ᠦᠷᠯᠦᠬᠡ ᠪᠦᠷᠢ ᠴᠠᠢ ᠶᠢᠨ ᠲᠡᠭᠡᠵᠢ ᠪᠠᠨ ᠤᠪᠤᠭ᠎ᠠ ᠰᠠᠷᠢᠳᠠᠭ ᠲᠠᠭᠠᠨ ᠡᠷᠬᠦᠵᠤ᠂ ᠤᠳᠤᠷ ᠪᠠᠭᠤᠳᠠᠯ ᠠᠶᠠᠨ ᠵᠢᠩ ᠢᠶᠠᠨ ᠴᠠᠢ ᠪᠠᠷ ᠪᠡᠯᠬᠡᠳᠡᠳᠡᠭ ᠮᠤᠩᠭᠤᠯ ᠲᠦᠮᠡᠨ ᠳᠡᠭᠡᠨ ᠡᠷᠬᠦᠬᠦ ᠨᠡᠨᠳᠢᠨ ᠪᠡᠯᠡᠭ
ᠨᠡᠶᠢᠲᠡᠯᠡᠭᠰᠡᠨ ᠴᠠᠭ᠄
2015/5/12
     ᠵᠤᠤ ᠤᠳᠠ ᠨᠤᠳᠤᠭ ᠲᠠᠢ ᠮᠤᠩᠭᠤᠯ ᠬᠡᠤᠬᠡᠨ ᠨᠡᠮᠤᠷ᠎ᠠ 500 ᠵᠢᠯ ᠤᠨ ᠲᠡᠤᠬᠡ ᠲᠠᠢ ᠬᠤᠨᠠᠨ ᠮᠤᠵᠢ ᠶᠢᠨ ᠠᠨ ᠬᠤᠸᠠ ᠴᠠᠢ ᠶᠢᠨ ᠲᠠᠯᠠᠪᠠᠢ ᠶᠢ ᠭᠠᠭᠴᠠ ᠪᠡᠯᠡ ᠪᠠᠷ ᠬᠤᠳᠠᠯᠳᠤᠨ ᠠᠪᠴᠤ᠂ ᠮᠤᠩᠭᠤᠯ ᠤᠭᠰᠠᠭᠠᠳᠠᠨ ᠤ ᠦᠷᠯᠦᠬᠡ ᠪᠦᠷᠢ ᠶᠢᠨ ᠢᠳᠡᠬᠡᠨ ᠤ ᠲᠡᠭᠡᠵᠢ᠂ ᠡᠳᠤᠷ ᠲᠤᠳᠤᠮ ᠤᠨ ᠵᠤᠭᠤᠭ ᠤᠨ ᠬᠠᠨᠢ ᠪᠤᠯᠤᠭᠰᠠᠨ ᠰᠦ ᠲᠠᠢ ᠴᠠᠢ ᠎ ᠶᠢᠨ ᠮᠠᠲ᠋ᠧᠷᠢᠶᠡᠯ ᠢ ᠲᠠᠷᠢᠵᠤ ᠠᠷᠠᠴᠢᠯᠠᠬᠤ ᠠᠴᠠ ᠠᠪᠤᠭᠠᠳ ᠡᠳ᠋ᠰᠢᠬᠦᠯᠵᠤ ᠪᠤᠯᠪᠠᠰᠤᠷᠠᠭᠤᠯᠬᠤ ᠬᠦᠷᠳᠡᠯ᠎ᠡ ᠮᠤᠩᠭᠤᠯ ᠎ ᠢᠶᠠᠷ ᠡᠵᠡᠩᠨᠡᠵᠤ᠂ ᠠᠨ ᠬᠤᠸᠠ ᠶᠢᠨ ︽ᠨᠠᠮᠤᠷ᠎ᠠ︾ ᠲᠡᠮᠳᠡᠭᠳᠤ ᠮᠤᠩᠭᠤᠯ ᠭᠠᠷᠤᠯ ᠲᠠᠢ ᠬᠠᠷ᠎ᠠ ᠴᠠᠢ ᠪᠤᠯᠭᠠᠵᠤ ᠠᠪᠤᠯ᠎ᠠ᠃ ᠬᠠᠮᠤᠭ ᠠᠩᠬ᠎ᠠ ᠨᠠᠶᠢᠳᠠ ᠶᠢᠨ ᠤᠨ ᠲᠤᠭᠠᠯᠠᠯ ᠤᠨ 1595 ᠤᠨ ᠳᠤ ᠲᠦᠷᠦ ᠵᠠᠰᠠᠭ ᠠᠴᠠ ᠪᠠᠷᠠᠭᠤᠨ ᠬᠤᠶᠢᠳᠤ ᠬᠢᠵᠠᠭᠠᠷ ᠤᠨ ᠡᠯ᠎ᠡ ᠴᠦᠬᠡᠨ ᠲᠤᠭᠠᠳᠤ ᠦᠨᠳᠤᠰᠤᠳᠠᠨ ᠤ ᠠᠷᠠᠳ ᠲᠦᠮᠡᠨ ᠳᠤ ᠬᠠᠩᠭᠠᠬᠤ ᠤᠨᠴᠠᠭᠠᠢ ᠲᠠᠸᠠᠷ ᠢᠶᠠᠷ ᠲᠤᠭᠳᠠᠭᠠᠭᠳᠠᠵᠤ᠂ ᠡᠷᠳᠡᠨ ᠤ ᠲᠤᠷᠭ᠎ᠠ ᠲᠤᠷᠳᠤᠩ ᠤᠨ ᠵᠠᠮ ᠢ ᠲᠠᠭᠠᠵᠤ ᠲᠡᠮᠡᠬᠡᠨ ᠵᠢᠩ᠂ ᠮᠤᠷᠢᠨ ᠠᠴᠢᠶ᠎ᠠ ᠪᠠᠷ ᠬᠠᠳᠤᠨ ᠭᠤᠤᠯ ᠢ ᠭᠠᠳᠤᠯᠠᠨ ᠮᠤᠩᠭᠤᠯ ᠨᠤᠳᠤᠭ ᠲᠤ ᠤᠷᠤᠵᠤ᠂ ᠮᠤᠩᠭᠤᠯᠴᠤᠳ ᠤᠨ ᠠᠮᠳᠠᠷᠬᠠᠨ ᠤᠤᠭᠤᠳᠠᠭ ᠰᠦ ᠲᠠᠢ ᠴᠠᠢ ᠪᠤᠢ ᠪᠤᠯᠤᠭᠰᠠᠨ ᠶᠤᠮ᠃ ᠮᠤᠩᠭᠤᠯ ᠤᠨ ᠦᠨᠳᠦᠷᠯᠢᠭ ᠲᠠᠬᠢ ᠬᠦᠮᠦᠰ ᠠᠨ ᠬᠤᠸᠠ ᠬᠠᠷ᠎ᠠ ᠴᠠᠢ ᠳᠤ ᠤᠨᠴᠠ ᠲᠤᠷᠠᠳᠠᠢ ᠪᠠᠶᠢᠳᠠᠭ ᠤᠨ ᠤᠴᠢᠷ ᠨᠢ ᠲᠡᠬᠦᠨ ᠤ ᠰᠢᠨᠵᠢ ᠴᠢᠨᠠᠷ᠂ ᠰᠢᠨ᠎ᠡ ᠲᠡᠵᠢᠬᠡᠯ ᠮᠤᠩᠭᠤᠯ ᠨᠤᠳᠤᠭ ᠲᠤ ᠤᠨᠴᠠ ᠲᠤᠬᠢᠶᠠᠯᠳᠤᠳᠠᠭ ᠲᠤ ᠪᠠᠶᠢᠳᠠᠭ ᠰᠠᠨ᠃        ᠨᠠᠮᠤᠷ᠎ᠠ᠂ ᠦᠪᠤᠷ ᠮᠤᠩᠭᠤᠯ ᠤᠨ ᠪᠠᠭᠠᠷᠢᠨ ᠵᠡᠬᠦᠨ ᠬᠤᠰᠢᠭᠤᠨ ᠤ ᠮᠤᠩᠭᠤᠯ ᠬᠡᠤᠬᠡᠨ᠃      ᠬᠠᠷᠠᠬᠠᠨ ᠪᠠᠭ᠎ᠠ ᠠᠴᠠ ᠪᠠᠨ ᠴᠠᠢ ᠶᠢᠨ ᠰᠤᠶᠤᠯ ᠳᠤ ᠪᠠᠭ᠋ᠠᠳᠠᠢ᠂ ᠬᠡᠵᠢᠶ᠎ᠡ ᠨᠢᠬᠡ ᠡᠳᠤᠷ ᠭᠠᠷ ᠭᠠᠨᠵᠤᠭ᠎ᠠ ᠳᠤ ᠬᠦᠯ ᠲᠦᠷᠦᠬᠡᠨ ᠳᠤ ᠬᠦᠷᠦᠭᠰᠡᠨ ᠴᠠᠭ ᠲᠤ ᠦᠪᠡᠷ ᠢᠶᠠᠨ ᠰᠠᠶᠢᠬᠠᠨ ᠴᠠᠢ ᠲᠠᠷᠢᠵᠤ᠂ ᠮᠤᠩᠭᠤᠯ ᠲᠦᠮᠡᠨ ᠳᠡᠭᠡᠨ ᠮᠤᠩᠭᠤᠯ ᠬᠦᠮᠦᠨ ᠲᠠᠷᠢᠵᠤ ᠡᠳ᠋ᠰᠢᠬᠦᠯᠦᠭᠰᠡᠨ ᠴᠠᠢ ᠤᠤᠭᠤᠯᠭᠠᠬᠤ ᠶᠢ ᠵᠤᠷᠢᠳᠠᠭ ᠪᠠᠶᠢᠵᠠᠢ᠃      2011 ᠤᠨ ᠳᠤ ᠠᠵᠠ ᠪᠠᠷ ᠬᠤᠨᠠᠨ ᠮᠤᠵᠢ ᠶᠢᠨ ᠠᠨ ᠬᠤᠸᠠ ᠰᠢᠶᠠᠨ ᠤ ᠴᠠᠢ ᠶᠢᠨ ᠲᠠᠯᠠᠪᠠᠢ ᠶᠢᠨ ᠲᠠᠭᠠᠭᠠᠴᠢᠯᠠᠯᠳᠠ ᠳᠤ ᠤᠷᠤᠯᠴᠠᠵᠤ᠂ ᠬᠠᠮᠤᠭ ᠰᠠᠶᠢᠨ ᠮᠦᠰᠦᠳᠦᠯᠬᠡ ᠶᠢᠨ ᠬᠤᠷᠠᠮᠳᠠᠰᠤᠳᠤ ᠴᠠᠢ ᠶᠢᠨ ᠲᠠᠯᠠᠪᠠᠢ ᠶᠢ ᠡᠵᠡᠩᠨᠡᠬᠦ ᠡᠷᠬᠡ ᠲᠠᠢ ᠪᠤᠯᠪᠠ᠃      ᠤᠳᠤ ᠨᠠᠮᠤᠷ᠎ᠠ ᠬᠡᠤᠬᠡᠨ ᠦᠪᠡᠷ ᠢᠶᠠᠨ ᠴᠠᠢ ᠶᠢᠨ ᠲᠠᠯᠠᠪᠠᠢ᠂ ᠴᠠᠢ ᠶᠢᠨ ᠦᠢᠯᠡᠳᠪᠤᠷᠢ᠂ ᠨᠠᠮᠤᠷ᠎ᠠ ᠲᠡᠮᠳᠡᠭᠳᠤ ᠪᠠᠷᠠᠭ᠎ᠠ ᠱᠤᠰᠢᠭ ᠲᠠᠢ ᠪᠤᠯᠤᠭᠰᠠᠨ ᠢᠶᠠᠷ ᠪᠠᠷᠠᠬᠤ ᠦᠭᠡᠢ ᠤᠯᠠᠭᠠᠨᠬᠠᠳᠠ ᠬᠤᠳᠠ ᠶᠢᠨ ᠰᠢᠨ᠎ᠡ ᠲᠤᠭᠤᠷᠢᠭ ᠤᠨ ᠵᠡᠬᠦᠨ ᠡᠮᠤᠨ᠎ᠡ ᠬᠡᠰᠡᠭ ᠲᠤ ᠴᠤᠯ ᠴᠠᠢ ᠶᠢᠨ ᠮᠤᠳᠤ ᠪᠠᠷ ᠴᠢᠮᠡᠭᠰᠡᠨ ︽ᠨᠠᠮᠤᠷ᠎ᠠ ᠬᠠᠷ᠎ᠠ ᠴᠠᠢ︾ ᠡᠵᠡᠩᠨᠡᠵᠤ᠂ ᠴᠠᠢ ᠶᠢᠨ ᠵᠤᠭᠤᠭ ᠤᠨ ᠦᠷᠦᠬᠡ ᠪᠠᠷ ᠴᠠᠢ ᠶᠢᠨ ᠰᠤᠶᠤᠯ ᠢᠶᠠᠨ ᠤᠯᠠᠮᠵᠢᠯᠠᠵᠤ ᠪᠠᠶᠢᠨ᠎ᠠ᠃
   
     ᠬᠠᠷ᠎ᠠ ᠴᠠᠢ ᠶᠢᠨ ᠡᠷᠡᠬᠦᠯᠵᠢᠬᠦᠯᠬᠦ ᠴᠢᠳᠠᠮᠵᠢ      ᠨᠢᠭᠡ᠂ ᠢᠳᠡᠬᠡᠨ ᠤ ᠰᠢᠮ᠎ᠡ ᠲᠡᠵᠢᠬᠡᠯ ᠤᠨ ᠰᠢᠩᠬᠡᠭᠡᠭᠳᠡᠬᠦ ᠶᠢ ᠠᠬᠢᠭᠤᠯᠤᠨ᠎ᠠ᠃      ᠬᠤᠶᠠᠷ᠂ ᠰᠢᠩᠬᠡᠬᠡᠯᠳᠠ ᠶᠢ ᠰᠠᠶᠢᠵᠢᠷᠠᠭᠤᠯᠬᠤ᠂ ᠢᠳᠡᠬᠡᠨ ᠤ ᠨᠢᠯᠤᠭᠤᠷᠠᠯ ᠢ ᠲᠠᠶᠢᠯᠵᠤ᠂ ᠰᠢᠩᠬᠡᠬᠡᠯᠳᠠ ᠶᠢᠨ ᠵᠠᠮ ᠢ ᠰᠢᠯᠤᠭᠤᠳᠬᠠᠨ᠎ᠠ᠃      ᠭᠤᠷᠪᠠ᠂ ᠴᠢᠰᠤᠨ ᠳᠠᠬᠢ ᠦᠬᠡᠬᠦ ᠶᠢ ᠬᠠᠶᠢᠯᠤᠭᠤᠯᠤᠨ᠂ ᠮᠠᠷᠢᠶ᠎ᠠ ᠶᠢ ᠪᠠᠭᠤᠷᠠᠭᠤᠯᠵᠤ᠂ ᠰᠤᠳᠠᠯ ᠰᠢᠨᠳᠠᠰᠤ ᠶᠢ ᠵᠦᠬᠡᠯᠡᠷᠡᠬᠦᠯᠦᠨ᠂ ᠵᠢᠷᠦᠬᠡ ᠲᠠᠷᠢᠬᠢᠨ ᠰᠤᠳᠠᠯ ᠤᠨ ᠡᠪᠡᠳᠴᠢᠨ ᠢ ᠰᠡᠷᠬᠡᠶᠢᠯᠡᠨ᠎ᠡ᠃      ᠲᠦᠷᠪᠡ᠂ ᠢᠰᠦᠯᠳᠤᠵᠤ ᠪᠤᠯᠴᠢᠷᠬᠠᠭᠳᠠᠬᠤ ᠶᠢ ᠡᠰᠡᠷᠬᠦᠴᠠᠨ᠂ ᠦᠳᠡᠯᠬᠦ ᠶᠢ ᠬᠤᠶᠢᠰᠢᠯᠠᠭᠤᠯᠵᠤ᠂ ᠮᠠᠬᠠᠪᠤᠳ ᠎ ᠤᠨ ᠠᠮᠢᠵᠢᠷᠠᠯ ᠢ ᠰᠠᠶᠢᠵᠢᠷᠠᠭᠤᠯᠤᠨ᠎ᠠ᠃      ᠲᠠᠪᠤ᠂ ᠦᠮᠡᠨ ᠤ ᠬᠤᠪᠢᠰᠤᠯ ᠢ ᠡᠰᠡᠷᠬᠦᠴᠡᠵᠤ᠂ ᠮᠠᠬᠠᠪᠤᠳ ᠤᠨ ᠦᠪᠡᠷ ᠢ ᠪᠠᠨ ᠬᠠᠮᠠᠭᠠᠯᠠᠬᠤ ᠴᠢᠳᠠᠯ ᠢ ᠴᠢᠩᠭᠠᠷᠠᠭᠤᠯᠤᠨ᠎ᠠ᠃      ᠵᠢᠷᠭᠤᠭ᠎ᠠ᠂ ᠴᠢᠰᠤᠨ ᠲᠠᠷᠤᠯᠳᠠ ᠶᠢ ᠲᠠᠩᠴᠡᠬᠦᠷᠢᠰᠢᠬᠦᠯᠦᠨ᠎ᠡ᠃      ᠲᠤᠯᠤᠭ᠎ᠠ᠂ ᠪᠡᠶ᠎ᠡ ᠳᠠᠬᠢ ᠰᠢᠬᠢᠷᠯᠢᠭ ᠤᠨ ᠰᠤᠯᠢᠭᠳᠠᠯ ᠢ ᠰᠠᠶᠢᠵᠢᠷᠠᠭᠤᠯᠵᠤ᠂ ᠴᠢᠰᠤᠨ ᠳᠠᠬᠢ ᠰᠢᠬᠢᠷ ᠢ ᠪᠠᠭᠤᠷᠠᠭᠤᠯᠤᠨ᠂ ᠰᠢᠬᠢᠷ ᠰᠢᠵᠢᠩ ᠡᠪᠡᠳᠴᠢᠨ ᠢ ᠰᠡᠷᠬᠡᠶᠢᠯᠡᠨ᠎ᠡ᠃      ᠨᠠᠢᠮᠠ᠂ ᠪᠠᠺᠲ᠋ᠧᠷᠢ ᠶᠢ ᠠᠯᠠᠵᠤ᠂ ᠦᠷᠪᠢᠰᠤᠯ ᠢ ᠲᠠᠷᠤᠨ᠎ᠠ᠃      ᠶᠢᠰᠤ᠂ ᠢᠯᠭᠠᠳᠠᠰᠤ ᠭᠠᠳᠠᠭᠰᠢᠯᠠᠬᠤ ᠶᠢ ᠰᠢᠯᠤᠭᠤᠳᠬᠠᠨ᠂ ᠬᠤᠤᠷ ᠢ ᠲᠠᠶᠢᠯᠵᠤ᠂ ᠠᠷᠢᠬᠢ ᠲᠠᠮᠠᠬᠢᠨ ᠤ ᠬᠦᠨᠦᠬᠡᠯ ᠢ ᠪᠠᠭᠤᠷᠠᠭᠤᠯᠤᠨ᠎ᠠ᠃      ︽ᠨᠠᠮᠤᠷ᠎ᠠ︾ ᠲᠡᠮᠳᠡᠭᠳᠤ ᠬᠠᠷ᠎ᠠ ᠴᠠᠢ ᠶᠢᠨ ᠲᠦᠷᠦᠯ ᠵᠦᠢᠯ᠄      ⒈ ᠴᠠᠢ ᠶᠢᠨ ᠰᠢᠷ᠎ᠠ ᠴᠡᠴᠡᠭ ᠢᠶᠠᠷ ᠢᠳᠡᠬᠡᠰᠢᠬᠦᠯᠦᠭᠰᠡᠨ ︵茯砖茶︶ ᠬᠡᠪ ᠤᠨ ᠴᠠᠢ ︵750g︶      ⒉ 15 ᠵᠢᠯ ᠠᠴᠠ ᠲᠡᠭᠡᠭᠰᠢ ᠢᠳᠡᠬᠡᠰᠢᠬᠦᠯᠦᠭᠰᠡᠨ ᠬᠠᠭᠤᠴᠢᠨ ᠴᠠᠢ ︵800g︶      ⒊ ᠨᠠᠷᠢᠯᠢᠭ ᠢᠳᠡᠬᠡᠰᠢᠬᠦᠯᠦᠭᠰᠡᠨ ᠬᠡᠪ ᠤᠨ ᠴᠠᠢ ︵1000g︶        ᠡᠯ᠎ᠡ ᠭᠠᠵᠠᠷ ᠲᠤ ᠲᠦᠷᠬᠡᠨ ᠲᠠᠮᠵᠢᠭᠤᠯᠭ᠎ᠠ ᠪᠠᠷ ᠪᠠᠷᠠᠭ᠎ᠠ ᠬᠠᠩᠭᠠᠨ᠎ᠠ᠃      ᠴᠠᠢ ᠵᠠᠬᠢᠶᠠᠯᠠᠬᠤ ᠤᠳᠠᠰᠤ᠄ 188 — 0476 — 5600                          0476 — 8781981
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号