| ︿ᠬᠡᠯᠡ ᠪᠢᠴᠢᠭ ᠤᠨ ᠬᠢᠴᠢᠶᠡᠯ ᠨᠢ ᠰᠤᠷᠤᠭᠴᠢᠳ ᠤᠨ ᠦᠭᠡ ᠬᠡᠯᠡ ᠦᠰᠦᠭ ᠪᠢᠴᠢᠭ ᠢᠶᠠᠨ ᠬᠡᠷᠡᠭᠯᠡᠬᠦ | ᠴᠢᠳᠠᠪᠤᠷᠢ ᠶᠢ ᠬᠦᠮᠦᠵᠢᠭᠦᠯᠬᠦ ᠪᠠᠷ ᠭᠤᠤᠯᠳᠠᠭᠤᠯᠵᠤ᠂ ᠰᠤᠷᠤᠭᠴᠢᠳ ᠤᠨ ᠶᠡᠷᠦᠩᠬᠡᠶᠢᠯᠡᠭᠰᠡᠨ ᠭᠡᠪ ᠪᠤᠯᠪᠠᠰᠤᠷᠠᠯ ᠢ | ᠲᠡᠭᠡᠭᠰᠢᠯᠡᠭᠦᠯᠦᠨ᠂ ᠪᠤᠰᠤᠳ ᠬᠢᠴᠢᠶᠡᠯ ᠲᠦᠷᠦᠯ ᠢ ᠰᠠᠶᠢᠨ ᠰᠤᠷᠬᠤ ᠳᠤ ᠰᠠᠭᠤᠷᠢ ᠲᠠᠯᠪᠢᠨ᠎ᠠ﹀ ᠭᠡᠵᠤ ᠬᠡᠯᠡ | ᠪᠢᠴᠢᠭ ᠤᠨ ᠬᠢᠴᠢᠶᠡᠯ ᠤᠨ ᠪᠠᠷᠢᠮᠵᠢᠶ᠎ᠡ ᠳᠤ ᠲᠤᠳᠤᠷᠬᠠᠢ ᠵᠢᠭᠠᠵᠤ ᠭᠠᠷᠭᠠᠭᠰᠡᠨ ᠪᠠᠶᠢᠳᠠᠭ᠃ ᠦᠭᠡ ᠬᠡᠯᠡ ᠦᠰᠦᠭ | ᠪᠢᠴᠢᠭ ᠢᠶᠠᠨ ᠵᠦᠪ ᠰᠠᠶᠢᠬᠠᠨ ᠬᠡᠷᠡᠭᠯᠡᠬᠦ ᠳᠤ ᠶᠠᠭᠤᠨ ᠤ ᠤᠷᠢᠳ ᠬᠡᠯᠡ ᠪᠢᠴᠢᠭ ᠤᠨ ᠲᠦᠷᠪᠡᠨ ᠦᠨᠳᠦᠰᠦᠨ | ᠴᠢᠳᠠᠪᠤᠷᠢ ᠶᠢ ᠪᠦᠷᠢᠯᠳᠦᠭᠦᠯᠦᠭᠰᠡᠨ ᠪᠠᠶᠢᠬᠤ ᠬᠡᠷᠡᠭᠳᠠᠢ᠃ ᠡᠨᠡᠬᠦ ᠲᠦᠷᠪᠡᠨ ᠴᠢᠳᠠᠪᠤᠷᠢ ᠶᠢᠨ ᠠᠯᠢ ᠨᠢᠭᠡ ᠨᠢ | ᠬᠦᠷᠦᠯᠴᠡᠬᠦ ᠦᠭᠡᠢ ᠪᠤᠯ ᠦᠭᠡ ᠬᠡᠯᠡ ᠦᠰᠦᠭ ᠪᠢᠴᠢᠭ ᠢᠶᠠᠨ ᠵᠦᠪ ᠰᠠᠶᠢᠬᠠᠨ ᠬᠡᠷᠡᠭᠯᠡᠨ᠎ᠡ ᠭᠡᠳᠡᠭ ᠴᠢᠨᠢ ᠴᠢᠳᠠᠰᠢ | ᠦᠭᠡᠢ ᠶᠤᠮ᠃ ᠡᠩ ᠤᠨ ᠬᠢᠴᠢᠶᠡᠯᠯᠡᠭᠡ ᠳᠤ ᠤᠯᠠᠩᠬᠢ ᠲᠤᠭᠠᠨ ᠤ ᠰᠤᠷᠤᠭᠴᠢᠳ ᠤᠨ ᠤᠩᠰᠢᠬᠤ᠂ ᠰᠤᠨᠤᠰᠬᠤ᠂ | ᠶᠠᠷᠢᠬᠤ ᠴᠢᠳᠠᠪᠤᠷᠢ ᠨᠡᠶᠢᠳᠡᠮ ᠳᠡᠭᠡᠨ ᠰᠠᠶᠢᠨ ᠪᠠᠶᠢᠵᠤ᠂ ᠪᠢᠴᠢᠬᠦ ᠲᠠᠯ᠎ᠠ ᠶᠢᠨ ᠴᠢᠳᠠᠪᠤᠷᠢ᠂ ᠨᠡᠩ ᠢᠯᠠᠩᠭᠤᠶ᠎ᠠ ᠵᠦᠪ | ᠪᠢᠴᠢᠯᠭᠡ ᠶᠢᠨ ᠴᠢᠳᠠᠪᠤᠷᠢ ᠲᠦᠢᠯ ᠤᠨ ᠲᠤᠷᠤᠢ ᠪᠠᠶᠢᠭ᠎ᠠ ᠦᠵᠡᠭᠳᠡᠯ ᠨᠡᠶᠢᠳᠡᠮ ᠬᠠᠷᠠᠭᠳᠠᠬᠤ ᠪᠤᠯᠵᠤ᠂ ᠮᠤᠩᠭᠤᠯ ᠬᠡᠯᠡ | ᠪᠢᠴᠢᠭ ᠤᠨ ᠵᠢᠭᠠᠨ ᠰᠤᠷᠭᠠᠯᠳᠠ ᠳᠤ ᠤᠷᠤᠰᠢᠵᠤ ᠪᠠᠶᠢᠭ᠎ᠠ ᠬᠦᠨᠳᠦ ᠨᠤᠴᠢᠳᠠᠢ ᠠᠰᠠᠭᠤᠳᠠᠯ ᠪᠤᠯᠵᠦ᠂ ᠲᠡᠳᠡᠨ ᠤ | ᠮᠦᠷᠦᠨ ᠲᠡᠭᠡᠷ᠎ᠡ ᠲᠠᠯᠪᠢᠭᠳᠠᠭᠰᠡᠨ ᠬᠦᠨᠳᠦ ᠡᠭᠦᠷᠭᠡ ᠪᠤᠯᠤᠭᠰᠡᠨ ᠪᠠᠶᠢᠨ᠎ᠠ᠃ ᠡᠬᠦᠨ ᠳᠤ ᠰᠤᠷᠤᠭᠴᠢᠳ ᠤᠨ ᠪᠤᠷᠤᠭᠤ | ᠦᠰᠦᠭ ᠪᠢᠴᠢᠬᠦ ᠦᠵᠡᠭᠳᠡᠯ ᠡᠳᠦᠷ ᠢᠷᠡᠭᠦᠶ᠎ᠡ ᠬᠡᠴᠡᠭᠦᠦ ᠪᠤᠯᠵᠤ ᠪᠠᠶᠢᠨ᠎ᠠ᠃ ᠡᠨᠡ ᠬᠦ ᠨᠤᠴᠢᠳᠠᠢ ᠠᠰᠠᠭᠤᠳᠠᠯ ᠨᠢ | ᠲᠤᠤᠷᠠᠬᠢ ᠭᠡᠳᠦᠨ ᠲᠠᠯ᠎ᠠ ᠠᠴᠠ ᠰᠢᠯᠳᠠᠭᠠᠯᠠᠭᠳᠠᠨ᠎ᠠ ᠭᠡᠵᠤ ᠪᠢ ᠦᠵᠡᠵᠤ ᠪᠤᠢ᠃ | ᠨᠢᠭᠡ · ᠤᠩᠰᠢᠯᠭ᠎ᠠ ᠲᠤᠳᠠᠭᠤᠳᠠᠵᠤ ᠪᠠᠶᠢᠨ᠎ᠠ | ᠰᠤᠷᠤᠭᠴᠢᠳ ᠤᠨ ᠪᠤᠷᠤᠭᠤ ᠦᠰᠦᠭ ᠪᠢᠴᠢᠬᠦ ᠦᠵᠡᠭᠳᠡᠯ ᠨᠢ ᠤᠩᠰᠢᠯᠭ᠎ᠠ ᠶᠢᠨ ᠰᠠᠭᠤᠷᠢ ᠲᠠᠢ ᠰᠢᠭᠤᠳ | ᠬᠤᠯᠪᠤᠭ᠎ᠠ ᠲᠠᠢ᠃ ᠤᠴᠢᠷ ᠨᠢ ᠦᠩᠭᠡᠷᠡᠭᠰᠡᠨ ᠤ ᠵᠢᠭᠠᠨ ᠰᠤᠷᠭᠠᠯᠳᠠ ᠳᠤ 1 — 3 ᠤᠨ ᠪᠤᠯᠳᠠᠯ᠎ᠠ ᠵᠠᠪᠠᠯ | ᠦᠶᠡᠴᠢᠯᠡᠨ ᠤᠩᠰᠢᠬᠤ ᠶᠢ ᠱᠠᠭᠠᠷᠳᠠᠵᠤ ᠪᠠᠶᠢᠭᠰᠡᠨ ᠪᠦᠭᠡᠳ ᠪᠠᠭᠰᠢ ᠠᠴᠠ ᠨᠢᠭᠡ ᠨᠢᠭᠡ ᠪᠠᠷ ᠦᠶᠡᠴᠢᠯᠡᠨ ᠤᠯᠠᠨ | ᠲᠠᠬᠢᠨ ᠲᠠᠭᠠᠭᠤᠯᠵᠤ ᠤᠩᠰᠢᠳᠠᠭ ᠤᠴᠢᠷ ᠠᠴᠠ ᠭᠡᠦᠭᠡᠳ ᠨᠠᠰᠤᠨ ᠤ ᠪᠠᠯᠴᠢᠷ ᠲᠠᠷᠢᠬᠢᠨ ᠲᠤᠨᠢ ᠲᠡᠳᠡᠭᠡᠷ ᠦᠰᠦᠭ ᠪᠠ | ᠬᠢᠴᠢᠶᠡᠯ ᠤᠨ ᠠᠭᠤᠯᠭ᠎ᠠ ᠨᠤᠭᠤᠳ ᠨᠢᠭᠡᠨᠳᠡ ᠬᠠᠳᠠᠩᠰᠢᠵᠤ᠂ ᠡᠭᠦᠷᠢᠳᠡ ᠪᠤᠷᠤᠭᠤ ᠦᠰᠦᠭ ᠪᠢᠴᠢᠬᠦ ᠶᠤᠰᠤ ᠦᠭᠡᠢ | ᠪᠠᠶᠢᠳᠠᠭ᠃ ᠭᠡᠳᠡᠯ᠎ᠡ ᠤᠳᠤ ᠶᠢᠨ ᠵᠢᠭᠠᠨ ᠰᠤᠷᠭᠠᠯᠳᠠ ᠳᠤ ᠬᠤᠶᠠᠳᠤᠭᠠᠷ ᠤᠨ ᠤ ᠳᠤᠤᠷᠠᠳᠤ ᠬᠤᠭᠤᠴᠠᠭ᠎ᠠ ᠠᠴᠠ | ᠡᠬᠢᠯᠡᠨ ᠦᠭᠡᠴᠢᠯᠡᠨ ᠤᠩᠰᠢᠬᠤ ᠱᠠᠭᠠᠷᠳᠠᠯᠭ᠎ᠠ ᠶᠢ ︽ᠬᠢᠴᠢᠶᠡᠯ ᠤᠨ ᠪᠠᠷᠢᠮᠵᠢᠶ᠎ᠠ︾ ᠳᠤ ᠳᠤᠭᠳᠠᠭᠠᠭᠰᠠᠨ ᠪᠠ | ᠪᠠᠭᠰᠢ ᠠᠴᠠ ︽ᠬᠢᠴᠢᠶᠡᠯ ᠤᠨ ᠪᠠᠷᠢᠮᠵᠢᠶ᠎ᠠ︾ ᠶᠢᠨ ᠱᠠᠭᠠᠷᠳᠠᠯᠭ᠎ᠠ ᠶᠤᠰᠤᠭᠠᠷ ᠱᠠᠭᠠᠷᠳᠠᠵᠤ ᠢᠷᠡᠭᠰᠡᠨ ᠠᠴᠠ | ᠰᠤᠷᠤᠭᠴᠢᠳ ᠪᠢᠴᠢᠯᠭᠡ ᠶᠢ ᠠᠩᠬᠠᠷᠬᠤ ᠪᠠᠨ ᠪᠤᠯᠢᠵᠤ᠂ ᠬᠠᠰᠢ ᠶᠠᠰᠢ ᠬᠠᠨᠳᠤᠬᠤ ᠪᠤᠯᠵᠤ ᠢᠷᠡᠵᠡᠢ᠃ ᠤᠴᠢᠷ ᠨᠢ | ᠵᠦᠪ ᠰᠠᠶᠢᠬᠠᠨ ᠦᠶᠡᠴᠢᠯᠡᠵᠦ ᠤᠩᠰᠢᠵᠤ ᠰᠤᠷᠬᠤ ᠠᠴᠠ ᠡᠮᠤᠨ᠎ᠡ ᠦᠬᠡᠴᠢᠯᠡᠨ ᠤᠩᠰᠢᠬᠤ ᠶᠢ ᠱᠠᠭᠠᠷᠳᠠᠬᠤ | ᠪᠤᠯᠤᠭᠰᠠᠨ ᠠᠴᠠ ᠦᠭᠡᠴᠢᠯᠡᠨ ᠤᠩᠰᠢᠬᠤ ᠵᠦᠭ ᠰᠢᠯᠵᠢᠭᠰᠡᠨ ᠠᠴᠠ ᠤᠩᠰᠢᠯᠭ᠎ᠠ ᠳᠤ ᠭᠦᠴᠢᠷᠳᠡᠬᠦ ᠪᠤᠯᠵᠤ᠂ | ᠤᠩᠰᠢᠬᠤ ᠳᠤᠷ᠎ᠠ ᠠᠯᠳᠠᠷᠠᠳᠠᠭ᠃ ᠤᠩᠰᠢᠵᠤ ᠴᠢᠳᠠᠮᠠᠨᠵᠢᠨ ᠪᠢᠴᠢᠵᠤ ᠴᠢᠳᠠᠨ᠎ᠠ᠃ ᠤᠩᠰᠢᠯᠭ᠎ᠠ ᠪᠢᠴᠢᠯᠬᠡ ᠪᠤᠯ | ᠰᠠᠯᠵᠤ ᠪᠤᠯᠤᠰᠢ ᠦᠬᠡᠢ ᠨᠢᠭᠳᠠ ᠬᠤᠯᠪᠤᠭ᠎ᠠ ᠬᠠᠷᠢᠴᠠᠭ᠎ᠠ ᠲᠠᠢ ᠪᠠᠶᠢᠳᠠᠭ᠃ ᠰᠤᠷᠤᠭᠴᠢᠳ ᠤᠨ ᠪᠤᠷᠤᠭᠤ ᠪᠢᠴᠢᠯᠭᠡ | ᠶᠠᠭ ᠡᠨᠡ ᠦᠶ᠎ᠡ ᠠᠴᠠ ᠡᠬᠢᠯᠡᠨ ᠪᠦᠷᠢᠯᠳᠦᠨ ᠲᠤᠭᠳᠠᠳᠠᠭ᠃ ︽ᠠᠰᠠᠷ ᠢ ᠪᠠᠷᠢᠬᠤ ᠳᠤ ᠰᠠᠭᠤᠷᠢ ᠠᠴᠠ ᠨᠢ︾ | ᠭᠡᠳᠡᠭ ᠢᠶᠠᠷ ᠲᠤᠤᠷᠠᠳᠤ ᠤᠨ ᠤ ᠦᠰᠦᠭᠯᠡᠵᠤ ᠪᠢᠴᠢᠭᠯᠡᠬᠦ ᠰᠠᠭᠤᠷᠢ ᠮᠠᠰᠢ ᠴᠢᠬᠤᠯᠠ᠃ ᠦᠨᠳᠦᠰᠦ ᠪᠠᠨ ᠭᠦᠢᠭᠡᠨ | ᠬᠠᠳᠬᠤᠭᠰᠡᠨ ᠠᠴᠠ ᠰᠠᠯᠬᠢᠨ ᠳᠤ ᠬᠡᠶᠢᠰᠦᠭᠰᠡᠨ ᠬᠠᠮᠬᠤᠤᠯ ᠰᠢᠭ ᠪᠤᠯᠵᠤ᠂ ᠰᠤᠷᠤᠭᠴᠢᠳ ᠤᠨ ᠪᠤᠷᠤᠭᠤ ᠪᠢᠴᠢᠯᠭᠡ | ᠠᠭᠳᠠᠵᠤ᠂ ᠪᠤᠷᠤᠭᠤ ᠪᠢᠴᠢᠯᠭᠡ ᠠᠬᠠᠳᠠᠭᠰᠡᠨ ᠠᠴᠠ ᠪᠠᠭᠰᠢ᠂ ᠭᠡᠷ ᠤᠨ ᠠᠬᠠᠮᠠᠳ ᠤᠨ ᠵᠢᠮᠡᠯᠡᠯ ᠰᠢᠭᠦᠮᠵᠢᠯᠡᠯ ᠢ | ᠬᠦᠷᠳᠡᠵᠤ ᠠᠶᠠᠨᠳᠠᠭᠠᠨ ᠰᠤᠷᠤᠭᠴᠢᠳ ᠤᠨ ᠤᠩᠰᠢᠯᠭ᠎ᠠ ᠪᠢᠴᠢᠯᠭᠡ ᠶᠢᠨ ᠤᠷᠮ᠎ᠠ ᠶᠢ ᠨᠦᠯᠦᠭᠡᠯᠡᠵᠤ᠂ ᠰᠤᠷᠬᠤ | ᠵᠤᠷᠢᠭ ᠢ ᠮᠤᠬᠤᠭᠠᠳᠠᠭ᠃ ᠪᠠᠰᠠ ᠵᠢᠱᠢᠶᠡᠯᠡᠪᠡᠯ᠄ ᠭᠤᠷᠪᠠᠳᠤᠭᠠᠷ ᠤᠨ ᠳᠤ ᠤᠷᠤᠮᠠᠭᠴᠠ ᠦᠭᠡᠴᠢᠯᠡᠵᠤ ᠤᠩᠰᠢᠬᠤ ᠶᠢ | ᠱᠠᠭᠠᠷᠳᠠᠨ᠂ ᠦᠶᠡᠴᠢᠯᠡᠵᠤ ᠤᠩᠰᠢᠬᠤ ᠶᠢ ᠤᠮᠳᠤᠭᠠᠶᠢᠯᠠᠭᠰᠡᠨ ᠠᠴᠠ ᠦᠭᠡᠴᠢᠯᠡᠵᠤ ᠤᠩᠰᠢᠬᠤ ᠳᠤ ᠬᠦᠴᠢᠷᠳᠡᠬᠦ | ᠦᠬᠡᠢ ᠪᠤᠯᠪᠠᠴᠤ᠂ ᠲᠤᠷ᠎ᠠ ᠶᠢᠨ ᠭᠡᠳᠦᠨ ᠦᠭᠡ ᠶᠢ ᠰᠤᠩᠭᠤᠵᠤ ᠰᠤᠨᠤᠰᠴᠤ ᠪᠢᠴᠢᠭᠦᠯᠪᠡᠯ 100 % ᠪᠠᠷ ᠵᠦᠪ | ᠪᠢᠴᠢᠬᠦ ᠰᠤᠷᠤᠭᠴᠢ ᠦᠨᠳᠦᠰᠦᠨ ᠲᠡᠭᠡᠨ ᠪᠠᠶᠢᠬᠤ ᠦᠭᠡᠢ᠃ ᠬᠡᠳᠡᠯ᠎ᠡ ᠰᠢᠯᠦᠭ ᠤᠨ ᠬᠢᠴᠢᠶᠡᠯ ᠢ ᠴᠡᠭᠡᠵᠢᠯᠡᠭᠦᠯᠦᠨ | ᠴᠡᠭᠡᠵᠢ ᠪᠢᠴᠢᠭᠦᠯᠪᠡᠯ ᠶᠡᠭᠡᠩᠬᠢ ᠲᠤᠭᠠᠨ ᠤ ᠰᠤᠷᠤᠭᠴᠢ ᠦᠨᠳᠦᠰᠦᠨ ᠲᠡᠭᠡᠨ ᠪᠤᠷᠤᠭᠤ ᠦᠰᠦᠭ ᠪᠢᠴᠢᠬᠦ ᠦᠭᠡᠢ | ᠪᠠᠶᠢᠳᠠᠭ᠃ ᠡᠭᠦᠨ ᠤ ᠵᠦᠷᠢᠶ᠎ᠡ ᠨᠢ ᠮᠦᠨ ᠴᠤ ᠤᠩᠰᠢᠯᠭ᠎ᠠ ᠪᠤᠯᠤᠨ᠎ᠠ᠃ ᠭᠡᠳᠦᠢ ᠠᠷᠪᠢᠨ ᠤᠩᠰᠢᠪᠠᠯ ᠦᠰᠦᠭ ᠢ | ᠨᠢᠳᠦᠯᠡᠨ ᠦᠵᠡᠬᠦ ᠲᠤᠬᠢᠶᠠᠯᠳᠤᠮᠵᠢ ᠳᠡᠳᠦᠢ ᠤᠯᠠᠨ ᠪᠤᠯᠵᠤ᠂ ᠪᠤᠷᠤᠭᠤ ᠪᠢᠴᠢᠯᠭᠡ ᠠᠶᠠᠨᠳᠠᠭᠠᠨ ᠴᠦᠭᠡᠷᠡᠬᠦ ᠶᠤᠮ᠃ | ᠡᠶᠢᠮᠦ ᠠᠴᠠ ᠭᠤᠷᠪᠠᠳᠤᠭᠠᠷ ᠤᠨ ᠤ ᠰᠢᠯᠵᠢᠯᠳᠡ ᠶᠢᠨ ᠬᠤᠭᠤᠴᠠᠭ᠎ᠠ ᠳᠤ ᠮᠦᠨ ᠦᠶᠡᠴᠢᠯᠡᠨ ᠤᠩᠰᠢᠬᠤ ᠪᠠ | ᠦᠬᠡᠴᠢᠯᠡᠨ ᠤᠩᠰᠢᠬᠤ ᠶᠢ ᠤᠶᠠᠯᠳᠤᠭᠤᠯᠪᠠᠯ ᠵᠤᠬᠢᠨ᠎ᠠ᠃ | ᠤᠯᠠᠨᠳᠠ ᠤᠩᠰᠢᠭᠤᠯᠵᠤ ᠲᠠᠷᠢᠬᠢᠨ ᠳᠤᠨᠢ ᠰᠠᠭᠤᠭᠳᠠᠳᠠᠯ᠎ᠠ ᠤᠩᠰᠢᠭᠤᠯᠬᠤ ᠳᠤ ᠴᠠᠭ ᠬᠡᠷᠡᠭᠳᠠᠢ᠂ ᠮᠦᠨ ᠴᠤ | ᠠᠷᠭ᠎ᠠ ᠭᠡᠷᠡᠭᠳᠠᠢ᠃ 1 — 4 ᠤᠨ ᠤ ᠰᠤᠷᠬᠤ ᠪᠢᠴᠢᠭ ᠲᠠᠬᠢ ᠬᠢᠴᠢᠶᠡᠯ ᠤᠨ ᠠᠭᠤᠯᠭ᠎ᠠ ᠬᠦᠩᠭᠡᠷᠡᠭᠰᠡᠨ ᠪᠠ | ᠬᠢᠴᠢᠶᠡᠯ ᠤᠨ ᠲᠤᠭ᠎ᠠ ᠴᠦᠭᠡᠷᠡᠭᠰᠡᠨ ᠲᠠᠪᠠᠭᠤᠯᠢᠭ ᠨᠦᠬᠦᠴᠡᠯ ᠢᠶᠠᠨ ᠠᠰᠢᠭᠯᠠᠨ ᠰᠤᠷᠤᠭᠴᠢᠳ ᠤᠨ ᠦᠶᠡᠴᠢᠯᠡᠨ | ᠤᠩᠰᠢᠬᠤ ᠪᠠᠷ ᠭᠤᠤᠯᠳᠠᠭᠤᠯᠵᠤ᠂ ᠳᠠᠷᠢᠬᠢᠨ ᠳᠤᠨᠢ ᠬᠠᠳᠠᠩᠰᠢᠳᠠᠯ᠎ᠠ ᠤᠩᠰᠢᠭᠤᠯᠤᠨ᠂ ᠬᠢᠴᠢᠶᠡᠯ ᠪᠤᠯᠭᠠᠨ ᠢ | ᠴᠡᠭᠡᠵᠢ ᠪᠠᠷ ᠤᠩᠰᠢᠵᠤ᠂ ᠵᠦᠪ ᠰᠠᠶᠢᠬᠠᠨ ᠪᠢᠴᠢᠵᠤ ᠰᠤᠷᠬᠤ ᠱᠠᠭᠠᠷᠳᠠᠯᠭ᠎ᠠ ᠪᠠᠨ ᠴᠢᠩᠭᠠᠳᠬᠠᠪᠠᠯ ᠰᠢᠨ᠎ᠡ ᠰᠤᠷᠬᠤ | 1800 ᠤᠷᠴᠢᠮ ᠦᠭᠡ ᠶᠢ ᠵᠦᠪ ᠤᠩᠰᠢᠵᠤ᠂ ᠵᠦᠪ ᠪᠢᠴᠢᠵᠤ᠂ ᠰᠤᠷᠴᠤ ᠬᠡᠷᠡᠭᠯᠡᠬᠦ ᠳᠤ ᠬᠦᠴᠢᠷᠳᠡᠬᠦ ᠦᠭᠡᠢ | ᠪᠤᠯᠬᠤ ᠶᠤᠮ᠃ ᠡᠨᠡ ᠨᠢ ᠰᠢᠨ᠎ᠡ ᠰᠤᠷᠤᠭᠰᠡᠨ ᠦᠭᠡᠰ ᠢ ᠠᠷᠪᠠ ᠤᠳᠠᠭ᠎ᠠ ᠪᠢᠴᠢᠬᠦ ᠁ ᠵᠡᠷᠬᠡ ᠰᠢᠨᠵᠢᠡᠯᠬᠦ | ᠤᠬᠠᠭᠠᠨᠴᠢ ᠪᠤᠰᠤ ᠲᠠᠰᠬᠠᠯ ᠦᠯᠡᠳᠡᠭᠡᠬᠦ ᠠᠴᠠ ᠦᠷ᠎ᠡ ᠠᠰᠢᠭᠳᠤ ᠴᠢᠨᠠᠷ ᠢᠶᠠᠷ ᠰᠠᠶᠢᠨ᠂ ᠮᠦᠨ ᠴᠦ | ᠰᠤᠷᠤᠭᠴᠢᠳ ᠤᠨ ᠦᠭᠡᠰ ᠤᠨ ᠰᠠᠩ ᠤᠨ ᠬᠤᠷᠠᠮᠳᠤᠯ ᠢ ᠨᠡᠮᠡᠭᠳᠡᠬᠦᠯᠦᠨ᠂ ᠬᠡᠯᠡᠨ ᠤ ᠮᠡᠳᠡᠷᠡᠮᠵᠢ ᠶᠢ | ᠰᠠᠶᠢᠵᠢᠷᠠᠭᠤᠯᠬᠤ ᠳᠤ ᠴᠢᠬᠤᠯᠠ ᠠᠴᠢ ᠬᠤᠯᠪᠤᠭᠳᠠᠯ ᠲᠠᠢ ᠪᠠᠶᠢᠵᠤ᠂ ᠬᠤᠵᠢᠮ ᠤᠨ ᠵᠤᠬᠢᠶᠠᠨ ᠪᠢᠴᠢᠯᠭᠡ ᠳᠤ ᠪᠤᠷᠤ | ᠮᠠᠲ᠋ᠧᠷᠢᠶᠠᠯ ᠬᠤᠷᠠᠮᠳᠤᠭᠤᠯᠬᠤ ᠳᠤ ᠦᠢᠯᠡᠴᠢᠯᠡᠵᠦ ᠴᠢᠳᠠᠨ᠎ᠠ᠃ | ᠬᠤᠶᠠᠷ · ᠬᠡᠯᠡ ᠵᠦᠢ ᠶᠢᠨ ᠮᠡᠳᠡᠯᠭᠡ ᠬᠦᠩᠭᠡᠪᠴᠢᠯᠡᠭᠳᠡᠭᠰᠡᠨ ᠠᠴᠠ ᠬᠡᠴᠡᠭᠦᠦ ᠠᠯᠳᠠᠭ᠎ᠠ ᠭᠠᠷᠭᠠᠵᠤ ᠪᠤᠢ | 1 — 2 ᠤᠨ ᠤ ᠰᠤᠷᠤᠭᠴᠢᠳ ᠤᠨ 95 % ᠠᠴᠠ ᠲᠡᠭᠡᠭᠰᠢᠬᠢ ᠰᠤᠷᠤᠭᠴᠢᠳ ᠰᠤᠷᠤᠭᠰᠡᠨ | ᠦᠭᠡ ᠪᠠᠨ ᠵᠦᠪ ᠪᠢᠴᠢᠵᠤ ᠴᠢᠳᠠᠬᠤ ᠪᠠᠶᠢᠳᠠᠯ᠎ᠠ ᠪᠠᠨ ᠬᠤᠶᠠᠷ ᠤᠨ ᠤ ᠳᠤᠤᠷᠠᠳᠤ ᠬᠤᠭᠤᠴᠠᠭ᠎ᠠ ᠠᠴᠠ ᠡᠬᠢᠯᠡᠨ | ᠦᠭᠡᠴᠢᠯᠡᠨ ᠤᠩᠰᠢᠬᠤ ᠪᠤᠯᠤᠭᠰᠠᠨ ︵ᠵᠢᠭᠠᠬᠤ ᠭᠦᠳᠦᠯᠪᠦᠷᠢ ᠳᠤ ︽ᠬᠤᠶᠠᠳᠤᠭᠠᠷ ᠤᠨ ᠤ ᠳᠤᠤᠷᠠᠳᠤ | ᠬᠤᠭᠤᠴᠠᠭ᠎ᠠ ᠠᠴᠠ ᠦᠬᠡᠴᠢᠯᠡᠨ ᠤᠩᠰᠢᠯᠭ᠎ᠠ ᠳᠤ ᠵᠢᠯᠤᠭᠤᠳᠤᠨ᠎ᠠ︾ ᠬᠡᠵᠦ ᠳᠤᠳᠤᠷᠬᠠᠢ ᠳᠤᠭᠳᠠᠭᠠᠭᠰᠠᠨ ᠪᠠᠶᠢᠳᠠᠭ︶ | ᠠᠴᠠ ᠪᠤᠷᠤᠭᠤ ᠦᠰᠦᠭ ᠤᠯᠠᠰᠢᠷᠠᠵᠤ᠂ ᠲᠡᠳᠡᠭᠡᠷ ᠬᠤᠯᠪᠤᠬᠤ ᠡᠭᠡᠰᠢᠭ ᠤᠷᠤᠭᠰᠡᠨ᠂ ᠤᠷᠳᠤ ᠡᠭᠡᠰᠢᠭᠳᠦ ᠦᠭᠡᠰ ᠢ | ᠶᠠᠭᠠᠬᠢᠵᠤ ᠪᠢᠴᠢᠬᠦ ᠪᠠᠨ ᠮᠡᠳᠡᠬᠦ ᠦᠭᠡᠢ ᠪᠤᠯᠵᠤ ᠬᠠᠰᠢ ᠶᠠᠰᠢ ᠪᠢᠴᠢᠬᠦ ᠪᠤᠯᠤᠭᠰᠠᠨ ᠪᠠᠶᠢᠳᠠᠭ᠃ ᠡᠳᠡᠭᠡᠷ ᠨᠢ ᠲᠠᠷᠤᠢ | ᠮᠠᠨ ᠤ ᠰᠤᠷᠬᠤ ᠪᠢᠴᠢᠭ ᠲᠤ ᠬᠡᠯᠡ ᠵᠦᠢ ᠶᠢᠨ ᠮᠡᠳᠡᠯᠭᠡ ᠬᠦᠩᠭᠡᠪᠴᠢᠯᠡᠭᠳᠡᠭᠰᠡᠨ ᠢ ᠬᠠᠷᠠᠭᠤᠯᠵᠤ ᠪᠠᠶᠢᠨ᠎ᠠ᠃ ᠡᠳᠡᠭᠡᠷ | ᠮᠡᠳᠡᠯᠭᠡ ᠶᠢ ᠬᠢᠴᠢᠶᠡᠯ ᠤᠨ ᠲᠤᠮᠳᠠ ᠪᠠᠨ ᠠᠭᠤᠰᠬᠠᠨ ᠵᠢᠭᠠᠬᠤ ᠳᠤ ᠮᠦᠨ ᠴᠠᠭ ᠵᠠᠷᠤᠴᠠᠭᠤᠯᠤᠭᠳᠠᠨᠠ᠃ ᠡᠭᠦᠨ ᠳᠤ | ᠡᠳᠡᠭᠡᠷ ᠤᠯᠠᠨ ᠬᠡᠯᠡ ᠵᠦᠢ ᠶᠢᠨ ᠮᠡᠳᠡᠯᠭᠡ ᠶᠢ ᠠᠭᠤᠰᠬᠠᠨ ᠵᠢᠭᠠᠪᠠᠯ ᠲᠤᠰ ᠬᠤᠭᠤᠴᠠᠭᠠᠨ ᠳᠤ ᠰᠤᠷᠬᠤ ᠠᠭᠤᠯᠭ᠎ᠠ ᠶᠢ | ᠵᠢᠭᠠᠵᠤ ᠪᠠᠷᠠᠵᠤ ᠲᠡᠶᠢᠯᠬᠦ ᠦᠭᠡᠢ ᠠᠴᠠ ᠪᠤᠯᠵᠤ ᠰᠤᠷᠤᠭᠴᠢᠳ ᠤᠨ ᠬᠤᠭᠤᠴᠠᠭᠠᠨ ᠡᠴᠦᠰ ᠤᠨ ᠬᠢᠷᠢ ᠪᠦᠳᠦᠮᠵᠢ ᠶᠢ | ᠴᠤ ᠨᠦᠯᠦᠬᠡᠯᠡᠬᠦ ᠵᠡᠷᠭᠡ ᠬᠡᠴᠡᠭᠦᠦ ᠠᠰᠠᠭᠤᠳᠠᠯ ᠳᠤᠯᠭᠠᠷᠠᠳᠠᠭ ︵ᠰᠢᠯᠭᠠᠯᠳᠠ ᠶᠢ ᠠᠷᠭᠠᠴᠠᠭᠠᠬᠤ ᠰᠤᠷᠭᠠᠨ ᠬᠦᠮᠦᠵᠢᠯ | ᠪᠠᠰᠠ ᠯᠠ ᠬᠦᠨᠳᠦ ᠰᠦᠷᠡᠬᠡᠢ ᠤᠷᠤᠰᠢᠵᠤ ᠪᠤᠢ︶᠃ ᠡᠳᠡᠭᠡᠷ ᠠᠰᠠᠭᠤᠳᠠᠯ ᠢ ᠵᠤᠬᠢᠰᠳᠠᠢ ᠰᠢᠢᠳᠪᠦᠷᠢᠯᠡᠬᠦ ᠭᠡᠪᠡᠯ ᠮᠦᠨ | ᠴᠤ ᠪᠠᠭᠰᠢ ᠶᠢᠨ ᠵᠢᠭᠠᠬᠤ ᠠᠷᠭ᠎ᠠ ᠲᠠᠢ ᠰᠢᠭᠤᠳ ᠬᠤᠯᠪᠤᠭᠳᠠᠨ᠎ᠠ᠃ ᠡᠶᠢᠮᠦ ᠠᠴᠠ ᠪᠠᠭᠰᠢ ᠨᠠᠷ ᠴᠠᠭ ᠢᠶᠠᠨ ᠵᠤᠬᠢᠰᠳᠠᠢ | ᠳᠤᠬᠢᠷᠠᠭᠤᠯᠵᠤ᠂ ᠳᠦᠬᠦᠮ ᠬᠢᠯᠪᠠᠷ ᠬᠢᠴᠢᠶᠡᠯ ᠳᠤ ᠬᠡᠳᠦᠷᠭᠡᠢ ᠠᠷᠪᠢᠨ ᠴᠠᠭ ᠵᠠᠷᠤᠴᠠᠭᠤᠯᠬᠤ ᠶᠢ ᠳᠡᠪᠴᠢᠵᠤ | ᠪᠠᠭᠰᠢ ᠠᠴᠠ ᠤᠩᠰᠢᠯᠭ᠎ᠠ ᠪᠢᠴᠢᠯᠭᠡ ᠵᠢᠯᠤᠭᠤᠳᠬᠤ ᠪᠠᠷ ᠭᠤᠤᠯᠳᠠᠯᠭ᠎ᠠ ᠪᠤᠯᠭᠠᠵᠤ ᠤᠩᠰᠢᠯᠭ᠎ᠠ ᠪᠢᠴᠢᠯᠬᠡ | ᠵᠢᠯᠤᠭᠤᠳᠬᠤ ᠶᠠᠪᠤᠴᠠ ᠲᠤᠮᠳᠠ ᠪᠠᠨ ᠲᠡᠳᠡᠭᠡᠷ ᠬᠡᠯᠡ ᠵᠦᠢ ᠶᠢᠨ ᠮᠡᠳᠡᠯᠭᠡ ᠶᠢᠨ ᠠᠭᠤᠯᠭ᠎ᠠ ᠶᠢ ᠬᠢᠴᠢᠶᠡᠯ | ᠳᠤᠳᠤᠷ᠎ᠠ ᠪᠠᠨ ᠠᠭᠤᠰᠬᠠᠨ ᠤᠷᠤᠭᠤᠯᠵᠤ᠂ ᠬᠦᠴᠢᠷ ᠦᠭᠡᠰ ᠤᠨ ᠪᠢᠴᠢᠯᠭᠡ ᠶᠢ ᠮᠡᠳᠡᠭᠦᠯᠬᠦ ᠲᠡᠭᠡᠷ᠎ᠡ ᠬᠦᠴᠦ | ᠵᠠᠷᠤᠴᠠᠭᠤᠯᠵᠤ᠂ ᠡᠨᠡ ᠦᠭᠡ ᠨᠢ ᠶᠠᠮᠠᠷ ᠦᠭᠡᠨ ᠲᠡᠭᠡᠷ᠎ᠡ ᠶᠠᠮᠠᠷ ᠲᠠᠭᠠᠪᠤᠷᠢ ᠵᠠᠯᠭᠠᠭᠠᠳ ᠪᠦᠳᠦᠭᠰᠡᠨ᠂ ᠠᠯᠢ ᠬᠤᠶᠠᠷ | ᠦᠶ᠎ᠡ ᠨᠢ ᠨᠡᠶᠢᠯᠡᠭᠡᠳ ᠶᠠᠮᠠᠷ ᠠᠪᠢᠶ᠎ᠠ ᠪᠤᠯᠤᠨ ᠰᠤᠨᠤᠰᠳᠠᠵᠤ ᠪᠠᠶᠢᠭ᠎ᠠ ᠵᠡᠷᠭᠡ ᠶᠢ ᠨᠢᠭᠡᠳ ᠨᠢᠭᠡ ᠪᠠᠷ ᠰᠠᠶᠢᠬᠠᠨ | ᠲᠠᠶᠢᠯᠪᠤᠷᠢᠯᠠᠵᠤ ᠦᠭᠪᠡᠯ ᠡᠨᠡ ᠬᠦᠴᠢᠷᠳᠡᠯ ᠢ ᠮᠦᠨ ᠰᠢᠢᠳᠪᠦᠷᠢᠯᠡᠵᠦ ᠲᠡᠶᠢᠯᠦᠨ᠎ᠡ᠃ ᠵᠢᠱᠢᠶᠡᠯᠡᠪᠡᠯ᠄ ︽ | ᠤᠷᠤᠭᠤᠯᠤᠭᠰᠡᠨ︾ ᠭᠡᠬᠦ ᠦᠭᠡ ᠶᠢᠨ ᠪᠢᠴᠢᠯᠭᠡ ᠶᠢ ᠮᠡᠳᠡᠭᠦᠯᠬᠦ ᠳᠤ ︽ᠤᠷᠤ + ᠭᠤᠯ + ᠭᠰᠡᠨ︾ ᠢ ᠵᠠᠯᠭᠠᠵᠤ | ᠪᠢᠴᠢᠬᠦ ᠳᠤ ︽ᠯ︾ ᠪᠠ ︽ᠭᠰᠠᠨ︾ ᠤ ᠬᠤᠭᠤᠷᠤᠨᠳᠤ ᠬᠤᠯᠪᠤᠬᠤ ᠡᠭᠡᠰᠢᠭ ︽ᠤ᠊︾ ᠶᠢ ᠠᠪᠤᠭᠰᠡᠨ ᠪᠠ ︽ᠷᠤ ᠪᠠ | ᠭᠤᠯ︾ ᠨᠢ ᠨᠡᠶᠢᠯᠡᠭᠡᠳ ︽ᠷᠤᠯ︾ ᠪᠤᠯᠵᠤ ᠤᠷᠳᠤ ᠰᠤᠨᠤᠰᠳᠠᠵᠤ ᠪᠠᠶᠢᠨ᠎ᠠ ᠭᠡᠳᠡᠭ ᠢ ᠨᠢᠭᠡᠳ ᠨᠢᠭᠡ ᠪᠠᠷ | ᠲᠠᠶᠢᠯᠪᠤᠷᠢᠯᠠᠵᠤ ᠮᠡᠳᠡᠭᠦᠯᠪᠡᠯ ᠰᠤᠷᠤᠭᠴᠢᠳ ᠠᠶᠠᠨᠳᠠᠭᠠᠨ ᠵᠦᠪ ᠪᠢᠴᠢᠯᠭᠡ ᠳᠤ ᠴᠠᠭᠠᠷᠠᠬᠤ ᠪᠤᠯᠤᠨ᠎ᠠ᠃ ᠡᠨᠡᠬᠦ | ᠦᠭᠡᠨ ᠳᠤ ︽ᠬᠤᠯᠪᠤᠬᠤ ᠡᠬᠡᠰᠢᠭ ᠤᠨ ᠲᠦᠷᠢᠮ︾᠂ ︽ᠤᠷᠳᠤ ᠡᠬᠡᠰᠢᠭ︾ ᠵᠡᠷᠬᠡ ᠬᠡᠯᠡ ᠵᠦᠢ ᠶᠢᠨ ᠮᠡᠳᠡᠯᠭᠡ | ᠪᠦᠷ ᠠᠭᠤᠯᠤᠭᠳᠠᠵᠤ ᠪᠤᠢ᠃ ᠶᠠᠮᠠᠷᠪᠠ ᠠᠵᠢᠯ ᠢ ᠡᠬᠢᠯᠡᠵᠤ ᠬᠢᠬᠦ ᠳᠤ ᠯᠠᠪᠳᠠᠢ ᠡᠯᠳᠡᠪ ᠵᠦᠢᠯ ᠤᠨ ᠬᠦᠴᠢᠷᠳᠡᠯ | ᠲᠤᠯᠭᠠᠷᠠᠨ᠎ᠠ᠂ ᠵᠢᠱᠢᠶᠠᠯᠡᠬᠡᠳ ᠬᠡᠯᠡᠪᠡᠯ᠂ ᠴᠠᠭ ᠤᠨ ᠳᠠᠯ᠎ᠠ ᠪᠠᠷ᠂ ᠰᠤᠷᠤᠭᠴᠢᠳ ᠤᠨ ᠤᠶᠢᠯᠠᠭᠠᠵᠤ ᠳᠦᠭᠦᠷᠬᠦ | ᠴᠢᠳᠠᠪᠦᠷᠢ᠂ ᠨᠠᠰᠤᠨ ᠤ ᠤᠨᠴᠠᠯᠢᠭ ᠁ ᠵᠡᠷᠭᠡ᠃ ︽ᠵᠤᠷᠢᠭ ᠪᠠᠶᠢᠪᠠᠯ ᠵᠤᠷᠢᠭᠰᠠᠨ ᠳᠡᠭᠡᠨ ᠬᠦᠷᠴᠦ ᠳᠡᠶᠢᠯᠤᠨ᠎ᠡ︾ | ᠂ ︽ᠴᠢᠷᠮᠠᠶᠢᠯᠠᠭ᠎ᠠ ᠬᠦᠮᠦᠨ ᠢ ᠭᠤᠮᠤᠳᠠᠭᠠᠬᠤ ᠦᠬᠡᠢ ᠶᠤᠮ︾ ᠭᠡᠳᠡᠭ ᠢᠶᠠᠷ ᠪᠠᠭᠰᠢ ᠨᠠᠷ ᠦᠪᠡᠷ ᠤᠨ | ᠵᠤᠭᠰᠤᠴᠠ ᠪᠠᠨ ᠴᠢᠩᠭᠠᠳᠬᠠᠵᠤ᠂ ᠳᠠᠨᠢᠯᠳᠠ ᠪᠠᠨ ᠳᠡᠭᠡᠭᠰᠢᠯᠡᠬᠦᠯᠦᠨ᠂ ᠴᠦᠭᠦᠷᠡᠯ ᠦᠭᠡᠢ ᠴᠢᠷᠮᠠᠶᠢᠪᠠᠯ ᠯᠠᠪᠳᠠᠢ | ᠵᠤᠷᠢᠭᠰᠡᠨ ᠳᠡᠭᠡᠨ ᠬᠦᠷᠴᠦ ᠴᠢᠳᠠᠬᠤ ᠶᠤᠮ᠃ | ᠭᠤᠷᠪᠠ · ᠡᠭᠦᠷᠭᠡ ᠬᠠᠷᠢᠭᠤᠴᠠᠯᠭ᠎ᠠ ᠪᠠᠨ ᠲᠤᠳᠤᠷᠬᠠᠢ ᠲᠠᠨᠢᠬᠤ ᠦᠭᠡᠢ ᠪᠠᠶᠢᠬᠤ | ᠦᠨᠳᠦᠰᠦᠳᠡᠨ ᠤ ᠦᠭᠡ ᠬᠡᠯᠡ ᠦᠰᠦᠭ ᠪᠢᠴᠢᠭ ᠨᠢ ᠨᠢᠭᠡ ᠦᠨᠳᠦᠰᠦᠳᠡᠨ ᠤ ᠮᠠᠨᠳᠤᠯ ᠪᠠᠭᠤᠷᠠᠯ ᠲᠠᠢ | ᠰᠢᠭᠤᠳ ᠬᠤᠯᠪᠤᠭ᠎ᠠ ᠲᠠᠢ᠃ ᠦᠨᠳᠦᠰᠦᠳᠡᠨ ᠤ ᠦᠭᠡ ᠬᠡᠯᠡ ᠦᠰᠦᠭ ᠪᠢᠴᠢᠭ ᠢᠶᠠᠨ ᠬᠦᠭᠵᠢᠭᠦᠯᠵᠤ | ᠮᠠᠨᠳᠤᠭᠤᠯᠬᠤ ᠨᠢ ᠬᠦᠮᠦᠨ ᠪᠦᠭᠦᠨ ᠤ ᠲᠦᠯᠬᠢᠵᠤ ᠪᠤᠯᠤᠰᠢ ᠦᠭᠡᠢ ᠲᠠᠷᠬᠠᠨ ᠬᠠᠷᠢᠭᠤᠴᠠᠯᠭ᠎ᠠ ᠪᠤᠯᠤᠨ᠎ᠠ᠃ | ᠶᠡᠷᠦᠩᠬᠡᠢ ᠳᠤᠨᠢ ᠠᠪᠴᠤ ᠬᠡᠯᠡᠪᠡᠯ᠂ ᠪᠢᠳᠡ ᠵᠢᠭᠠᠨ ᠰᠤᠷᠭᠠᠯᠳᠠ ᠲᠤᠮᠳᠠ ᠤᠷᠤᠰᠢᠵᠤ ᠪᠠᠶᠢᠭ᠎ᠠ | ᠠᠰᠠᠭᠤᠳᠠᠯ ᠢᠶᠠᠨ ᠵᠦᠪ ᠢᠶᠠᠷ ᠤᠶᠢᠯᠠᠭᠠᠵᠤ᠂ ᠵᠢᠭᠠᠨ ᠰᠤᠷᠭᠠᠯᠳᠠ ᠲᠤᠮᠳᠠ ᠤᠷᠤᠰᠢᠵᠤ ᠪᠠᠶᠢᠭ᠎ᠠ ᠠᠯᠳᠠᠭᠳᠠᠯ | ᠬᠡᠮ ᠢᠶᠠᠨ ᠬᠠᠯᠠᠨ ᠰᠠᠶᠢᠵᠢᠷᠠᠭᠤᠯᠵᠤ᠂ ᠦᠨᠳᠦᠰᠦᠳᠡᠨ ᠢᠶᠠᠨ ᠠᠪᠤᠷᠠᠬᠤ᠂ ᠦᠨᠳᠦᠰᠦᠳᠡᠨ ᠤ ᠦᠭᠡ ᠬᠡᠯᠡ ᠦᠰᠦᠭ | ᠪᠢᠴᠢᠭ ᠢᠶᠠᠨ ᠬᠦᠭᠵᠢᠭᠦᠯᠵᠤ ᠮᠠᠨᠳᠤᠭᠤᠯᠬᠤ ᠦᠨᠡᠨ ᠰᠡᠳᠬᠢᠯᠭᠡ ᠪᠠᠶᠢᠪᠠᠯ ᠶᠠᠮᠠᠷ ᠴᠤ ᠬᠦᠴᠢᠷᠳᠡᠯ ᠠᠶᠠᠨᠳᠠᠭᠠᠨ | ᠰᠡᠢᠳᠪᠦᠷᠢᠯᠡᠭᠳᠡᠬᠦ ᠶᠤᠮ᠃ ᠦᠨᠳᠤᠰᠤᠳᠡᠨ ᠤ ᠪᠠᠨ ᠦᠬᠡ ᠬᠡᠯᠡ ᠦᠰᠦᠭ ᠪᠢᠴᠢᠭ ᠢ ᠰᠤᠷᠴᠤ ᠬᠡᠷᠡᠭᠵᠢᠬᠦᠯᠬᠦ᠂ | ᠦᠨᠳᠤᠰᠤᠳᠡᠨ ᠢᠶᠠᠨ ᠮᠠᠨᠳᠤᠭᠤᠯᠤᠨ ᠬᠦᠴᠦᠷᠭᠡᠭᠵᠢᠬᠦᠯᠬᠦ ᠬᠦᠨᠳᠤ ᠴᠢᠬᠤᠯᠠ ᠡᠭᠦᠷᠭᠡ ᠶᠢ ᠵᠦᠪᠬᠡᠨ ᠮᠤᠩᠭᠤᠯ ᠬᠡᠯᠡᠨ ᠤ | ᠬᠡᠳᠦᠬᠡᠨ ᠪᠠᠭᠰᠢ ᠳᠤ ᠨᠠᠶᠢᠳᠠᠬᠤ ᠶᠤᠮ ᠪᠤᠯ ᠮᠠᠨ ᠤ ᠦᠨᠳᠤᠰᠤᠳᠡᠨ ᠠᠪᠤᠷᠠᠰᠢ ᠦᠬᠡᠢ ᠪᠤᠯᠬᠤ ᠨᠢ ᠳᠡᠷᠡ ᠡ︕ | ᠰᠤᠷᠤᠭᠴᠢᠳ ᠤᠨ ᠵᠦᠪ ᠪᠢᠴᠢᠯᠭᠡ ᠶᠢᠨ ᠬᠢᠷᠢ ᠬᠡᠮᠵᠢᠶ᠎ᠡ ᠶᠢ ᠲᠡᠭᠡᠭᠰᠢᠯᠡᠭᠦᠯᠬᠦ ᠳᠤ ᠵᠦᠪᠭᠡᠨ ᠮᠤᠩᠭᠤᠯ ᠬᠡᠯᠡᠨ ᠤ | ᠪᠠᠭᠰᠢ ᠳᠤ ᠨᠠᠶᠢᠳᠠᠵᠤ ᠲᠦᠰᠢᠭᠯᠡᠭᠡᠳ ᠪᠤᠯᠬᠤ ᠪᠢᠰᠢ᠂ ᠬᠠᠷᠢᠨ ᠪᠦᠬᠦ ᠨᠡᠶᠢᠭᠡᠮ ᠢᠶᠠᠷ ᠢᠶᠠᠨ᠂ ᠪᠦᠬᠦ ᠬᠦᠮᠦᠰ ᠤᠨ | ᠬᠠᠮᠳᠤ ᠶᠢᠨ ᠴᠢᠷᠮᠠᠶᠢᠯᠭ᠎ᠠ ᠪᠠᠶᠢᠮᠠᠨᠵᠢᠨ ᠰᠠᠶ᠋ᠢ ᠡᠨᠡᠬᠦ ᠬᠦᠴᠢᠷ ᠠᠰᠠᠭᠤᠳᠠᠯ ᠢ ᠰᠢᠢᠳᠪᠦᠷᠢᠯᠡᠵᠦ ᠴᠢᠳᠠᠨ᠎ᠠ᠃ | |