ᠮᠤᠩᠭᠤᠯ ᠬᠡᠯᠡᠨ ᠤ ᠵᠦᠪ ᠪᠢᠴᠢᠯᠭᠡ ᠳᠤ ᠤᠷᠤᠰᠢᠵᠤ ᠪᠠᠶᠢᠭ᠎ᠠ ᠭᠡᠳᠦᠨ ᠠᠰᠠᠭᠤᠳᠠᠯ ᠤᠨ ᠳᠤᠬᠠᠢ ᠮᠦᠴᠢᠳ ᠦᠬᠦᠯᠡᠬᠦ ᠨᠢ
ᠨᠡᠶᠢᠲᠡᠯᠡᠭᠰᠡᠨ ᠴᠠᠭ᠄
2015/5/14
     ︿ᠬᠡᠯᠡ ᠪᠢᠴᠢᠭ ᠤᠨ ᠬᠢᠴᠢᠶᠡᠯ ᠨᠢ ᠰᠤᠷᠤᠭᠴᠢᠳ ᠤᠨ ᠦᠭᠡ ᠬᠡᠯᠡ ᠦᠰᠦᠭ ᠪᠢᠴᠢᠭ ᠢᠶᠠᠨ ᠬᠡᠷᠡᠭᠯᠡᠬᠦ ᠴᠢᠳᠠᠪᠤᠷᠢ ᠶᠢ ᠬᠦᠮᠦᠵᠢᠭᠦᠯᠬᠦ ᠪᠠᠷ ᠭᠤᠤᠯᠳᠠᠭᠤᠯᠵᠤ᠂ ᠰᠤᠷᠤᠭᠴᠢᠳ ᠤᠨ ᠶᠡᠷᠦᠩᠬᠡᠶᠢᠯᠡᠭᠰᠡᠨ ᠭᠡᠪ ᠪᠤᠯᠪᠠᠰᠤᠷᠠᠯ ᠢ ᠲᠡᠭᠡᠭᠰᠢᠯᠡᠭᠦᠯᠦᠨ᠂ ᠪᠤᠰᠤᠳ ᠬᠢᠴᠢᠶᠡᠯ ᠲᠦᠷᠦᠯ ᠢ ᠰᠠᠶᠢᠨ ᠰᠤᠷᠬᠤ ᠳᠤ ᠰᠠᠭᠤᠷᠢ ᠲᠠᠯᠪᠢᠨ᠎ᠠ﹀ ᠭᠡᠵᠤ ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠡ ᠳᠤ ᠲᠤᠳᠤᠷᠬᠠᠢ ᠵᠢᠭᠠᠵᠤ ᠭᠠᠷᠭᠠᠭᠰᠡᠨ ᠪᠠᠶᠢᠳᠠᠭ᠃ ᠦᠭᠡ ᠬᠡᠯᠡ ᠦᠰᠦᠭ ᠪᠢᠴᠢᠭ ᠢᠶᠠᠨ ᠵᠦᠪ ᠰᠠᠶᠢᠬᠠᠨ ᠬᠡᠷᠡᠭᠯᠡᠬᠦ ᠳᠤ ᠶᠠᠭᠤᠨ ᠤ ᠤᠷᠢᠳ ᠬᠡᠯᠡ ᠪᠢᠴᠢᠭ ᠤᠨ ᠲᠦᠷᠪᠡᠨ ᠦᠨᠳᠦᠰᠦᠨ ᠴᠢᠳᠠᠪᠤᠷᠢ ᠶᠢ ᠪᠦᠷᠢᠯᠳᠦᠭᠦᠯᠦᠭᠰᠡᠨ ᠪᠠᠶᠢᠬᠤ ᠬᠡᠷᠡᠭᠳᠠᠢ᠃ ᠡᠨᠡᠬᠦ ᠲᠦᠷᠪᠡᠨ ᠴᠢᠳᠠᠪᠤᠷᠢ ᠶᠢᠨ ᠠᠯᠢ ᠨᠢᠭᠡ ᠨᠢ ᠬᠦᠷᠦᠯᠴᠡᠬᠦ ᠦᠭᠡᠢ ᠪᠤᠯ ᠦᠭᠡ ᠬᠡᠯᠡ ᠦᠰᠦᠭ ᠪᠢᠴᠢᠭ ᠢᠶᠠᠨ ᠵᠦᠪ ᠰᠠᠶᠢᠬᠠᠨ ᠬᠡᠷᠡᠭᠯᠡᠨ᠎ᠡ ᠭᠡᠳᠡᠭ ᠴᠢᠨᠢ ᠴᠢᠳᠠᠰᠢ ᠦᠭᠡᠢ ᠶᠤᠮ᠃ ᠡᠩ ᠤᠨ ᠬᠢᠴᠢᠶᠡᠯᠯᠡᠭᠡ ᠳᠤ ᠤᠯᠠᠩᠬᠢ ᠲᠤᠭᠠᠨ ᠤ ᠰᠤᠷᠤᠭᠴᠢᠳ ᠤᠨ ᠤᠩᠰᠢᠬᠤ᠂ ᠰᠤᠨᠤᠰᠬᠤ᠂ ᠶᠠᠷᠢᠬᠤ ᠴᠢᠳᠠᠪᠤᠷᠢ ᠨᠡᠶᠢᠳᠡᠮ ᠳᠡᠭᠡᠨ ᠰᠠᠶᠢᠨ ᠪᠠᠶᠢᠵᠤ᠂ ᠪᠢᠴᠢᠬᠦ ᠲᠠᠯ᠎ᠠ ᠶᠢᠨ ᠴᠢᠳᠠᠪᠤᠷᠢ᠂ ᠨᠡᠩ ᠢᠯᠠᠩᠭᠤᠶ᠎ᠠ ᠵᠦᠪ ᠪᠢᠴᠢᠯᠭᠡ ᠶᠢᠨ ᠴᠢᠳᠠᠪᠤᠷᠢ ᠲᠦᠢᠯ ᠤᠨ ᠲᠤᠷᠤᠢ ᠪᠠᠶᠢᠭ᠎ᠠ ᠦᠵᠡᠭᠳᠡᠯ ᠨᠡᠶᠢᠳᠡᠮ ᠬᠠᠷᠠᠭᠳᠠᠬᠤ ᠪᠤᠯᠵᠤ᠂ ᠮᠤᠩᠭᠤᠯ ᠬᠡᠯᠡ ᠪᠢᠴᠢᠭ ᠤᠨ ᠵᠢᠭᠠᠨ ᠰᠤᠷᠭᠠᠯᠳᠠ ᠳᠤ ᠤᠷᠤᠰᠢᠵᠤ ᠪᠠᠶᠢᠭ᠎ᠠ ᠬᠦᠨᠳᠦ ᠨᠤᠴᠢᠳᠠᠢ ᠠᠰᠠᠭᠤᠳᠠᠯ ᠪᠤᠯᠵᠦ᠂ ᠲᠡᠳᠡᠨ ᠤ ᠮᠦᠷᠦᠨ ᠲᠡᠭᠡᠷ᠎ᠡ ᠲᠠᠯᠪᠢᠭᠳᠠᠭᠰᠡᠨ ᠬᠦᠨᠳᠦ ᠡᠭᠦᠷᠭᠡ ᠪᠤᠯᠤᠭᠰᠡᠨ ᠪᠠᠶᠢᠨ᠎ᠠ᠃ ᠡᠬᠦᠨ ᠳᠤ ᠰᠤᠷᠤᠭᠴᠢᠳ ᠤᠨ ᠪᠤᠷᠤᠭᠤ ᠦᠰᠦᠭ ᠪᠢᠴᠢᠬᠦ ᠦᠵᠡᠭᠳᠡᠯ ᠡᠳᠦᠷ ᠢᠷᠡᠭᠦᠶ᠎ᠡ ᠬᠡᠴᠡᠭᠦᠦ ᠪᠤᠯᠵᠤ ᠪᠠᠶᠢᠨ᠎ᠠ᠃ ᠡᠨᠡ ᠬᠦ ᠨᠤᠴᠢᠳᠠᠢ ᠠᠰᠠᠭᠤᠳᠠᠯ ᠨᠢ ᠲᠤᠤᠷᠠᠬᠢ ᠭᠡᠳᠦᠨ ᠲᠠᠯ᠎ᠠ ᠠᠴᠠ ᠰᠢᠯᠳᠠᠭᠠᠯᠠᠭᠳᠠᠨ᠎ᠠ ᠭᠡᠵᠤ ᠪᠢ ᠦᠵᠡᠵᠤ ᠪᠤᠢ᠃      ᠨᠢᠭᠡ · ᠤᠩᠰᠢᠯᠭ᠎ᠠ ᠲᠤᠳᠠᠭᠤᠳᠠᠵᠤ ᠪᠠᠶᠢᠨ᠎ᠠ      ᠰᠤᠷᠤᠭᠴᠢᠳ ᠤᠨ ᠪᠤᠷᠤᠭᠤ ᠦᠰᠦᠭ ᠪᠢᠴᠢᠬᠦ ᠦᠵᠡᠭᠳᠡᠯ ᠨᠢ ᠤᠩᠰᠢᠯᠭ᠎ᠠ ᠶᠢᠨ ᠰᠠᠭᠤᠷᠢ ᠲᠠᠢ ᠰᠢᠭᠤᠳ ᠬᠤᠯᠪᠤᠭ᠎ᠠ ᠲᠠᠢ᠃ ᠤᠴᠢᠷ ᠨᠢ ᠦᠩᠭᠡᠷᠡᠭᠰᠡᠨ ᠤ ᠵᠢᠭᠠᠨ ᠰᠤᠷᠭᠠᠯᠳᠠ ᠳᠤ 1 — 3 ᠤᠨ ᠪᠤᠯᠳᠠᠯ᠎ᠠ ᠵᠠᠪᠠᠯ ᠦᠶᠡᠴᠢᠯᠡᠨ ᠤᠩᠰᠢᠬᠤ ᠶᠢ ᠱᠠᠭᠠᠷᠳᠠᠵᠤ ᠪᠠᠶᠢᠭᠰᠡᠨ ᠪᠦᠭᠡᠳ ᠪᠠᠭᠰᠢ ᠠᠴᠠ ᠨᠢᠭᠡ ᠨᠢᠭᠡ ᠪᠠᠷ ᠦᠶᠡᠴᠢᠯᠡᠨ ᠤᠯᠠᠨ ᠲᠠᠬᠢᠨ ᠲᠠᠭᠠᠭᠤᠯᠵᠤ ᠤᠩᠰᠢᠳᠠᠭ ᠤᠴᠢᠷ ᠠᠴᠠ ᠭᠡᠦᠭᠡᠳ ᠨᠠᠰᠤᠨ ᠤ ᠪᠠᠯᠴᠢᠷ ᠲᠠᠷᠢᠬᠢᠨ ᠲᠤᠨᠢ ᠲᠡᠳᠡᠭᠡᠷ ᠦᠰᠦᠭ ᠪᠠ ᠬᠢᠴᠢᠶᠡᠯ ᠤᠨ ᠠᠭᠤᠯᠭ᠎ᠠ ᠨᠤᠭᠤᠳ ᠨᠢᠭᠡᠨᠳᠡ ᠬᠠᠳᠠᠩᠰᠢᠵᠤ᠂ ᠡᠭᠦᠷᠢᠳᠡ ᠪᠤᠷᠤᠭᠤ ᠦᠰᠦᠭ ᠪᠢᠴᠢᠬᠦ ᠶᠤᠰᠤ ᠦᠭᠡᠢ ᠪᠠᠶᠢᠳᠠᠭ᠃ ᠭᠡᠳᠡᠯ᠎ᠡ ᠤᠳᠤ ᠶᠢᠨ ᠵᠢᠭᠠᠨ ᠰᠤᠷᠭᠠᠯᠳᠠ ᠳᠤ ᠬᠤᠶᠠᠳᠤᠭᠠᠷ ᠤᠨ ᠤ ᠳᠤᠤᠷᠠᠳᠤ ᠬᠤᠭᠤᠴᠠᠭ᠎ᠠ ᠠᠴᠠ ᠡᠬᠢᠯᠡᠨ ᠦᠭᠡᠴᠢᠯᠡᠨ ᠤᠩᠰᠢᠬᠤ ᠱᠠᠭᠠᠷᠳᠠᠯᠭ᠎ᠠ ᠶᠢ ︽ᠬᠢᠴᠢᠶᠡᠯ ᠤᠨ ᠪᠠᠷᠢᠮᠵᠢᠶ᠎ᠠ︾ ᠳᠤ ᠳᠤᠭᠳᠠᠭᠠᠭᠰᠠᠨ ᠪᠠ ᠪᠠᠭᠰᠢ ᠠᠴᠠ ︽ᠬᠢᠴᠢᠶᠡᠯ ᠤᠨ ᠪᠠᠷᠢᠮᠵᠢᠶ᠎ᠠ︾ ᠶᠢᠨ ᠱᠠᠭᠠᠷᠳᠠᠯᠭ᠎ᠠ ᠶᠤᠰᠤᠭᠠᠷ ᠱᠠᠭᠠᠷᠳᠠᠵᠤ ᠢᠷᠡᠭᠰᠡᠨ ᠠᠴᠠ ᠰᠤᠷᠤᠭᠴᠢᠳ ᠪᠢᠴᠢᠯᠭᠡ ᠶᠢ ᠠᠩᠬᠠᠷᠬᠤ ᠪᠠᠨ ᠪᠤᠯᠢᠵᠤ᠂ ᠬᠠᠰᠢ ᠶᠠᠰᠢ ᠬᠠᠨᠳᠤᠬᠤ ᠪᠤᠯᠵᠤ ᠢᠷᠡᠵᠡᠢ᠃ ᠤᠴᠢᠷ ᠨᠢ ᠵᠦᠪ ᠰᠠᠶᠢᠬᠠᠨ ᠦᠶᠡᠴᠢᠯᠡᠵᠦ ᠤᠩᠰᠢᠵᠤ ᠰᠤᠷᠬᠤ ᠠᠴᠠ ᠡᠮᠤᠨ᠎ᠡ ᠦᠬᠡᠴᠢᠯᠡᠨ ᠤᠩᠰᠢᠬᠤ ᠶᠢ ᠱᠠᠭᠠᠷᠳᠠᠬᠤ ᠪᠤᠯᠤᠭᠰᠠᠨ ᠠᠴᠠ ᠦᠭᠡᠴᠢᠯᠡᠨ ᠤᠩᠰᠢᠬᠤ ᠵᠦᠭ ᠰᠢᠯᠵᠢᠭᠰᠡᠨ ᠠᠴᠠ ᠤᠩᠰᠢᠯᠭ᠎ᠠ ᠳᠤ ᠭᠦᠴᠢᠷᠳᠡᠬᠦ ᠪᠤᠯᠵᠤ᠂ ᠤᠩᠰᠢᠬᠤ ᠳᠤᠷ᠎ᠠ ᠠᠯᠳᠠᠷᠠᠳᠠᠭ᠃ ᠤᠩᠰᠢᠵᠤ ᠴᠢᠳᠠᠮᠠᠨᠵᠢᠨ ᠪᠢᠴᠢᠵᠤ ᠴᠢᠳᠠᠨ᠎ᠠ᠃ ᠤᠩᠰᠢᠯᠭ᠎ᠠ ᠪᠢᠴᠢᠯᠬᠡ ᠪᠤᠯ ᠰᠠᠯᠵᠤ ᠪᠤᠯᠤᠰᠢ ᠦᠬᠡᠢ ᠨᠢᠭᠳᠠ ᠬᠤᠯᠪᠤᠭ᠎ᠠ ᠬᠠᠷᠢᠴᠠᠭ᠎ᠠ ᠲᠠᠢ ᠪᠠᠶᠢᠳᠠᠭ᠃ ᠰᠤᠷᠤᠭᠴᠢᠳ ᠤᠨ ᠪᠤᠷᠤᠭᠤ ᠪᠢᠴᠢᠯᠭᠡ ᠶᠠᠭ ᠡᠨᠡ ᠦᠶ᠎ᠡ ᠠᠴᠠ ᠡᠬᠢᠯᠡᠨ ᠪᠦᠷᠢᠯᠳᠦᠨ ᠲᠤᠭᠳᠠᠳᠠᠭ᠃ ︽ᠠᠰᠠᠷ ᠢ ᠪᠠᠷᠢᠬᠤ ᠳᠤ ᠰᠠᠭᠤᠷᠢ ᠠᠴᠠ ᠨᠢ︾ ᠭᠡᠳᠡᠭ ᠢᠶᠠᠷ ᠲᠤᠤᠷᠠᠳᠤ ᠤᠨ ᠤ ᠦᠰᠦᠭᠯᠡᠵᠤ ᠪᠢᠴᠢᠭᠯᠡᠬᠦ ᠰᠠᠭᠤᠷᠢ ᠮᠠᠰᠢ ᠴᠢᠬᠤᠯᠠ᠃ ᠦᠨᠳᠦᠰᠦ ᠪᠠᠨ ᠭᠦᠢᠭᠡᠨ ᠬᠠᠳᠬᠤᠭᠰᠡᠨ ᠠᠴᠠ ᠰᠠᠯᠬᠢᠨ ᠳᠤ ᠬᠡᠶᠢᠰᠦᠭᠰᠡᠨ ᠬᠠᠮᠬᠤᠤᠯ ᠰᠢᠭ ᠪᠤᠯᠵᠤ᠂ ᠰᠤᠷᠤᠭᠴᠢᠳ ᠤᠨ ᠪᠤᠷᠤᠭᠤ ᠪᠢᠴᠢᠯᠭᠡ ᠠᠭᠳᠠᠵᠤ᠂ ᠪᠤᠷᠤᠭᠤ ᠪᠢᠴᠢᠯᠭᠡ ᠠᠬᠠᠳᠠᠭᠰᠡᠨ ᠠᠴᠠ ᠪᠠᠭᠰᠢ᠂ ᠭᠡᠷ ᠤᠨ ᠠᠬᠠᠮᠠᠳ ᠤᠨ ᠵᠢᠮᠡᠯᠡᠯ ᠰᠢᠭᠦᠮᠵᠢᠯᠡᠯ ᠢ ᠬᠦᠷᠳᠡᠵᠤ ᠠᠶᠠᠨᠳᠠᠭᠠᠨ ᠰᠤᠷᠤᠭᠴᠢᠳ ᠤᠨ ᠤᠩᠰᠢᠯᠭ᠎ᠠ ᠪᠢᠴᠢᠯᠭᠡ ᠶᠢᠨ ᠤᠷᠮ᠎ᠠ ᠶᠢ ᠨᠦᠯᠦᠭᠡᠯᠡᠵᠤ᠂ ᠰᠤᠷᠬᠤ ᠵᠤᠷᠢᠭ ᠢ ᠮᠤᠬᠤᠭᠠᠳᠠᠭ᠃ ᠪᠠᠰᠠ ᠵᠢᠱᠢᠶᠡᠯᠡᠪᠡᠯ᠄ ᠭᠤᠷᠪᠠᠳᠤᠭᠠᠷ ᠤᠨ ᠳᠤ ᠤᠷᠤᠮᠠᠭᠴᠠ ᠦᠭᠡᠴᠢᠯᠡᠵᠤ ᠤᠩᠰᠢᠬᠤ ᠶᠢ ᠱᠠᠭᠠᠷᠳᠠᠨ᠂ ᠦᠶᠡᠴᠢᠯᠡᠵᠤ ᠤᠩᠰᠢᠬᠤ ᠶᠢ ᠤᠮᠳᠤᠭᠠᠶᠢᠯᠠᠭᠰᠡᠨ ᠠᠴᠠ ᠦᠭᠡᠴᠢᠯᠡᠵᠤ ᠤᠩᠰᠢᠬᠤ ᠳᠤ ᠬᠦᠴᠢᠷᠳᠡᠬᠦ ᠦᠬᠡᠢ ᠪᠤᠯᠪᠠᠴᠤ᠂ ᠲᠤᠷ᠎ᠠ ᠶᠢᠨ ᠭᠡᠳᠦᠨ ᠦᠭᠡ ᠶᠢ ᠰᠤᠩᠭᠤᠵᠤ ᠰᠤᠨᠤᠰᠴᠤ ᠪᠢᠴᠢᠭᠦᠯᠪᠡᠯ 100 % ᠪᠠᠷ ᠵᠦᠪ ᠪᠢᠴᠢᠬᠦ ᠰᠤᠷᠤᠭᠴᠢ ᠦᠨᠳᠦᠰᠦᠨ ᠲᠡᠭᠡᠨ ᠪᠠᠶᠢᠬᠤ ᠦᠭᠡᠢ᠃ ᠬᠡᠳᠡᠯ᠎ᠡ ᠰᠢᠯᠦᠭ ᠤᠨ ᠬᠢᠴᠢᠶᠡᠯ ᠢ ᠴᠡᠭᠡᠵᠢᠯᠡᠭᠦᠯᠦᠨ ᠴᠡᠭᠡᠵᠢ ᠪᠢᠴᠢᠭᠦᠯᠪᠡᠯ ᠶᠡᠭᠡᠩᠬᠢ ᠲᠤᠭᠠᠨ ᠤ ᠰᠤᠷᠤᠭᠴᠢ ᠦᠨᠳᠦᠰᠦᠨ ᠲᠡᠭᠡᠨ ᠪᠤᠷᠤᠭᠤ ᠦᠰᠦᠭ ᠪᠢᠴᠢᠬᠦ ᠦᠭᠡᠢ ᠪᠠᠶᠢᠳᠠᠭ᠃ ᠡᠭᠦᠨ ᠤ ᠵᠦᠷᠢᠶ᠎ᠡ ᠨᠢ ᠮᠦᠨ ᠴᠤ ᠤᠩᠰᠢᠯᠭ᠎ᠠ ᠪᠤᠯᠤᠨ᠎ᠠ᠃ ᠭᠡᠳᠦᠢ ᠠᠷᠪᠢᠨ ᠤᠩᠰᠢᠪᠠᠯ ᠦᠰᠦᠭ ᠢ ᠨᠢᠳᠦᠯᠡᠨ ᠦᠵᠡᠬᠦ ᠲᠤᠬᠢᠶᠠᠯᠳᠤᠮᠵᠢ ᠳᠡᠳᠦᠢ ᠤᠯᠠᠨ ᠪᠤᠯᠵᠤ᠂ ᠪᠤᠷᠤᠭᠤ ᠪᠢᠴᠢᠯᠭᠡ ᠠᠶᠠᠨᠳᠠᠭᠠᠨ ᠴᠦᠭᠡᠷᠡᠬᠦ ᠶᠤᠮ᠃ ᠡᠶᠢᠮᠦ ᠠᠴᠠ ᠭᠤᠷᠪᠠᠳᠤᠭᠠᠷ ᠤᠨ ᠤ ᠰᠢᠯᠵᠢᠯᠳᠡ ᠶᠢᠨ ᠬᠤᠭᠤᠴᠠᠭ᠎ᠠ ᠳᠤ ᠮᠦᠨ ᠦᠶᠡᠴᠢᠯᠡᠨ ᠤᠩᠰᠢᠬᠤ ᠪᠠ ᠦᠬᠡᠴᠢᠯᠡᠨ ᠤᠩᠰᠢᠬᠤ ᠶᠢ ᠤᠶᠠᠯᠳᠤᠭᠤᠯᠪᠠᠯ ᠵᠤᠬᠢᠨ᠎ᠠ᠃      ᠤᠯᠠᠨᠳᠠ ᠤᠩᠰᠢᠭᠤᠯᠵᠤ ᠲᠠᠷᠢᠬᠢᠨ ᠳᠤᠨᠢ ᠰᠠᠭᠤᠭᠳᠠᠳᠠᠯ᠎ᠠ ᠤᠩᠰᠢᠭᠤᠯᠬᠤ ᠳᠤ ᠴᠠᠭ ᠬᠡᠷᠡᠭᠳᠠᠢ᠂ ᠮᠦᠨ ᠴᠤ ᠠᠷᠭ᠎ᠠ ᠭᠡᠷᠡᠭᠳᠠᠢ᠃ 1 — 4 ᠤᠨ ᠤ ᠰᠤᠷᠬᠤ ᠪᠢᠴᠢᠭ ᠲᠠᠬᠢ ᠬᠢᠴᠢᠶᠡᠯ ᠤᠨ ᠠᠭᠤᠯᠭ᠎ᠠ ᠬᠦᠩᠭᠡᠷᠡᠭᠰᠡᠨ ᠪᠠ ᠬᠢᠴᠢᠶᠡᠯ ᠤᠨ ᠲᠤᠭ᠎ᠠ ᠴᠦᠭᠡᠷᠡᠭᠰᠡᠨ ᠲᠠᠪᠠᠭᠤᠯᠢᠭ ᠨᠦᠬᠦᠴᠡᠯ ᠢᠶᠠᠨ ᠠᠰᠢᠭᠯᠠᠨ ᠰᠤᠷᠤᠭᠴᠢᠳ ᠤᠨ ᠦᠶᠡᠴᠢᠯᠡᠨ ᠤᠩᠰᠢᠬᠤ ᠪᠠᠷ ᠭᠤᠤᠯᠳᠠᠭᠤᠯᠵᠤ᠂ ᠳᠠᠷᠢᠬᠢᠨ ᠳᠤᠨᠢ ᠬᠠᠳᠠᠩᠰᠢᠳᠠᠯ᠎ᠠ ᠤᠩᠰᠢᠭᠤᠯᠤᠨ᠂ ᠬᠢᠴᠢᠶᠡᠯ ᠪᠤᠯᠭᠠᠨ ᠢ ᠴᠡᠭᠡᠵᠢ ᠪᠠᠷ ᠤᠩᠰᠢᠵᠤ᠂ ᠵᠦᠪ ᠰᠠᠶᠢᠬᠠᠨ ᠪᠢᠴᠢᠵᠤ ᠰᠤᠷᠬᠤ ᠱᠠᠭᠠᠷᠳᠠᠯᠭ᠎ᠠ ᠪᠠᠨ ᠴᠢᠩᠭᠠᠳᠬᠠᠪᠠᠯ ᠰᠢᠨ᠎ᠡ ᠰᠤᠷᠬᠤ 1800 ᠤᠷᠴᠢᠮ ᠦᠭᠡ ᠶᠢ ᠵᠦᠪ ᠤᠩᠰᠢᠵᠤ᠂ ᠵᠦᠪ ᠪᠢᠴᠢᠵᠤ᠂ ᠰᠤᠷᠴᠤ ᠬᠡᠷᠡᠭᠯᠡᠬᠦ ᠳᠤ ᠬᠦᠴᠢᠷᠳᠡᠬᠦ ᠦᠭᠡᠢ ᠪᠤᠯᠬᠤ ᠶᠤᠮ᠃ ᠡᠨᠡ ᠨᠢ ᠰᠢᠨ᠎ᠡ ᠰᠤᠷᠤᠭᠰᠡᠨ ᠦᠭᠡᠰ ᠢ ᠠᠷᠪᠠ ᠤᠳᠠᠭ᠎ᠠ ᠪᠢᠴᠢᠬᠦ ᠁ ᠵᠡᠷᠬᠡ ᠰᠢᠨᠵᠢᠡᠯᠬᠦ ᠤᠬᠠᠭᠠᠨᠴᠢ ᠪᠤᠰᠤ ᠲᠠᠰᠬᠠᠯ ᠦᠯᠡᠳᠡᠭᠡᠬᠦ ᠠᠴᠠ ᠦᠷ᠎ᠡ ᠠᠰᠢᠭᠳᠤ ᠴᠢᠨᠠᠷ ᠢᠶᠠᠷ ᠰᠠᠶᠢᠨ᠂ ᠮᠦᠨ ᠴᠦ ᠰᠤᠷᠤᠭᠴᠢᠳ ᠤᠨ ᠦᠭᠡᠰ ᠤᠨ ᠰᠠᠩ ᠤᠨ ᠬᠤᠷᠠᠮᠳᠤᠯ ᠢ ᠨᠡᠮᠡᠭᠳᠡᠬᠦᠯᠦᠨ᠂ ᠬᠡᠯᠡᠨ ᠤ ᠮᠡᠳᠡᠷᠡᠮᠵᠢ ᠶᠢ ᠰᠠᠶᠢᠵᠢᠷᠠᠭᠤᠯᠬᠤ ᠳᠤ ᠴᠢᠬᠤᠯᠠ ᠠᠴᠢ ᠬᠤᠯᠪᠤᠭᠳᠠᠯ ᠲᠠᠢ ᠪᠠᠶᠢᠵᠤ᠂ ᠬᠤᠵᠢᠮ ᠤᠨ ᠵᠤᠬᠢᠶᠠᠨ ᠪᠢᠴᠢᠯᠭᠡ ᠳᠤ ᠪᠤᠷᠤ ᠮᠠᠲ᠋ᠧᠷᠢᠶᠠᠯ ᠬᠤᠷᠠᠮᠳᠤᠭᠤᠯᠬᠤ ᠳᠤ ᠦᠢᠯᠡᠴᠢᠯᠡᠵᠦ ᠴᠢᠳᠠᠨ᠎ᠠ᠃      ᠬᠤᠶᠠᠷ · ᠬᠡᠯᠡ ᠵᠦᠢ ᠶᠢᠨ ᠮᠡᠳᠡᠯᠭᠡ ᠬᠦᠩᠭᠡᠪᠴᠢᠯᠡᠭᠳᠡᠭᠰᠡᠨ ᠠᠴᠠ ᠬᠡᠴᠡᠭᠦᠦ ᠠᠯᠳᠠᠭ᠎ᠠ ᠭᠠᠷᠭᠠᠵᠤ ᠪᠤᠢ      1 — 2 ᠤᠨ ᠤ ᠰᠤᠷᠤᠭᠴᠢᠳ ᠤᠨ 95 % ᠠᠴᠠ ᠲᠡᠭᠡᠭᠰᠢᠬᠢ ᠰᠤᠷᠤᠭᠴᠢᠳ ᠰᠤᠷᠤᠭᠰᠡᠨ ᠦᠭᠡ ᠪᠠᠨ ᠵᠦᠪ ᠪᠢᠴᠢᠵᠤ ᠴᠢᠳᠠᠬᠤ ᠪᠠᠶᠢᠳᠠᠯ᠎ᠠ ᠪᠠᠨ ᠬᠤᠶᠠᠷ ᠤᠨ ᠤ ᠳᠤᠤᠷᠠᠳᠤ ᠬᠤᠭᠤᠴᠠᠭ᠎ᠠ ᠠᠴᠠ ᠡᠬᠢᠯᠡᠨ ᠦᠭᠡᠴᠢᠯᠡᠨ ᠤᠩᠰᠢᠬᠤ ᠪᠤᠯᠤᠭᠰᠠᠨ ︵ᠵᠢᠭᠠᠬᠤ ᠭᠦᠳᠦᠯᠪᠦᠷᠢ ᠳᠤ ︽ᠬᠤᠶᠠᠳᠤᠭᠠᠷ ᠤᠨ ᠤ ᠳᠤᠤᠷᠠᠳᠤ ᠬᠤᠭᠤᠴᠠᠭ᠎ᠠ ᠠᠴᠠ ᠦᠬᠡᠴᠢᠯᠡᠨ ᠤᠩᠰᠢᠯᠭ᠎ᠠ ᠳᠤ ᠵᠢᠯᠤᠭᠤᠳᠤᠨ᠎ᠠ︾ ᠬᠡᠵᠦ ᠳᠤᠳᠤᠷᠬᠠᠢ ᠳᠤᠭᠳᠠᠭᠠᠭᠰᠠᠨ ᠪᠠᠶᠢᠳᠠᠭ︶ ᠠᠴᠠ ᠪᠤᠷᠤᠭᠤ ᠦᠰᠦᠭ ᠤᠯᠠᠰᠢᠷᠠᠵᠤ᠂ ᠲᠡᠳᠡᠭᠡᠷ ᠬᠤᠯᠪᠤᠬᠤ ᠡᠭᠡᠰᠢᠭ ᠤᠷᠤᠭᠰᠡᠨ᠂ ᠤᠷᠳᠤ ᠡᠭᠡᠰᠢᠭᠳᠦ ᠦᠭᠡᠰ ᠢ ᠶᠠᠭᠠᠬᠢᠵᠤ ᠪᠢᠴᠢᠬᠦ ᠪᠠᠨ ᠮᠡᠳᠡᠬᠦ ᠦᠭᠡᠢ ᠪᠤᠯᠵᠤ ᠬᠠᠰᠢ ᠶᠠᠰᠢ ᠪᠢᠴᠢᠬᠦ ᠪᠤᠯᠤᠭᠰᠠᠨ ᠪᠠᠶᠢᠳᠠᠭ᠃ ᠡᠳᠡᠭᠡᠷ ᠨᠢ ᠲᠠᠷᠤᠢ ᠮᠠᠨ ᠤ ᠰᠤᠷᠬᠤ ᠪᠢᠴᠢᠭ ᠲᠤ ᠬᠡᠯᠡ ᠵᠦᠢ ᠶᠢᠨ ᠮᠡᠳᠡᠯᠭᠡ ᠬᠦᠩᠭᠡᠪᠴᠢᠯᠡᠭᠳᠡᠭᠰᠡᠨ ᠢ ᠬᠠᠷᠠᠭᠤᠯᠵᠤ ᠪᠠᠶᠢᠨ᠎ᠠ᠃ ᠡᠳᠡᠭᠡᠷ ᠮᠡᠳᠡᠯᠭᠡ ᠶᠢ ᠬᠢᠴᠢᠶᠡᠯ ᠤᠨ ᠲᠤᠮᠳᠠ ᠪᠠᠨ ᠠᠭᠤᠰᠬᠠᠨ ᠵᠢᠭᠠᠬᠤ ᠳᠤ ᠮᠦᠨ ᠴᠠᠭ ᠵᠠᠷᠤᠴᠠᠭᠤᠯᠤᠭᠳᠠᠨ᠎ᠠ᠃ ᠡᠭᠦᠨ ᠳᠤ ᠡᠳᠡᠭᠡᠷ ᠤᠯᠠᠨ ᠬᠡᠯᠡ ᠵᠦᠢ ᠶᠢᠨ ᠮᠡᠳᠡᠯᠭᠡ ᠶᠢ ᠠᠭᠤᠰᠬᠠᠨ ᠵᠢᠭᠠᠪᠠᠯ ᠲᠤᠰ ᠬᠤᠭᠤᠴᠠᠭᠠᠨ ᠳᠤ ᠰᠤᠷᠬᠤ ᠠᠭᠤᠯᠭ᠎ᠠ ᠶᠢ ᠵᠢᠭᠠᠵᠤ ᠪᠠᠷᠠᠵᠤ ᠲᠡᠶᠢᠯᠬᠦ ᠦᠭᠡᠢ ᠠᠴᠠ ᠪᠤᠯᠵᠤ ᠰᠤᠷᠤᠭᠴᠢᠳ ᠤᠨ ᠬᠤᠭᠤᠴᠠᠭᠠᠨ ᠡᠴᠦᠰ ᠤᠨ ᠬᠢᠷᠢ ᠪᠦᠳᠦᠮᠵᠢ ᠶᠢ ᠴᠤ ᠨᠦᠯᠦᠬᠡᠯᠡᠬᠦ ᠵᠡᠷᠭᠡ ᠬᠡᠴᠡᠭᠦᠦ ᠠᠰᠠᠭᠤᠳᠠᠯ ᠳᠤᠯᠭᠠᠷᠠᠳᠠᠭ ︵ᠰᠢᠯᠭᠠᠯᠳᠠ ᠶᠢ ᠠᠷᠭᠠᠴᠠᠭᠠᠬᠤ ᠰᠤᠷᠭᠠᠨ ᠬᠦᠮᠦᠵᠢᠯ ᠪᠠᠰᠠ ᠯᠠ ᠬᠦᠨᠳᠦ ᠰᠦᠷᠡᠬᠡᠢ ᠤᠷᠤᠰᠢᠵᠤ ᠪᠤᠢ︶᠃ ᠡᠳᠡᠭᠡᠷ ᠠᠰᠠᠭᠤᠳᠠᠯ ᠢ ᠵᠤᠬᠢᠰᠳᠠᠢ ᠰᠢᠢᠳᠪᠦᠷᠢᠯᠡᠬᠦ ᠭᠡᠪᠡᠯ ᠮᠦᠨ ᠴᠤ ᠪᠠᠭᠰᠢ ᠶᠢᠨ ᠵᠢᠭᠠᠬᠤ ᠠᠷᠭ᠎ᠠ ᠲᠠᠢ ᠰᠢᠭᠤᠳ ᠬᠤᠯᠪᠤᠭᠳᠠᠨ᠎ᠠ᠃ ᠡᠶᠢᠮᠦ ᠠᠴᠠ ᠪᠠᠭᠰᠢ ᠨᠠᠷ ᠴᠠᠭ ᠢᠶᠠᠨ ᠵᠤᠬᠢᠰᠳᠠᠢ ᠳᠤᠬᠢᠷᠠᠭᠤᠯᠵᠤ᠂ ᠳᠦᠬᠦᠮ ᠬᠢᠯᠪᠠᠷ ᠬᠢᠴᠢᠶᠡᠯ ᠳᠤ ᠬᠡᠳᠦᠷᠭᠡᠢ ᠠᠷᠪᠢᠨ ᠴᠠᠭ ᠵᠠᠷᠤᠴᠠᠭᠤᠯᠬᠤ ᠶᠢ ᠳᠡᠪᠴᠢᠵᠤ ᠪᠠᠭᠰᠢ ᠠᠴᠠ ᠤᠩᠰᠢᠯᠭ᠎ᠠ ᠪᠢᠴᠢᠯᠭᠡ ᠵᠢᠯᠤᠭᠤᠳᠬᠤ ᠪᠠᠷ ᠭᠤᠤᠯᠳᠠᠯᠭ᠎ᠠ ᠪᠤᠯᠭᠠᠵᠤ ᠤᠩᠰᠢᠯᠭ᠎ᠠ ᠪᠢᠴᠢᠯᠬᠡ ᠵᠢᠯᠤᠭᠤᠳᠬᠤ ᠶᠠᠪᠤᠴᠠ ᠲᠤᠮᠳᠠ ᠪᠠᠨ ᠲᠡᠳᠡᠭᠡᠷ ᠬᠡᠯᠡ ᠵᠦᠢ ᠶᠢᠨ ᠮᠡᠳᠡᠯᠭᠡ ᠶᠢᠨ ᠠᠭᠤᠯᠭ᠎ᠠ ᠶᠢ ᠬᠢᠴᠢᠶᠡᠯ ᠳᠤᠳᠤᠷ᠎ᠠ ᠪᠠᠨ ᠠᠭᠤᠰᠬᠠᠨ ᠤᠷᠤᠭᠤᠯᠵᠤ᠂ ᠬᠦᠴᠢᠷ ᠦᠭᠡᠰ ᠤᠨ ᠪᠢᠴᠢᠯᠭᠡ ᠶᠢ ᠮᠡᠳᠡᠭᠦᠯᠬᠦ ᠲᠡᠭᠡᠷ᠎ᠡ ᠬᠦᠴᠦ ᠵᠠᠷᠤᠴᠠᠭᠤᠯᠵᠤ᠂ ᠡᠨᠡ ᠦᠭᠡ ᠨᠢ ᠶᠠᠮᠠᠷ ᠦᠭᠡᠨ ᠲᠡᠭᠡᠷ᠎ᠡ ᠶᠠᠮᠠᠷ ᠲᠠᠭᠠᠪᠤᠷᠢ ᠵᠠᠯᠭᠠᠭᠠᠳ ᠪᠦᠳᠦᠭᠰᠡᠨ᠂ ᠠᠯᠢ ᠬᠤᠶᠠᠷ ᠦᠶ᠎ᠡ ᠨᠢ ᠨᠡᠶᠢᠯᠡᠭᠡᠳ ᠶᠠᠮᠠᠷ ᠠᠪᠢᠶ᠎ᠠ ᠪᠤᠯᠤᠨ ᠰᠤᠨᠤᠰᠳᠠᠵᠤ ᠪᠠᠶᠢᠭ᠎ᠠ ᠵᠡᠷᠭᠡ ᠶᠢ ᠨᠢᠭᠡᠳ ᠨᠢᠭᠡ ᠪᠠᠷ ᠰᠠᠶᠢᠬᠠᠨ ᠲᠠᠶᠢᠯᠪᠤᠷᠢᠯᠠᠵᠤ ᠦᠭᠪᠡᠯ ᠡᠨᠡ ᠬᠦᠴᠢᠷᠳᠡᠯ ᠢ ᠮᠦᠨ ᠰᠢᠢᠳᠪᠦᠷᠢᠯᠡᠵᠦ ᠲᠡᠶᠢᠯᠦᠨ᠎ᠡ᠃ ᠵᠢᠱᠢᠶᠡᠯᠡᠪᠡᠯ᠄ ︽ᠤᠷᠤᠭᠤᠯᠤᠭᠰᠡᠨ︾ ᠭᠡᠬᠦ ᠦᠭᠡ ᠶᠢᠨ ᠪᠢᠴᠢᠯᠭᠡ ᠶᠢ ᠮᠡᠳᠡᠭᠦᠯᠬᠦ ᠳᠤ ︽ᠤᠷᠤ + ‍ᠭᠤᠯ + ᠭᠰᠡᠨ︾ ᠢ ᠵᠠᠯᠭᠠᠵᠤ ᠪᠢᠴᠢᠬᠦ ᠳᠤ ︽‍ᠯ︾ ᠪᠠ ︽‍ᠭᠰᠠᠨ︾ ᠤ ᠬᠤᠭᠤᠷᠤᠨᠳᠤ ᠬᠤᠯᠪᠤᠬᠤ ᠡᠭᠡᠰᠢᠭ ︽‍ᠤ᠊︾ ᠶᠢ ᠠᠪᠤᠭᠰᠡᠨ ᠪᠠ ︽ᠷᠤ ᠪᠠ ‍ᠭᠤᠯ︾ ᠨᠢ ᠨᠡᠶᠢᠯᠡᠭᠡᠳ ︽ᠷᠤᠯ︾ ᠪᠤᠯᠵᠤ ᠤᠷᠳᠤ ᠰᠤᠨᠤᠰᠳᠠᠵᠤ ᠪᠠᠶᠢᠨ᠎ᠠ ᠭᠡᠳᠡᠭ ᠢ ᠨᠢᠭᠡᠳ ᠨᠢᠭᠡ ᠪᠠᠷ ᠲᠠᠶᠢᠯᠪᠤᠷᠢᠯᠠᠵᠤ ᠮᠡᠳᠡᠭᠦᠯᠪᠡᠯ ᠰᠤᠷᠤᠭᠴᠢᠳ ᠠᠶᠠᠨᠳᠠᠭᠠᠨ ᠵᠦᠪ ᠪᠢᠴᠢᠯᠭᠡ ᠳᠤ ᠴᠠᠭᠠᠷᠠᠬᠤ ᠪᠤᠯᠤᠨ᠎ᠠ᠃ ᠡᠨᠡᠬᠦ ᠦᠭᠡᠨ ᠳᠤ ︽ᠬᠤᠯᠪᠤᠬᠤ ᠡᠬᠡᠰᠢᠭ ᠤᠨ ᠲᠦᠷᠢᠮ︾᠂ ︽ᠤᠷᠳᠤ ᠡᠬᠡᠰᠢᠭ︾ ᠵᠡᠷᠬᠡ ᠬᠡᠯᠡ ᠵᠦᠢ ᠶᠢᠨ ᠮᠡᠳᠡᠯᠭᠡ ᠪᠦᠷ ᠠᠭᠤᠯᠤᠭᠳᠠᠵᠤ ᠪᠤᠢ᠃ ᠶᠠᠮᠠᠷᠪᠠ ᠠᠵᠢᠯ ᠢ ᠡᠬᠢᠯᠡᠵᠤ ᠬᠢᠬᠦ ᠳᠤ ᠯᠠᠪᠳᠠᠢ ᠡᠯᠳᠡᠪ ᠵᠦᠢᠯ ᠤᠨ ᠬᠦᠴᠢᠷᠳᠡᠯ ᠲᠤᠯᠭᠠᠷᠠᠨ᠎ᠠ᠂ ᠵᠢᠱᠢᠶᠠᠯᠡᠬᠡᠳ ᠬᠡᠯᠡᠪᠡᠯ᠂ ᠴᠠᠭ ᠤᠨ ᠳᠠᠯ᠎ᠠ ᠪᠠᠷ᠂ ᠰᠤᠷᠤᠭᠴᠢᠳ ᠤᠨ ᠤᠶᠢᠯᠠᠭᠠᠵᠤ ᠳᠦᠭᠦᠷᠬᠦ ᠴᠢᠳᠠᠪᠦᠷᠢ᠂ ᠨᠠᠰᠤᠨ ᠤ ᠤᠨᠴᠠᠯᠢᠭ ᠁ ᠵᠡᠷᠭᠡ᠃ ︽ᠵᠤᠷᠢᠭ ᠪᠠᠶᠢᠪᠠᠯ ᠵᠤᠷᠢᠭᠰᠠᠨ ᠳᠡᠭᠡᠨ ᠬᠦᠷᠴᠦ ᠳᠡᠶᠢᠯᠤᠨ᠎ᠡ︾᠂ ︽ᠴᠢᠷᠮᠠᠶᠢᠯᠠᠭ᠎ᠠ ᠬᠦᠮᠦᠨ ᠢ ᠭᠤᠮᠤᠳᠠᠭᠠᠬᠤ ᠦᠬᠡᠢ ᠶᠤᠮ︾ ᠭᠡᠳᠡᠭ ᠢᠶᠠᠷ ᠪᠠᠭᠰᠢ ᠨᠠᠷ ᠦᠪᠡᠷ ᠤᠨ ᠵᠤᠭᠰᠤᠴᠠ ᠪᠠᠨ ᠴᠢᠩᠭᠠᠳᠬᠠᠵᠤ᠂ ᠳᠠᠨᠢᠯᠳᠠ ᠪᠠᠨ ᠳᠡᠭᠡᠭᠰᠢᠯᠡᠬᠦᠯᠦᠨ᠂ ᠴᠦᠭᠦᠷᠡᠯ ᠦᠭᠡᠢ ᠴᠢᠷᠮᠠᠶᠢᠪᠠᠯ ᠯᠠᠪᠳᠠᠢ ᠵᠤᠷᠢᠭᠰᠡᠨ ᠳᠡᠭᠡᠨ ᠬᠦᠷᠴᠦ ᠴᠢᠳᠠᠬᠤ ᠶᠤᠮ᠃      ᠭᠤᠷᠪᠠ · ᠡᠭᠦᠷᠭᠡ ᠬᠠᠷᠢᠭᠤᠴᠠᠯᠭ᠎ᠠ ᠪᠠᠨ ᠲᠤᠳᠤᠷᠬᠠᠢ ᠲᠠᠨᠢᠬᠤ ᠦᠭᠡᠢ ᠪᠠᠶᠢᠬᠤ      ᠦᠨᠳᠦᠰᠦᠳᠡᠨ ᠤ ᠦᠭᠡ ᠬᠡᠯᠡ ᠦᠰᠦᠭ ᠪᠢᠴᠢᠭ ᠨᠢ ᠨᠢᠭᠡ ᠦᠨᠳᠦᠰᠦᠳᠡᠨ ᠤ ᠮᠠᠨᠳᠤᠯ ᠪᠠᠭᠤᠷᠠᠯ ᠲᠠᠢ ᠰᠢᠭᠤᠳ ᠬᠤᠯᠪᠤᠭ᠎ᠠ ᠲᠠᠢ᠃ ᠦᠨᠳᠦᠰᠦᠳᠡᠨ ᠤ ᠦᠭᠡ ᠬᠡᠯᠡ ᠦᠰᠦᠭ ᠪᠢᠴᠢᠭ ᠢᠶᠠᠨ ᠬᠦᠭᠵᠢᠭᠦᠯᠵᠤ ᠮᠠᠨᠳᠤᠭᠤᠯᠬᠤ ᠨᠢ ᠬᠦᠮᠦᠨ ᠪᠦᠭᠦᠨ ᠤ ᠲᠦᠯᠬᠢᠵᠤ ᠪᠤᠯᠤᠰᠢ ᠦᠭᠡᠢ ᠲᠠᠷᠬᠠᠨ ᠬᠠᠷᠢᠭᠤᠴᠠᠯᠭ᠎ᠠ ᠪᠤᠯᠤᠨ᠎ᠠ᠃      ᠶᠡᠷᠦᠩᠬᠡᠢ ᠳᠤᠨᠢ ᠠᠪᠴᠤ ᠬᠡᠯᠡᠪᠡᠯ᠂ ᠪᠢᠳᠡ ᠵᠢᠭᠠᠨ ᠰᠤᠷᠭᠠᠯᠳᠠ ᠲᠤᠮᠳᠠ ᠤᠷᠤᠰᠢᠵᠤ ᠪᠠᠶᠢᠭ᠎ᠠ ᠠᠰᠠᠭᠤᠳᠠᠯ ᠢᠶᠠᠨ ᠵᠦᠪ ᠢᠶᠠᠷ ᠤᠶᠢᠯᠠᠭᠠᠵᠤ᠂ ᠵᠢᠭᠠᠨ ᠰᠤᠷᠭᠠᠯᠳᠠ ᠲᠤᠮᠳᠠ ᠤᠷᠤᠰᠢᠵᠤ ᠪᠠᠶᠢᠭ᠎ᠠ ᠠᠯᠳᠠᠭᠳᠠᠯ ᠬᠡᠮ ᠢᠶᠠᠨ ᠬᠠᠯᠠᠨ ᠰᠠᠶᠢᠵᠢᠷᠠᠭᠤᠯᠵᠤ᠂ ᠦᠨᠳᠦᠰᠦᠳᠡᠨ ᠢᠶᠠᠨ ᠠᠪᠤᠷᠠᠬᠤ᠂ ᠦᠨᠳᠦᠰᠦᠳᠡᠨ ᠤ ᠦᠭᠡ ᠬᠡᠯᠡ ᠦᠰᠦᠭ ᠪᠢᠴᠢᠭ ᠢᠶᠠᠨ ᠬᠦᠭᠵᠢᠭᠦᠯᠵᠤ ᠮᠠᠨᠳᠤᠭᠤᠯᠬᠤ ᠦᠨᠡᠨ ᠰᠡᠳᠬᠢᠯᠭᠡ ᠪᠠᠶᠢᠪᠠᠯ ᠶᠠᠮᠠᠷ ᠴᠤ ᠬᠦᠴᠢᠷᠳᠡᠯ ᠠᠶᠠᠨᠳᠠᠭᠠᠨ ᠰᠡᠢᠳᠪᠦᠷᠢᠯᠡᠭᠳᠡᠬᠦ ᠶᠤᠮ᠃ ᠦᠨᠳᠤᠰᠤᠳᠡᠨ ᠤ ᠪᠠᠨ ᠦᠬᠡ ᠬᠡᠯᠡ ᠦᠰᠦᠭ ᠪᠢᠴᠢᠭ ᠢ ᠰᠤᠷᠴᠤ ᠬᠡᠷᠡᠭᠵᠢᠬᠦᠯᠬᠦ᠂ ᠦᠨᠳᠤᠰᠤᠳᠡᠨ ᠢᠶᠠᠨ ᠮᠠᠨᠳᠤᠭᠤᠯᠤᠨ ᠬᠦᠴᠦᠷᠭᠡᠭᠵᠢᠬᠦᠯᠬᠦ ᠬᠦᠨᠳᠤ ᠴᠢᠬᠤᠯᠠ ᠡᠭᠦᠷᠭᠡ ᠶᠢ ᠵᠦᠪᠬᠡᠨ ᠮᠤᠩᠭᠤᠯ ᠬᠡᠯᠡᠨ ᠤ ᠬᠡᠳᠦᠬᠡᠨ ᠪᠠᠭᠰᠢ ᠳᠤ ᠨᠠᠶᠢᠳᠠᠬᠤ ᠶᠤᠮ ᠪᠤᠯ ᠮᠠᠨ ᠤ ᠦᠨᠳᠤᠰᠤᠳᠡᠨ ᠠᠪᠤᠷᠠᠰᠢ ᠦᠬᠡᠢ ᠪᠤᠯᠬᠤ ᠨᠢ ᠳᠡᠷᠡ ᠡ︕ ᠰᠤᠷᠤᠭᠴᠢᠳ ᠤᠨ ᠵᠦᠪ ᠪᠢᠴᠢᠯᠭᠡ ᠶᠢᠨ ᠬᠢᠷᠢ ᠬᠡᠮᠵᠢᠶ᠎ᠡ ᠶᠢ ᠲᠡᠭᠡᠭᠰᠢᠯᠡᠭᠦᠯᠬᠦ ᠳᠤ ᠵᠦᠪᠭᠡᠨ ᠮᠤᠩᠭᠤᠯ ᠬᠡᠯᠡᠨ ᠤ ᠪᠠᠭᠰᠢ ᠳᠤ ᠨᠠᠶᠢᠳᠠᠵᠤ ᠲᠦᠰᠢᠭᠯᠡᠭᠡᠳ ᠪᠤᠯᠬᠤ ᠪᠢᠰᠢ᠂ ᠬᠠᠷᠢᠨ ᠪᠦᠬᠦ ᠨᠡᠶᠢᠭᠡᠮ ᠢᠶᠠᠷ ᠢᠶᠠᠨ᠂ ᠪᠦᠬᠦ ᠬᠦᠮᠦᠰ ᠤᠨ ᠬᠠᠮᠳᠤ ᠶᠢᠨ ᠴᠢᠷᠮᠠᠶᠢᠯᠭ᠎ᠠ ᠪᠠᠶᠢᠮᠠᠨᠵᠢᠨ ᠰᠠᠶ᠋ᠢ ᠡᠨᠡᠬᠦ ᠬᠦᠴᠢᠷ ᠠᠰᠠᠭᠤᠳᠠᠯ ᠢ ᠰᠢᠢᠳᠪᠦᠷᠢᠯᠡᠵᠦ ᠴᠢᠳᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号