| ᠢᠨᠲ᠋ᠧᠷ ᠰᠦᠯᠵᠢᠶᠡᠨ ᠤ ᠰᠡᠳᠭᠢᠭᠦᠢ ᠭᠡᠳᠡᠭ ᠨᠠᠷᠠ ᠳᠤᠮᠢᠶ᠎ᠠ ᠤᠳᠤ ᠤᠯᠠᠨᠳᠠ ᠶᠠᠷᠢᠭᠳᠠᠬᠤ | ᠪᠤᠯᠵᠦ ᠪᠠᠶᠢᠨ᠎ᠠ᠃ ᠢᠨᠲ᠋ᠧᠷ ᠰᠦᠯᠵᠢᠶ᠎ᠠ ᠭᠠᠷᠤᠮᠠᠭᠴᠠ ᠢᠨᠲ᠋ᠧᠷ ᠰᠦᠯᠵᠢᠶᠡᠨ ᠤ ᠰᠡᠳᠭᠢᠭᠦᠢ ᠪᠤᠢ ᠪᠤᠯᠤᠭᠰᠠᠨ ᠪᠢᠰᠢ᠂ | ᠢᠨᠲ᠋ᠧᠷ ᠰᠦᠯᠵᠢᠶᠡᠨ ᠤ ᠺᠤᠮᠫᠠᠨᠢ ᠨᠢᠭᠡᠴᠡ ᠳᠤ ᠯᠠ ᠡᠶᠢᠮᠦ ᠰᠡᠳᠭᠢᠭᠦᠢ ᠲᠠᠢ ᠪᠠᠶᠢᠳᠠᠭ ᠴᠦ ᠪᠢᠰᠢ ᠭᠡᠭᠦ ᠮᠡᠳᠤ ᠶᠢᠨ | ᠶᠠᠷᠢᠯᠴᠠᠭ᠎ᠠ ᠶᠠᠪᠤᠭᠳᠠᠵᠦ ᠪᠠᠶᠢᠨ᠎ᠠ᠃ | ᠭᠦᠮᠦᠨ ᠳᠦᠷᠦᠯᠭᠢᠳᠠᠨ ᠤ ᠪᠤᠯᠪᠠᠰᠤᠨ ᠤ ᠳᠡᠦᠭᠡ ᠨᠢᠭᠡᠨᠳᠠ ᠠᠵᠦ ᠦᠢᠯᠡᠳᠪᠤᠷᠢ ᠶᠢᠨ ᠴᠠᠭ | ᠦᠶ᠎ᠠ ᠠᠴᠠ ᠢᠨᠲ᠋ᠧᠷ ᠰᠦᠯᠵᠢᠶᠡᠨ ᠤ ᠴᠠᠭ ᠦᠶ᠎ᠠ ᠳᠤ ᠤᠷᠤᠵᠦ ᠪᠠᠶᠢᠨ᠎ᠠ᠃ ᠢᠨᠲ᠋ᠧᠷ ᠰᠦᠯᠵᠢᠶᠡᠨ ᠤ ᠰᠡᠳᠭᠢᠭᠦᠢ | ᠭᠡᠳᠡᠭ ᠨᠢ ᠶᠠᠭ ᠢᠨᠲ᠋ᠧᠷ ᠰᠦᠯᠵᠢᠶᠡᠨ ᠤ ᠴᠠᠭ ᠦᠶ᠎ᠠ ᠳᠤ ᠬᠠᠨᠳᠤᠬᠰᠠᠨ ᠰᠡᠳᠭᠢᠭᠦᠢ ᠶᠢᠨ ᠭᠡᠯᠪᠠᠷᠢ ᠪᠤᠯᠤᠨ᠎ᠠ᠃ | ᠡᠶᠢᠮᠦ ᠠᠴᠠ ᠢᠨᠲ᠋ᠧᠷ ᠰᠦᠯᠵᠢᠶᠡᠨ ᠤ ᠰᠡᠳᠭᠢᠭᠦᠢ ᠶᠢ ᠤᠶᠢᠯᠠᠭᠠᠶ᠎ᠠ ᠭᠡᠪᠡᠯ ᠤᠷᠢᠳᠠᠪᠠᠷ ᠢᠨᠲ᠋ᠧᠷ ᠰᠦᠯᠵᠢᠶᠡᠨ ᠤ ᠴᠠᠭ | ᠦᠶ᠎ᠠ ᠶᠢ ᠤᠶᠢᠯᠠᠭᠠᠬᠤ ᠴᠢᠬᠤᠯᠠᠳᠠᠢ᠃ ᠳᠡᠭᠡᠪᠡᠯ ᠢᠨᠲ᠋ᠧᠷ ᠰᠦᠯᠵᠢᠶᠡᠨ ᠤ ᠴᠠᠭ ᠦᠶ᠎ᠠ ᠶᠢᠨ ᠮᠦᠨ ᠴᠢᠨᠠᠷ ᠤᠨ | ᠤᠨᠴᠠᠯᠢᠭ ᠨᠢ ᠶᠠᠭᠤ ᠪᠤᠢ︖ ᠭᠡᠪᠡᠯ᠂ ︽ᠬᠤᠷᠰᠢᠯᠴᠠᠬᠤ᠂ ᠬᠤᠯᠪᠤᠯᠳᠤᠬᠤ᠂ ᠰᠦᠯᠵᠢᠶᠡᠵᠢᠭᠦ︾ ᠭᠡᠰᠠᠨ ᠭᠤᠷᠪᠠᠨ | ᠦᠭᠡ ᠪᠠᠷ ᠬᠤᠷᠢᠶᠠᠩᠭᠤᠶᠢᠯᠠᠵᠦ ᠪᠤᠯᠤᠨ᠎ᠠ᠃ | ︽ᠬᠤᠷᠰᠢᠯᠴᠠᠬᠤ︾᠄ ᠰᠤᠨᠢᠨ ᠰᠡᠳᠭᠦᠯ ᠢ ᠪᠤᠳᠤᠪᠠᠯ᠂ ᠢᠨᠲ᠋ᠧᠷ ᠰᠦᠯᠵᠢᠶ᠎ᠠ ᠪᠠᠷ ᠪᠤᠯ ᠮᠤᠨᠳᠠᠭ | ᠭᠡᠮᠵᠢᠶᠡᠨ ᠤ ᠮᠡᠳᠡᠭᠡ ᠵᠠᠩᠭᠢ ᠶᠢ ᠨᠡᠩ ᠳᠦᠷᠭᠡᠨ᠂ ᠨᠡᠩ ᠳᠦᠭᠦᠮ ᠢᠶᠠᠷ ᠭᠡᠷᠡᠭᠯᠡᠭᠴᠢᠳ ᠲᠤ ᠳᠠᠮᠵᠢᠭᠤᠯᠵᠦ ᠪᠤᠯᠳᠠᠭ᠃ | ᠳᠠᠷᠡᠴᠢᠯᠡᠨ ᠦᠩᠭᠡᠷᠡᠭᠰᠠᠨ ᠳᠤ ᠭᠦᠮᠦᠰ ᠮᠡᠳᠡᠭᠡ ᠵᠠᠩᠭᠢ ᠶᠢ ᠵᠦᠪᠭᠡᠨ ᠭᠦᠯᠢᠶᠠᠵᠦ ᠠᠪᠤᠭᠠᠳ ᠦᠵᠡᠳᠡᠭ ᠯᠠ | ᠪᠠᠶᠢᠭᠰᠠᠨ ᠪᠤᠯ᠂ ᠤᠳᠤ ᠦᠪᠠᠷ ᠢᠶᠠᠨ ᠮᠡᠳᠡᠭᠡ ᠵᠠᠩᠭᠢ ᠡᠷᠢᠵᠦ ᠦᠵᠡᠵᠦ ᠪᠤᠯᠬᠤ ᠪᠤᠯᠤᠭᠰᠠᠨ᠂ ᠰᠠᠨᠠᠯ ᠪᠤᠳᠤᠯ ᠢᠶᠠᠨ | ᠬᠤᠶᠠᠷ ᠳᠠᠯ᠎ᠠ ᠪᠠᠷ ᠢᠶᠠᠨ ᠰᠤᠯᠢᠯᠴᠠᠵᠦ ᠪᠠᠶᠢᠭᠰᠠᠨ ᠠᠴᠠ ᠪᠠᠨ ᠤᠳᠤ ᠬᠠᠮᠢᠭ᠎ᠠ᠂ ᠭᠡᠵᠢᠶ᠎ᠠ᠂ ᠭᠡᠨ ᠲᠠᠢ ᠴᠦ ᠭᠡᠰᠡᠨ | ᠰᠠᠨᠠᠯ ᠰᠤᠯᠢᠯᠴᠠᠵᠦ ᠪᠤᠯᠬᠤ ᠪᠤᠯᠤᠭᠰᠠᠨ ᠬᠤᠪᠢᠷᠠᠯᠳᠠ ᠠᠴᠠ ᠦᠵᠡᠪᠡᠯ᠂ ᠭᠦᠮᠦᠰ ᠶᠠᠷᠦᠨᠢ ᠨᠡᠩ ᠤᠯᠠᠨ ᠳᠠᠯ᠎ᠠ ᠪᠠᠷ | ᠬᠠᠷᠢᠯᠴᠠᠨ ᠰᠠᠨᠠᠯ ᠢᠶᠠᠨ ᠰᠤᠯᠢᠯᠴᠡᠵᠦ᠂ ᠨᠡᠩ ᠤᠯᠠᠨ ᠬᠤᠷᠰᠢᠯᠴᠠᠬᠤ ᠵᠠᠪᠰᠢᠶᠠᠨ ᠲᠠᠢ ᠪᠠᠶᠢᠬᠤ ᠶᠢ ᠭᠦᠰᠡᠳᠡᠭ ᠠᠵᠢ᠃ | ᠢᠨᠲ᠋ᠧᠷ ᠰᠦᠯᠵᠢᠶᠠᠨ ᠤ ᠭᠦᠭᠵᠢᠯᠳᠠ ᠨᠢ ᠶᠠᠭ ᠭᠦᠮᠦᠰ ᠤᠨ ᠡᠶᠢᠮᠦᠷᠭᠦ ︽ᠬᠤᠷᠰᠢᠯᠴᠠᠬᠤ︾ ᠱᠠᠭᠠᠷᠳᠠᠯᠭ᠎ᠠ ᠶᠢ | ᠨᠡᠩ ᠰᠠᠶᠢᠨ ᠬᠠᠩᠭᠠᠭᠰᠠᠠ ᠠᠴᠠ ︽ᠬᠤᠷᠰᠢᠯᠴᠠᠬᠤ︾ ᠪᠤᠯ ᠢᠨᠲ᠋ᠧᠷ ᠰᠦᠯᠵᠢᠶ᠎ᠠ ᠶᠢᠨ ᠴᠠᠭ ᠦᠶ᠎ᠠ ᠶᠢᠨ ᠳᠠᠷᠢᠭᠦᠨ | ᠵᠡᠷᠭᠡ ᠶᠢᠨ ᠮᠦᠨ ᠴᠢᠨᠠᠷ ᠤᠨ ᠤᠨᠴᠠᠯᠢᠭ ᠪᠤᠯᠤᠨ᠎ᠠ᠃ | ︽ᠬᠤᠯᠪᠤᠯᠳᠤᠬᠤ︾᠄ ᠦᠩᠭᠡᠷᠡᠭᠰᠠᠨ ᠳᠤ ᠪᠢᠳᠠ ᠰᠦᠯᠵᠢᠶᠡᠨ ᠳᠤ ᠭᠠᠷᠬᠤ ᠳᠤ ᠤᠳᠠᠰᠤᠨ | ᠨᠤᠮᠧᠷ ᠢᠶᠠᠷ ᠤᠳᠠᠰᠤᠳᠠᠨ ᠳᠠᠯᠪᠢᠭᠤᠷ ᠺᠤᠮᠫᠢᠦ᠋ᠲ᠋ᠧᠷ ᠲᠠᠢ ᠪᠠᠨ ᠵᠠᠯᠭᠠᠭᠤᠯᠵᠦ ᠪᠠᠶᠢᠭᠰᠠᠨ ᠪᠤᠯ᠂ ᠤᠳᠤ wifi 3G | 4G ᠵᠡᠷᠭᠡ ᠤᠳᠠᠰᠤ ᠦᠭᠡᠢ ᠴᠢᠮᠡᠭᠡ ᠬᠤᠯᠪᠤᠭᠠᠨ ᠤ ᠰᠦᠯᠵᠢᠶ᠎ᠠ ᠭᠦᠭᠵᠢᠭᠰᠡᠨ ᠵᠢᠴᠢ ᠤᠶᠤᠨᠳᠤ ᠭᠠᠷ ᠤᠳᠠᠰᠤ | ᠭᠠᠷᠤᠭᠰᠠᠨ ᠠᠴᠠ ᠪᠤᠯᠵᠦ᠂ ᠬᠠᠮᠢᠭ᠎ᠠ ᠶᠠᠪᠤᠵᠦ ᠪᠠᠶᠢᠭᠰᠠᠨ ᠴᠦ ᠰᠦᠯᠵᠢᠶᠠᠨ ᠳᠤ ᠭᠠᠷᠴᠤ ᠬᠤᠯᠪᠤᠯᠳᠤᠵᠦ ᠳᠡᠶᠢᠯᠭᠦ | ᠪᠤᠯᠤᠭᠰᠠᠨ ᠪᠠᠶᠢᠨ᠎ᠠ᠃ ᠳᠠᠷᠠᠴᠢᠯᠡᠨ ᠪᠢᠳᠠ ᠤᠳᠤ ᠪᠦᠷᠢᠮᠦᠰᠤᠨ ᠨᠡᠭᠦᠳᠡᠯ ᠢᠨᠲ᠋ᠧᠷ ᠰᠦᠯᠵᠢᠶᠡᠨ ᠤ ᠴᠠᠭ ᠦᠶ᠎ᠠ ᠳᠤ | ᠤᠷᠤᠭᠰᠠᠨ ᠪᠠᠶᠢᠨ᠎ᠠ᠃ ᠢᠷᠡᠭᠡᠳᠦᠢ ᠳᠤ ᠪᠢᠳᠠ ᠵᠦᠪᠭᠡᠨ ᠺᠤᠮᠫᠢᠦ᠋ᠲ᠋ᠧᠷ᠂ ᠭᠠᠷ ᠤᠳᠠᠰᠤ ᠪᠠᠷ ᠢᠶᠠᠨ ᠯᠠ ᠰᠦᠯᠵᠢᠶᠡᠨ | ᠳᠤ ᠭᠠᠷᠬᠤ ᠪᠢᠰᠢ᠂ ᠮᠠᠰᠢᠨ ᠳᠡᠷᠭᠡ᠂ ᠨᠢᠳᠤᠨ ᠰᠢᠯ ᠵᠡᠷᠭᠡ ᠪᠠᠷ ᠴᠦᠮ ᠰᠦᠯᠵᠢᠶᠠᠨ ᠳᠤ ᠭᠠᠷᠴᠤ ᠬᠠᠷᠢᠯᠴᠠᠨ | ᠬᠤᠯᠪᠤᠯᠳᠤᠵᠦ ᠳᠠᠶᠢᠯᠦᠨᠠ᠃ ᠶᠠᠮᠠᠷᠪᠠ ᠭᠦᠮᠦᠨ᠂ ᠪᠤᠳᠠᠰ ᠨᠢ ᠳᠤᠷ᠎ᠠ ᠶᠢᠨ ᠭᠠᠵᠠᠷ᠂ ᠳᠤᠷ᠎ᠠ ᠶᠢᠨ ᠨᠢᠭᠡ ᠴᠠᠭ ᠲᠤ | ᠰᠦᠯᠵᠢᠶ᠎ᠠ ᠪᠠᠷ ᠬᠠᠷᠢᠯᠴᠠᠨ ᠬᠤᠯᠪᠤᠯᠳᠤᠵᠦ ᠳᠡᠶᠢᠯᠭᠦ ᠪᠤᠯᠤᠮᠵᠢ ᠤᠳᠤ ᠪᠦᠷᠢᠨ ᠪᠤᠯᠵᠠᠢ᠃ ᠢᠨᠲ᠋ᠧᠷ ᠰᠦᠯᠵᠢᠶ᠎ᠠ ᠶᠢᠨ | ᠪᠤᠢ ᠪᠤᠯᠤᠭᠰᠠᠨ ᠨᠢ ᠭᠦᠮᠦᠰ ᠤᠨ ᠬᠤᠭᠤᠷᠤᠨᠳᠤ ᠪᠠᠨ ᠨᠡᠩ ᠰᠠᠶᠢᠨ ᠬᠠᠷᠢᠯᠴᠠᠵᠦ ᠬᠤᠯᠪᠤᠯᠳᠤᠬᠤ ᠶᠢ ᠭᠦᠰᠡᠭᠰᠡᠨ | ᠠᠴᠠ ᠪᠤᠯᠤᠭᠰᠠᠨ ᠪᠤᠯ᠂ ᠢᠨᠲ᠋ᠧᠷ ᠰᠦᠯᠵᠢᠶ᠎ᠠ ᠶᠢᠨ ᠭᠦᠭᠵᠢᠯᠳᠠ ᠨᠢ ᠶᠠᠭ ᠭᠦᠮᠦᠰ ᠤᠨ ᠨᠡᠩ ᠰᠠᠶᠢᠨ ᠬᠠᠷᠢᠯᠴᠠᠨ ︽ | ᠬᠤᠯᠪᠤᠯᠳᠤᠬᠤ︾ ᠶᠢ ᠭᠦᠰᠡᠭᠰᠡᠨ ᠭᠦᠰᠡᠯ ᠱᠠᠭᠠᠷᠳᠠᠯᠭ᠎ᠠ ᠶᠢ ᠬᠠᠩᠭᠠᠵᠦ ᠳᠠᠶᠢᠯᠦᠭᠰᠠᠨ ᠪᠠᠶᠢᠨ᠎ᠠ᠃ ︽ᠬᠤᠯᠪᠤᠯᠳᠤᠬᠤ | ︾ ᠪᠤᠯ ᠢᠨᠲ᠋ᠧᠷ ᠰᠦᠯᠵᠢᠶ᠎ᠠ ᠶᠢᠨ ᠴᠠᠭ ᠦᠶ᠎ᠠ ᠶᠢᠨ ᠬᠤᠶᠠᠳᠠᠭᠢ ᠮᠦᠨ ᠴᠢᠨᠠᠷ ᠤᠨ ᠤᠨᠴᠠᠯᠢᠭ᠃ | ︽ᠰᠦᠯᠵᠢᠶᠡᠵᠢᠭᠦ︾᠄ ᠢᠨᠲ᠋ᠧᠷ ᠰᠦᠯᠵᠢᠶᠡᠨ ᠤ ᠴᠠᠭ ᠦᠶ᠎ᠠ ᠶᠢᠨ ︽ᠮᠡᠳᠡᠭᠡ ᠵᠠᠩᠭᠢ︾ ᠪᠤᠯ | ᠠᠵᠦ ᠦᠢᠯᠡᠳᠪᠤᠷᠢ ᠶᠢᠨ ᠴᠠᠭ ᠦᠶ᠎ᠠ ᠶᠢᠨ ︽ᠴᠡᠭᠢᠯᠭᠠᠨ︾ ᠲᠠᠢ ᠠᠳᠠᠯᠢᠪᠳᠤᠷ᠃ ᠳᠦᠪ ᠪᠤᠯᠬᠤ ᠴᠠᠭᠢᠯᠭᠠᠨ | ᠦᠢᠯᠡᠳᠪᠤᠷᠢ ᠠᠴᠠ ᠴᠠᠭᠢᠯᠭᠠᠨ ᠳᠤᠤᠷ ᠢᠶᠠᠷ ᠳᠠᠮᠵᠢᠭᠤᠯᠤᠨ ᠴᠡᠭᠢᠯᠭᠠᠨ ᠢ ᠠᠶᠢᠯ ᠡᠷᠦᠭᠡ ᠳᠤ ᠭᠦᠷᠭᠡᠳᠡᠭ ᠲᠠᠢ | ᠠᠳᠠᠯᠢ ᠪᠠᠷ᠂ ᠤᠳᠤᠬᠠᠨ ᠳᠤ ᠪᠢᠳᠠ ᠺᠤᠮᠫᠢᠦ᠋ᠲ᠋ᠧᠷ ᠤᠨ ᠬᠠᠳᠠᠭᠤ ᠳᠤᠨᠤᠭ ᠪᠤᠶᠤ ᠦᠪᠡᠷᠰᠡᠳ ᠢᠶᠠᠨ ᠪᠡᠯᠡᠳᠦᠭᠰᠠᠨ | ᠦᠢᠯᠡᠴᠢᠯᠡᠭᠦᠷ ᠮᠠᠰᠢᠨ ᠢᠶᠠᠷ ᠳᠠᠮᠵᠢᠨ ︽ᠮᠡᠳᠡᠭᠡ ᠵᠠᠩᠭᠢ︾ ᠪᠠᠨ ᠬᠠᠳᠠᠭᠠᠯᠠᠵᠦ ᠪᠠᠶᠢᠨ᠎ᠠ᠃ ᠤᠳᠠᠯ ᠦᠭᠡᠢ ᠪᠢᠳᠠ | ᠬᠠᠷᠢᠨ ᠮᠡᠳᠡᠭᠡ ᠵᠠᠩᠭᠢ ᠪᠠᠨ ︽ᠡᠭᠦᠯᠡᠨ ᠵᠠᠭᠤᠴᠢ︾ ᠳᠤ ᠳᠦᠪᠯᠡᠷᠡᠭᠦᠯᠦᠨ ᠬᠠᠳᠠᠭᠠᠯᠠᠵᠦ᠂ ᠤᠳᠠᠰᠤ ᠦᠭᠡᠢ | ᠰᠦᠯᠵᠢᠶ᠎ᠠ ᠪᠠᠷ ᠳᠠᠮᠵᠢᠨ ᠭᠦᠮᠦᠰ ᠦᠪᠠᠷ ᠦᠪᠠᠷ ᠤᠨ ︽ᠰᠦᠯᠵᠢᠶᠡᠨ ᠪᠠᠭᠠᠵᠢ︾ ᠪᠠᠷ ᠢᠶᠠᠨ ᠡᠳᠡᠭᠡᠷ ᠮᠡᠳᠡᠭᠡ | ᠵᠠᠩᠭᠢ ᠶᠢ ᠴᠢᠯᠦᠭᠡᠳᠡᠢ ᠭᠡᠷᠡᠭᠯᠡᠵᠦ ᠪᠤᠯᠬᠤ ᠪᠤᠯᠤᠨ᠎ᠠ᠃ ᠡᠨᠡ ᠪᠤᠯ ᠳᠠᠷᠤᠢ ︽ᠡᠭᠦᠯᠡᠨ ᠪᠤᠳᠤᠯᠳᠠ︾ ᠮᠦᠨ᠃ ︽ | ᠰᠦᠯᠵᠢᠶᠠᠨ ᠪᠠᠭᠠᠵᠢ︾ ᠪᠠ ︽ᠡᠭᠦᠯᠡᠨ ᠵᠠᠭᠤᠴᠢ︾ ᠶᠢ ᠬᠤᠯᠪᠤᠬᠤ ᠪᠠᠷ ᠳᠠᠮᠵᠢᠨ᠂ ᠭᠦᠮᠦᠰ ᠨᠡᠩ ᠪᠦᠭᠦ ᠳᠠᠯ᠎ᠠ | ᠶᠢᠨ᠂ ᠨᠡᠩ ᠴᠢᠩᠭ᠎ᠠ ᠴᠠᠭᠴᠢ ᠴᠢᠨᠠᠷ ᠲᠠᠢ ᠮᠡᠳᠡᠭᠡ ᠶᠢ ᠠᠮᠠᠷᠬᠠᠨ ᠡᠵᠡᠮᠰᠢᠵᠦ ᠪᠤᠯᠬᠤ ᠪᠦᠭᠡᠳ ᠨᠡᠩ ᠰᠠᠶᠢᠨ | ᠵᠠᠳᠠᠯᠤᠯᠳᠠ ᠭᠢᠵᠦ ᠪᠤᠯᠬᠤ ᠶᠤᠮ᠃ ᠡᠨᠡ ᠪᠤᠯ ᠳᠠᠷᠤᠢ ︽ᠳᠤᠮᠤ ᠳᠤᠭ᠎ᠠ ᠪᠠᠷᠢᠮᠳᠠ︾ ᠭᠡᠭᠴᠢ ᠪᠤᠯᠤᠨ᠎ᠠ᠃ | ᠢᠨᠲ᠋ᠧᠷ ᠰᠦᠯᠵᠢᠶᠡᠨ ᠤ ᠴᠠᠭ ᠦᠶ᠎ᠠ ᠶᠢᠨ ᠤᠷᠤᠭᠰᠢᠯᠠᠬᠤ ᠴᠢᠭᠯᠡᠯ ᠪᠤᠯ᠂ ᠪᠦᠭᠦᠶᠢᠯᠡ ᠳᠡᠯᠡᠭᠡᠢ | ᠶᠢᠷᠳᠢᠨᠴᠤ ᠶᠢ ︽ᠳᠤᠷ᠎ᠠ ᠪᠠᠷ ᠢᠶᠠᠨ ᠬᠤᠷᠰᠢᠯᠴᠠᠵᠦ᠂ ᠭᠢᠵᠠᠭᠠᠷ ᠦᠭᠡᠢ ᠬᠤᠯᠪᠤᠯᠳᠤᠭᠰᠠᠨ᠂ ᠰᠦᠯᠵᠢᠶᠡᠵᠢᠭᠰᠡᠨ | ᠴᠤᠭᠴᠠ︾ ᠪᠤᠯᠭᠠᠬᠤ ᠶᠠᠪᠤᠳᠠᠯ ᠪᠤᠯᠤᠨ᠎ᠠ᠃ ᠢᠨᠲ᠋ᠧᠷ ᠰᠦᠯᠵᠢᠶᠡᠨ ᠤ ᠴᠠᠭ ᠦᠶ᠎ᠠ ᠶᠢᠨ ᠮᠦᠨ ᠴᠢᠨᠠᠷ ᠤᠨ | ᠤᠨᠴᠠᠯᠢᠭ ᠲᠠᠢ ᠳᠤᠭᠢᠷᠠᠭᠰᠠᠨ ᠰᠡᠳᠭᠢᠭᠦᠢ ᠶᠢᠨ ᠭᠡᠯᠪᠠᠷᠢ ᠪᠤᠯ ᠳᠠᠷᠤᠢ ᠢᠨᠲ᠋ᠧᠷ ᠰᠦᠯᠵᠢᠶᠡᠨ ᠤ ᠰᠡᠳᠭᠢᠭᠦᠢ ᠪᠤᠯᠤᠨ᠎ᠠ | ᠂ ᠳᠠᠷᠠ ᠨᠢ ᠢᠨᠲ᠋ᠧᠷ ᠰᠦᠯᠵᠢᠶ᠎ᠠ ᠲᠠᠢ ᠯᠠ ᠬᠤᠯᠪᠤᠭ᠎ᠠ ᠲᠠᠢ ᠭᠦᠮᠦᠰ ᠤᠨ ︽ᠳᠤᠰᠬᠠᠢ ᠠᠰᠢᠭ︾ ᠪᠢᠰᠢ᠂ ᠮᠦᠨᠴᠤ | ᠶᠠᠭᠤ ᠪᠦᠭᠦᠨ ᠳᠤ ᠰᠢᠭᠤᠳ ᠳᠤᠭᠢᠷᠠᠬᠤ ᠨᠢᠭᠤᠴᠠ ᠵᠤᠷ ᠴᠦ ᠪᠢᠰᠢ᠃ ︽ᠬᠤᠷᠰᠢᠯᠴᠠᠬᠤ︾ ᠶᠢᠨ ᠮᠦᠨ ᠴᠢᠨᠠᠷ ᠨᠢ | ︽ᠠᠷᠠᠳᠴᠢᠯᠡᠯ︾᠂ ︽ᠬᠤᠯᠪᠤᠯᠳᠤᠬᠤ︾ ᠶᠢᠨ ᠮᠦᠨ ᠴᠢᠨᠠᠷ ᠨᠢ ︽ᠨᠡᠭᠡᠭᠡᠯᠳᠠ ᠲᠠᠢ︾︔ ︽ᠰᠦᠯᠵᠢᠶᠡᠵᠢᠭᠦ︾ | ᠶᠢᠨ ᠮᠦᠨ ᠴᠢᠨᠠᠷ ᠨᠢ ︽ᠡᠷᠭᠡ ᠳᠡᠭᠰᠢ︾ ᠭᠡᠳᠡᠭ ᠡ᠃ | |