ᠠᠮᠧᠷᠢᠺᠠ ᠬᠢᠬᠡᠳ ᠲᠤᠮᠳᠠᠳᠤ ᠶᠢᠨ ᠰᠤᠷᠤᠬᠴᠢᠳ ᠤᠨ ᠰᠤᠷᠭᠠᠨ ᠬᠥᠮᠥᠵᠢᠯ ᠤᠨ ᠲᠠᠯ᠎ᠠ ᠶᠢᠨ ᠠᠷᠪᠠᠨ ᠶᠡᠭᠡ ᠵᠦᠷᠢᠶ᠎ᠠ
ᠨᠡᠶᠢᠲᠡᠯᠡᠭᠰᠡᠨ ᠴᠠᠭ᠄
2015/5/15
     ᠶᠡᠭᠡ ᠰᠤᠷᠭᠠᠭᠤᠯᠢ ᠳᠤ ᠰᠢᠯᠭᠠᠬᠤ᠄ ᠠᠮᠧᠷᠢᠺᠠ ᠶᠢᠨ ᠰᠤᠷᠤᠬᠴᠢᠳ ᠶᠡᠭᠡ ᠰᠤᠷᠭᠠᠭᠤᠯᠢ ᠪᠠᠨ ᠲᠡᠬᠦᠰᠬᠦ ᠶᠢᠨ ᠲᠥᠯᠥᠬᠡ᠂ ᠶᠡᠭᠡ ᠰᠤᠷᠭᠠᠭᠤᠯᠢ ᠳᠤ ᠤᠷᠤᠬᠰᠠᠨ ᠤ ᠲᠠᠷᠠᠭ᠎ᠠ ᠰᠠᠶ᠋ᠢ ᠡᠬᠢᠯᠡᠨ ᠰᠠᠶᠢᠳᠤᠷ ᠰᠤᠷᠤᠯᠴᠠᠳᠠᠬ᠂ ᠲᠤᠮᠳᠠᠳᠤ ᠶᠢᠨ ᠰᠤᠷᠤᠬᠴᠢᠳ ᠪᠤᠯ ᠶᠡᠭᠡ ᠰᠤᠷᠭᠠᠭᠤᠯᠢ ᠳᠤ ᠤᠷᠤᠬᠤ ᠶᠢᠨ ᠲᠥᠯᠥᠬᠡ ᠠᠮᠢ ᠴᠥᠯᠠᠨ ᠰᠤᠷᠤᠯᠴᠠᠳᠠᠬ᠂ ᠶᠡᠭᠡ ᠰᠤᠷᠭᠠᠭᠤᠯᠢ ᠳᠤ ᠤᠷᠤᠪᠠᠯ ᠰᠠᠶᠢᠳᠤᠷ ᠰᠤᠷᠤᠯᠴᠠᠬᠤ ᠥᠬᠡᠢ ᠪᠤᠯᠳᠠᠬ ︵ᠲᠤᠳᠤᠷᠬᠠᠢᠢᠯᠠᠯᠳᠠ᠄ ᠠᠮᠧᠷᠢᠺᠠ ᠶᠢᠨ ᠶᠡᠭᠡ ᠰᠤᠷᠭᠠᠭᠤᠯᠢ ᠳᠤ ᠤᠷᠤᠬᠤ ᠳᠤ ᠠᠮᠠᠷ ᠲᠡᠭᠦᠰᠬᠦ ᠳᠤ ᠬᠥᠴᠢᠷ᠂ ᠲᠤᠮᠳᠠᠳᠤ ᠶᠢᠨ ᠶᠡᠭᠡ ᠰᠤᠷᠭᠠᠭᠤᠯᠢ ᠳᠤ ᠤᠷᠤᠬᠤ ᠳᠤ ᠬᠥᠴᠢᠷ ᠲᠡᠭᠦᠰᠬᠦ ᠳᠤ ᠠᠮᠠᠷ︶᠃      ᠪᠠᠭᠰᠢ ᠠᠴᠠ ᠠᠰᠠᠭᠤᠯᠳᠠ ᠠᠰᠠᠭᠤᠬᠤ᠄ ᠬᠢᠴᠢᠶᠡᠯ ᠲᠡᠭᠡᠷ᠎ᠠ᠂ ᠠᠮᠧᠷᠢᠺᠠ ᠶᠢᠨ ᠰᠤᠷᠤᠬᠴᠢᠳ ᠮᠡᠳᠡᠬᠦ ᠶᠢᠨ ᠲᠥᠯᠥᠭᠡ ᠪᠠᠭᠰᠢ ᠠᠴᠠ ᠪᠠᠨ ᠠᠰᠠᠭᠤᠳᠠᠬ᠂ ᠬᠡᠬᠦ ᠳᠡᠭᠡᠨ ᠰᠤᠯᠠ ᠵᠠᠳᠠᠭᠠᠢ ᠰᠠᠭᠤᠯᠴᠠᠬᠤ ᠨᠢ ᠪᠠᠭᠰᠢ ᠲᠠᠢ ᠪᠠᠨ ᠨᠠᠩ ᠰᠠᠶᠢᠳᠤᠷ ᠰᠤᠯᠢᠯᠴᠠᠬᠤ ᠶᠢᠨ ᠲᠥᠯᠥᠬᠡ ᠭᠡᠳᠡᠭ᠃ ᠲᠤᠮᠳᠠᠳᠤ ᠶᠢᠨ ᠰᠤᠷᠤᠬᠴᠢᠳ ᠮᠡᠳᠡᠬᠦ ᠶᠢᠨ ᠲᠥᠯᠥᠬᠡ ᠪᠠᠭᠰᠢ ᠠᠴᠠ ᠪᠠᠨ ᠠᠰᠠᠭᠤᠬᠤ ᠥᠬᠡᠢ᠂ ᠲᠥᠪ ᠰᠠᠭᠤᠵᠥ ᠬᠢᠴᠢᠶᠡᠯ ᠰᠤᠨᠤᠰᠬᠤ ᠶᠢ ᠪᠠᠭᠰᠢ ᠪᠠᠨ ᠬᠥᠨᠳᠥᠳᠭᠡᠵᠥ ᠪᠤᠢ ᠬᠡᠵᠥ ᠥᠵᠡᠳᠡᠭ᠃      ᠰᠡᠳᠤᠪ ᠵᠠᠳᠠᠯᠬᠤ ᠠᠷᠭ᠎ᠠ᠄ ᠬᠢᠴᠢᠶᠡᠯ ᠲᠡᠭᠡᠷ᠎ᠠ ᠪᠠᠭᠰᠢ ᠠᠴᠠ᠄ ︽ᠤᠳᠤ ᠶᠠᠬ ᠰᠠᠶ᠋ᠢᠬᠠᠨ 12 ᠴᠠᠬ ᠪᠤᠯᠵᠤ᠂ ᠴᠠᠬ ᠤᠨ ᠵᠡᠬᠦᠥ ᠪᠤᠯᠤᠨ ᠮᠢᠨᠦ᠋ᠲ ᠤᠨ ᠵᠡᠬᠦᠥ ᠶᠠᠬ ᠲᠠᠪᠬᠤᠴᠠᠵᠥ ᠪᠤᠢ᠂ ᠬᠡᠳᠤᠨ ᠴᠠᠬ ᠤᠨ ᠲᠠᠷᠠᠭ᠎ᠠ ᠴᠠᠬ ᠤᠨ ᠵᠡᠬᠦᠥ ᠪᠤᠯᠤᠨ ᠮᠢᠨᠦ᠋ᠲ ᠤᠨ ᠵᠡᠬᠦᠥ ᠲᠠᠬᠢᠨ ᠲᠠᠪᠬᠤᠴᠠᠬᠤ ᠪᠤᠢ︖︾ ᠬᠡᠵᠥ ᠠᠰᠠᠭᠤᠯᠳᠠ ᠲᠤᠷᠠᠳᠪᠠᠯ᠂ ᠠᠮᠧᠷᠢᠺᠠ ᠶᠢᠨ ᠰᠤᠷᠤᠬᠴᠢᠳ ᠪᠠᠷᠢᠨ ᠭᠠᠷ ᠴᠠᠬ ᠢᠶᠠᠨ ᠡᠷᠬᠢᠬᠦᠯᠵᠥ ᠬᠠᠷᠢᠭᠤᠯᠳᠠ ᠪᠠᠨ ᠡᠷᠢᠳᠡᠭ᠂ ᠡᠨᠡ ᠨᠢ ᠥᠨᠡᠨ ᠳᠡᠭᠡᠨ ᠰᠡᠴᠨᠨ ᠰᠡᠷᠬᠦᠯᠠᠩ ︽ᠪᠥᠳᠥᠬᠦᠯᠢᠭ ᠠᠷᠭ᠎ᠠ︾ ᠪᠤᠯᠤᠨ᠎ᠠ᠃ ᠲᠤᠮᠳᠠᠳᠤ ᠶᠢᠨ ᠰᠤᠷᠤᠬᠴᠢᠳ ᠬᠠᠷᠢᠨ ᠪᠢᠷ ᠴᠠᠭᠠᠰᠤ ᠠᠳᠬᠤᠨ᠂ ᠲᠤᠯᠤᠭᠠᠢ ᠥᠨᠳᠡᠶᠢᠯ ᠥᠭᠡᠢ ᠪᠠᠷ ᠨᠢᠬᠡ ᠤᠯᠠᠨ ᠲᠤᠮᠢᠶᠠᠨ ᠳᠤ ᠤᠷᠤᠭᠤᠯᠤᠨ ᠡᠬᠢᠯᠡᠨ ᠪᠤᠳᠤᠳᠠᠬ᠃      ᠰᠤᠷᠭᠠᠨ ᠬᠥᠮᠥᠵᠢᠯ ᠬᠥᠷᠳᠡᠬᠦ ᠠᠷᠭ᠎ᠠ᠄ ᠠᠮᠧᠷᠢᠺᠠ ᠶᠢᠨ ᠰᠤᠷᠤᠬᠴᠢᠳ ᠤᠨ ᠰᠤᠷᠭᠠᠨ ᠬᠥᠮᠥᠵᠢᠯ ᠬᠥᠷᠳᠡᠬᠦ ᠠᠷᠭ᠎ᠠ ᠪᠤᠯ ︽ᠬᠤᠨᠢ ᠬᠠᠷᠢᠭᠤᠯᠬᠤ︾ ᠲᠠᠢ ᠠᠳᠠᠯᠢ᠂ ᠲᠤᠩ ᠠᠭᠤᠵᠢᠭᠤ ᠲᠠᠯᠪᠢᠭᠤ᠂ ᠡᠶᠢᠮᠥ ᠠᠴᠠ ᠲᠡᠳᠡᠨ ᠤ ᠤᠯᠠᠩᠭᠢ ᠨᠢ ᠬᠤᠷᠸ᠎ᠠ ᠳᠤ ᠬᠤᠤᠰ ᠥᠬᠡᠢ ᠬᠠᠴᠢᠨ ᠪᠤᠳᠤᠯ ᠢ ᠲᠤᠭᠤᠳᠠᠬ᠂ ᠲᠡᠳᠡᠨ ᠤ ᠬᠥᠰᠡᠯ ᠪᠤᠳᠤᠯ ᠨᠢ ᠲᠦᠢᠯ ᠤᠨ ᠡᠯᠪᠡᠭ ᠪᠠᠶᠢᠳᠠᠬ᠃ ᠲᠤᠮᠳᠠᠳᠤ ᠶᠢᠨ ᠰᠤᠷᠤᠬᠴᠢᠳ ᠤᠨ ᠰᠤᠷᠭᠠᠨ ᠬᠥᠮᠥᠵᠢᠯ ᠬᠥᠷᠳᠡᠬᠦ ᠬᠡᠯᠪᠡᠷᠢ ᠪᠤᠯ ︽ᠰᠢᠩᠭᠡᠯᠢᠭ ᠲᠠᠬᠢ ᠰᠢᠪᠠᠭᠤ︾ ᠠᠳᠠᠯᠢ᠂ ᠲᠤᠩ ᠰᠢᠷᠭᠠᠭᠤ ᠬᠠᠳᠠᠭᠤᠵᠢᠯᠳᠠᠢ᠂ ᠰᠡᠳᠤᠪ ᠬᠢᠬᠦ ᠪᠠᠶᠢᠯᠳᠤᠭᠠᠨ ᠠᠴᠠ ᠲᠡᠳᠡ ᠠᠶᠤᠬᠤ ᠥᠬᠡᠢ᠂ ᠲᠠᠷᠢᠬᠢ ᠬᠥᠳᠡᠯᠭᠡᠬᠦ ᠠᠰᠠᠭᠤᠳᠠᠯ ᠠᠴᠠ ᠲᠤᠩ ᠵᠢᠷᠥᠬᠡᠰᠢᠶᠡᠳᠡᠭ᠂ ᠤᠴᠢᠷ ᠨᠢ ᠵᠠᠷᠢᠮ ᠥᠶᠡᠰ ᠲᠡᠳᠡᠨᠡᠷ ᠪᠤᠳᠤᠯᠬᠢᠯᠠᠵᠥ ᠲᠡᠶᠢᠯᠬᠦ ᠥᠬᠡᠢ ᠪᠤᠯᠳᠠᠬ᠃      ᠲᠤᠭ᠎ᠠ ᠪᠤᠳᠤᠯᠭ᠎ᠠ ᠶᠢᠨ ᠲᠡᠷᠢᠬᠢ ᠲᠤᠯᠤᠭᠠᠢ᠄ ᠠᠮᠧᠷᠢᠺᠠ ᠶᠢᠨ ᠰᠤᠷᠤᠬᠴᠢᠳ ᠲᠤ ᠲᠤᠭ᠎ᠠ ᠪᠤᠳᠤᠯᠭ᠎ᠠ ᠶᠢᠨ ᠲᠡᠷᠢᠬᠢ ᠲᠤᠯᠤᠭᠠᠢ ᠶᠡᠷᠥᠳᠡᠭᠡᠨ ᠳᠠᠮᠡᠢ ᠥᠬᠡᠢ᠂ ᠤᠷᠳᠤ ᠬᠤᠭᠤᠴᠠᠭ᠎ᠠ ᠡᠯᠧᠺᠲᠷᠤᠨ ᠪᠤᠳᠤᠯᠭ᠎ᠠ ᠶᠢᠨ ᠮᠠᠰᠢᠨ ᠳᠤ ᠲᠥᠰᠢᠭᠯᠡᠳᠡᠭ᠃ ᠲᠤᠮᠳᠠᠳᠤ ᠶᠢᠨ ᠰᠤᠷᠤᠬᠴᠢᠳ ᠪᠥᠷ ᠲᠤᠭ᠎ᠠ ᠪᠤᠳᠤᠯᠭ᠎ᠠ ᠳᠤ ᠲᠥᠷᠥᠯᠬᠢ ᠠᠪᠢᠶᠠᠰᠯᠢᠬ᠂ ᠠᠮᠠᠨ ᠤᠡᠭᠰᠢᠯᠭ᠎ᠠ ᠶᠢᠨ ᠪᠤᠳᠤᠯᠭ᠎ᠠ᠂ ᠴᠡᠬᠡᠵᠢᠨ ᠪᠤᠳᠤᠯᠭ᠎ᠠ ᠳᠠᠭᠠᠨ ᠪᠥᠷ ᠰᠠᠶᠢᠨ᠃      ᠰᠤᠯᠠ ᠵᠤᠭᠤᠰ ᠵᠠᠷᠤᠬᠤ᠄ ᠠᠮᠧᠷᠢᠺᠠ ᠶᠢᠨ ᠰᠤᠷᠤᠬᠴᠢ ᠶᠢᠨ ᠡᠬᠡ ᠡᠴᠢᠬᠡ ᠄ ︽ᠪᠢᠳᠠ ᠲᠠᠨ ᠳᠤ ᠮᠡᠳᠡᠭᠳᠡᠬᠦ ᠥᠬᠡᠢ ᠪᠠᠶᠢᠬᠤ ᠶᠢᠨ ᠠᠷᠭ᠎ᠠ ᠥᠬᠡᠢ᠂ ᠡᠨᠡ ᠰᠠᠷ᠎ᠠ ᠶᠢᠨ ᠲᠠᠨ ᠤ ᠰᠤᠯᠠ ᠵᠤᠭᠤᠰᠤᠨ ᠤ ᠵᠠᠷᠤᠳᠠᠯ ᠨᠢᠬᠡᠨᠳᠠ ᠲᠥᠰᠥᠪ ᠠᠴᠠ ᠬᠡᠳᠥᠷᠡᠭᠰᠡᠨ ᠪᠠᠶᠢᠨ᠎ᠠ᠃ ᠲᠡᠷᠭᠡᠨ ᠤ ᠬᠥᠮᠥᠷᠭᠡ ᠶᠢ ᠴᠡᠪᠡᠷᠯᠡᠬᠦ᠂ ᠤᠮᠪᠠᠯᠳᠠ ᠶᠢᠨ ᠤᠡᠭᠭᠤᠴᠠ ᠶᠢ ᠵᠥᠯᠬᠦᠬᠦ ᠪᠤᠶᠤ ᠭᠡᠷ ᠢ ᠴᠡᠪᠡᠷᠯᠡᠪᠠᠯ ᠲᠠᠨ ᠳᠤ ᠰᠤᠯᠠ ᠵᠠᠷᠤᠬᠤ ᠵᠤᠭᠤᠰ ᠥᠭᠬᠦᠶ᠎ᠠ︾ ᠬᠡᠵᠥ ᠬᠡᠯᠡᠳᠡᠭ᠃ ᠲᠤᠮᠳᠠᠳᠤ ᠶᠢᠨ ᠰᠤᠷᠤᠬᠴᠢ ᠶᠢᠨ ᠡᠭᠡ ᠡᠴᠢᠬᠡ᠄ ︽ᠰᠤᠯᠠ ᠵᠠᠷᠤᠬᠤ ᠵᠤᠭᠤᠰ ᠢᠶᠠᠨ ᠵᠠᠷᠤᠭᠠᠳ ᠪᠠᠷᠠᠴᠢᠬᠠᠬᠰᠠᠨ ᠤᠤ︖ ᠵᠤᠭᠤᠰ ᠴᠢᠨᠢ ᠥᠬᠡᠢ ᠪᠤᠯᠤᠬᠰᠠᠨ ᠪᠤᠯ ᠰᠢᠷᠭᠤᠤᠯ ᠠᠴᠠ ᠤᠴᠢᠵᠥ ᠠᠪᠤᠭᠠᠷᠠᠢ︾ ᠬᠡᠵᠥ ᠬᠡᠯᠡᠳᠡᠭ᠃      ᠵᠢᠭᠤᠯᠴᠢᠯᠠᠯ᠄ ᠠᠮᠧᠷᠢᠺᠠ ᠶᠢᠨ ᠰᠤᠷᠤᠬᠴᠢᠳ ᠡᠭᠡ ᠡᠴᠢᠭᠡ ᠳᠡᠭᠡᠨ᠄ ︽ᠪᠢ ᠨᠢᠬᠡᠨᠳᠠ ᠵᠤᠭᠤᠰ ᠴᠤᠬᠯᠠᠭᠤᠯᠤᠭᠠᠳ ᠬᠥᠢᠴᠡᠯ᠎ᠠ᠂ ᠪᠢ ᠵᠢᠭᠤᠯᠴᠢᠯᠠᠬᠤ ᠪᠠᠷ ᠶᠠᠪᠤᠨ᠎ᠠ︾ ᠬᠡᠵᠥ ᠬᠡᠯᠡᠳᠡᠭ᠃ ᠲᠤᠮᠳᠠᠳᠤ ᠶᠢᠨ ᠰᠤᠷᠤᠬᠴᠢᠳ ᠡᠭᠡ ᠡᠴᠢᠬᠡ ᠳᠡᠭᠡᠨ᠄ ︽ᠪᠢ ᠵᠢᠭᠤᠯᠴᠢᠯᠠᠬᠤ ᠪᠠᠷ ᠶᠠᠪᠤᠨ᠎ᠠ᠂ ᠨᠠᠳᠠ ᠳᠤ ᠵᠤᠭᠤᠰ ᠥᠭᠬᠦᠭᠡᠷᠡᠢ︾ ᠬᠡᠵᠥ ᠬᠡᠯᠡᠳᠡᠭ᠃      ᠡᠮᠡᠭᠳᠠᠢ ᠨᠠᠶᠢᠵᠠ᠄ ᠠᠮᠧᠷᠢᠺᠠ ᠶᠢᠨ ᠰᠤᠷᠤᠬᠴᠢᠳ ᠡᠮᠡᠭᠳᠠᠢ ᠨᠠᠶᠢᠵᠠ ᠪᠠᠨ ᠭᠡᠷ ᠲᠡᠭᠡᠨ ᠲᠠᠭᠠᠭᠤᠯᠤᠨ ᠠᠪᠠᠴᠢᠪᠠᠯ ᠡᠬᠡ ᠡᠴᠢᠭᠡ ᠳᠡᠭᠡᠨ᠄ ︽ᠡᠨᠡ ᠪᠤᠯ ᠮᠢᠨᠥ ᠡᠮᠡᠭᠳᠠᠢ ᠨᠠᠶᠢᠵᠠ ᠮᠥᠨ︾ ᠬᠡᠵᠥ ᠤᠮᠤᠬᠳᠠᠢ ᠬᠡᠯᠡᠳᠡᠭ᠃ ᠲᠤᠮᠳᠠᠳᠤ ᠶᠢᠨ ᠰᠤᠷᠤᠬᠴᠢᠳ ᠥᠪᠡᠷ ᠤᠨ ᠢᠶᠠᠨ ᠨᠢᠬᠡᠨᠳᠠ ᠤᠨᠢᠰᠥᠯᠠᠬᠰᠠᠨ ᠡᠳᠤᠷ ᠤᠨ ᠲᠡᠮᠳᠡᠭᠯᠡᠯ ᠢᠶᠠᠨ ᠨᠡᠭᠡᠭᠡᠨ᠂ ᠪᠠᠴᠢᠮᠳᠠᠨ ᠰᠠᠨᠳᠤᠷᠴᠥ ᠡᠭᠡ ᠡᠴᠢᠬᠡ ᠪᠠᠨ ᠬᠠᠷᠠᠨ᠂ ︽ᠪᠢ ᠡᠷᠳᠡ ᠢᠨᠠᠬᠯᠠᠭ᠎ᠠ ᠥᠬᠡᠢ ᠁︾ ᠬᠡᠵᠥ ᠲᠤᠤᠷ᠎ᠠ ᠲᠠᠭᠤ ᠪᠠᠷ ᠬᠡᠯᠡᠳᠡᠭ᠃      ᠰᠢᠨ᠎ᠠ ᠤᠷᠤᠯᠳᠤᠭᠠᠨ ᠤ ᠮᠠᠰᠢᠨ᠄ ᠠᠮᠧᠷᠢᠺᠠ ᠶᠢᠨ ᠰᠤᠷᠤᠬᠴᠢᠳ ᠥᠪᠡᠷ ᠢ ᠪᠠᠨ ᠡᠷᠬᠦᠨ ᠮᠠᠬᠳᠠᠬᠤ ᠶᠢ ᠲᠤᠭᠤᠳᠠᠬ᠄ ︽ᠬᠠᠷᠠᠭᠠᠴᠢ᠂ ᠡᠨᠡ ᠪᠤᠯ ᠮᠢᠨᠥ ᠬᠤᠪᠢ ᠪᠠᠷ ᠢᠶᠠᠨ ᠤᠬᠰᠠᠷᠠᠬᠰᠠᠨ ᠰᠢᠨ᠎ᠠ ᠮᠠᠰᠢᠨ︾ ᠬᠡᠵᠥ ᠬᠡᠯᠡᠳᠡᠭ᠃ ᠲᠤᠮᠳᠠᠳᠤ ᠶᠢᠨ ᠰᠤᠷᠤᠬᠴᠢᠳ ᠥᠪᠡᠷ ᠤᠨ ᠠᠬᠠᠮᠠᠳ ᠨᠢᠬᠡ ᠥᠶ᠎ᠠ ᠪᠠᠨ ᠡᠷᠬᠦᠨ ᠮᠠᠬᠳᠠᠬᠤ ᠶᠢ ᠲᠤᠭᠤᠳᠠᠬ᠄ ︽ᠥᠵᠡᠬᠡᠴᠢ᠂ ᠡᠨᠡ ᠪᠤᠯ ᠮᠢᠨᠥ ᠠᠪᠤ ᠶᠢᠨ ᠨᠠᠳᠠ ᠳᠤ ᠠᠪᠴᠤ ᠥᠭᠬᠦᠭᠰᠡᠨ ᠰᠢᠨ᠎ᠠ ᠮᠠᠰᠢᠨ︾ ᠬᠡᠵᠥ ᠬᠡᠯᠡᠳᠡᠭ᠃      ᠥᠪᠡᠷ ᠢᠶᠠᠨ ᠡᠵᠡᠨ ᠮᠡᠳᠡᠬᠦ᠄ ᠠᠮᠧᠷᠢᠺᠠ ᠶᠢᠨ ᠰᠤᠷᠤᠬᠴᠢ ᠶᠢᠨ ᠡᠭᠡ ᠡᠴᠢᠬᠡ ᠬᠡᠤᠬᠡᠳ ᠲᠡᠭᠡᠨ᠄ ︽ᠬᠠᠶᠢᠷᠠᠳᠤ ᠮᠢᠨᠢ ᠡ᠂ ᠴᠢ ᠨᠢᠬᠡᠨᠳᠠ ᠨᠢᠬᠡᠨ ᠡᠷ᠎ᠠ ᠬᠥᠮᠥᠨ ᠪᠤᠯᠤᠬᠰᠠᠨ ᠰᠢᠤ᠂ ᠥᠪᠡᠷ ᠤᠨ ᠶᠡᠪᠤᠳᠠᠯ ᠢᠶᠠᠨ ᠥᠪᠡᠷ ᠲᠡᠭᠡᠨ ᠡᠵᠡᠨ ᠮᠡᠳᠡᠪᠠᠯ ᠲᠠᠭᠠᠷᠠᠨ᠎ᠠ᠂ ᠪᠢᠳᠡᠭᠡᠢ ᠪᠢᠳᠡᠨ ᠢ ᠲᠥᠰᠢᠭᠯᠡᠭᠡᠳ ᠪᠠᠢ︾ ᠬᠡᠵᠥ ᠰᠠᠨᠠᠭᠤᠯᠵᠥ ᠬᠡᠯᠡᠳᠡᠭ ᠃ ᠲᠤᠮᠳᠠᠳᠤ ᠶᠢᠨ ᠰᠤᠷᠤᠭᠴᠢ ᠶᠢᠨ ᠡᠭᠡ ᠡᠴᠢᠬᠡ ᠬᠡᠤᠬᠡᠳ ᠲᠡᠭᠡᠨ᠄ ︽ᠭᠤᠷᠢ ᠪᠠᠨ ᠲᠠᠳᠠ᠂ ᠪᠡᠶ᠎ᠠ ᠮᠠᠬᠠᠪᠤᠳ ᠴᠢᠨᠢ ᠬᠠᠳᠠᠭᠤᠷᠠᠭᠠᠳ ᠬᠥᠢᠴᠡᠴᠢᠭᠡᠭᠰᠡᠨ ᠤᠤ︖ ᠪᠢᠳᠠᠨ ᠤ ᠥᠬᠡ ᠶᠢ ᠴᠢᠬᠢᠨ ᠨᠠᠮᠠᠭᠠᠨ ᠳᠠᠭᠠᠨ ᠠᠪᠬᠤ ᠥᠬᠡᠢ ᠬᠡᠨ᠎ᠠ ᠤᠤ ︖ ᠲᠠᠨ ᠳᠤ ᠬᠡᠯᠡᠵᠥ ᠥᠭᠭᠦᠶ᠎ᠠ᠂ ᠰᠠᠬᠠᠯ ᠤᠷᠭᠤᠴᠢᠬᠠᠬᠰᠠᠨ ᠴᠤ ᠶᠠᠭᠠᠬᠢᠮᠠᠢ᠂ ᠴᠢ ᠪᠤᠯ ᠮᠠᠨ ᠤ ᠬᠡᠤᠬᠡᠳ᠂ ᠪᠢᠳᠠᠨ ᠤ ᠬᠢ ᠶᠢ ᠰᠤᠨᠤᠰᠬᠤ ᠭᠡᠷᠡᠭᠳᠠᠢ︾ ᠭᠡᠳᠡᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号