| ᠰᠠᠶ᠋ᠢᠬᠠᠨ ᠦᠩᠭᠡᠷᠡᠭᠰᠠᠨ ︽5 ᠊ 1︾ ᠤ ᠤᠬᠤᠷᠬᠠᠨ ᠠᠮᠠᠷᠠᠯᠳᠠ ᠳᠤ ᠪᠦᠭᠦ ᠤᠯᠤᠰ ᠤᠨ ᠡᠯ᠎ᠠ | ᠶᠡᠭᠡ ᠪᠠᠭ᠎ᠠ ᠵᠤᠭᠠᠴᠠᠯ ᠤᠨ ᠴᠢᠭ᠋ ᠦᠵᠡᠮᠵᠢ ᠶᠢᠨ ᠤᠷᠤᠨ ᠨᠢ ᠴᠦᠮ ᠵᠤᠭᠠᠴᠠᠭᠰᠠᠳ ᠢᠶᠠᠷ ᠳᠦᠭᠦᠷᠴᠤ᠂ ᠵᠠᠷᠢᠮ | ᠭᠠᠵᠠᠷ ᠨᠢ ᠤᠷᠭᠢᠯ ᠳᠠᠭᠠᠨ ᠳᠤᠯᠤᠭᠰᠠᠨ ᠪᠠᠶᠢᠨ᠎ᠠ᠃ ᠡᠭᠦᠨ ᠳᠤ ᠠᠮᠠᠷᠠᠯᠳᠠ ᠶᠢᠨ ᠳᠠᠷᠠᠭᠠᠭᠢ ᠪᠤᠯᠪᠠᠰᠤᠨ ᠪᠤᠰᠤ | ᠵᠤᠭᠠᠴᠠᠭᠰᠠᠳ ᠢ ᠳᠤᠷᠭᠠᠵᠦ ᠰᠢᠢᠳᠪᠤᠷᠢᠯᠡᠭᠰᠠᠨ ᠮᠡᠳᠡᠭᠡ ᠨᠦᠭᠦᠳ ᠭᠦᠮᠦᠰ ᠲᠤ ᠰᠠᠷᠠᠮᠵᠢ ᠶᠢᠨ ᠬᠤᠩᠬᠤ ᠴᠤᠭᠢᠯᠠ᠃ | | ᠠᠮᠠᠷᠠᠯᠳᠠ ᠪᠤᠯᠬᠤ ᠪᠠᠷ ᠭᠦᠮᠦᠰ ᠭᠡᠷ ᠪᠦᠯᠢ ᠪᠠᠷ ᠢᠶᠠᠨ᠂ ᠠᠮᠠᠷᠠᠭ ᠬᠤᠩᠭᠤᠷ ᠲᠠᠢ ᠪᠠᠨ᠂ | ᠨᠠᠶᠢᠵᠠ ᠨᠦᠭᠦᠳ ᠲᠠᠢ ᠪᠠᠨ ᠭᠠᠳᠠᠭᠰᠢ ᠭᠠᠷᠴᠤ ᠳᠤᠭᠤᠷᠢᠨ᠂ ᠵᠤᠭᠠᠴᠠᠯ ᠤᠨ ᠴᠢᠭ᠋ ᠢᠶᠠᠷ ᠭᠦᠷᠴᠤ ᠰᠡᠳᠭᠢᠯ ᠢᠶᠠᠨ | ᠰᠡᠷᠭᠦᠭᠡᠵᠦ ᠠᠵᠢᠯ ᠤᠨ ᠴᠢᠯᠡᠭᠡ ᠪᠠᠶ᠎ᠠ ᠶᠢᠨ ᠶᠠᠳᠠᠷᠠᠭ᠎ᠠ ᠪᠠᠨ ᠳᠠᠶᠢᠯᠬᠤ ᠨᠢ ᠵᠦᠢ ᠶᠤᠰᠤᠨ ᠤ᠂ ᠮᠦᠨᠴᠤ ᠠᠶᠢᠵᠠᠮ | ᠳᠦᠷᠭᠡᠰᠦᠭᠰᠠᠨ ᠤᠳᠤᠭᠢ ᠨᠠᠶᠢᠭᠡᠮ ᠤᠨ ᠭᠦᠮᠦᠰ ᠤᠨ ᠵᠠᠶᠢᠯᠠᠰᠢ ᠦᠭᠡᠢ ᠰᠤᠩᠭᠤᠯᠳᠠ ᠪᠤᠯᠤᠭᠰᠠᠨ ᠴᠦ ᠭᠡᠮᠠᠷ᠃ | ᠭᠡᠳᠠᠯ᠎ᠠ ᠵᠤᠭᠠᠴᠠᠬᠤ ᠶᠠᠪᠤᠴᠠ ᠳᠠᠬᠢ ᠬᠤᠭ ᠯᠠᠭ ᠢ ᠭᠠᠷ ᠤᠨ ᠠᠶ᠎ᠠ ᠪᠠᠷ ᠭᠠᠵᠠᠷ ᠰᠠᠢ ᠦᠭᠡᠢ ᠬᠠᠶᠠᠬᠤ᠂ ᠴᠡᠴᠡᠭ | ᠬᠤᠸᠠᠷ ᠢ ᠳᠠᠰᠤᠳᠠᠵᠦ ᠠᠪᠠᠴᠢᠬᠤ᠂ ᠱᠤᠭᠤᠮᠠᠯ ᠭᠦᠷᠦᠭ ᠳᠡᠭᠡᠷ᠎ᠠ ᠭᠠᠷᠴᠤ ᠰᠡᠭᠦᠳᠡᠷᠯᠡᠭᠦ᠂ ᠬᠠᠮᠢᠶ᠎ᠠ ᠨᠠᠮᠢᠶ᠎ᠠ ᠦᠭᠡᠢ | ᠡᠷᠢᠶᠡᠴᠡᠵᠦ ᠵᠢᠷᠤᠬᠤ ᠵᠡᠷᠭᠡ ᠪᠤᠯᠪᠠᠰᠤᠨ ᠪᠤᠰᠤ ᠠᠵᠢᠯᠯᠠᠭ᠎ᠠ ᠨᠢ ᠵᠤᠭᠠᠴᠠᠯ ᠤᠨ ᠤᠷᠤᠨ ᠤ ᠦᠵᠡᠮᠵᠢ ᠶᠢ | ᠨᠦᠯᠦᠭᠡᠯᠡᠭᠰᠠᠨ ᠵᠠᠶᠢᠷ ᠪᠠᠷᠠᠬᠤ ᠦᠭᠡᠢ᠂ ᠠᠮᠢ ᠠᠬᠤᠢ ᠶᠢ ᠪᠤᠭᠢᠷᠳᠤᠭᠤᠯᠵᠦ᠂ ᠨᠡᠶᠢᠭᠡᠮ ᠤᠨ ᠭᠡᠪ ᠰᠤᠷᠳᠠᠯ ᠳᠤ ᠴᠦ | ᠮᠠᠰᠢ ᠮᠠᠭᠤ ᠨᠦᠯᠦᠭᠡ ᠭᠠᠷᠭᠠᠵᠦ ᠪᠠᠶᠢᠨ᠎ᠠ᠃ ᠮᠠᠨ ᠤ ᠤᠯᠤᠰ ᠲᠤ ︽ᠠᠯᠳᠠᠨ ᠭᠠᠷᠠᠭ︾ ᠤᠨ ᠠᠮᠠᠷᠠᠯᠳᠠ ᠶᠢᠨ | ᠳᠦᠷᠢᠮ ᠶᠠᠪᠤᠭᠳᠠᠭᠰᠠᠨ ᠠᠴᠠ ᠬᠤᠶᠢᠰᠢ ᠡᠶᠢᠮᠦᠷᠭᠦ ᠠᠰᠠᠭᠤᠳᠠᠯ ᠨᠤᠴᠢᠳᠠᠢ ᠭᠠᠷᠬᠤ ᠪᠤᠯᠵᠦ᠂ ᠤᠳᠠᠭ᠎ᠠ ᠪᠤᠯᠭᠠᠨ | ᠠᠮᠠᠷᠠᠯᠳᠠ ᠳᠠᠭᠤᠰᠤᠮᠠᠭᠴᠠ ᠪᠤᠯᠪᠠᠰᠤᠨ ᠪᠤᠰᠤ ᠵᠤᠭᠠᠴᠠᠭᠰᠠᠳ ᠪᠤᠶᠤ ᠦᠵᠡᠭᠳᠡᠯ ᠤᠨ ᠳᠤᠬᠠᠢ ᠢᠯᠡᠴᠢᠯᠡᠭᠰᠠᠨ᠂ | ᠵᠢᠮᠡᠯᠡᠭᠰᠠᠨ ᠮᠡᠳᠡᠭᠡ ᠨᠦᠭᠦᠳ ᠵᠠᠭᠤᠴᠢᠯᠠᠭᠤᠷ ᠢᠶᠠᠷ ᠳᠦᠪᠯᠡᠷᠡᠩᠭᠦᠢ ᠭᠠᠷᠳᠠᠭ᠃ ᠬᠠᠷᠢᠨ ᠡᠨᠡ ᠳᠤᠬᠠᠢ ᠴᠢᠩᠭ᠎ᠠ | ᠳᠤᠭᠳᠠᠭᠠᠯ ᠪᠠ ᠬᠠᠮᠢᠶ᠎ᠠ ᠪᠦᠭᠦᠢ ᠰᠢᠳᠭᠡᠯ ᠳᠤᠷᠭᠠᠭᠤᠯᠢ ᠶᠠᠷᠦᠨᠢ ᠵᠢᠩᠭᠢᠨᠢ ᠪᠠᠷ ᠭᠠᠷᠤᠭ᠎ᠠ ᠦᠭᠡᠢ ᠪᠤᠯᠬᠤᠷ᠂ | ᠡᠶᠢᠮᠦᠷᠭᠦ ᠦᠵᠡᠭᠳᠡᠯ ᠢ ᠨᠡᠶᠢᠭᠡᠮ ᠨᠠᠶᠢᠳᠠ ᠶᠢᠨ ᠬᠢᠨ ᠭᠡᠳᠦᠢ ᠢᠯᠡᠴᠢᠯᠡᠵᠦ ᠵᠢᠮᠡᠯᠡᠪᠡᠴᠤ ᠨᠢᠭᠡ ᠪᠦᠯᠦᠭ ᠭᠦᠮᠦᠰ ᠮᠦᠨ | ᠯᠠ ︽ᠨᠤᠬᠠᠢ ᠬᠤᠴᠠᠬᠤ ᠪᠠᠷ ᠢᠶᠠᠨ ᠬᠤᠴᠠᠵᠦ᠂ ᠳᠡᠮᠡᠭᠡ ᠶᠠᠪᠤᠬᠤ ᠪᠠᠷ ᠶᠠᠪᠤᠨ᠎ᠠ︾ ᠭᠡᠭᠦ ᠰᠢᠭ ᠪᠤᠯᠪᠠᠰᠤᠨ ᠪᠤᠰᠤ | ᠵᠤᠭᠠᠴᠠᠬᠤ ᠦᠵᠡᠭᠳᠡᠯ ᠢ ᠭᠠᠷᠭᠠᠭᠰᠠᠭᠠᠷ ᠯᠠ ᠪᠠᠶᠢᠨ᠎ᠠ᠃ | ᠬᠠᠷᠢᠨ 2015 ᠤᠨ ᠤ 5 ᠰᠠᠷ᠎ᠠ ᠶᠢᠨ 1 ᠠᠴᠠ ᠡᠮᠦᠨᠡᠭᠡᠨ ᠤᠯᠤᠰ ᠤᠨ ᠵᠤᠭᠠᠴᠠᠯ ᠤᠨ | ᠳᠤᠪᠴᠢᠶ᠎ᠠ ᠠᠴᠠ ︽ᠵᠠᠭᠤᠴᠢᠯᠠᠭᠴᠢ ᠶᠢᠨ ᠪᠦᠯᠭᠦᠮ ᠳᠠᠭᠠᠭᠤᠯᠤᠨ ᠪᠤᠯᠪᠠᠰᠤᠨ ᠢᠶᠠᠷ ᠵᠤᠭᠠᠴᠠᠬᠤ ᠶᠢ ᠵᠢᠯᠤᠭᠤᠳᠬᠤ | ᠳᠦᠷᠢᠮᠵᠢᠯ︾᠂ ︽ᠵᠤᠭᠠᠴᠠᠯ ᠤᠨ ᠬᠤᠷᠢᠶ᠎ᠠ ᠶᠢᠨ ᠵᠤᠭᠠᠴᠠᠬᠤ ᠠᠴᠠ ᠡᠮᠦᠨᠡᠭᠢ ᠳᠤᠳᠤᠷᠬᠠᠶᠢᠯᠠᠬᠤ ᠦᠢᠯᠡᠴᠢᠯᠡᠭᠡ ᠶᠢᠨ | ᠳᠦᠷᠢᠮᠵᠢᠯ︾ ᠵᠡᠷᠭᠡ 2 ᠪᠢᠴᠢᠭ ᠮᠠᠲ᠋ᠧᠷᠢᠶᠠᠯ ᠢ ᠵᠡᠯᠭᠠᠪᠠᠷ ᠪᠠᠭᠤᠯᠭᠠᠵᠦ᠂ ᠪᠤᠯᠪᠠᠰᠤᠨ ᠪᠤᠰᠤ ᠵᠤᠭᠠᠴᠠᠯ ᠢ | ᠬᠤᠷᠢᠭᠯᠠᠬᠤ ᠳᠤ ᠵᠢᠩᠭᠢᠨᠢ ᠦᠨᠳᠤᠰᠤᠯᠡᠯ ᠬᠠᠩᠭᠠᠪᠠ᠃ ᠡᠨᠡᠭᠦ ᠪᠢᠴᠢᠭ ᠮᠠᠲ᠋ᠧᠷᠢᠶᠡᠯ ᠢ ᠳᠤᠷᠭᠠᠭᠤᠯᠢ ᠶᠢᠨ ᠳᠦᠷᠢᠮ | ᠲᠠᠢ ᠵᠡᠷᠭᠡᠪᠠᠷ ᠭᠡᠷᠡᠭᠵᠢᠭᠦᠯᠦᠨ᠂ ᠭᠢᠨᠠᠨ ᠬᠠᠮᠢᠶᠠᠷᠬᠤ ᠨᠢ ᠭᠦᠴᠦᠨ ᠲᠠᠢ ᠪᠠᠶᠢᠪᠠᠯ ᠰᠠᠶ᠋ᠢ ᠪᠤᠯᠪᠠᠰᠤᠨ ᠢᠶᠠᠷ ᠵᠤᠭᠠᠴᠠᠬᠤ | ᠰᠢᠨ᠎ᠠ ᠳᠦᠷᠢᠮ ᠤᠨ ᠦᠢᠯᠡᠳᠤᠯ ᠢ ᠰᠠᠶ᠋ᠢ ᠪᠠᠳᠠᠷᠠᠭᠤᠯᠵᠦ ᠴᠢᠳᠠᠨ᠎ᠠ᠃ ᠮᠡᠳᠡᠭᠡᠯᠡᠭᠰᠠᠨ ᠢ ᠦᠨᠳᠤᠰᠤᠯᠡᠪᠡᠯ᠂ ︽ | ᠱᠧᠨᠵᠧᠨ ᠤᠨᠴᠠᠭᠠᠢ ᠤᠷᠤᠨ ᠤ ᠪᠤᠯᠪᠠᠰᠤᠨ ᠠᠵᠢᠯᠯᠠᠭ᠎ᠠ ᠶᠢ ᠠᠭᠢᠭᠤᠯᠬᠤ ᠳᠦᠷᠢᠮ ︵ᠳᠦᠰᠤᠯ︶︾ ᠳᠤ᠂ ᠳᠤᠷ᠎ᠠ | ᠪᠠᠷ ᠢᠶᠠᠨ ᠬᠤᠭ ᠬᠠᠶᠠᠪᠠᠯ 200 ᠳᠦᠭᠦᠷᠢᠭ᠂ ᠳᠤᠷ᠎ᠠ ᠪᠠᠷ ᠨᠤᠯᠪᠤᠪᠠᠯ 200 ᠳᠦᠭᠦᠷᠢᠭ᠂ ᠵᠡᠭᠡᠯᠢ ᠳᠡᠭᠡᠷ᠎ᠠ | ᠡᠩᠭᠦᠷᠡᠢ ᠠᠮᠢᠳᠠᠨ ᠤ ᠪᠠᠨ ᠢᠯᠭᠠᠳᠠᠰᠤ ᠶᠢ ᠴᠠᠭ ᠳᠤᠬᠠᠢ ᠳᠤᠨᠢ ᠴᠡᠪᠡᠷᠯᠡᠭᠰᠠᠨ ᠦᠭᠡᠢ ᠪᠤᠯ 500 ᠳᠦᠭᠦᠷᠢᠭ ᠢᠶᠠᠷ | ᠳᠤᠷᠭᠠᠨ᠎ᠠ ᠭᠡᠭᠦ ᠮᠡᠳᠤ ᠪᠠᠷ ᠳᠤᠭᠳᠠᠭᠠᠭᠰᠠᠨ ᠪᠠᠶᠢᠨ᠎ᠠ᠃ ᠪᠤᠯᠪᠠᠰᠤᠨ ᠪᠤᠰᠤ ᠪᠠᠷ ᠵᠤᠭᠠᠴᠠᠬᠤ ᠠᠵᠢᠯᠯᠠᠭ᠎ᠠ ᠶᠢ | ᠳᠤᠷᠭᠠᠵᠦ᠂ ᠳᠦᠷᠢᠮᠵᠢᠭᠦᠯᠦᠭᠰᠠᠨ ᠳᠠᠯ᠎ᠠ ᠪᠠᠷ ᠤᠯᠤᠰ ᠤᠨ ᠭᠠᠳᠠᠭᠠᠳᠤ ᠳᠤ ᠠᠮᠵᠢᠯᠳᠠ ᠲᠠᠢ ᠵᠢᠱᠢᠶ᠎ᠠ ᠤᠯᠠᠨ ᠪᠤᠢ᠃ | ᠭᠧᠷᠮᠠᠨ᠂ ᠠᠩᠭ᠍ᠯᠢ᠂ ᠰᠢᠩᠭᠠᠫᠤᠷ ᠵᠡᠷᠭᠡ ᠤᠯᠤᠰ ᠲᠤ ᠴᠦᠮ ᠬᠤᠳᠠ ᠶᠢᠨ ᠠᠷᠠᠳ ᠤᠨ ᠪᠤᠯᠪᠠᠰᠤᠨ ᠪᠤᠰᠤ ᠠᠵᠢᠯᠯᠠᠭ᠎ᠠ | ᠳᠤ ᠬᠠᠷᠠᠭᠠᠯᠵᠠᠭᠰᠠᠨ ᠬᠠᠤᠯᠢ ᠴᠠᠭᠠᠵᠠ ᠨᠡᠶᠢᠳᠠᠯᠠᠵᠦ ᠭᠢᠵᠠᠭᠠᠷᠯᠠᠭᠰᠠᠨ ᠪᠠᠶᠢᠨ᠎ᠠ᠃ | ᠪᠤᠯᠪᠠᠰᠤᠨ ᠰᠠᠶᠢᠬᠠᠨ ᠵᠤᠭᠠᠴᠠᠬᠤ ᠭᠡᠪ ᠰᠤᠷᠳᠠᠯ ᠢ ᠬᠠᠳᠠᠭᠠᠯᠠᠬᠤ ᠳᠤ ᠶᠠᠭᠤᠨ ᠤ ᠡᠮᠦᠨ᠎ᠠ | ᠵᠤᠭᠠᠴᠠᠭᠰᠠᠳ ᠨᠢᠭᠡᠪᠤᠷᠢ ᠦᠪᠠᠷ ᠤᠨ ᠪᠠᠶ᠎ᠠ ᠪᠠᠨ ᠴᠢᠩᠭ᠎ᠠ ᠱᠠᠭᠠᠷᠳᠠᠨ᠂ ᠦᠪᠠᠷ ᠤᠨ ᠪᠠᠶ᠎ᠠ ᠳᠡᠭᠡᠨ ᠭᠢᠨᠠᠯᠳᠠ | ᠳᠠᠯᠪᠢᠵᠦ᠂ ᠳᠠᠷᠠᠭ᠎ᠠ ᠨᠢ ᠤᠯᠤᠰ ᠠᠴᠠ ᠠᠷᠠᠳ ᠢᠷᠭᠡᠳ ᠤᠨ ᠭᠡᠪ ᠴᠢᠨᠠᠷ ᠤᠨ ᠭᠦᠮᠦᠵᠢᠯ ᠢ ᠴᠢᠩᠭᠠᠳᠬᠠᠬᠤ ᠶᠢᠨ | ᠬᠠᠮᠳᠤ᠂ ᠳᠤᠷᠭᠠᠭᠤᠯᠢ ᠶᠢᠨ ᠡᠷᠴᠢᠮ ᠢ ᠴᠦ ᠴᠢᠩᠭᠠᠯᠠᠵᠦ᠂ ᠬᠠᠤᠯᠢ ᠴᠠᠭᠠᠵᠠ ᠶᠢᠨ ᠠᠷᠭ᠎ᠠ ᠪᠠᠷᠢᠯ ᠢᠶᠠᠷ ᠪᠤᠯᠪᠠᠰᠤᠨ | ᠪᠤᠰᠤ ᠵᠤᠭᠠᠴᠠᠬᠤ ᠠᠵᠢᠯᠯᠠᠭ᠎ᠠ ᠶᠢ ᠭᠢᠵᠠᠭᠠᠷᠯᠠᠵᠦ ᠴᠡᠭᠡᠷᠯᠡᠭᠦᠯᠭᠦ ᠭᠡᠷᠡᠭᠳᠡᠢ᠃ | |