| ᠶᠡᠭᠡ ᠮᠤᠩᠭᠤᠯ ᠤᠯᠤᠰ ᠢ ᠪᠠᠶᠢᠭᠤᠯᠤᠠᠠᠰᠠᠨ ᠲᠠᠮᠤᠵᠢᠨ ᠨᠡᠷ᠎ᠡ ᠲᠠᠢ ᠴᠢᠩᠬᠢᠰ ᠬᠠᠭᠠᠨ᠂ ᠭᠡᠷᠡᠶᠢᠳ | ᠤᠨ ᠲᠤᠭᠤᠷᠢᠯ ᠬᠠᠨ ᠸᠠᠩ ᠬᠠᠨ ᠢ ᠰᠦᠨᠦᠭᠡᠭᠰᠡᠨ ᠤ ᠲᠠᠷᠠᠭ᠎ᠠ ︽ᠲᠡᠮᠡᠭᠡᠨ ᠭᠡᠭᠡᠷ᠎ᠡ︾ ᠨᠡᠷᠡᠳᠤ ᠭᠠᠵᠠᠷ ᠠᠪᠠᠯᠬᠠᠰᠨᠨ | ᠲᠤᠬᠠᠢ ᠦᠨᠡᠨ ᠲᠡᠮᠳᠡᠭᠯᠡᠯ ᠮᠤᠩᠭᠤᠯ ᠲᠡᠤᠭᠡ ᠶᠢᠨ ᠨᠤᠮ ᠤᠳ ᠲᠤ ᠪᠠᠶᠢᠳᠠᠭ᠃ ᠡᠭᠦᠨ ᠳᠤ ᠮᠢᠩ ᠤᠯᠤᠰ ᠤᠨ | ᠰᠦᠩ ᠯᠢᠶᠡᠨ ᠨᠡᠷ ᠵ᠊ ᠤᠬᠢᠶᠠᠵᠦ᠂ ᠴᠢᠩ ᠤᠯᠤᠰ ᠤᠨ ᠲᠦᠳᠡᠩ᠂ ᠦᠯᠵᠠᠶᠢᠳᠤ᠂ ᠰᠠᠷᠠᠩ᠂ ᠰᠤᠨᠤᠮ | ᠤᠷᠴᠢᠭᠤᠯᠤᠨ᠂ ᠨᠠᠰᠤᠨ ᠬᠢᠨᠠᠵᠦ ᠭᠡᠪᠯᠡᠭᠦᠯᠦᠭᠰᠡᠨ ︽ ᠲᠠᠢ ᠶᠤᠸᠠᠨ ᠤᠯᠤᠰ ᠤᠨ ᠪᠢᠴᠢᠭ︾ ᠲᠤ ︽ᠲᠠᠶᠢᠽᠦ | ᠲᠡᠮᠤᠵᠢᠨ ᠭᠡᠷᠡᠶᠢᠳ ᠤᠯᠤᠰ ᠢ ᠡᠴᠦᠳᠭᠡᠭᠰᠡᠨ ᠤ ᠬᠤᠶᠢᠨ᠎ᠠ᠃ ᠲᠡᠮᠡᠭᠡᠨ ᠭᠡᠭᠡᠷ᠎ᠡ ᠠᠷᠠᠳᠤ ᠬᠠᠵᠠᠷ᠎ᠠ ᠠᠪᠠᠯᠠᠬᠠᠳ᠂ | ᠵᠠᠰᠠᠭ ᠬᠠᠤᠯᠢ ᠲᠤᠩᠬᠠᠠᠠᠯᠠᠨ ᠢᠯᠠᠬᠤᠭᠰᠠᠨ ᠠᠤᠬᠠᠪᠠᠨ ᠠᠯᠳᠠᠷᠰᠢᠬᠤᠯᠵᠦ᠃ ᠭᠡᠷ ᠳᠡᠭᠡᠨ ᠬᠠᠷᠢᠯᠤᠬᠠ︾ ① ᠭᠡᠵᠠᠢ᠃ | ᠠᠳᠡ ᠲᠡᠮᠤᠵᠢᠨ ᠴᠢᠩᠬᠢᠰ ᠬᠠᠭᠠᠨ ᠵᠢᠷᠦᠮ ᠤᠨ ᠠᠪᠤ ᠭᠡᠷᠡᠶᠢᠳ ᠤᠨ ᠸᠠᠩ ᠬᠠᠨ ᠢ ᠰᠦᠨᠦᠭᠡᠭᠰᠡᠨ ᠤ ᠲᠠᠷᠠᠭ᠎ᠠ ︽ | ᠲᠡᠮᠡᠭᠡᠨ ᠭᠡᠭᠡᠷ᠎ᠡ︾ ᠳᠤ ᠠᠪᠠᠯᠬᠠᠰᠠᠨ ᠢ ᠭᠡᠯᠡᠵᠠᠢ᠃ ᠲᠠᠮᠤᠵᠢᠨ ᠶᠠᠭᠤᠨ ᠳᠤ ᠵᠢᠷᠦᠮ ᠤᠨ ᠠᠪᠤ ᠪᠠᠨ ᠪᠠᠶᠢᠯᠳᠤᠨ | ᠰᠦᠨᠦᠭᠡᠭᠦ ᠳᠤ ᠭᠦᠷᠦᠭᠰᠡᠨ ᠪᠤᠢ︖ ᠮᠤᠩᠭᠤᠯ ᠤᠨ ᠲᠡᠤᠭᠡ ᠶᠢᠨ ᠤᠭ ᠲᠤᠯᠭᠤᠷ ᠪᠢᠴᠢᠭ ᠪᠤᠯᠬᠤ ︽ᠮᠤᠩᠭᠤᠯ ᠤᠨ | ᠨᠢᠭᠤᠴᠠ ᠲᠤᠪᠴᠢᠶᠠᠨ︾ ᠳᠤ᠄ ︽ᠴᠢᠩᠬᠢᠰ ᠬᠠᠭᠠᠨ ᠠᠮᠠᠷᠠᠭ ᠲᠡᠭᠡᠷ᠎ᠡ ᠲᠠᠪᠬᠤᠷ ᠠᠮᠠᠷᠠᠭ ᠪᠤᠯᠤᠶ᠎ᠠ ᠭᠡᠵᠤ | ᠪᠤᠳᠤᠭᠠᠳ᠂ ᠵᠦᠴᠢ ᠳᠤ ᠰᠡᠩᠭᠦᠮ ᠤᠨ ᠦᠬᠢᠨ ᠲᠡᠭᠦᠦ ᠴᠠᠭᠤᠷ ᠪᠠᠬᠢ ᠶᠢ ᠭᠤᠶᠤᠵᠦ᠂ ᠰᠡᠩᠭᠦᠮ ᠤᠨ ᠭᠦᠦ | ᠲᠤᠰᠠᠬ᠎ᠠ ᠳᠤ᠂ ᠦᠪᠡᠷ ᠤᠨ ᠬᠤᠵᠢᠨ ᠪᠠᠬᠢ ᠶᠢ ᠦᠭᠴᠦ᠂ ᠰᠤᠯᠢᠯᠴᠨ ᠬᠤᠳᠠ ᠤᠷᠤᠭ ᠪᠤᠯᠤᠶ᠎ᠠ ᠭᠡᠵᠤ ᠭᠤᠶᠤᠬᠤ | ᠳᠤ᠂ ᠰᠡᠩᠭᠦᠮ ᠦᠪᠡᠷ ᠢ ᠪᠠᠨ ᠶᠡᠭᠡᠮᠰᠦᠭᠯᠡᠨ ᠦᠵᠡᠵᠦ ᠁ ᠴᠠᠭᠤᠷ ᠪᠠᠬᠢ ᠪᠠᠨ ᠦᠭᠭᠦ ᠶᠢ ᠲᠠᠭᠠᠯᠬᠠᠰᠨᠨ ᠦᠭᠡᠢ | ᠃ ᠡᠨᠡ ᠦᠭᠡ ᠶᠢ ᠰᠤᠨᠤᠰᠤᠭᠠᠳ᠂ ᠴᠢᠩᠬᠢᠰ ᠬᠠᠭᠠᠨ ᠲᠤᠳᠤᠷ᠎ᠠ ᠪᠠᠨ ᠸᠠᠩ ᠬᠠᠨ ᠬᠢᠭᠡᠳ ᠨᠢᠯᠬ᠎ᠠ ᠰᠡᠩᠭᠦᠮ | ᠬᠤᠶᠠᠷ ᠲᠤ ᠶᠡᠭᠡ ᠪᠠᠷ ᠲᠤᠷ᠎ᠠ ᠭᠤᠳᠤᠠᠠᠰᠠᠨ︾ ᠪᠠ ᠵᠠᠮᠤᠬ᠎ᠠ ᠰᠡᠩᠭᠦᠮ ᠢᠶᠠᠷ ᠲᠠᠮᠵᠢᠭᠤᠯᠤᠨ ᠸᠠᠩ ᠬᠠᠨ᠂ ᠲᠠᠮᠦᠵᠢᠨ | ᠬᠤᠶᠠᠷ ᠢ ᠬᠠᠳᠬᠤᠨ ᠵᠠᠪᠰᠠᠷᠳᠠᠭᠤᠯᠤᠠᠠᠰᠠᠨ ᠢᠶᠠᠷ ᠸᠠᠩ ᠬᠠᠨ᠂ ᠰᠡᠩᠭᠦᠮ ᠨᠠᠷ ᠴᠢᠩᠬᠢᠰ ᠬᠠᠭᠠᠨ ᠢ ᠪᠠᠷᠢᠬᠤ ᠪᠠᠷ ︽ | ᠴᠠᠭᠤᠷ ᠪᠠᠬᠢ ᠶᠢ ᠦᠭᠭᠦᠶ᠎ᠡ᠂ ᠪᠠᠭᠠᠯᠵᠤᠤᠷ ᠢᠳᠡᠭᠦ ᠪᠠᠷ ᠢᠷᠡᠭᠳᠤᠨ︾ ᠭᠡᠵᠤ ᠴᠢᠮᠡᠭᠡ ᠶᠠᠪᠤᠭᠤᠯᠤᠭᠠᠳ ᠴᠡᠷᠢᠭ | ᠮᠤᠷᠳᠠᠠᠰᠠᠨ ᠪᠠᠶᠢᠵᠠᠢ᠃ ᠡᠨᠡ ᠴᠢᠮᠡᠭᠡ ᠶᠢ ᠲᠡᠮᠤᠵᠢᠨ ᠰᠤᠨᠤᠰᠤᠠᠠᠰᠠᠨ ᠪᠠ ᠳᠠᠷᠨ ᠦᠶ᠎ᠡ ᠳᠤ ᠲᠡᠭᠦᠦ ᠬᠠᠰᠠᠷ ᠨᠢ | ᠡᠭᠡᠨᠡᠷ ᠪᠠ ᠭᠤᠷᠪᠠᠨ ᠭᠦᠦ ᠶᠢᠭᠦ᠂ ᠶᠢᠰᠦᠩᠬᠡ᠂ ᠲᠤᠬᠤ ᠨᠠᠷ ᠲᠠᠢ ᠸᠠᠩ ᠬᠠᠨ ᠤ ᠲᠠᠠᠳᠠ ᠪᠠᠶᠢᠠᠠᠰᠠᠨ ᠬᠠᠰᠠᠷ | ᠴᠦᠭᠡᠨ ᠭᠡᠳᠤᠨ ᠨᠦᠭᠦᠳ ᠢᠶᠠᠨ ᠲᠠᠭᠠᠭᠤᠯᠵᠦ ᠭᠠᠷᠤᠭᠠᠳ᠂ ᠠᠷᠡᠰᠦ ᠰᠢᠷᠢ ᠪᠠ ᠪᠦᠯᠡᠭᠡ ᠰᠢᠷᠪᠣᠰᠤᠨ ᠢ ᠢᠳᠡᠨ | ᠶᠠᠪᠤᠵᠦ᠂ ᠪᠠᠯᠵᠦᠨ ᠨᠠᠭᠤᠷ ᠲᠤ ᠠᠬ᠎ᠠ ᠲᠠᠮᠤᠵᠢᠨ ᠲᠠᠢ ᠪᠠᠨ ᠲᠦᠩᠭᠡᠵᠢ ᠠᠭᠤᠯᠵᠬᠠᠰᠠᠨ ᠵᠡᠷᠭᠡ ᠠᠴᠠ ᠪᠤᠯᠵᠦ᠂ | ᠲᠠᠮᠤᠵᠢᠨ ᠠᠷᠭ᠎ᠠ ᠶᠢᠨ ᠬᠠᠷᠢᠭᠤ ᠠᠷᠭ᠎ᠠ ᠭᠡᠷᠡᠭᠯᠡᠨ ᠰᠦᠨᠢ ᠲᠦᠯᠢᠨ ᠶᠠᠪᠤᠵᠦ᠂ ᠸᠠᠩ ᠬᠠᠨ ᠢ ᠵᠡᠵᠢᠭᠡᠷ ᠦᠠᠳᠦᠷ ᠤᠨ | ᠵᠠᠷ ᠬᠠᠪᠴᠢᠭᠠᠢ ᠶᠢᠨ ᠠᠮᠠᠰᠡᠷ ᠭᠡᠭᠦ ᠭᠠᠵᠠᠷ ᠲᠤ ᠪᠠᠶᠢᠬᠤ ᠳᠤ ᠨᠢ ᠪᠦᠰᠡᠯᠡᠨ ᠠᠪᠴᠦ ᠭᠤᠷᠪᠠᠨ ᠰᠦᠨᠢ ᠭᠤᠷᠪᠠᠨ | ᠡᠳᠤᠷ ᠲᠤᠷᠰᠢ ᠪᠠᠶᠢᠯᠳᠤᠭᠠᠳ ᠸᠠᠩ ᠬᠠᠨ ᠤ ᠴᠡᠷᠢᠭ ᠢ ᠲᠡᠶᠢᠯᠵᠦ᠂ ᠸᠠᠩ ᠬᠠᠨ᠂ ᠰᠡᠩᠬᠦᠮ ᠬᠤᠶᠠᠷ ᠳᠤᠳᠠᠭᠠᠭᠰᠠᠨ | ᠪᠠᠶᠢᠵᠡᠢ ②᠃ ︽ᠮᠤᠩᠭᠤᠯ ᠤᠨ ᠨᠢᠭᠤᠴᠠ ᠳᠤᠪᠴᠢᠶᠠᠨ︾ ᠳᠤ ᠬᠡᠷᠡᠶᠢᠳ ᠤᠨ ᠸᠠᠩ ᠬᠠᠨ ᠢ ᠢᠩᠬᠢᠵᠤ | ᠰᠦᠨᠦᠬᠡᠭᠰᠡᠨ ᠳᠤᠬᠠᠢ ᠪᠠ ︽ᠳᠡᠮᠡᠬᠡᠨ ᠬᠡᠬᠡᠷ᠎ᠠ︾ ᠳᠤ ᠠᠪᠠᠯᠠᠭᠰᠠᠨ ᠳᠤᠬᠠᠢ ᠮᠤᠩᠭᠤᠯ ᠬᠢᠳᠡᠳ ᠳᠡᠤᠬᠡ ᠶᠢᠨ | ᠰᠤᠷᠪᠤᠯᠵᠢ ᠪᠢᠴᠢᠭ ᠲᠤ ᠠᠳᠡᠯᠢᠪᠳᠤᠷ ᠳᠡᠮᠳᠡᠭᠯᠡᠯ ᠪᠠᠶᠢᠬᠤ ᠶᠢ ᠠᠳᠡ ᠪᠠᠰᠠ ᠰᠠᠶᠢᠷᠡᠬᠦᠯᠰᠤᠬᠡᠢ᠃ ᠪᠠᠭᠠᠷᠢᠨ ᠤ | ᠳᠡᠤᠬᠡᠴᠢ ᠷᠡᠰᠢᠫᠤᠩᠰᠤᠭ ︽ᠪᠤᠯᠤᠷ ᠡᠷᠢᠬᠡ︾ ᠳᠤ ᠪᠠᠨ᠄ ︽ᠳᠡᠬᠦᠡᠴᠨ ᠳᠡᠮᠤᠵᠢᠨ ᠴᠡᠷᠢᠭ ︵ᠢᠡᠷᠡᠨ ﹇ ᠢᠶᠠᠨ﹈ | ᠤᠨᠤᠨ ᠮᠦᠷᠡᠨ ᠤ ᠡᠬᠢᠨ ᠳᠤᠷ ᠪᠠᠭᠤᠭᠠᠳ᠃ ᠤᠷᠡᠨ ᠦᠬᠡ ᠳᠤ ᠬᠤᠶᠠᠷ ᠬᠦᠮᠦᠨ ᠳᠤᠷ ᠠᠷᠭ᠎ᠠ ᠰᠤᠷᠭᠠᠵᠤ︾᠂ ︽ | ᠬᠠᠰᠠᠷ ᠪᠢᠳᠡ ᠬᠤᠶᠠᠷ ᠢ ᠵᠠᠷᠤᠵᠤ ᠦᠬᠦᠯᠡᠬᠦ ᠠᠨᠤ᠂ ᠮᠢᠨᠤ ᠠᠬ᠎ᠠ ᠳᠡᠮᠤᠵᠢᠨ ᠮᠢᠨᠤ ᠬᠠᠷᠪᠤᠯ᠂ ᠪᠡᠯᠡᠭᠳᠡᠢ ᠶᠢᠨ ᠪᠦᠬᠡ | ᠪᠠᠷ ᠤᠯᠤᠰ ᠢ ᠡᠵᠡᠯᠡᠭᠰᠡᠨ ᠢᠶᠠᠨ ᠡᠰᠡ ᠮᠡᠳᠡᠨ᠂ ᠬᠠᠷᠢᠨ ᠤᠮᠤᠭᠯᠠᠵᠤ ᠪᠢᠳᠡᠨ ᠢ ᠳᠠᠷᠤᠯᠠᠬᠤᠢ ᠶᠢᠨ ᠳᠤᠯᠠᠳᠡ | ᠬᠤᠷᠤᠰᠤᠮᠤᠢ᠃ ᠪᠠᠰᠠ ᠮᠢᠨᠤ ᠬᠡᠷᠬᠡᠢ ᠬᠡᠤᠬᠡᠳ ᠸᠠᠩ ᠴᠢᠨᠤ ᠭᠠᠷ ᠳᠤᠷ ᠪᠤᠢ ᠶᠢᠨ ᠳᠤᠯᠨ᠂ ᠪᠢ ᠪᠡᠯᠡᠭᠳᠡᠢ ᠶᠢ ᠠᠪᠤᠨ | ᠸᠠᠩ ᠴᠢᠮᠠᠢᠢ ᠳᠠᠭᠠᠰᠤᠭᠠᠢ︾ ᠭᠡᠵᠤ ᠬᠡᠯᠡᠬᠦᠯᠦᠭᠰᠡᠨ ᠳᠤ ᠸᠠᠩ ᠬᠠᠨ ᠢᠳᠡᠬᠡᠵᠤ ᠪᠤᠯᠭᠤᠳᠡᠢ ᠨᠡᠷᠡᠲᠦ ᠲᠦᠰᠢᠮᠡᠯ ᠢᠶᠠᠨ | ᠢᠯᠡᠬᠡᠵᠤ ᠬᠠᠰᠠᠷ ᠲᠤ ᠳᠡᠮᠤᠵᠢᠨ ᠢ ᠤᠭᠳᠤᠨ ᠠᠯᠠᠬᠤ ᠳᠤᠬᠠᠢ ᠬᠡᠯᠡᠬᠦᠯᠪᠡ᠃ ᠬᠠᠰᠠᠷ ᠴᠦ ᠪᠤᠯᠭᠤᠳᠡᠢ ᠲᠠᠢ ᠴᠢᠰᠦᠨ | ᠤᠤᠭᠤᠯᠴᠠᠵᠤ ᠠᠮᠨ ᠠᠯᠳᠡᠪᠡ᠃ ᠬᠤᠶᠢᠲᠦ ᠰᠦᠨᠢ ᠨᠢ ᠴᠡᠷᠢᠭ ᠠᠪᠴᠤ ᠢᠷᠡᠬᠡᠳ ᠵᠢᠪᠡᠲᠦ ᠨᠡᠷᠡᠲᠦ ᠠᠭᠤᠯᠨ ᠶᠢ | ᠳᠡᠭᠠᠷᠢᠨ ᠢᠷᠡᠳᠡᠯ᠎ᠠ ᠬᠠᠰᠠᠷ᠂ ᠪᠡᠯᠡᠭᠳᠡᠢ᠂ ᠳᠡᠮᠤᠵᠢᠨ᠂ ᠪᠤᠭᠤᠷᠴᠢ᠂ ᠴᠢᠯᠠᠭᠤᠨ᠂ ᠮᠤᠬᠤᠯᠠᠢ ᠨᠡᠷ ᠴᠡᠷᠢᠭ ᠠᠪᠤᠨ | ᠢᠷᠡᠵᠤ ᠸᠠᠩ ᠬᠠᠨ ᠤ ᠴᠡᠷᠢᠭ ᠢ ᠳᠠᠷᠤᠵᠤ᠂ ︽ᠬᠡᠷᠡᠶᠢᠳ ᠤᠯᠤᠰ ᠢ ᠡᠴᠦᠳᠬᠡᠵᠤ᠂ ᠡᠷᠡᠬᠡᠳᠡᠬᠡᠨ ᠤᠷᠤᠭᠤᠯᠤᠭᠠᠳ᠂ | ᠳᠡᠮᠡᠬᠡᠲᠦ ᠨᠠᠷᠡᠲᠦ ᠬᠠᠵᠠᠷ᠎ᠠ ᠠᠪᠠᠯᠠᠵᠤ᠂ ᠵᠠᠰᠠᠭ ᠬᠠᠤᠯᠢ ᠶᠢ ᠳᠤᠩᠬᠠᠭᠯᠠᠨ︾ ③ ᠭᠡᠵᠤ ᠳᠡᠮᠳᠡᠭᠡᠯᠭᠰᠡᠨ ᠪᠠ | ᠬᠢᠳᠡᠳ ᠳᠡᠤᠬᠡᠴᠢᠨ ᠵᠤᠤ ᠡᠾᠦ᠋ᠩ᠂ ᠫᠧᠩ ᠳ᠋ᠠ ᠶᠠ᠂ ᠰᠢᠶᠤᠤ ᠳ᠋ᠠ ᠡᠾᠧᠩ ᠵᠤᠬᠢᠶᠠᠭᠰᠠᠨ ︽ᠪᠤᠭᠳᠡ ᠪᠠᠭᠠᠳᠤᠷ | ᠪᠠᠶ᠎ᠠ ᠪᠠᠷ ᠳᠡᠶᠢᠯᠠᠭᠰᠠᠨ ᠳᠡᠮᠳᠡᠭᠯᠡᠯ︾ ᠳᠤ᠄ ᠬᠠᠷᠠᠭᠴᠢᠨ ᠭᠠᠭ᠋ᠠᠢ ᠵᠢᠯ ᠤᠨ ᠬᠠᠪᠤᠷ ︵1203︶ ᠸᠠᠩ ᠬᠠᠨ ᠠᠷᠭ᠎ᠠ | ᠮᠡᠭᠡ ᠭᠠᠷᠭᠠᠵᠤ᠂ ᠳᠡᠮᠤᠵᠢᠨ ᠢ ᠬᠤᠤᠷᠯᠠᠬᠤ ᠪᠠ ᠳᠤᠪᠳᠤᠯᠬᠤ ᠬᠡᠰᠡᠨ ᠢ ᠳᠡᠮᠤᠵᠢᠨ ᠰᠤᠨᠤᠰᠴᠤ᠂ ᠸᠠᠩ ᠬᠠᠨ ᠢ | ᠵᠢᠮᠡᠯᠡᠭᠰᠡᠨ ᠦᠬᠡ ᠬᠦᠷᠬᠡᠭᠰᠡᠨ ᠪᠠ ︽ᠡᠯᠴᠢ ᠢᠯᠡᠬᠡᠬᠡᠳ᠂ ᠁ ᠡᠨ᠋ᠨ ᠦᠶ᠎ᠠ ᠳᠤᠷ ᠴᠢᠩᠬᠢᠰ ᠬᠠᠭᠠᠨ ᠤ ᠳᠡᠬᠦᠤ | ᠬᠠᠰᠠᠷ ᠠᠨᠤ ᠬᠠᠯᠠᠭᠤᠨ ᠵᠢᠳᠤᠨ ᠠᠭᠤᠯᠨ ᠳᠤᠷ ᠨᠤᠳᠤᠭᠯᠡᠵᠤ ᠪᠠᠶᠢᠪᠡᠢ᠃ ᠳᠡᠬᠦᠨ ᠤ ᠡᠬᠡᠨᠡᠷ ᠬᠡᠤᠬᠡᠳ ᠢ ᠸᠠᠩ ᠬᠠᠨ | ᠪᠤᠯᠢᠶᠠᠨ ᠠᠪᠤᠭᠰᠠᠨ ᠳᠤᠷ ᠬᠠᠰᠠᠷ ᠭᠠᠭᠴᠠ ᠪᠠᠭ᠎ᠠ ᠬᠦᠪᠡᠬᠦᠨ ᠳᠤᠬᠤ ᠪᠠᠨ ᠠᠪᠴᠤ ᠵᠢᠭᠤᠳᠤᠭᠠᠳ᠂ ᠬᠤᠭᠤᠯᠨ | ᠬᠦᠨᠡᠰᠦ ᠪᠠᠨ ᠪᠠᠷᠡᠵᠤ᠂ ᠰᠢᠪᠠᠭᠤᠨ ᠤ ᠦᠡᠳᠡᠭᠡ ᠳᠡᠬᠦᠵᠤ ᠬᠤᠭᠤᠯᠨ ᠪᠤᠯᠭᠠᠨ ᠢᠳᠡᠵᠤ ᠪᠠᠯᠴᠢᠰ ᠭᠤᠤᠯ ᠤᠨ | ᠬᠦᠪᠡᠬᠡᠨᠠ ᠢᠷᠡᠵᠤ ᠨᠠᠶᠢᠯᠠᠪᠠᠢ᠃ ᠴᠢᠩᠬᠢᠰ ᠬᠠᠭᠠᠨ ᠬᠠᠯᠵᠢᠳ ᠡᠯᠡᠰᠦ ᠬᠡᠮᠡᠬᠦ ᠭᠠᠵᠠᠷ ᠸᠠᠩ ᠬᠠᠨ ᠯᠤᠭ᠎ᠠ | ᠪᠠᠶᠢᠯᠳᠤᠭᠰᠠᠨ ᠤ ᠳᠠᠷᠠᠭ᠎ᠠ ᠸᠠᠩ ᠬᠠᠨ ᠠᠨᠤ ᠴᠡᠭᠴᠡᠷ ᠠᠭᠤᠯᠨ ᠳᠤᠷ ᠪᠠᠭᠤᠪᠡᠢ᠃︾ ︽ᠴᠢᠩᠬᠢᠰ ᠬᠠᠭᠠᠨ ᠦᠪᠡᠷ | ᠤᠨ ᠬᠤᠶᠠᠷ ᠡᠯᠴᠢ ᠪᠠᠷ ᠭᠠᠵᠢᠷᠴᠢᠯᠠᠭᠤᠯᠤᠨ ᠴᠡᠷᠢᠭ ᠮᠤᠷᠳᠡᠵᠤ ᠰᠦᠨᠢ ᠲᠦᠯᠢ ᠪᠠᠷ ᠴᠡᠭᠴᠡᠷ ᠦᠡᠲᠦᠷ ᠠᠭᠤᠯᠠᠨ | ᠳᠤᠷ ᠬᠦᠷᠴᠤ ᠢᠷᠡᠬᠡᠳ ᠸᠠᠩ ᠬᠠᠨ ᠢ ᠤᠪᠠᠶᠢᠨ ᠳᠤ ᠦᠭᠡᠢ ᠳᠤᠨᠢ ᠳᠡᠭᠠᠷᠢᠨ ᠰᠦᠨᠦᠬᠡᠵᠤ᠂ ᠬᠡᠷᠡᠶᠢᠳ ᠠᠶᠢᠠᠮᠭ ᠢ | ᠴᠦᠮ ᠳᠡᠭᠠᠭᠤᠯᠵᠤᠬᠤᠢ᠃︾ ︽ᠴᠢᠩᠬᠢᠰ ᠬᠠᠭᠠᠨ ᠠᠨᠤ ᠸᠠᠩ ᠬᠠᠨ ᠢ ᠰᠦᠨᠦᠬᠡᠭᠰᠡᠨ ᠡᠪᠤᠯ ᠳᠡᠮᠡᠬᠡᠨ ᠬᠡᠬᠡᠷ᠎ᠠ | ᠬᠡᠮᠡᠬᠦ ᠭᠠᠵᠠᠷ ᠶᠡᠭᠡ ᠠᠪᠠ ᠳᠡᠯᠪᠢᠵᠤ ᠵᠠᠷᠯᠢᠭ ᠳᠤᠩᠬᠠᠯᠠᠨ ᠴᠡᠷᠢᠭ ᠵᠠᠰᠠᠵᠤ ᠯᠤᠤ ᠶᠢᠨ ᠤᠷᠳᠤᠨ ᠳᠠᠭᠠᠨ ᠪᠤᠴᠠᠵᠤᠬᠤᠢ | ᠃︾᠂ ︽ᠴᠢᠩᠬᠢᠰ ᠬᠠᠭᠠᠨ ᠲᠦᠴᠢᠨ ᠬᠤᠶᠠᠷ ᠰᠡᠬᠦᠳᠡᠷ ᠲᠠᠢ ᠪᠦᠯᠦᠬᠡ᠃︾ ④ ᠳᠡᠮᠤᠵᠢᠨ ︽ᠬᠡᠷᠡᠶᠢᠳ ᠢᠷᠬᠡᠨ | ᠢ ᠡᠶᠢᠨ ᠬᠦ ᠰᠦᠨᠦᠬᠡᠵᠤ᠂ ᠳᠠᠷᠨ ᠡᠪᠤᠯ ᠠᠪᠵᠢᠭᠠ ᠬᠦᠳᠡᠬᠡᠷ ᠬᠡᠬᠦ ᠭᠠᠵᠠᠷ ᠲᠤ ᠡᠪᠤᠯᠵᠢᠪᠡ᠃︾ ⑤ | ᠠᠳᠡ ᠶᠠᠭᠤᠨ ᠳᠤ ᠳᠡᠮᠤᠵᠢᠨ ᠶᠡᠭᠡ ᠮᠤᠩᠭᠤᠯ ᠤᠯᠤᠰ ᠢ ᠨᠢᠬᠡᠳᠬᠡᠨ ᠪᠠᠶᠢᠭᠤᠯᠵᠤ᠂ ᠴᠢᠩᠬᠢᠰ | ᠬᠠᠭᠠᠨ ᠡᠷᠬᠦᠮᠵᠢᠯᠡᠭᠳᠡᠬᠦ ᠠᠴᠠ ᠪᠠᠨ ᠡᠮᠦᠨ᠎ᠠ ᠬᠷᠡᠶᠢᠳ ᠠᠶᠢᠮᠠᠭ ᠤᠨ ᠸᠠᠩ ᠬᠠᠨ ᠢ ᠡᠴᠦᠳᠬᠡᠵᠦ ᠰᠦᠨᠦᠬᠡᠭᠰᠡᠨ ᠢ | ᠳᠡᠮᠳᠡᠭᠯᠡᠭᠰᠡᠨ ᠪᠤᠢ︖ ᠬᠡᠪᠡᠯ᠂ ᠮᠤᠩᠭᠤᠯ ᠬᠢᠳᠡᠳ ᠢᠶᠠᠷ ᠪᠢᠴᠢᠭᠳᠡᠭᠰᠡᠨ ᠮᠤᠩᠭᠤᠯ ᠤᠨ ᠳᠡᠤᠬᠡ ᠶᠢᠨ ᠪᠢᠴᠢᠭ ᠤᠳ | ᠲᠤ ᠳᠡᠮᠤᠵᠢᠨ᠂ ᠬᠡᠷᠡᠶᠢᠳ ᠤᠨ ᠸᠠᠩ ᠬᠠᠨ ᠢ ᠰᠦᠨᠦᠬᠡᠭᠰᠡᠨ ᠤ ᠳᠠᠷᠠᠭ᠎ᠠ ︽ᠳᠡᠮᠡᠬᠡᠨ ᠬᠡᠬᠡᠷ᠎ᠠ︾ ᠨᠡᠷᠡᠲᠦ ᠭᠠᠵᠠᠷ | ᠶᠡᠭᠡ ᠠᠪᠠ ᠳᠠᠯᠪᠢᠭᠰᠠᠨ ᠨᠢ ᠦᠨᠡᠨ ᠬᠡᠳᠡᠭ ᠢ ᠬᠡᠯᠡᠬᠦ ᠶᠢᠨ ᠲᠦᠯᠦᠬᠡ ᠶᠤᠮ᠃ ᠳᠡᠮᠤᠵᠢᠨ ᠬᠡᠵᠢᠶ᠎ᠠ ᠳᠡᠮᠡᠬᠡᠨ ᠬᠡᠬᠡᠷ᠎ᠠ | ᠨᠡᠷᠡᠲᠦ ᠭᠠᠵᠠᠷ ᠠᠪᠠᠯᠠᠪᠠ ᠬᠡᠪᠡᠯ ︽ᠬᠡᠷᠡᠶᠢᠳ ᠢᠷᠡᠬᠡᠨ ᠢ ᠡᠶᠢᠨ ᠬᠦ ᠰᠦᠨᠤᠬᠡᠵᠤ᠂ ᠳᠠᠷᠨ ᠡᠪᠤᠯ ᠠᠪᠵᠢᠭᠠ | ᠬᠦᠳᠡᠬᠡᠷ ᠬᠡᠬᠦ ᠭᠠᠵᠠᠷ ᠲᠤ ᠡᠪᠤᠯᠵᠢᠪᠡ᠃︾ ⑥ ᠳᠡᠮᠤᠵᠢᠨ ᠠᠳᠡ ᠡᠪᠤᠯᠵᠢᠵᠤ ᠪᠠᠶᠢᠬᠤ ᠳᠤ ᠪᠠᠨ ︽ᠳᠡᠮᠡᠬᠡᠨ | ᠬᠡᠬᠡᠷ᠎ᠠ ᠬᠡᠬᠦ ᠭᠠᠵᠠᠷ ᠶᠡᠭᠡ ᠠᠪᠠ ᠠᠪᠠᠯᠠᠵᠤ᠂ ᠲᠦᠯᠬᠢᠨᠴᠢᠬᠦᠳ ᠬᠡᠬᠦ ᠭᠠᠵᠠᠷ ᠢ ᠬᠠᠮᠤᠷᠴᠤ ᠪᠠᠶᠢᠬᠤ︾ ᠳᠤᠨᠢ | ᠤᠩᠭᠤᠳ ᠠᠶᠢᠮᠠᠭ ᠤᠨ ᠠᠯᠬᠤᠰᠢ ᠲᠢᠬᠢᠳ ᠬᠤᠷᠢ ᠶᠢᠨ ᠡᠯᠴᠢ ᠶᠤᠬᠤᠨᠠᠨ᠂ ︽ᠨᠠᠢᠮᠠᠨ ᠤ ᠳᠠᠶᠠᠨ ᠬᠠᠨ | ᠬᠤᠷᠤᠮᠰᠠᠭ᠎ᠠ ᠶᠢ ᠴᠢᠨᠢ ᠠᠪᠬᠤ ᠪᠠᠷ ᠢᠷᠡᠨ᠎ᠠ︾ ᠬᠡᠰᠡᠨ ᠴᠢᠮᠡᠭᠡ ᠶᠢ ᠬᠡᠯᠡᠵᠤ ᠦᠭᠬᠦᠭᠰᠡᠨ ᠳᠤ ᠳᠡᠮᠤᠵᠢᠨ ︽ | ᠰᠤᠨᠤᠰᠤᠭᠰᠠᠨ ᠳᠠᠷᠤᠢ᠂ ᠠᠪᠠ ᠬᠢᠵᠤ ᠪᠠᠶᠢᠭᠰᠠᠨ ᠭᠠᠵᠠᠷ ᠲᠠᠭᠠᠨ ︿ᠶᠠᠭᠠᠬᠢᠬᠤ ᠪᠤᠢ︖﹀ ᠭᠡᠵᠤ ᠤᠯᠠᠨ ᠲᠠᠢ ᠪᠠᠨ | ᠵᠦᠪᠯᠡᠯᠴᠡᠵᠤ ᠁ ᠪᠠᠶᠢᠯᠳᠤᠬᠤ ᠪᠠᠷ ᠮᠤᠷᠳᠡᠶᠠ︾ ⑦ ᠭᠡᠵᠤ ᠳᠤᠭᠳᠠᠭᠰᠠᠨ ᠪᠠᠶᠢᠵᠡᠢ᠃ ᠡᠨ᠋ᠨ ᠳᠤᠬᠠᠢ ︽ ᠲᠠᠢ | ᠶᠤᠸᠠᠨ ᠤᠯᠤᠰ ᠤᠨ ᠪᠢᠴᠢᠭ︾ ᠲᠤ ᠢᠩᠬᠢᠵᠤ ᠳᠡᠮᠳᠡᠭᠯᠡᠭᠰᠡᠨ ᠪᠠᠶᠢᠨ᠎ᠠ᠄ ︽ᠬᠦᠬᠡ ᠬᠤᠯᠤᠭᠠᠨ᠎ᠠ ᠵᠢᠯ᠎ᠡ᠂ ᠳᠡᠶᠢᠽᠤ | ᠤᠯᠠᠨ ᠠᠶᠢᠮᠠᠭ ᠤᠳ ᠢ ᠠᠪᠴᠤ᠃ ᠳᠡᠮᠡᠬᠡᠨ ᠬᠡᠬᠡᠷ᠎ᠠ ᠨᠡᠷᠡᠲᠦ ᠤᠰᠤᠨ᠎ᠠ ᠴᠢᠬᠤᠯᠬᠠᠨ ᠴᠢᠬᠤᠯᠵᠤ ᠨᠠᠢᠮᠠᠨ ᠠᠶᠢᠮᠠᠭ ᠢ | ᠳᠡᠶᠢᠯᠠᠰᠤᠭᠠᠢ ᠬᠡᠮᠡᠨ ᠵᠦᠪᠰᠢᠶᠡᠷᠡᠬᠦᠢ ᠳᠤᠷ ᠤᠯᠠᠨ ᠲᠦᠰᠢᠮᠡᠳ ᠦᠬᠦᠯᠡᠷ ᠤᠨ᠃ ᠡᠲᠦᠬᠡ ᠬᠠᠪᠤᠷ ᠤᠨ ᠴᠠᠭ | ᠪᠤᠯᠵᠤᠬᠤᠠᠢ᠂ ᠠᠭᠳᠡ ᠠᠠᠤ ᠲᠤᠷᠬᠠᠨ ᠪᠤᠢ︾ ⑧ ᠬᠡᠵᠡᠢ᠃ ᠬᠡᠪᠡᠴᠤ ᠤᠳᠴᠢᠬᠢᠨ ᠨᠤᠶᠠᠨ ᠪᠤᠯᠤᠨ ᠪᠡᠯᠬᠦᠳᠡᠢ | ᠨᠤᠶᠠᠨ ᠤ ᠬᠡᠯᠡᠭᠰᠡᠨ ᠢᠶᠠᠷ ᠨᠠᠢᠮᠠᠨ ᠠᠶᠢᠮᠠᠭ ᠲᠠᠢ ᠪᠠᠶᠢᠯᠳᠤᠬᠤ ᠪᠠᠷ ᠳᠤᠭᠳᠠᠭᠰᠠᠨ ᠢᠶᠠᠨ ︽ᠬᠤᠯᠤᠭᠠᠨ᠎ᠠ ᠵᠢᠯ ᠤᠨ | ᠵᠤᠨ ᠤ ᠳᠡᠷᠢᠬᠦᠨ ᠰᠠᠷ᠎ᠠ ᠶᠢᠨ ᠠᠷᠪᠠᠨ ᠵᠢᠷᠭᠤᠭᠠᠨ ᠤ ᠡᠲᠦᠷ ᠤᠨ ᠤᠯᠠᠭᠠᠨ ᠳᠡᠷᠬᠡᠯ ᠰᠠᠷᠨ ᠲᠠᠢ ᠰᠦᠨᠢ ᠳᠤᠭ ᠢᠶᠠᠨ | ᠳᠡᠬᠢᠭᠠᠳ ᠮᠤᠷᠳᠠᠭᠰᠠᠨ︾ ⑨ ᠪᠠᠶᠢᠵᠡᠢ᠃ ᠡᠬᠦᠨ ᠳᠤ ︽ᠮᠤᠩᠭᠤᠯ ᠤᠨ ᠨᠢᠭᠤᠴᠠ ᠳᠤᠪᠴᠢᠶᠠᠨᠨ︾ ᠳᠤ ᠬᠡᠷᠡᠶᠢᠳ | ᠠᠶᠢᠮᠠᠭ ᠢ ᠡᠷᠬᠡ ᠳᠤ ᠪᠠᠨ ᠤᠷᠤᠭᠤᠯᠵᠤ᠂ ᠠᠪᠵᠢᠭᠠ ᠬᠦᠳᠡᠬᠡᠷ ᠲᠤ ᠡᠪᠤᠯᠵᠢᠬᠡᠳ ᠳᠡᠮᠡᠬᠡᠨ ᠬᠡᠬᠡᠷ᠎ᠠ ᠳᠤ | ᠠᠪᠠᠯᠠᠭᠰᠠᠨ ᠪᠠ ᠠᠪᠠ ᠳᠡᠬᠡᠷ᠎ᠠ ᠪᠠᠨ ᠨᠠᠢᠮᠠᠨ ᠠᠶᠢᠮᠠᠭ ᠢ ᠳᠡᠶᠢᠯᠠᠬᠤ ᠪᠠᠷ ᠳᠤᠭᠳᠠᠭᠰᠠᠨ ᠢ ᠳᠡᠮᠳᠡᠭᠯᠡᠵᠡᠢ᠃ ︽ ᠲᠠᠢ | ᠶᠤᠸᠠᠨ ᠤᠯᠤᠰ ᠤᠨ ᠪᠢᠴᠢᠭ︾ ᠲᠤ ᠬᠠᠷᠠᠭᠴᠢᠨ ᠭᠠᠭ᠋ᠠᠢ ᠵᠢᠯ ︵1203 ᠤᠨ︶ ᠬᠡᠷᠡᠶᠢᠳ ᠠᠶᠢᠮᠠᠭ ᠢ ᠡᠷᠬᠡ ᠳᠤ | ᠪᠠᠨ ᠤᠷᠤᠭᠤᠯᠤᠭᠠᠳ ᠡᠪᠤᠯ ᠨᠢ ᠳᠡᠮᠡᠬᠡᠨ ᠬᠡᠬᠡᠷ᠎ᠠ ᠨᠡᠷᠡᠲᠦ ᠭᠠᠵᠠᠷ ᠶᠡᠭᠡ ᠠᠪᠠ ᠳᠡᠯᠪᠢᠵᠤ᠂ ᠳᠠᠷᠠᠭ᠎ᠠ ᠵᠢᠯ ︵ᠬᠦᠬᠡ | ᠬᠤᠯᠤᠭᠠᠨ᠎ᠠ 1204 ᠤᠨ︶ ᠤᠨ ᠬᠠᠪᠤᠷ ᠳᠡᠮᠡᠬᠡᠨ ᠬᠡᠬᠡᠷ᠎ᠠ ᠨᠡᠷᠡᠲᠦ ᠤᠰᠤᠨ᠎ᠠ ᠶᠡᠭᠡ ᠴᠢᠭᠤᠯᠭᠠᠨ ᠪᠤᠯᠵᠤ ᠨᠠᠢᠮᠠᠨ | ᠠᠶᠢᠮᠠᠭ ᠤᠨ ᠲᠠᠢ ᠶᠠᠩ ᠬᠠᠨ ᠢ ᠳᠡᠶᠢᠯᠠᠬᠤ ᠪᠠᠷ ᠵᠦᠪᠳᠡᠭᠰᠡᠨ ᠬᠡᠵᠡᠢ᠃ ᠶᠠᠭᠤ ᠴᠦ ᠬᠡᠰᠡᠨ ᠳᠡᠮᠤᠵᠢᠨ ︽ᠳᠡᠮᠡᠬᠡᠨ | ᠬᠡᠬᠡᠷ᠎ᠠ︾ ᠪᠤᠶᠤ ︽ᠳᠡᠮᠡᠬᠡᠨ ᠬᠡᠬᠡᠷ᠎ᠠ ᠨᠡᠷᠡᠲᠦ ᠤᠰᠤᠨ᠎ᠠ︾ ᠠᠪᠠᠯᠠᠭᠰᠠᠨ ᠪᠠ ᠴᠢᠭᠤᠯᠭᠠᠨ ᠪᠤᠯᠤᠭᠰᠠᠨ ᠨᠢ ᠦᠨᠡᠨ | ᠪᠠᠶᠢᠵᠡᠢ᠃ ᠡᠬᠦᠨ ᠠᠴᠠ ᠪᠠᠨ ︽ᠳᠡᠮᠡᠬᠡᠨ ᠬᠡᠬᠡᠷ᠎ᠠ︾ ᠳᠤ ︽ᠤᠰᠤᠨ︾ ᠪᠠᠶᠢᠬᠤ ᠶᠢ ᠮᠡᠳᠡᠵᠤ ᠪᠤᠯᠤᠨ᠎ᠠ᠃ ᠳᠠᠷᠨ | ︽ᠤᠰᠤ︾ ᠨᠢ ᠭᠤᠤᠯ ᠪᠢᠰᠢ᠂ ᠶᠡᠭᠡ ᠤᠰᠤ ᠪᠤᠯᠤᠯᠳᠡᠢ᠃ ︽ᠭᠤᠤᠯ︾ ᠪᠤᠯ ᠭᠤᠤᠯ ᠭᠡᠵᠤ ᠯᠨ ᠪᠢᠴᠢᠬᠦ ᠪᠠᠶᠢᠬ᠎ᠠ | ᠃ ᠳᠡᠬᠡᠪᠡᠯ ︽ᠳᠡᠮᠡᠬᠡᠨ ᠬᠡᠬᠡᠷ᠎ᠠ︾ ᠪᠤᠶᠤ ︽ᠳᠡᠮᠡᠬᠡᠨ ᠬᠡᠬᠡᠷ᠎ᠠ ᠨᠠᠷᠡᠲᠦ ᠤᠰᠤ︾᠂ ︽ᠳᠡᠮᠡᠬᠡᠲᠦ ᠭᠠᠵᠠᠷ︾ ᠨᠢ | ᠬᠠᠮᠢᠭ᠎ᠠ ᠪᠠᠶᠢᠬᠤ ᠪᠤᠢ︖ ᠳᠡᠬᠡᠷ᠎ᠠ ᠠᠰᠢᠭᠯᠠᠭᠰᠠᠨ ᠳᠡᠤᠬᠡ ᠶᠢᠨ ᠪᠢᠴᠢᠭ ᠤᠳ ᠲᠤ ᠳᠤᠳᠤᠷᠬᠠᠢ ᠳᠡᠮᠳᠡᠭᠯᠡᠯ ᠦᠭᠡᠢ᠃ | ᠤᠳᠤ ᠬᠡᠳ ︽ᠳᠡᠮᠡᠬᠡᠨ ᠬᠡᠬᠡᠷ᠎ᠠ︾ ᠶᠢᠨ ᠳᠤᠬᠠᠢ ᠡᠷᠳᠡᠮᠳᠡᠳ ᠠᠳᠡᠯᠢ ᠦᠭᠡᠢ ᠦᠵᠡᠯᠳᠡ ᠲᠠᠢ ᠪᠠᠶᠢᠨ᠎ᠠ᠃ ︽ | ᠮᠤᠩᠭᠤᠯ ᠤᠨ ᠨᠢᠭᠤᠴᠠ ᠳᠤᠪᠴᠢᠶᠠᠨ︾ ᠳᠠᠬᠢ ᠭᠠᠵᠠᠷ ᠤᠨ ᠨᠡᠷ᠎ᠠ ᠶᠢᠨ ᠤᠯᠠᠩᠬᠢ ᠨᠢ ᠤᠳᠤ ᠶᠢᠨ ᠨᠡᠷ᠎ᠠ ᠪᠠᠷ | ᠦᠭᠡᠢ ᠨᠢᠭᠤᠴᠠ ᠪᠠᠶᠢᠭᠰᠠᠭᠠᠷ᠃ ᠡᠬᠦᠨ ᠳᠤ ︽ᠳᠡᠮᠡᠬᠡᠨ ᠬᠡᠬᠡᠷ᠎ᠠ︾ ᠴᠦ ᠪᠠᠭᠳᠡᠨ᠎ᠠ᠃ ᠶᠠᠭᠠᠬᠢᠵᠤ ᠨᠢᠭᠤᠴᠠ | ᠪᠠᠶᠢᠭᠰᠠᠨ ᠴᠦ ᠠᠭᠤᠯᠨ ᠤᠰᠤ ᠭᠠᠵᠠᠷ ᠨᠤᠳᠤᠭ ᠰᠢᠯᠵᠢᠳᠡᠭ ᠦᠭᠡᠢ᠂ ᠲᠦᠷᠦ ᠬᠦᠷᠦᠨ ᠰᠤᠯᠢᠭᠳᠠᠵᠤ᠂ ᠬᠦᠮᠦᠨ | ᠠᠷᠡᠳ ᠨᠢ ᠨᠡᠬᠦᠭᠰᠡᠨ ᠴᠦ ᠳᠠᠷᠨ ᠭᠠᠵᠠᠷ ᠨᠢ ᠳᠠᠷᠨ ᠬᠡᠪ ᠢᠶᠠᠷ ᠢᠶᠠᠨ ᠪᠠᠶᠢᠬᠤ ᠯᠨ ᠶᠤᠰᠤ ᠲᠠᠢ᠃ ᠡᠶᠢᠮᠤ ᠪᠠᠷ ᠢᠶᠠᠨ | ᠳᠡᠮᠤᠵᠢᠨ ᠴᠢᠩᠬᠢᠰ ᠬᠠᠭᠠᠨ ᠤ ᠠᠪᠠᠯᠠᠭᠰᠠᠨ ︽ᠳᠡᠮᠡᠬᠡᠨ ᠬᠡᠬᠡᠷ᠎ᠠ︾ ᠨᠡᠷᠡᠲᠦ ᠭᠠᠵᠠᠷ ᠤᠭ ᠤᠷᠤᠨ ᠳᠤ ᠪᠠᠨ ᠪᠠᠶᠢᠬᠤ | ᠤᠴᠢᠷ ᠲᠠᠢ᠃ ᠡᠨ᠋ᠨ ︽ᠳᠡᠮᠡᠬᠡᠨ ᠬᠡᠬᠡᠷ᠎ᠠ︾ ᠨᠡᠷᠡᠲᠦ ᠭᠠᠵᠠᠷ ᠬᠠᠮᠢᠭ᠎ᠠ ᠪᠠᠶᠢᠬᠤ ᠶᠢ ᠮᠤᠩᠭᠤᠯ ᠠᠷᠡᠳ ᠤᠯᠤᠰ ᠤᠨ | ᠡᠷᠳᠡᠮᠳᠡᠳ ᠡᠷᠢᠵᠤ᠂ ᠰᠤᠳᠤᠯᠵᠤ ᠳᠤᠷᠡᠳᠴᠤ ᠦᠩᠬᠡᠷᠡᠪᠡ᠃ ᠡᠬᠦᠨ ᠳᠤ ᠱ᠊ · ᠱᠠᠭᠳᠠᠷ᠂ ᠰ᠊ · ᠳᠡᠮᠲᠢᠡᠰᠦ᠋ᠷᠦᠩ | ᠤᠨ ︽ᠮᠤᠩᠭᠤᠯ ᠤᠨ ᠨᠢᠭᠤᠴᠠ ᠳᠤᠪᠴᠢᠶᠠᠨ ᠤ ᠭᠠᠵᠠᠷ ᠤᠰᠤ︾ ᠬᠡᠰᠡᠨ ᠨᠤᠮ ᠳᠤ᠄ ︽ᠳᠡᠮᠡᠬᠡᠨ ᠬᠡᠬᠡᠷ᠎ᠠ﹀ ᠡᠨ᠋ᠨ | ᠨᠡᠷ᠎ᠠ᠂ ︿ᠮᠤᠩᠭᠤᠯ ᠤᠨ ᠨᠢᠭᠤᠴᠠ ᠳᠤᠪᠴᠢᠶᠠᠨ﹀ ᠵᠤᠬᠢᠶᠠᠯ ᠳᠤ ᠭᠠᠭᠴᠠ ᠤᠳᠠᠭ᠎ᠠ ᠭᠠᠷᠳᠠᠭ᠃ ᠴᠢᠩᠬᠢᠰ ᠬᠠᠭᠠᠨ | ᠳᠡᠮᠡᠬᠡᠨ ᠬᠡᠬᠡᠷ᠎ᠠ ᠳᠤ ᠠᠪᠠᠯᠠᠵᠤ ᠶᠠᠪᠤᠬᠤ ᠳᠠᠭᠠᠨ ᠨᠠᠢᠮᠠᠨ ᠤ ᠳᠠᠶᠠᠨ ᠬᠠᠨ᠂ ᠬᠤᠷ ᠵᠡᠪᠰᠡᠭ ᠢ ᠴᠢᠨᠢ ᠠᠪᠬᠤ ᠪᠠᠷ | ᠳᠤᠪᠳᠤᠯᠬᠤ ᠭᠡᠵᠤ ᠪᠠᠶᠢᠨ᠎ᠠ ᠬᠡᠰᠡᠨ ᠮᠡᠳᠡᠭᠡ ᠶᠢ ᠠᠯᠬᠤᠰᠢ ᠲᠢᠬᠢᠳᠬᠤᠷᠢ ᠶᠤᠬᠤᠨᠠᠨ ᠨᠡᠷᠡᠲᠦ ᠡᠯᠴᠢ ᠪᠠᠷ ᠢᠶᠠᠨ | ᠴᠢᠩᠬᠢᠰ ᠬᠠᠭᠠᠨ ᠳᠤ ᠢᠯᠡᠬᠡᠭᠰᠡᠨ︾᠂ ︽ᠳᠡᠮᠡᠬᠡᠨ ᠬᠡᠬᠡᠷ᠎ᠠ ᠬᠠᠮᠢᠭ᠎ᠠ ᠪᠠᠶᠢᠨ᠎ᠠ ᠪᠤᠢ︖ ︿ᠪᠤᠭᠳᠡ ᠶᠢᠨ ᠳᠡᠶᠢᠯᠪᠤᠷᠢ | ﹀ ᠳᠤ ᠴᠢᠩᠬᠢᠰ ᠬᠠᠭᠠᠨ ᠡᠮᠡᠯ ᠦᠡᠲᠦᠷ᠂ ᠳᠡᠷᠢ ᠨᠠᠭᠤᠷ᠂ ᠳᠡᠮᠡᠬᠡᠨ ᠬᠡᠬᠡᠷ᠎ᠠ ᠬᠡᠳᠡᠭ ᠭᠠᠵᠠᠷ ᠢᠶᠠᠷ ᠨᠤᠳᠤᠭᠯᠡᠵᠤ | ᠪᠠᠶᠢᠭᠰᠠᠨ ᠳᠤᠬᠠᠢ ᠭᠠᠷᠳᠠᠭ᠃ ᠡᠮᠠᠯ ᠦᠡᠲᠦᠷ ᠨᠢ ᠦᠨᠤ ᠶᠢᠨ ᠬᠠᠮᠠᠷ ᠳᠡᠪᠠᠭᠠ᠂ ᠳᠡᠷᠢ ᠨᠠᠭᠤᠷ ᠨᠢ ᠦᠨᠤ ᠶᠢᠨ | ᠳᠡᠯᠡᠢ ᠨᠠᠭᠤᠷ᠂ ᠳᠡᠮᠡᠬᠡᠨ ᠬᠡᠬᠡᠷ᠎ᠠ ᠨᠢ ᠳᠡᠬᠡᠷᠡᠬᠢ ᠬᠤᠶᠠᠷ ᠭᠠᠵᠠᠷ ᠤᠨ ᠤᠶᠢᠷ᠎ᠠ ᠬᠠᠯᠬ᠎ᠠ ᠭᠤᠤᠯ ᠤᠨ ᠪᠠᠷᠡᠭᠤᠨ | ᠬᠤᠶᠢᠨ᠎ᠠ ᠪᠤᠢ ᠭᠡᠵᠤ ᠬ᠊ · ᠫᠧᠷᠯᠠᠢ ᠳᠡᠭᠠᠮᠠᠭᠯᠠᠵᠡᠢ᠃ ᠱ᠊ · ᠭᠠᠳᠡᠮᠪᠡ᠄ ᠳᠡᠮᠡᠬᠡᠨ ᠬᠡᠬᠡᠷ᠎ᠠ ᠬᠡᠳᠡᠭ ᠭᠠᠵᠠᠷ ᠢ | ᠡᠯᠳᠠᠩᠳᠡᠢ᠂ ᠠᠷᠳᠡᠵᠡᠪ᠂ ᠫᠧᠷᠯᠠᠢ ᠨᠡᠷ ᠬᠠᠯᠬ᠎ᠠ ᠭᠤᠤᠯ ᠠᠴᠠ ᠪᠠᠷᠡᠭᠤᠨ ᠬᠤᠶᠢᠰᠢ ᠤᠶᠢᠷᠡᠬᠠᠨ ᠪᠤᠢ ᠬᠡᠰᠡᠨ ᠨᠢ | ᠳᠡᠲᠦᠢ ᠯᠨ ᠦᠨᠡᠮᠰᠢᠯᠳᠡᠢ ᠪᠢᠰᠢ ᠬᠡᠵᠡᠢ᠃ ᠳ᠋᠊ · ᠪᠠᠽᠠᠷᠬᠦ᠋ᠷᠤ᠄ ᠬᠢᠯᠢ ᠶᠢᠨ ᠭᠠᠳᠡᠨ᠎ᠠ ᠤᠨᠤᠨ ᠤ ᠵᠡᠬᠦᠨ ᠭᠠᠷ ᠲᠤ | ᠬᠤᠶᠢᠲᠦ ᠦᠷᠬᠡᠷᠢᠭ 50。43、᠂ ᠵᠡᠬᠦᠨ ᠤᠷᠳᠤᠷᠢᠭ 115。07、 ᠲᠤ᠂ ᠡᠤ᠋ · ᠰᠦᠬᠡᠪᠠᠭᠠᠳᠤᠷ᠂ ᠰ᠊ · | ᠴᠡᠷᠡᠩᠪᠡᠯᠳᠡᠪ ᠨᠡᠷ ᠦᠨᠤ ᠶᠢᠨ ᠳᠤᠷᠤᠨᠠᠲᠦ ᠠᠶᠢᠮᠠᠭ ᠤᠨ ᠨᠤᠳᠤᠭ ᠸᠠᠩ ᠤᠨ ᠴᠠᠭᠠᠨ ᠠᠭᠤᠯᠨ ᠬᠠᠪᠢ ᠳᠤ ᠬᠤᠶᠢᠲᠦ | ᠦᠷᠬᠡᠷᠢᠭ 46。53、᠂ ᠵᠡᠬᠦᠨ ᠤᠷᠳᠤᠷᠢᠭ 118。12、 ᠲᠤ ᠪᠠᠷᠤᠭ ᠨᠢᠬᠡ ᠴᠡᠭ ᠲᠤ ᠳᠡᠮᠳᠡᠭᠯᠡᠵᠡᠢ᠃ | ᠡᠤ᠋ · ᠰᠦᠬᠡᠪᠠᠭᠠᠳᠤᠷ ᠨᠡᠷ ᠤᠨ ᠰᠠᠨᠠᠯ ᠲᠠᠢ ᠪᠢᠳᠡ ᠨᠠᠶᠢᠯᠠᠵᠤ ᠪᠠᠶᠢᠨ᠎ᠠ᠃︾ ⑩ ᠡᠬᠦᠨ ᠳᠤ ᠳᠡᠷᠢ ᠨᠠᠭᠤᠷ ᠢ ᠦᠨᠤ | ᠶᠢᠨ ᠳᠡᠯᠡᠢ ᠨᠡᠭᠤᠷ ᠬᠡᠰᠡᠨ ᠪᠤᠯᠪᠠᠴᠤ᠂ ᠳᠡᠮᠡᠬᠡᠨ ᠬᠡᠬᠡᠷ᠎ᠠ ᠶᠢ ᠬᠠᠯᠬ᠎ᠠ ᠭᠤᠤᠯ ᠤᠨ ᠪᠠᠷᠡᠭᠤᠨ ᠬᠤᠶᠢᠨ᠎ᠠ ᠪᠤᠢ ᠬᠡᠰᠡᠨ | ᠪᠠ ᠤᠨᠤᠨ ᠤ ᠵᠡᠬᠦᠨ ᠭᠠᠷ ᠲᠤ᠂ ᠦᠨᠤ ᠶᠢᠨ ᠳᠤᠷᠤᠨᠠᠲᠦ ᠠᠶᠢᠮᠠᠭ ᠤᠨ ᠨᠤᠳᠤᠭ ᠸᠠᠩ ᠤᠨ ᠴᠠᠭᠠᠨ ᠠᠭᠤᠯᠨ | ᠬᠠᠪᠢ ᠳᠤ ᠭᠡᠵᠤ ᠮᠤᠩᠭᠤᠯ ᠠᠷᠡᠳ ᠤᠯᠤᠰ ᠤᠨ ᠨᠤᠳᠤᠭ ᠲᠤ ᠪᠠᠶᠢᠬᠤ ᠪᠠᠷ ᠳᠡᠭᠠᠮᠠᠭᠯᠠᠵᠠᠭᠠᠵᠠᠢ᠃ ᠡᠬᠦᠨ ᠠᠴᠠ ᠨᠢ | ᠡᠤ᠋ · ᠰᠦᠬᠡᠪᠠᠭᠠᠳᠤᠷ ᠨᠡᠷ ᠤᠨ ᠬᠤᠶᠢᠲᠦ ᠦᠷᠬᠡᠷᠢᠭ 46。53、 ᠵᠡᠬᠦᠨ ᠤᠷᠳᠤᠷᠢᠭ 118。12、 ᠲᠤ | ᠪᠠᠶᠢᠨ᠎ᠠ ᠬᠡᠰᠡᠨ ᠳᠤ ᠰᠠᠨᠠᠯ ᠨᠢᠬᠡᠲᠦᠷᠡᠭᠰᠡᠨ ᠪᠠᠶᠢᠨ᠎ᠠ᠃ ᠳᠡᠬᠡᠪᠡᠯ ︽ᠳᠡᠮᠡᠬᠡᠨ ᠬᠡᠬᠡᠷ᠎ᠠ︾ ᠨᠡᠷᠡᠲᠦ ᠭᠠᠵᠠᠷ ᠨᠢ | ᠮᠤᠩᠭᠤᠯ ᠠᠷᠡᠳ ᠤᠯᠤᠰ ᠤᠨ ᠨᠤᠳᠤᠭ ᠲᠤ ᠪᠠᠶᠢᠨ᠎ᠠ ᠤᠤ︖ ᠦᠪᠤᠷ ᠮᠤᠩᠭᠤᠯ ᠤᠨ ᠦᠪᠡᠷᠳᠡᠬᠡᠨ ᠵᠠᠰᠠᠬᠤ | ᠤᠷᠤᠨ ᠳᠤ ᠪᠠᠶᠢᠨ᠎ᠠ ᠤᠤ︖ ᠳᠠᠭᠠᠮᠠᠭᠯᠠᠯ ᠢᠶᠠᠷ ᠳᠤᠳᠤᠷᠡᠭᠤᠯᠵᠤ ᠴᠢᠳᠡᠬᠤ ᠦᠭᠡᠢ᠂ ᠡᠷᠬᠡᠪᠰᠢ ᠡᠷᠳᠡᠨ ᠡᠲᠦᠬᠡ ᠶᠢᠨ | ᠭᠠᠵᠠᠷ ᠤᠨ ᠵᠢᠷᠤᠭ ᠢ ᠡᠷᠢᠵᠤ ᠭᠠᠵᠠᠷ ᠤᠨ ᠪᠠᠶᠢᠴᠠ ᠶᠢ ᠦᠵᠡᠬᠦ ᠴᠢᠬᠤᠯᠨ ᠲᠠᠢ᠃ ᠭᠠᠵᠠᠷ ᠤᠨ ᠵᠢᠷᠤᠭ ᠪᠤᠯ ᠭᠠᠵᠠᠷ | ᠤᠨ ᠨᠡᠷ᠎ᠠ ᠶᠢ ᠳᠡᠮᠳᠡᠭᠯᠡᠭᠰᠡᠨ ᠪᠠᠳᠤ ᠲᠠᠢ ᠭᠡᠷᠡᠴᠢ ᠮᠡᠲ᠋ᠧᠷᠢᠶᠠᠯ ᠪᠤᠯᠬᠤ ᠪᠠ ᠭᠠᠵᠠᠷ ᠤᠨ ᠪᠠᠶᠢᠴᠠ ᠨᠢ ᠬᠦᠳᠡᠯᠤᠰᠢ | ᠦᠭᠡᠢ ᠬᠡᠷᠡᠴᠢ ᠪᠤᠯᠤᠨ᠎ᠠ᠃ ᠮᠤᠩᠭᠤᠯ ᠠᠷᠡᠳ ᠤᠯᠤᠰ ᠤᠨ ᠡᠲᠦᠬᠡ ᠶᠢᠨ ᠭᠠᠵᠠᠷ ᠤᠨ ᠵᠢᠷᠤᠭ ᠢ ᠤᠯᠵᠤ ᠦᠵᠡᠭᠰᠡᠨ | ᠦᠭᠡᠢ᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠡᠲᠦᠬᠡ ᠶᠢᠨ ᠭᠠᠵᠠᠷ ᠤᠨ ᠵᠢᠷᠤᠭ ᠲᠤ ︽ | ᠳᠡᠮᠡᠬᠡᠨ ᠬᠡᠬᠡᠷ᠎ᠠ︾ ᠨᠡᠷᠡᠲᠦ ᠭᠠᠵᠠᠷ ᠢ ᠡᠷᠢᠬᠡᠳ ᠤᠯᠬᠤ ᠦᠭᠡᠢ᠃ ᠡᠷᠳᠡᠨ ᠤ ᠭᠠᠵᠠᠷ ᠤᠨ ᠵᠢᠷᠤᠭ ᠢ ᠦᠵᠡᠬᠦ ᠯᠨ | ᠬᠡᠷᠡᠭ ᠲᠠᠢ᠃ ᠡᠬᠦᠨ ᠳᠤ ︽ᠳᠤᠮᠳᠠᠳᠤ ᠤᠯᠤᠰ ᠤᠨ ᠳᠡᠤᠬᠡ ᠶᠢᠨ ᠭᠠᠵᠠᠷ ᠤᠨ ᠵᠢᠷᠤᠭ ᠤᠨ ᠡᠮᠬᠢᠳᠬᠡᠯ︾ ᠤᠨ | ᠳᠤᠯᠤᠳᠤᠭᠠᠷ ᠪᠤᠳᠢ᠂ ︽ᠶᠤᠸᠠᠨ᠂ ᠮᠢᠩ ᠤᠯᠤᠰ ᠤᠨ ᠦᠶ᠎ᠠ ᠶᠢᠨ ᠳᠡᠪᠳᠡᠷ︾ ᠠᠴᠠ ᠦᠵᠡᠶ᠎ᠠ᠃ ᠳᠤᠰ ᠳᠡᠪᠳᠡᠷ | ᠲᠤ ᠬᠢ ᠭᠠᠵᠠᠷ ᠤᠨ ᠵᠢᠷᠤᠭ ᠢ ᠶᠤᠸᠠᠨ ᠤᠯᠤᠰ ᠤᠨ ᡁᠢ ᠶᠤᠸᠠᠨ ᠤ ᠠᠷᠪᠠᠨ ᠳᠤᠯᠳᠤᠭᠠᠷ ᠤᠨ ︵1280︶ ᠤ | ᠦᠶ᠎ᠠ ᠶᠢᠨ ᠭᠠᠵᠠᠷ ᠤᠷᠤᠨ ᠤ ᠨᠡᠷᠡᠶᠢᠳᠤᠯ ᠪᠠ ᡁᠢ ᠱᠦᠨ ᠤ ᠳᠡᠷᠢᠬᠦᠨ ᠤᠨ ︵1330︶ ᠤ ᠦᠶ᠎ᠠ ᠶᠢᠨ ᠭᠠᠵᠠᠷ | ᠤᠷᠤᠨ ᠤ ᠨᠡᠷᠡᠶᠢᠳᠤᠯ ᠢ ᠦᠡᠲᠦᠰᠦᠯᠡᠵᠤ ᠵᠢᠷᠤᠭᠰᠠᠨ ᠪᠠᠶᠢᠵᠠᠢ᠃ ⑾ ᠳᠤᠰ ᠳᠡᠪᠳᠡᠷ ᠤᠨ ᠶᠤᠸᠠᠨ ᠤᠯᠤᠰ ᠤᠨ | ᠦᠶ᠎ᠠ ᠶᠢᠨ ᠪᠦᠷᠢᠨ ᠵᠢᠷᠤᠭ ︵ᠬᠤᠶᠠᠷ︶ ᠤᠨ ᠲᠦᠪ ᠮᠤᠵᠢ ︵中书省) ᠮᠤᠵᠢ ᠶᠢᠨ ᠭᠠᠵᠠᠷ ᠤᠨ ᠵᠢᠷᠤᠭ | ᠲᠤ ︽ᠳᠡᠮᠡᠬᠡᠨ ᠬᠡᠬᠡᠷ᠎ᠠ︾ ᠭᠡᠰᠡᠨ ᠨᠡᠷ᠎ᠠ ᠳᠡᠮᠳᠡᠭᠯᠡᠭᠳᠡᠭᠰᠡᠨ ᠪᠠᠶᠢᠨ᠎ᠠ᠃ ᠶᠤᠸᠠᠨ ᠤᠯᠤᠰ ᠤᠨ ᠲᠦᠪ ᠮᠤᠵᠢ ᠪᠤᠯ | ᠳᠡᠪᠠᠭᠠ ᠶᠢᠨ ᠠᠷᠤ ᠶᠢᠨ ᠮᠤᠵᠢ ᠶᠢᠨ ᠡᠮᠦᠨ᠎ᠠ᠂ ᠭᠠᠨᠰᠦ ᠵᠠᠬᠢᠷᠭᠠᠨ ᠮᠤᠵᠢ ᠪᠤᠯᠤᠨ ᠱᠠᠠᠰᠢ ᠵᠠᠬᠢᠷᠭᠠᠨ ᠮᠤᠵᠢ ᠶᠢᠨ | ᠵᠡᠬᠦᠨ ᠳᠤ ᠡᠾᠧᠨᠠᠨ ᠵᠢᠶᠠᠩᠪᠸᠢ ᠵᠠᠬᠢᠷᠭᠠᠨ ᠮᠤᠵᠢ ᠶᠢᠨ ᠠᠷᠤ᠂ ᠯᠢᠶᠤᠤᠶᠠᠩ ᠵᠠᠬᠢᠷᠭᠠᠨ ᠮᠤᠵᠢ ᠶᠢᠨ ᠪᠠᠷᠡᠭᠤᠨ ᠳᠤ᠂ | ᠡᠾᠧ ᠳ᠋ᠦᠩ᠂ ᠱᠠᠨ ᠰᠢ᠂ ᠱᠠᠠᠳᠦ᠋ᠩ ᠢ ᠪᠠᠭᠳᠠᠭᠠᠭᠰᠠᠨ ᠶᠤᠸᠠᠨ ᠤᠯᠤᠰ ᠤᠨ ᠶᠡᠭᠡ ᠨᠠᠶᠢᠰᠯᠠᠯ ᠪᠡᠬᠡᠵᠢᠩ ᠪᠠ | ᠳᠡᠬᠡᠲᠦ ᠨᠠᠶᠢᠰᠯᠠᠯ ᠺᠠᠢ ᠫᠢᠩ ᠢ ᠪᠠᠭᠳᠠᠭᠠᠭᠰᠠᠨ ᠲᠦᠪ ᠤᠨ ᠮᠤᠵᠢ ᠶᠤᠮ ᠪᠠᠶᠢᠨ᠎ᠠ᠃ ᠡᠨ᠋ᠨ ᠲᠦᠪ ᠮᠤᠵᠢ ᠶᠢᠨ | ᠬᠠᠮᠤᠭ ᠬᠤᠶᠢᠲᠦ ᠵᠠᠬ᠎ᠠ ᠶᠡᠭᠡ ᠳᠠᠷᠡᠰᠦ ᠪᠠ ᠳᠡᠬᠦᠨ ᠤ ᠵᠡᠬᠦᠡᠳᠡᠬᠢ ᠬᠦᠪᠡᠭᠡ ᠳᠤ ᠪᠠᠨ ᠢᠩᠴᠠᠩ ᠬᠤᠳᠡ ︵ᠤᠳᠤ | ᠪᠠᠭᠤᠷᠢ ᠳᠡᠲᠦᠢ︶ ᠲᠠᠢ ᠳ᠋ᠠ ᠡᠯ ᠬᠠᠢ ᠽᠢ ︵答儿海子︶ ᠶᠢᠨ ᠤᠶᠢᠷᠡᠯᠴᠠᠭ᠎ᠠ ᠠᠷᠤ ᠳᠡᠯ᠎ᠠ ᠳᠤ ᠱᠢ | ᠡᠯ ᠬᠦ᠋ ᠯᠤ᠋ ᠭᠤᠤᠯ ︵失儿古鲁河︶ ᠤᠨ ᠵᠡᠬᠦᠨ ᠬᠦᠪᠡᠭᠡ ᠳᠤ ᠲᠢᠶᠧ ᠮᠤᠤ ᠺᠧ ᠡᠯ ︵迭茂可 | 儿︶ ᠭᠡᠵᠤ ᠡᠷᠳᠡᠨ ᠤ ᠭᠠᠵᠠᠷ ᠤᠨ ᠨᠡᠷ᠎ᠠ ᠪᠤᠢ᠃ ᠤᠳᠤᠬᠢ ᠭᠠᠵᠠᠷ ᠵᠦᠢ ᠶᠢᠨ ᠪᠠᠶᠢᠴᠠ ᠠᠴᠠ ᠦᠵᠡᠪᠡᠯ ᠠᠳᠡ | ᠳᠡᠮᠳᠡᠭᠯᠡᠭᠳᠡᠭᠰᠡᠨ ᠳ᠋ᠠ ᠡᠯ ᠬᠠᠢ ᠽᠢ ᠪᠤᠯ ᠳᠡᠯᠡᠢ ᠨᠠᠭᠤᠷ᠂ ᠱᠢ ᠡᠯ ᠬᠦ᠋ ᠯᠤ᠋ ᠭᠤᠤᠯ ᠪᠤᠯ ᠳᠠᠷᠤᠢ ᠤᠳᠤ ᠶᠢᠨ | ᠬᠡᠰᠢᠭᠳᠡᠨ ᠬᠤᠰᠢᠭᠤ ᠶᠢᠨ ᠤᠯᠠᠨ ᠨᠠᠭᠤᠷ ᠠᠴᠠ ᠡᠬᠢ ᠠᠪᠴᠤ ᠤᠮᠠᠷᠡᠰᠢ ᠤᠷᠤᠰᠤᠭᠰᠠᠨ ᠰᠢᠯᠢ ᠶᠢᠨ ᠭᠤᠤᠯ | ᠪᠤᠯᠤᠨ᠎ᠠ᠃ ᠡᠨ᠋ᠨ ᠭᠤᠤᠯ ᠤᠨ ᠵᠡᠬᠦᠨ ᠳᠤᠬᠤᠢ ᠳᠤ ᠳᠡᠮᠳᠡᠭᠯᠡᠭᠳᠡᠭᠰᠡᠨ ᠲᠢᠶᠧ ᠮᠤᠤ ᠺᠧ ᠡᠯ ᠪᠤᠯ ᠳᠠᠷᠤᠢ ︽ᠳᠡᠮᠡᠬᠡᠨ | ᠬᠡᠬᠡᠷ᠎ᠠ︾ ᠬᠡᠰᠡᠨ ᠦᠬᠡ ᠪᠤᠯᠤᠨ᠎ᠠ᠃ ᠭᠠᠵᠠᠷ ᠤᠨ ᠪᠦᠮᠪᠦᠷᠴᠡᠭ ᠲᠠᠬᠢ ᠤᠷᠤᠨ ᠪᠠᠶᠢᠷᠢ ᠨᠢ ᠵᠡᠬᠦᠨ ᠬᠠᠭᠠᠰ | ᠪᠦᠮᠪᠦᠷᠴᠡᠭ ᠤᠨ ᠤᠮᠠᠷᠡᠲᠦ ᠦᠷᠬᠡᠷᠢᠭ ᠤᠨ 44 ᠭᠷᠡᠳᠦ᠋ᠰ ᠤᠷᠴᠢᠮ᠂ ᠵᠡᠬᠦᠨ ᠤᠷᠳᠤᠷᠢᠭ ᠤᠨ 116 ᠭᠷᠡᠳᠦ᠋ᠰ | ᠢᠯᠡᠬᠦᠤ ᠴᠡᠭ ᠲᠤ ᠠᠪᠠᠭ᠋ᠠᠨᠡᠷ ᠤᠨ ᠬᠤᠰᠢᠭᠤ ᠶᠢᠨ ᠲᠦᠪ ᠪᠠᠶᠢᠭᠰᠠᠨ ᠭᠠᠵᠠᠷ ᠤᠨ ᠡᠮᠦᠨ᠎ᠠ ᠵᠦᠭ ᠲᠤ | ᠵᠢᠷᠤᠭᠳᠠᠭᠰᠠᠨ ᠪᠠᠶᠢᠨ᠎ᠠ ⑿᠃ ᠡᠨ᠋ᠨ ᠭᠠᠵᠠᠷ ᠨᠢ ᠬᠡᠰᠢᠭᠳᠡᠨ ᠬᠤᠰᠢᠭᠤ ᠶᠢᠨ ᠰᠢᠷ᠎ᠠ ᠮᠦᠷᠡᠨ ᠤ ᠨᠢᠬᠡᠨ ᠡᠬᠢ | ᠠᠪᠤᠭᠰᠠᠨ ᠭᠠᠵᠠᠷ ᠤᠨ ᠬᠡᠮᠤᠷ ᠦᠡᠲᠦᠷ ᠠᠴᠠ ᠤᠮᠠᠷᠡᠰᠢ᠂ ᠰᠢᠯᠢ ᠶᠢᠨ ᠭᠤᠤᠯ ᠬᠦᠷᠳᠡᠯ᠎ᠠ ᠦᠷᠬᠡᠨ ᠠᠭᠤᠳᠡᠮ ᠰᠢᠯᠢ | ᠭᠠᠵᠠᠷ . ᠪᠤᠯᠤᠨ᠎ᠠ ᠬᠡᠮᠤᠷ ᠦᠡᠲᠦᠷ ᠢ ᠳᠤᠰ ᠭᠠᠵᠠᠷ ᠤᠨ ᠵᠢᠷᠤᠭ ᠲᠤ ᠺᠧᠮᠤᠷ ᠦᠡᠲᠦᠷ ︵可木儿温都 | 尔︶ ᠭᠡᠵᠤ ᠠᠭᠤᠯᠨ ᠶᠢᠨ ᠨᠡᠷ᠎ᠠ ⒀ ᠳᠡᠮᠳᠡᠭᠯᠡᠵᠡᠢ᠃ ᠬᠡᠮᠤᠷ ᠦᠡᠲᠦᠷ ᠢ ᠬᠡᠰᠢᠭᠳᠡᠨ ᠨᠤᠳᠤᠭ ᠤᠨ ᠬᠦᠮᠦᠰ ︽ | ᠬᠡᠶᠢᠮᠦᠷᠢ ᠦᠡᠲᠦᠷ︾ ᠭᠡᠵᠤ ᠬᠡᠯᠡᠳᠡᠭ ᠬᠡᠨ᠎ᠠ᠃ ᠡᠨ᠋ᠨ ︽ᠬᠡᠮᠤᠷ ᠦᠡᠳᠤᠷ︾ ᠨᠢ ᠳᠡᠯᠡᠢ ᠨᠠᠭᠤᠷ ᠠᠴᠠ ᠨᠠᠯᠢᠶᠠᠳ | ᠬᠤᠯᠨ ᠡᠮᠦᠨ᠎ᠠ ᠵᠢᠷᠤᠭᠳᠠᠨ ᠪᠠᠶᠢᠬᠤ ᠳᠤ ︽ᠳᠡᠮᠡᠬᠡᠨ ᠬᠡᠬᠡᠷ᠎ᠠ︾ ᠨᠢ ᠳᠡᠯᠡᠢ ᠨᠠᠭᠤᠷ ᠠᠴᠠ ᠳᠤᠩ ᠤᠶᠢᠷᠡᠬᠠᠨ ︵ | ᠭᠠᠵᠠᠷ ᠤᠨ ᠵᠢᠷᠤᠭ ᠤᠨ ᠵᠡᠢ ᠠᠴᠠ ᠦᠵᠡᠪᠡᠯ 20 ᠺᠢᠯᠤᠮᠧᠲᠷ︶ ᠠᠷᠤ ᠳᠡᠯ᠎ᠠ ᠳᠤᠨᠢ ᠰᠢᠯᠢ ᠶᠢᠨ ᠭᠤᠤᠯ ᠤᠨ | ᠵᠡᠬᠦᠨ ᠬᠦᠪᠡᠭᠡ ᠳᠤ ᠵᠢᠷᠤᠭᠳᠠᠭᠰᠠᠨ ᠪᠠᠶᠢᠨ᠎ᠠ᠃ ︽ᠰᠢᠯᠢ ᠶᠢᠨ ᠭᠤᠤᠯ ᠤᠨ ᠡᠬᠢ ᠤᠡᠳᠤᠷᠤᠯ ᠨᠢ ᠬᠡᠰᠢᠭᠳᠡᠨ | ᠬᠤᠰᠢᠭᠤᠨ ᠤ ᠪᠠᠷᠡᠭᠤᠨ ᠬᠤᠶᠢᠲᠦ ᠬᠡᠰᠡᠭ ᠲᠤ ᠪᠠᠶᠢᠷᠢᠰᠢᠵᠤ ᠪᠠᠶᠢᠭ᠎ᠠ ᠪᠠᠶᠠᠠᠴᠠᠭᠠᠨ ᠤ ᠪᠤᠬ᠎ᠠ ᠶᠢᠨ ᠳᠤᠯᠤᠭᠠᠢ | ᠠᠭᠤᠯᠨ ᠶᠢᠨ ᠡᠮᠦᠨ᠎ᠠ ᠡᠩᠬᠡᠷ᠂ ᠳᠡᠬᠡᠭ ᠤᠨ ᠬᠠᠶᠢᠷᠬᠠᠨ ᠤ ᠪᠠᠷᠡᠭᠤᠨ ᠰᠤᠭᠤ᠂ ᠤᠯᠠᠨ ᠨᠠᠭᠤᠷ ᠤᠨ ᠰᠢᠯᠢ ᠭᠡᠵᠤ | ᠤᠷᠳᠤᠯᠵᠠᠭᠰᠠᠨ ᠰᠠᠶᠢᠬᠠᠨ ᠰᠠᠷᠡᠭᠤᠯ ᠰᠢᠯᠢ ᠨᠤᠳᠤᠭ ᠤᠨ ᠪᠠᠷᠡᠭᠤᠨ ᠡᠮᠦᠨᠡᠬᠢ ᠳᠡᠯᠠᠩᠭᠤᠢ ᠭᠠᠵᠠᠷ ᠠᠴᠠ ᠡᠬᠢᠯᠡᠨ | ᠤᠡᠳᠤᠷᠤᠭᠰᠠᠨ︾ ⒁ ᠶᠤᠮ ᠪᠠᠶᠢᠨ᠎ᠠ᠃ ︽ᠤᠯᠠᠨ ᠨᠠᠭᠤᠷ ᠪᠤᠯ ᠡᠷᠳᠡᠨ ᠠᠴᠠ ᠠᠪᠤᠭᠠᠳ ᠴᠡᠷᠢᠭ ᠳᠡᠶᠢᠨ ᠤ | ᠴᠢᠬᠤᠯᠨ ᠬᠦᠢᠰᠦ ᠪᠤᠭᠤᠮᠳᠡ ᠪᠠᠶᠢᠭᠰᠠᠨ ᠭᠠᠵᠠᠷ ᠮᠥᠨ᠃ ᠤᠯᠠᠨ ᠨᠠᠭᠤᠷ ᠤᠨ ᠡᠮᠦᠨ᠎ᠠ ᠬᠦᠪᠡᠬᠡᠨ ᠳᠤ ᠁ | ᠡᠲᠦᠷ ᠢᠷᠡᠬᠦᠶ᠎ᠠ ᠬᠦᠴᠦᠷᠬᠡᠭᠵᠢᠨ ᠪᠤᠰᠤᠭᠰᠠᠨ ᠮᠤᠩᠭᠤᠯ ᠤᠨ ᠳᠤᠪᠳᠤᠯᠤᠯᠳᠡ ᠶᠢ ᠰᠡᠷᠬᠡᠶᠢᠯᠡᠬᠦ ᠶᠢᠨ ᠲᠦᠯᠦᠬᠡ᠂ | ᠠᠯᠳᠡᠨ ᠤᠯᠤᠰ ᠤᠨ ᠰᠢᠽᠦ᠋ᠩ ᠬᠠᠭᠠᠨ ᠤ ᠲᠢᠶᠠᠨ ᠬᠤᠢ ᠶᠢᠨ ᠤᠨ ︵1135︶ ᠠᠴᠠ ᠵᠡᠩᠽᠦ᠋ᠩ ᠬᠠᠭᠠᠨ ᠤ | ᠮᠢᠩ ᠴᠠᠩ ᠤᠨ ᠤᠨ ᠬᠦᠷᠳᠡᠯ᠎ᠠ ᠬᠢ ᠳᠡᠯᠡᠨ ᠵᠢᠯ ᠤᠨ ᠳᠡᠤᠬᠡᠲᠦ ᠤᠷᠲᠦ ᠬᠤᠭᠤᠴᠠᠭ᠎ᠠ ᠶᠢ ᠬᠡᠷᠡᠭᠰᠡᠵᠤ᠂ ᠨᠠᠶᠠᠨ | ᠲᠦᠮᠡᠨ ᠴᠡᠷᠢᠭ ᠠᠷᠡᠳ ᠢ ᠬᠦᠳᠡᠯᠬᠡᠵᠤ ᠪᠠᠶᠢᠭᠠᠳ ᠮᠤᠳᠤ ᠴᠢᠯᠠᠭᠤ ᠰᠢᠷᠤᠢ ᠳᠤᠭᠤᠰᠬ᠎ᠠ ᠪᠠᠷ ᠪᠠᠷᠢᠭᠰᠠᠨ ᠶᠢᠷᠲᠢᠡᠴᠤ | ᠳᠡᠯᠡᠬᠡᠢ ᠳᠤ ᠠᠯᠳᠡᠷᠳᠡᠢ ᠠᠯᠳᠡᠨ ᠤᠯᠤᠰ ᠤᠨ ᠴᠡᠷᠢᠭ ᠤᠨ ᠪᠠᠬᠢᠯᠠᠯᠳᠡ ᠬᠡᠷᠡᠮ ᠢ ᠪᠤᠰᠬᠠᠵᠤ ᠭᠠᠷᠭᠠᠭᠰᠠᠨ ᠪᠠᠶᠢᠨ᠎ᠠ᠃ | ︾᠂ ︽ᠡᠨ᠋ᠨ ᠬᠦ ᠪᠠᠬᠢᠯᠠᠯᠳᠡ ᠬᠡᠷᠡᠮ ᠤᠨ ᠤᠷᠰᠢᠭ ᠢᠶᠠᠷ ᠤᠯᠠᠨ ᠨᠠᠭᠤᠷ ᠤᠨ ᠡᠬᠢᠨ ᠤ ᠭᠤᠷᠪᠠᠨ ᠨᠠᠭᠤᠷ ᠨᠢ | ᠬᠤᠩᠬᠢᠷᠡᠳ ᠠᠶᠢᠮᠠᠭ ᠤᠨ ᠨᠤᠳᠤᠭ ᠪᠤᠯᠵᠤ ᠬᠤᠴᠤᠷᠤᠭᠠᠳ᠂ ᠰᠡᠬᠦᠯ ᠤᠨ ᠠᠷᠪᠠᠨ ᠨᠠᠭᠤᠷ ᠨᠢ ᠵᠦᠷᠴᠢᠨ ᠠᠶᠢᠮᠠᠭ | ᠤᠨ ᠨᠤᠳᠤᠭ ᠪᠤᠯᠵᠤ ᠳᠠᠰᠤᠯᠤᠭᠳᠡᠵᠤ ᠪᠠᠶᠢᠭᠰᠠᠨ ᠪᠠᠶᠢᠨ᠎ᠠ᠃ ⒂ ᠡᠨ᠋ᠨ ᠳᠡᠮᠳᠡᠭᠯᠡᠯ ᠠᠴᠠ ᠦᠵᠡᠪᠡᠯ ᠱᠢ ᠡᠯ ᠬᠦ᠋ ᠯᠤ᠋ | ᠭᠤᠤᠯ ︵失儿 古鲁河) ᠭᠡᠵᠤ ᠪᠢᠴᠢᠭᠰᠡᠨ ᠰᠢᠯᠢ ᠶᠢᠨ ᠭᠤᠤᠯ ᠤᠨ ᠬᠦᠪᠡᠭᠡ ᠳᠠᠬᠢ ︽ᠳᠡᠮᠡᠬᠡᠨ | ᠬᠡᠬᠡᠷ᠎ᠠ︾ ᠨᠡᠷᠡᠲᠦ ᠭᠠᠵᠠᠷ ᠨᠢ ᠠᠯᠳᠡᠨ ᠤᠯᠤᠰ ᠤᠨ ᠪᠤᠷᠤ ᠬᠡᠷᠡᠮ ᠤᠨ ᠠᠷᠤ ᠳᠤ ᠪᠠᠶᠢᠵᠤ᠂ ᠮᠠᠠᠳᠤᠨ | ᠬᠦᠴᠦᠷᠬᠡᠭᠵᠢᠵᠤ ᠪᠠᠶᠢᠭᠰᠠᠨ ᠳᠡᠮᠤᠵᠢᠨ ᠤ ᠮᠤᠩᠭᠤᠯ ᠠᠶᠢᠮᠠᠭ ᠨᠢ ᠬᠡᠷᠡᠶᠢᠳ ᠠᠶᠢᠮᠠᠭ ᠢ ᠮᠦᠬᠦᠬᠡᠭᠰᠡᠨ ᠤ ᠳᠠᠷᠠᠭ᠎ᠠ | ᠳᠤᠷᠤᠶᠢᠳᠡᠯ ᠤᠨ ᠪᠠᠶᠢᠳᠡᠯ ᠳᠤ ᠤᠷᠤᠭᠰᠠᠨ ᠠᠯᠳᠡᠨ ᠤᠯᠤᠰ ᠢ ᠰᠦᠷᠳᠡᠬᠦᠯᠵᠤ ᠠᠳᠡ ᠢᠷᠡᠨ ᠪᠤᠷᠤ ᠬᠡᠷᠡᠮ ᠤᠨ | ᠳᠤᠳᠤᠷ᠎ᠠ ᠤᠷᠤᠳᠡᠯᠠ ᠶᠡᠭᠡ ᠠᠪᠠ ᠳᠠᠯᠪᠢᠭᠰᠠᠨ ᠪᠠᠶᠢᠵᠡᠢ᠃ ︽ᠠᠯᠳᠡᠨ ᠤᠯᠤᠰ ᠬᠡᠳᠤᠨ ᠤᠳᠠᠭ᠎ᠠ ᠳᠡᠬᠢᠨ | ᠵᠠᠰᠠᠭᠰᠠᠨ ᠪᠤᠯᠪᠠᠴᠤ ᠮᠤᠩᠭᠤᠯ ᠮᠤᠷᠢᠲᠦ ᠴᠡᠷᠢᠭ ᠡᠮᠦᠨᠡᠰᠢ ᠳᠡᠶᠢᠯᠠᠬᠤ ᠦᠶ᠎ᠠ ᠳᠤ ᠶᠠᠮᠠᠷ ᠴᠦ ᠦᠢᠯᠡᠳᠤᠯ ᠦᠭᠡᠢ | ᠪᠠᠶᠢᠪᠠ︾ ⒃᠃ ᠦᠨᠡᠨ ᠳᠤ ᠪᠠᠨ ᠠᠷᠢᠭᠤᠨ ᠳᠤᠩᠭᠠᠯᠠᠭ ᠤᠰᠤ ᠤᠷᠤᠰᠬᠠᠯ ᠲᠠᠢ ᠳᠡᠯᠡᠢ ᠨᠠᠭᠤᠷ᠂ ᠰᠢᠯᠢ ᠶᠢᠨ | ᠭᠤᠤᠯ ᠤᠨ ᠡᠷᠬᠢᠨ ᠳᠤᠭᠤᠷᠢᠨ ᠨᠢ ᠬᠡᠮᠤᠷ ᠦᠡᠲᠦᠷ ᠠᠴᠠ ᠰᠢᠯᠢ ᠶᠢᠨ ᠭᠤᠤᠯ ᠬᠦᠷᠳᠡᠯ᠎ᠠ ᠦᠩ ᠰᠢᠮᠡᠯᠢᠭ ᠡᠪᠡᠰᠦ | ᠪᠡᠯᠴᠢᠬᠡᠷ ᠲᠠᠢ ᠦᠷᠬᠡᠨ ᠠᠭᠤᠳᠡᠮ ᠰᠢᠯᠢ ᠭᠠᠵᠠᠷ ᠪᠤᠯᠬᠤᠷ ᠤᠮᠠᠷᠡᠲᠦ ᠶᠢᠨ ᠨᠡᠬᠦᠳᠡᠯᠴᠢᠨ ᠦᠡᠲᠦᠰᠦᠳᠡᠨ ᠨᠦᠭᠦᠳ | ᠪᠤᠯᠢᠶᠠᠯᠳᠤᠨ ᠰᠠᠭᠤᠵᠤ ᠪᠠᠶᠢᠭᠰᠠᠨ ᠭᠠᠵᠠᠷ ᠪᠤᠯᠤᠨ᠎ᠠ᠃ ︽ᠠᠯᠳᠡᠨ ᠤᠯᠰ ᠤᠨ ᠦᠶ᠎ᠠ ᠠᠴᠠ ᠶᠤᠸᠠᠨ ᠤᠯᠤᠰ | ᠬᠦᠷᠳᠡᠯ᠎ᠠ ᠨᠠᠭᠤᠷ ᠤᠨ ᠤᠷᠴᠢᠮ ᠭᠠᠵᠠᠷ ᠤᠷᠤᠨ ᠨᠢ ᠬᠤᠩᠬᠢᠷᠡᠳ ᠠᠶᠢᠮᠠᠭ ᠤᠨ ᠨᠤᠳᠤᠭᠰᠢᠨ ᠰᠠᠭᠤᠷᠢᠰᠢᠭᠰᠠᠨ | ᠤᠷᠤᠨ ᠪᠠᠶᠢᠵᠡᠢ᠃ ︿ᠮᠤᠩᠭᠤᠯ ᠤᠨ ᠨᠢᠭᠤᠴᠠ ᠳᠤᠪᠴᠢᠶᠠᠨ﹀ ᠳᠤ ᠤᠯᠠᠠᠨᠠᠭᠤᠷ ᠬᠠᠪᠢ ᠭᠠᠵᠠᠷ ᠨᠢ ᠬᠤᠩᠬᠢᠷᠡᠳ | ᠠᠶᠢᠮᠠᠭ ᠤᠨ ᠬᠠᠷᠢᠶᠠᠲᠦ ᠭᠠᠵᠠᠷ︾ ⒄ ᠬᠡᠰᠡᠨ ᠪᠠᠶᠢᠨ᠎ᠠ᠃ ︽ᠤᠯᠠᠠᠨᠠᠭᠤᠷ ᠤᠨ ᠤᠷᠴᠢᠨ ᠪᠤᠯ ᠬᠦᠷᠦᠬᠡᠰᠦ᠂ | ᠶᠠᠩᠬᠢᠷ ᠤᠨ ᠪᠡᠯᠴᠢᠬᠡᠷ ᠶᠤᠮ︾ ⒅ ᠡᠨ᠋ᠨ ᠭᠠᠵᠠᠷ ᠪᠦᠬᠦᠶᠢᠯᠨ ᠳᠤ ᠪᠠᠨ ᠳᠠᠷᠨ ᠦᠶ᠎ᠠ ︽ᠳᠡᠮᠡᠬᠡᠨ ᠬᠡᠬᠡᠷ᠎ᠠ︾ ᠨᠡᠷ᠎ᠠ | ᠲᠠᠢ ᠭᠠᠵᠠᠷ ᠪᠠᠶᠢᠭᠰᠠᠨ ᠪᠠᠶᠢᠬ᠎ᠠ᠃ ᠳᠡᠮᠤᠵᠢᠨ᠂ ᠬᠡᠷᠡᠶᠢᠳ ᠠᠶᠢᠮᠠᠭ ᠤᠨ ᠸᠠᠩ ᠬᠠᠨ ᠢ ᠡᠴᠦᠳᠬᠡᠭᠰᠡᠨ ᠤ ᠳᠠᠷᠠᠭ᠎ᠠ | ︽ᠠᠪᠵᠢᠭᠠ ᠬᠦᠳᠡᠬᠡᠷ︾ ᠬᠡᠬᠦ ᠭᠠᠵᠠᠷ ᠡᠪᠤᠯᠵᠢᠵᠤ᠂ ᠳᠡᠡᠳᠡ ᠠᠴᠠ ᠡᠨ᠋ᠨ ︽ᠳᠡᠮᠡᠬᠡᠨ ᠬᠡᠬᠡᠷ᠎ᠠ︾ ᠨᠡᠷᠡᠲᠦ ᠭᠠᠵᠠᠷ | ᠢᠷᠡᠨ ᠠᠪᠠᠯᠠᠭᠰᠠᠨ ᠪᠠᠶᠢᠨ᠎ᠠ᠃ ᠳᠡᠬᠡᠪᠡᠯ ︽ᠠᠪᠵᠢᠭᠠ ᠬᠦᠳᠡᠬᠡᠷ︾ ᠨᠢ ᠬᠠᠮᠢᠭ᠎ᠠ ᠪᠠᠶᠢᠬᠤ ᠪᠤᠢ︖ ᠳᠠᠰᠢᠷᠡᠮ ᠳᠤ | ᠠᠵᠢᠭᠯᠠᠭᠰᠠᠨ ᠢᠶᠠᠨ ᠳᠡᠮᠳᠡᠭᠯᠡᠶᠠ᠄ ︽ᠶᠤᠸᠠᠨ᠂ ᠮᠢᠩ ᠤᠯᠤᠰ ᠤᠨ ᠦᠶ᠎ᠠ ᠶᠢᠨ ᠭᠠᠵᠠᠷ ᠤᠨ ᠵᠢᠷᠤᠭ ᠤᠨ ᠳᠡᠪᠳᠡᠷ︾ | ᠤᠨ ᠳᠡᠪᠠᠭᠠ ᠶᠢᠨ ᠠᠷᠤ ᠶᠢᠨ ᠮᠤᠵᠢ ᠶᠢᠨ ︵岭北行省) ᠵᠢᠷᠤᠭ ᠲᠤ ᠠᠪᠵᠢᠭᠠ ᠬᠦᠳᠡᠬᠡᠷ ᠢ ᠤᠳᠤ | ᠶᠢᠨ ᠦᠵᠦᠮᠦᠴᠢᠨ ᠵᠡᠬᠦᠨ ᠬᠤᠰᠢᠭᠤ ᠶᠢᠨ ᠬᠠᠳᠡᠪᠴᠢ ᠪᠠᠯᠭᠠᠰᠦ ᠪᠤᠶᠤ ᠮᠤᠩᠭᠤᠯ ᠠᠷᠡᠳ ᠤᠯᠤᠰ ᠤᠨ ᠪᠢᠴᠢᠭᠲᠦ | ᠠᠴᠠ ᠪᠠᠷᠡᠭᠤᠨ ᠬᠤᠶᠢᠨ᠎ᠠ ᠳᠡᠮᠡᠢ ᠬᠤᠯᠨ ᠦᠭᠡᠢ᠂ ᠡᠷᠳᠡᠨ ᠤ ᠨᠡᠷ᠎ᠠ ᠨᠢ ᠰᠢ ᠮᠤ᠋ ᠲᠤ ᠨᠤᠤ ᠡᠯ ︵昔木土脑 | 儿︶ ᠭᠡᠵᠤ ᠳᠡᠮᠳᠡᠭᠯᠡᠭᠳᠡᠨ ᠪᠤᠢ ᠰᠢᠮᠡᠲᠦ ᠨᠠᠭᠤᠷ ᠤᠨ ᠡᠩᠬᠡᠷ᠂ ᠤᠮᠠᠷᠠᠳᠤ ᠦᠷᠬᠡᠷᠢᠭ ᠤᠨ 46 ᠭᠷᠡᠳᠦ᠋ᠰ᠂ | ᠵᠡᠬᠦᠨ ᠤᠷᠳᠤᠷᠢᠭ ᠤᠨ 115 ᠭᠷᠡᠳᠦ᠋ᠰ ᠤᠷᠴᠢᠮ ᠠ ᠪᠤ ᠵᠾᠢ ᠡᠾᠧ ᠺᠦᠸᠧ ᠲᠢᠶᠧ ᠬᠡ ᠡᠯ ︵阿卜只合 | 阔 贴格儿︶ ᠭᠡᠵᠤ ᠤᠷᠤᠨ ᠪᠠᠶᠢᠷᠢ ᠳᠡᠮᠳᠡᠭᠯᠡᠭᠰᠡᠨ ᠪᠠᠶᠢᠨ᠎ᠠ ⒆ ᠡᠨ᠋ᠨ ᠨᠢ ︽ᠠᠪᠵᠢᠭᠠ ᠬᠦᠳᠡᠬᠡᠷ︾ | ᠬᠡᠰᠡᠨ ᠨᠡᠷ᠎ᠠ ᠦᠬᠡ ᠶᠢᠨ ᠬᠢᠳᠡᠳ ᠠᠪᠢᠶᠠᠯᠠᠪᠤᠷᠢ ᠦᠰᠦᠭ ᠪᠤᠯᠬᠤ ᠨᠢ ᠭᠠᠷᠴᠠᠭ᠎ᠠ ᠦᠭᠡᠢ᠃ ᠡᠶᠢᠮᠤ ᠠᠴᠠ ᠰᠢᠮᠡᠲᠦ | ᠨᠠᠭᠤᠷ ᠤᠨ ᠡᠩᠬᠡᠷ ︽ᠠᠪᠵᠢᠭᠠ ᠬᠦᠳᠡᠬᠡᠷ︾ ᠪᠠᠶᠢᠵᠤ ︽ᠳᠡᠮᠡᠬᠡᠨ ᠬᠡᠬᠡᠷ᠎ᠠ︾ ᠠᠴᠠ ᠳᠡᠮᠡᠢ ᠬᠤᠯᠨ ᠪᠢᠰᠢ ᠵᠡᠬᠦᠨ | ᠬᠤᠶᠢᠨ᠎ᠠ ᠨᠢ ᠠᠯᠳᠡᠨ ᠤᠯᠤᠰ ᠪᠤᠷᠤ ᠬᠡᠷᠡᠮ ᠢᠶᠠᠷ ᠵᠠᠭᠠᠯᠭᠭᠰᠠᠨ ᠴᠦ ᠰᠢᠯᠢ ᠶᠢᠨ ᠭᠤᠤᠯ ᠤᠨ ᠤᠷᠤᠰᠬᠠᠯ ᠳᠡᠭᠠᠤ ᠪᠠ | ᠳᠡᠯᠡᠢ ᠨᠠᠭᠤᠷ ᠤᠨ ᠡᠷᠬᠢᠨ ᠳᠤᠭᠤᠷᠢᠨ ᠤ ᠦᠷᠬᠡᠨ ᠠᠭᠤᠳᠡᠮ ᠰᠢᠯᠢ ᠭᠠᠵᠠᠷ ᠨᠢ ᠡᠷᠳᠡᠨ ᠳᠤ ᠪᠠᠨ ︽ᠳᠡᠮᠡᠬᠡᠨ | ᠬᠡᠬᠡᠷ᠎ᠠ︾ ᠨᠡᠷ᠎ᠠ ᠲᠠᠢ ᠪᠠᠶᠢᠭᠰᠠᠨ ᠨᠢ ᠤᠳᠤ ᠦᠵᠡᠪᠡᠴᠤ ᠢᠳᠡᠬᠡᠭᠳᠡᠨᠠ᠃ ᠤᠴᠢᠷ ᠨᠢ ᠭᠠᠵᠠᠷ ᠤᠨ ᠨᠡᠷ᠎ᠠ ᠪᠤᠯ | ᠳᠠᠷᠨ ᠭᠠᠵᠠᠷ ᠤᠨ ᠪᠠᠶᠢᠴᠠ ᠳᠡᠡᠳᠡ ᠤᠷᠭᠤᠵᠤ ᠳᠤᠭᠳᠠᠭᠰᠠᠨ ᠠᠭᠤᠯᠨ ᠬᠠᠳᠡᠨ ᠤ ᠤᠡᠴᠠᠭᠠᠢ ᠰᠢᠡᠵᠢ ᠪᠠᠷ ᠨᠠᠷᠠ | ᠪᠤᠯᠭᠠᠳᠠᠭ ᠶᠤᠮ᠃ ᠠᠳᠡ ᠰᠤᠳᠤᠯᠤᠭᠳᠡᠨ ᠪᠠᠶᠢᠭ᠎ᠠ ︽ᠳᠡᠮᠡᠬᠡᠨ ᠬᠡᠬᠡᠷ᠎ᠠ︾ ᠶᠢᠨ ᠨᠡᠷ᠎ᠠ ᠶᠢᠨ ᠢᠷᠡᠯᠳᠡ ᠶᠠᠭᠤ ᠪᠤᠢ | ᠬᠡᠪᠡᠯ ᠡᠷᠳᠡᠨ ᠤ ︽ᠳᠡᠮᠡᠬᠡᠨ ᠬᠡᠬᠡᠷ᠎ᠠ︾ ᠨᠡᠷᠡᠲᠦ ᠭᠠᠵᠠᠷ ᠪᠤᠶᠤ ︽ᠳᠡᠮᠡᠬᠡᠨ ᠬᠡᠬᠡᠷ᠎ᠠ ᠨᠡᠷᠡᠲᠦ ᠤᠰᠤᠨ︾ ᠤ ᠭᠠᠵᠠᠷ᠂ | ᠤᠳᠤ ᠶᠢᠨ ᠬᠡᠰᠢᠭᠳᠡᠨ ᠬᠤᠰᠢᠭᠤ ᠶᠢᠨ ᠳᠡᠯᠡᠢ ᠨᠠᠭᠤᠷ ᠠᠴᠠ ᠵᠡᠬᠦᠨ ᠡᠮᠦᠨᠡᠰᠢ ᠳᠡᠪᠢᠨ ᠭᠠᠵᠠᠷ ᠠᠯᠤᠰ ᠪᠠᠶᠢᠭ᠎ᠠ | ᠳᠠᠯᠠᠶᠢᠨᠠᠭᠤᠷ ᠰᠤᠮᠤ ᠶᠢᠨ ᠲᠦᠪ ᠤᠨ ᠪᠠᠷᠡᠭᠤᠨ ᠬᠤᠶᠢᠨ᠎ᠠ ᠳᠡᠪᠤᠨ ᠭᠠᠵᠠᠷ ᠲᠤ ᠰᠡᠯᠬᠢ ᠰᠦᠷᠦᠨ ᠳᠤᠯᠤᠭᠠᠢ ᠪᠠᠨ | ᠡᠷᠬᠦᠨ ᠦᠯᠡᠶᠢᠭᠰᠡᠨ ᠳᠡᠮᠡᠭᠡ ᠰᠢᠭ ᠨᠢᠬᠡᠨ ᠰᠤᠨᠢᠨ ᠰᠠᠶᠢᠬᠠᠨ ᠬᠠᠳᠡ᠂ ᠨᠠᠷᠡᠨ ᠰᠠᠷᠡᠨ ᠤ ᠳᠤᠤᠷ᠎ᠠ ᠪᠤᠷᠤᠭᠠᠨ ᠰᠡᠯᠬᠢ | ᠶᠢ ᠠᠵᠢᠭ ᠦᠭᠡᠢ ᠳᠤᠭᠤᠯᠵᠤ ᠤᠷᠭᠤᠭᠰᠠᠨ ᠶᠠᠩᠵᠤ ᠪᠠᠷ ᠢᠶᠠᠨ ᠰᠦᠨᠳᠡᠷᠯᠡᠭᠰᠡᠭᠡᠷ ᠪᠠᠶᠢᠨ᠎ᠠ᠃ ᠡᠨ᠋ᠨ ᠪᠤᠯ ︽ᠳᠡᠮᠡᠬᠡᠨ | ᠬᠡᠬᠡᠷ᠎ᠠ︾ ᠶᠢᠨ ᠨᠡᠷ᠎ᠠ ᠶᠢᠨ ᠢᠷᠡᠯᠳᠡ ᠶᠢᠨ ᠪᠠᠯᠠᠷᠡᠰᠢ ᠦᠭᠡᠢ ᠠᠷᠢᠯᠤᠰᠢ ᠦᠭᠡᠢ ᠬᠡᠷᠡᠴᠢ ᠳᠡᠮᠳᠡᠭ ᠮᠥᠨ ᠭᠡᠵᠤ | ᠦᠵᠡᠬᠡᠳ ︽ᠳᠡᠮᠡᠬᠡᠨ ᠬᠡᠬᠡᠷ᠎ᠠ︾ ᠨᠡᠷᠡᠲᠦ ᠭᠠᠵᠠᠷ ᠮᠤᠩᠭᠤᠯ ᠠᠷᠡᠳ ᠤᠯᠤᠰ ᠲᠤ ᠪᠠᠶᠢᠬᠤ ᠪᠢᠰᠢ᠂ ᠬᠠᠯᠬ᠎ᠠ ᠭᠤᠤᠯ | ᠤᠨ ᠪᠠᠷᠡᠭᠤᠨ ᠬᠤᠶᠢᠭᠤᠷ ᠪᠠᠶᠢᠬᠤ ᠪᠢᠰᠢ᠂ ᠸᠠᠩ ᠤᠨ ᠴᠠᠭᠠᠨ ᠠᠭᠤᠯᠠᠨ ᠬᠠᠪᠢ ᠳᠤ ᠴᠦ ᠪᠠᠶᠢᠬᠤ ᠪᠢᠰᠢ ᠬᠠᠷᠢᠨ | ᠦᠪᠤᠷ ᠮᠤᠩᠭᠤᠯ ᠤᠨ ᠬᠡᠰᠢᠭᠳᠡᠨ ᠬᠤᠰᠢᠭᠤ ᠶᠢᠨ ᠪᠠᠷᠡᠭᠤᠨ ᠬᠤᠶᠢᠨᠡᠬᠢ ᠳᠡᠯᠠᠶᠢᠨᠠᠭᠤᠷ ᠰᠤᠮᠤ᠂ ᠳᠠᠷᠬᠠᠨ ᠠᠭᠤᠯᠨ | ᠰᠤᠮᠤ᠂ ᠪᠠᠶᠠᠠᠴᠠᠭᠠᠨ ᠰᠤᠮᠤ ᠶᠢ ᠪᠠᠭᠳᠠᠭᠠᠭᠰᠠᠨ ᠰᠢᠯᠢ ᠶᠢᠨ ᠭᠤᠤᠯ ᠤᠨ ᠬᠤᠶᠠᠷ ᠬᠦᠪᠡᠭᠡ ᠶᠢᠨ ᠭᠠᠵᠠᠷ ᠨᠢ ᠪᠦᠷ ︽ | ᠳᠡᠮᠡᠬᠡᠨ ᠬᠡᠬᠡᠷ᠎ᠠ︾ ᠳᠤ ᠪᠠᠭᠳᠡᠬᠤ ᠭᠠᠵᠠᠷ ᠨᠤᠳᠤᠭ ᠭᠡᠵᠤ ᠳᠤᠳᠤᠷᠡᠭᠤᠯᠵᠤ ᠪᠤᠯᠤᠨ᠎ᠠ᠃ | ᠠᠯᠳᠡᠨ ᠤᠯᠤᠰ ᠮᠦᠬᠦᠵᠤ᠂ ᠶᠡᠭᠡ ᠮᠤᠩᠭᠤᠯ ᠤᠯᠤᠰ ᠡᠨ᠋ᠨ ᠭᠠᠵᠠᠷ ᠢ ᠡᠵᠡᠯᠡᠬᠡᠳ ᠬᠤᠪᠢᠯᠠᠢ | ᠰᠡᠴᠡᠨ ᠬᠠᠭᠠᠨ ᠰᠠᠭᠤᠵᠤ᠂ ᠱᠠᠩᠲᠦ ᠺᠠᠶᠢᠫᠢᠩ ᠪᠠᠯᠭᠠᠰᠦ ᠪᠤᠯᠤᠨ ᠶᠡᠭᠡ ᠨᠠᠶᠢᠰᠯᠠᠯ ᠪᠡᠬᠡᠵᠢᠩ ᠳᠤ ᠶᠤᠸᠠᠨ ᠤᠯᠤᠰ ᠢ | ᠪᠠᠶᠢᠭᠤᠯᠬᠤ ᠡᠬᠢᠨ ᠤ ᠦᠶ᠎ᠠ ᠪᠠᠷ ᠡᠨ᠋ᠨ ᠦᠩ ᠰᠢᠮᠡᠯᠢᠭ ᠰᠠᠶᠢᠬᠠᠨ ᠰᠢᠯᠢ ᠭᠠᠵᠠᠷ ᠢ ᠬᠤᠩᠬᠢᠷᠡᠳ ᠠᠶᠢᠮᠠᠭ ᠤᠨ ᠳ᠋ᠠᠢ | ᠰᠡᠴᠡᠨ ᠤ ᠦᠷᠡᠳᠡᠰ ᠠᠠᠴᠢᠨ ᠨᠤᠶᠠᠨ ᠳᠤ ᠡᠵᠡᠮᠰᠢᠯ ᠭᠠᠵᠠᠷ ᠪᠤᠯᠭᠠᠨ ᠦᠭᠬᠦᠭᠰᠡᠨ ᠪᠠᠶᠢᠵᠡᠢ᠃ ᠬᠡᠰᠢᠭᠳᠡᠨ ᠨᠤᠳᠤᠭ | ᠬᠡᠰᠢᠭ ᠲᠠᠢ ᠭᠠᠵᠠᠷ ᠡ᠃ | | | ᠵᠡᠬᠦᠯᠳᠡ᠄ | | ①⑧ ︽ ᠲᠠᠢ ᠶᠤᠸᠠᠨ ᠤᠯᠤᠰ ᠤᠨ ᠪᠢᠴᠢᠭ︾᠂ 27 — 28 ᠳ᠋ᠤᠭᠠᠷ ᠨᠢᠭᠤᠷ᠃ ᠮᠢᠩ | ᠤᠯᠤᠰ ᠤᠨ ᠰᠦᠩ ᠯᠢᠶᠠᠨ ᠨᠡᠷ ᠵᠤᠬᠢᠶᠠᠵᠤ᠂ ᠴᠢᠩ ᠤᠯᠤᠰ ᠤᠨ ᠲᠦᠳᠠᠩ᠂ ᠦᠯᠵᠡᠶᠢᠲᠦ᠂ ᠰᠠᠷᠡᠩ᠂ ᠰᠤᠨᠤᠮ | ᠤᠷᠴᠢᠭᠤᠯᠤᠭᠰᠠᠨ ᠢ ᠨᠡᠰᠤᠨ ᠬᠢᠨᠡᠵᠤ᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ 1987 | ᠤᠨ ᠤ 7 ᠰᠠᠷ᠎ᠠ ᠳᠤ ᠬᠡᠪᠯᠡᠭᠦᠯᠪᠡ᠃ | ②⑤⑥⑦⑨ ︽︿ᠮᠤᠩᠭᠤᠯ ᠤᠨ ᠨᠢᠭᠤᠴᠠ ᠳᠤᠪᠴᠢᠶᠠᠨ﹀ ᠤ ᠬᠠᠷᠭᠤᠭᠤᠯᠤᠨ ᠬᠢᠨᠠᠭᠰᠠᠨ | ᠳᠡᠪᠳᠡᠷ︾᠂ 105 — 131 ᠳ᠋ᠤᠬᠡᠷ ᠨᠢᠭᠤᠷ᠂ 134 ᠨᠢᠭᠤᠷ — 134 ᠨᠢᠭᠤᠷ᠂ 138 — — | 141 ᠨᠢᠭᠤᠷ᠂ 139 — 143 ᠨᠢᠭᠤᠷ᠃ ᠡᠯᠳᠡᠩᠳᠡᠢ᠂ ᠤᠶᠤᠡᠳᠡᠯᠡᠢ ᠬᠠᠷᠭᠤᠭᠤᠯᠤᠨ ᠬᠢᠨᠡᠵᠤ᠂ ᠬᠤᠸᠠᠰᠠᠢ᠂ | ᠳᠤᠤᠭᠠᠷᠵᠡᠪ ᠪᠠᠭᠤᠯᠭᠠᠭᠰᠠᠨ᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ 1984 ᠤᠨ ᠳᠤ | ᠬᠡᠪᠯᠡᠭᠦᠯᠪᠡ᠃ | ③ ᠷᠡᠰᠢᠫᠤᠩᠰᠤᠭ ᠤᠨ ︽ᠪᠤᠯᠤᠷ ᠡᠷᠢᠬᠡ︾᠂ 45 — 47 ᠳ᠋ᠤᠭᠠᠷ ᠨᠢᠭᠤᠷ᠂ | ᠬᠦᠬᠡᠨ᠋ᠦ᠋ᠡᠳᠤᠷ ᠬᠠᠷᠭᠤᠭᠤᠯᠤᠭᠰᠠᠨ᠂ ᠦᠪᠤᠷ ᠮᠤᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ ᠠᠴᠠ 1985 ᠤᠨ | ᠤ 6 ᠳ᠋ᠤᠭᠠᠷ ᠰᠠᠷ᠎ᠠ ᠳᠤ ᠬᠡᠪᠯᠡᠭᠦᠯᠪᠡ᠃ | ④ ︽ᠪᠤᠭᠳᠡ ᠪᠠᠭᠠᠳᠤᠷ ᠪᠠᠶ᠎ᠠ ᠪᠠᠷ ᠳᠠᠶᠢᠯᠠᠭᠰᠠᠨ ᠳᠡᠮᠳᠡᠭᠯᠡᠯ︾᠂ 26 — 36 ᠳ᠋ᠤᠭᠠᠷ | ᠨᠢᠭᠤᠷ᠃ ᠵᠤᠤ ᠡᠾᠦ᠋ᠩ᠂ ᠫᠧᠩ ᠳ᠋ᠠ ᠶᠠ᠂ ᠰᠢᠶᠤᠤ ᠳ᠋ᠠ ᠡᠾᠧᠩ ᠵᠤᠬᠢᠶᠠᠵᠤ᠂ ᠬᠡ᠊᠂ ᠠᠰᠠᠷᠡᠯᠲᠦ᠂ ᠬᠦᠬᠡᠨ᠋ᠦ᠋ᠡᠳᠤᠷ | ᠨᠡᠷ ᠬᠠᠷᠭᠤᠭᠤᠯᠤᠨ ᠤᠷᠴᠢᠭᠤᠯᠤᠭᠰᠠᠨ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ 1985 | ᠤᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃ | ⑩ ᠱ᠊᠂ ᠱᠠᠭᠳᠠᠷ᠂ ᠰ᠊ · ᠳᠡᠮᠳᠢᠡᠰᠦ᠋ᠷᠦᠩ ᠤᠨ ︽ᠮᠤᠩᠭᠤᠯ ᠤᠨ ᠨᠢᠭᠤᠴᠠ ᠳᠤᠪᠴᠢᠶᠠᠨ ᠤ | ᠭᠠᠵᠠᠷ ᠤᠰᠤ︾᠂ 130 — 131 ᠳ᠋ᠤᠭᠠᠷ ᠨᠢᠭᠤᠷ᠃ ᠦᠪᠤᠷ ᠮᠤᠩᠭᠤᠯ ᠤᠨ ᠰᠤᠷᠭᠠᠨ ᠬᠦᠮᠦᠵᠢᠯ ᠤᠨ | ᠬᠡᠪᠯᠡᠯ ᠤᠨ ᠬᠤᠷᠢᠶ᠎ᠠ ᠶᠢᠨ 2010 ᠤᠨ ᠤ 1 ᠳ᠋ᠤᠬᠡᠷ ᠰᠠᠷ᠎ᠠ ᠰᠠᠷ᠎ᠠ ᠳᠤ ᠬᠡᠪᠯᠡᠭᠦᠯᠪᠡ᠃ | ⑾⑿⒀⒆ 中国历史地图集 第七 册(元明时期) | ,元时期 组编例᠂ 7 — 8 页 , 11 --12页 。中国地图出版 | 社出版 1982年 10月版。1996年 6月河北第二次印刷本。 | | ⒁⒂ ᠰᠢᠷᠡᠪᠵᠠᠮᠰᠦ ᠶᠢᠨ ︽ᠳᠡᠯᠡᠢ ᠨᠠᠭᠤᠷ︾ 28 — 31 ᠳ᠋ᠤᠭᠠᠷ ᠨᠢᠭᠤᠷ᠃ ᠦᠪᠤᠷ | ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2006 ᠤᠨ ᠤ 12 ᠳ᠋ᠤᠭᠠᠷ ᠰᠠᠷ᠎ᠠ ᠳᠤ ᠬᠡᠪᠯᠡᠭᠦᠯᠪᠡ᠃ | ⒃⒄⒅ ︽ᠵᠤᠤ ᠤᠳᠡ ᠶᠢᠨ ᠬᠡᠪ ᠵᠠᠩᠰᠢᠯ︾ 303 ᠳ᠋ᠤᠭᠠᠷ ᠨᠢᠭᠤᠷ᠂ 147 ᠳ᠋ᠤᠭᠠᠷ | ᠨᠢᠭᠤᠷ᠂ 147 ᠳ᠋ᠤᠭᠠᠷ ᠨᠢᠭᠤᠷ᠂ ᠰᠢᠤᠢ ᠱᠢ ᠮᠢᠩ ᠡᠷᠬᠢᠯᠡᠨ ᠨᠠᠶᠢᠷᠡᠭᠤᠯᠵᠤ᠂ ᠰᠦᠯᠳᠡ᠂ ᠸᠠᠩᠵᠢᠯ ᠨᠡᠷ | ᠤᠷᠴᠢᠭᠤᠯᠤᠭᠰᠠᠨ᠂ ᠲᠧᠭᠨᠢᠭ ᠮᠡᠷᠬᠡᠵᠢᠯ ᠤᠨ ᠬᠡᠪᠯᠡᠯ ᠤᠨ ᠬᠤᠷᠢᠶ᠎ᠠ᠂ 1995 ᠤᠨ ᠤ 9 ᠳ᠋ᠤᠬᠡᠷ ᠰᠠᠷ᠎ᠠ ᠳᠤ | ᠬᠡᠪᠯᠡᠭᠦᠯᠪᠡ᠃ | |