠢ᠃ ᠳᠠᠷᠠᠴᠢᠯᠠᠨ ᠬᠡᠤᠬᠡᠳ ᠲᠠᠢ ᠪᠠᠨ ᠪᠤᠶᠤ ᠦᠪᠠᠷ ᠵᠠᠭᠤᠷ᠎ᠠ ᠪᠠᠨ ᠡᠬᠡ ᠬᠡᠯᠡ ᠪᠠᠷ ᠢᠶᠠᠨ ᠶᠠᠷᠢᠯᠴᠠᠵᠤ᠂ | ᠬᠡᠤᠬᠡᠳ ᠲᠡᠭᠡᠨ ᠦᠭᠡ ᠭᠡᠯᠡ ᠰᠤᠷᠬᠤ ᠰᠠᠶᠢᠨ ᠰᠠᠶᠢᠬᠠᠨ ᠤᠷᠴᠢᠨ ᠨᠦᠬᠦᠴᠠᠯ ᠢ ᠪᠦᠷᠢᠯᠳᠦᠬᠦᠯᠤᠨ᠂ ᠳᠠᠳᠠᠨ ᠤ | ᠦᠭᠡ ᠭᠡᠯᠡ ᠶᠢ ᠴᠠᠪᠠᠷ ᠳᠡᠭᠰᠢ ᠪᠠᠷ ᠰᠤᠷᠬᠤ ᠵᠦᠭ ᠲᠤ ᠨᠢ ᠬᠦᠳᠦᠯᠵᠤ ᠪᠠᠶᠢᠭᠠᠷᠠᠢ᠃ | ᠨᠢᠭᠡ ᠡᠳᠦᠷ ᠢᠶᠠᠨ ᠪᠢᠳᠡ ᠭᠤᠷᠪᠠᠨ ᠵᠠᠭᠤᠨ ᠵᠢᠷᠠᠨ ᠲᠠᠪᠤ ᠪᠠᠷ ᠦᠷᠡᠵᠢᠬᠦᠯᠵᠦ ᠨᠢᠭᠡ ᠵᠢᠯ ᠪᠤᠯᠭᠠᠶ᠎ᠠ᠂ ᠨᠢᠭᠡ | ᠵᠢᠯ ᠢᠶᠠᠨ ᠪᠢᠳᠡ ᠨᠢᠩᠵᠢᠨ ᠰᠡᠳᠬᠢᠯ ᠪᠠᠳᠤ ᠬᠠᠷᠢᠭᠤᠴᠠᠯᠭ᠎ᠠ ᠪᠠᠷ ᠢᠶᠠᠨ ᠦᠷᠡᠵᠢᠬᠦᠯᠵᠦ ᠦᠨᠢ ᠤᠳᠠᠭᠠᠨ ᠪᠤᠯᠭᠠᠶ᠎ᠠ᠃ | ᠨᠢᠭᠡ ᠦᠰᠦᠭ ᠨᠢᠭᠡ ᠦᠭᠡᠨ ᠳᠡᠭᠡᠨ ᠴᠦ ᠪᠢᠳᠡ ᠬᠦᠨᠵᠡᠭᠡᠢ ᠬᠠᠶᠢᠷ᠎ᠠ ᠪᠠᠨ ᠰᠢᠩᠭᠡᠭᠡᠵᠦ᠂ ᠡᠬᠡ ᠬᠡᠯᠡ ᠪᠠᠨ ᠡᠷᠡᠬᠦᠯ | ᠰᠠᠶᠢᠬᠠᠨ ᠦᠷᠡᠵᠢᠬᠦᠯᠵᠦ ᠲᠡᠯᠭᠡᠷᠡᠬᠦᠯᠵᠦ᠂ ᠡᠩ ᠶᠢᠷᠲᠢᠨᠴᠦ ᠶᠢ ᠮᠤᠩᠭᠤᠯ ᠢᠶᠠᠷ ᠢᠶᠠᠨ ᠲᠠᠨᠢᠵᠦ ᠬᠦᠭᠵᠢᠬᠦᠯᠦᠶ᠎ᠡ ᠬᠡᠵᠤ | ᠪ᠊ · ᠪᠤᠶᠠᠨᠬᠡᠰᠢᠭ ᠶᠠᠷᠢᠵᠤ ᠪᠠᠶᠢᠬᠰᠠᠨ ᠪᠢᠯᠡ᠃ ᠡᠬᠡ ᠬᠡᠯᠡᠨ ᠤ ᠡᠵᠡᠨ ᠨᠢ ᠪᠤᠯᠬᠤ ᠳᠤ ᠲᠠ ᠪᠢᠳᠡᠨ ᠤ ᠬᠠᠮᠳᠤ ᠶᠢᠨ | ᠴᠢᠷᠮᠠᠶᠢᠯᠭ᠎ᠠ ᠬᠡᠷᠡᠭᠳᠡᠢ᠃ ᠠᠪᠤ ᠡᠵᠢ ᠶᠢᠨ ᠨᠦᠷᠢ ᠬᠦᠳᠡᠯᠮᠤᠷᠢ ᠱᠠᠭᠠᠷᠳᠠᠬᠳᠠᠨ᠎ᠡ᠃ | |