ᠬᠦᠷᠦᠭ
ᠨᠡᠶᠢᠲᠡᠯᠡᠭᠰᠡᠨ ᠴᠠᠭ᠄
2015/4/2
     ︵ᠲᠤᠰ ᠦᠬᠦᠯᠡᠯᠭᠡ ᠤᠳᠬ᠎ᠠ ᠶᠢᠨ ᠴᠢᠮᠡᠭ — 2005 ᠪᠤᠭᠤᠨᠢ ᠦᠬᠦᠯᠡᠯᠭᠡ ᠶᠢᠨ ᠤᠷᠤᠯᠳᠤᠭᠠᠨ ᠤ ᠲᠡᠷᠢᠬᠦᠨ ᠪᠠᠶᠢᠷᠢ ᠶᠢᠨ ᠱᠠᠩᠨᠠᠯ ᠢ ᠬᠦᠷᠳᠡᠪᠡ︶      ᠬᠢᠩᠭᠠᠷ ᠡᠪᠤᠭᠡᠨ ᠤ ᠨᠠᠰᠤ ᠨᠠᠶᠠ ᠰᠢᠬᠠᠵᠤ ᠠᠭᠠᠰᠢ ᠵᠠᠩ ᠨᠢ ᠲᠡᠷᠨ ᠬᠡᠬᠦ ᠶᠢᠨ ᠲᠡᠮᠳᠡᠭ ᠦᠭᠡᠢ ᠪᠤᠯᠳᠠᠯ᠎ᠠ  ᠪᠠᠨ ᠦᠭᠡᠷᠡᠴᠢᠯᠡᠭᠳᠠᠵᠠᠢ᠃ ᠦᠷᠬᠦᠯᠵᠢ ᠯᠡ ᠬᠡᠳᠦᠨ ᠵᠢᠭᠡ ᠲᠠᠢ ᠪᠠᠨ ᠠᠷ ᠰᠠᠷ ᠵᠦᠢᠯ ᠢᠶᠠᠷ ᠬᠡᠷᠡᠬᠦᠯ ᠱᠤᠤᠬᠢᠶᠠᠨ ᠬᠢᠵᠤ ᠬᠦᠷᠭᠡᠨ ᠤ ᠪᠠᠨ ᠠᠷᠭ᠎ᠠ ᠶᠢ ᠪᠠᠷᠠᠨ᠎ᠠ᠃ ᠵᠠᠷᠢᠮ ᠦᠶ᠎ᠠ ᠳᠤ ᠨᠠᠰᠤᠨᠪᠠᠳᠤ ᠶᠢᠨ ᠲᠡᠪᠴᠢᠶᠡᠷᠢ ᠠᠯᠳᠠᠷᠠᠵᠤ᠄ ︽ᠶᠡᠷᠦᠨᠢ ᠲᠠᠨ ᠤ ᠡᠨᠡ ᠵᠦᠨᠦᠭᠰᠡᠨ ᠡᠴᠢᠭᠡ ᠶᠠᠭᠠᠬᠢᠬᠤ ᠬᠡᠳ ᠬᠡᠳᠦᠨ ᠬᠡᠦᠭᠡᠳ ᠤᠨ ᠮᠢᠨᠢ ᠲᠡᠪᠴᠢᠶᠡᠷᠢ ᠶᠢ ᠪᠠᠷᠠᠵᠤ ᠪᠠᠶᠢᠳᠠᠭ ᠶᠤᠮ᠃ ᠶᠠᠭᠠᠬᠢᠬᠤ ᠪᠠᠷ ᠢᠶᠠᠨ ᠮᠢᠨᠤ ᠬᠡᠳᠦᠨ ᠬᠡᠦᠭᠡᠳ ᠦᠪᠡᠷ ᠤᠨ ᠢᠶᠠᠨ ᠭᠡᠷ ᠤᠷᠤᠨ ᠳᠤ ᠡᠷᠭᠡ ᠴᠢᠯᠦᠭᠡ  ᠲᠠᠢ ᠪᠠᠶᠢᠵᠤ ᠪᠤᠯᠳᠠᠭ ᠦᠭᠡᠢ ᠶᠤᠮ︾ ᠬᠡᠮᠡᠨ ᠡᠬᠡᠨᠡᠷ ᠲᠡᠭᠡᠨ ᠠᠭᠤᠷᠯᠠᠨ᠎ᠠ᠃ ᠡᠬᠡᠨᠡᠷ ᠨᠢ ᠬᠠᠷᠢᠨ᠄ ︽ᠴᠢ ᠮᠢᠨᠤ ᠮᠠᠭᠤ ᠡᠴᠢᠭᠡ ᠶᠢ ᠦᠷᠬᠦᠯᠵᠢ ᠯᠡ ᠠᠳᠠ ᠦᠵᠡᠵᠤ ᠪᠠᠶᠢᠳᠠᠭ ᠢᠶᠠᠨ ᠪᠤᠯᠢᠪᠠᠯ ᠲᠠᠭᠠᠷᠠᠨ᠎ᠠ᠃ ᠨᠡᠷ᠎ᠡ ᠲᠠᠢ ᠪᠠᠷ ᠨᠢ ᠰᠢᠯᠤᠭᠤᠬᠠᠨ ᠬᠦᠭᠡᠭᠡᠳ ᠭᠤᠳᠤᠮᠵᠢᠨ ᠳᠤ ᠭᠠᠷᠭᠠᠴᠢᠬᠠᠬᠤ ᠦᠭᠡᠢ ᠦᠦ᠃ ᠶᠠᠭᠠᠬᠢᠬᠤᠪ ᠳ᠋ᠧ᠂ ᠬᠦᠭᠰᠢᠨ ᠬᠦᠮᠦᠨ᠂ ᠬᠡᠦᠭᠡᠳ ᠬᠤᠶᠠᠷ ᠠᠳᠠᠯᠢᠬᠠᠨ ᠶᠤᠮ ᠬᠤᠶᠢᠨ᠎ᠠ ᠡᠳᠠ ᠲᠡᠭᠡᠰᠬᠢᠭᠡᠳ ᠤᠴᠢᠷ ᠢᠶᠠᠨ ᠤᠯᠴᠢᠬᠠᠳᠠᠭ ᠶᠤᠮ᠂ ᠬᠦᠭᠰᠢᠨ ᠬᠤᠨᠢᠨ ᠤ ᠨᠠᠰᠤ ᠦᠭᠡᠢ ᠪᠤᠯᠤᠭᠰᠠᠨ ᠠᠮᠢᠳᠠᠨ ᠢ ᠴᠢ ᠪᠢᠳᠡᠭᠡᠢ ᠠᠳᠠ ᠦᠵᠡ᠃ ᠦᠪᠡᠷ ᠤᠨ ᠢᠶᠠᠨ ᠡᠴᠢᠭᠡ ᠶᠢ ᠪᠠᠶᠢᠭᠰᠠᠨ ᠪᠤᠯ ᠴᠢ ᠶᠠᠭᠠᠬᠢᠭᠰᠠᠨ ᠴᠤ ᠢᠩᠬᠢᠬᠦ ᠦᠭᠡᠢ ᠳ᠋ᠧ︾ ᠬᠡᠮᠡᠨ ᠲᠤᠳᠤᠷ᠎ᠠ ᠪᠠᠨ ᠪᠤᠬᠢᠮᠳᠠᠵᠤ᠂ ᠭᠠᠳᠠᠭᠰᠢ ᠪᠠᠨ ᠦᠮᠦᠭᠡᠷᠡᠨ᠎ᠠ᠃ ᠨᠢᠭᠡᠨ ᠦᠳᠡᠰᠢ ᠬᠢᠩᠭᠠᠷ ᠡᠪᠤᠭᠡᠨ ᠨᠦᠬᠦᠭᠡ ᠯᠡ ᠬᠡᠷᠡᠬᠦᠯ ᠢᠶᠠᠨ ᠬᠢᠵᠤ ᠰᠠᠭᠤᠨ᠎ᠠ᠃      ︽ᠬᠦᠶ᠋ᠢ᠂ ᠮᠦᠩᠭᠡ︕ ᠴᠢ ᠨᠠᠭᠠᠳᠤ ᠰᠤᠪᠠᠭ ᠢᠶᠠᠨ ᠰᠤᠯᠢ᠃ ᠪᠢ ᠮᠡᠳᠡᠭᠡ ᠰᠤᠨᠤᠰᠤᠮᠠᠷ ᠪᠠᠶᠢᠨ᠎ᠠ᠃ ᠤᠳᠤ ᠯᠡ ᠡᠨᠡ  ᠪᠡᠶ᠎ᠠ ᠡᠶᠢᠮᠤ ᠪᠤᠯᠵᠤ᠂ ᠲᠠ ᠨᠠᠷ ᠮᠠᠭᠤᠰᠠᠶᠢᠨ ᠨᠢᠰᠤᠬᠠᠢ ᠨᠤᠭᠤᠳ ᠲᠠᠢ ᠬᠡᠷᠡᠬᠦᠯ ᠬᠢᠵᠤ ᠰᠠᠭᠤᠭ᠎ᠠ ᠪᠤᠯᠬᠤ ᠠᠴᠠ ᠡᠪᠤᠸ᠋ ᠨᠢ ᠴᠠᠭ ᠲᠠᠭᠠᠨ ᠴᠠᠯᠬᠢᠵᠤ ᠶᠠᠪᠤᠭᠰᠠᠨ ᠡᠷ᠎ᠠ ᠰᠢᠤ᠃ ᠨᠠᠮᠠᠢᠢ ᠵᠦᠭᠡᠷ ᠤᠯᠤᠰ ᠤᠷᠤᠨ ᠬᠡᠬᠦ ᠨᠢ ᠴᠤ ᠬᠠᠮᠢᠭᠠᠰᠢ ᠪᠠᠨ ᠶᠤᠮ᠂ ᠤᠯᠠᠨ ᠲᠦᠮᠡᠨ ᠮᠡᠳᠡᠨ᠎ᠠ ᠭᠠᠶᠢᠭᠤᠢ᠃ ᠦᠳᠡᠯᠦᠭᠰᠡᠨ ᠪᠤᠯᠬᠤ ᠠᠴᠠ ᠦᠬᠦᠭᠡ ᠦᠭᠡᠢ ᠪᠠᠶᠢᠨ᠎ᠠ᠃ ᠠᠯᠢ ᠲᠡᠷᠨ ᠮᠡᠳᠡᠭᠡ ᠭᠠᠷᠭᠠᠭᠠᠳ ᠠᠯᠢ︾ ᠬᠡᠭᠰᠡᠭᠡᠷ ᠵᠢᠷᠤᠭᠳᠤ ᠶᠢᠨ ᠤᠳᠤᠷᠢᠳᠤᠯᠭ᠎ᠠ ᠰᠠᠯᠭᠠᠨ ᠠᠪᠴᠤ ᠰᠠᠶ᠋ᠢ ᠠᠮᠠᠷᠠᠯ᠎ᠠ᠃ ᠡᠪᠤᠭᠡᠨ ᠵᠢᠷᠤᠭᠳᠤ ᠶᠢᠨ ᠮᠡᠳᠡᠭᠡᠨ ᠠᠴᠠ ᠡᠬᠦᠳᠦᠨ ᠲᠡᠷᠨ ᠤᠷᠤᠶᠢᠵᠢᠨ ᠢᠶᠠᠨ ᠬᠦᠭᠡᠷᠴᠡᠭᠯᠡᠯ᠎ᠠ᠃      ︽ᠲᠡᠭᠡᠷ᠎ᠠ ᠦᠶ᠎ᠠ ᠳᠤ ᠮᠢᠨᠤ ᠵᠢᠷᠤᠭ ᠢ ᠵᠢᠷᠤᠵᠤ ᠪᠠᠶᠢᠭᠰᠠᠨ ᠦᠬᠢᠨ ᠴᠠᠭᠠᠨ᠎ᠠ ᠴᠢᠨᠢ ᠦᠵᠡᠰᠬᠦᠯᠡᠩ ᠢᠶᠠᠨ ᠭᠠᠷᠭᠠᠭᠰᠠᠨ ᠪᠠᠶᠢᠨ᠎ᠠ᠃ ᠠᠳᠠ ᠯᠠᠪ ᠮᠢᠨᠤ ᠲᠡᠷᠨ ᠵᠢᠷᠤᠭ ᠲᠠᠯᠪᠢᠭᠳᠠᠭᠰᠠᠨ ᠪᠤᠢ ᠳ᠋ᠧ᠃ ᠮᠠᠷᠭᠠᠰᠢ ᠤᠴᠢᠵᠤ ᠦᠵᠡᠳᠡᠭ ᠬᠡᠷᠡᠭ᠃ ᠲᠠ ᠬᠤᠶᠠᠷ ᠨᠠᠳᠠᠳᠠᠢ ᠬᠠᠮᠳᠤ ᠶᠠᠪᠤᠬᠤ ᠦᠦ︖︾ ᠬᠡᠵᠤ ᠬᠦᠷᠭᠡᠨ᠂ ᠬᠡᠦᠭᠡᠨ ᠬᠤᠶᠠᠷ ᠠᠴᠠ  ᠪᠠᠨ ᠠᠰᠠᠭᠤᠪᠠ᠃ ᠦᠬᠢᠨ ᠨᠢ᠄ ︽ᠵᠠ ᠲᠠᠨ ᠤ ᠲᠡᠷᠨ ᠵᠢᠷᠤᠭ ᠤᠳᠤ ᠪᠠᠶᠢᠳᠠᠭ ᠴᠤ ᠶᠤᠮ ᠦᠦ᠂ ᠦᠭᠡᠢ ᠴᠤ ᠶᠤᠮ ᠦᠦ ᠠᠪᠤ ᠮᠢᠨᠢ᠂ ᠪᠢᠳᠠ ᠬᠤᠶᠠᠷ ᠲᠤ ᠲᠠᠨ ᠢ ᠲᠠᠭᠠᠵᠤ ᠶᠠᠪᠤᠬᠤ ᠵᠠᠪ ᠬᠠᠮᠢᠭ᠎ᠠ ᠠᠴᠠ ᠪᠠᠶᠢᠬᠤᠪ ᠳ᠋ᠧ︾ ᠬᠡᠬᠦ  ᠳᠤ᠄ ︽ᠪᠠᠶᠢᠵᠤ ᠯᠡ ᠲᠠᠭᠠᠷᠠᠨ᠎ᠠ᠂ ᠪᠠᠶᠢᠬᠤ ᠦᠭᠡᠢ ᠶᠠᠭᠠᠬᠢᠳᠠᠭ ᠶᠤᠮ︾ ᠬᠡᠮᠡᠨ ᠤᠴᠠᠭᠠᠷᠯᠠᠭᠠᠳ᠄ ︽ᠶᠤᠰᠤᠳᠠᠢ ᠨᠢᠭᠡ ᠰᠠᠶᠢᠬᠠᠨ ᠵᠢᠷᠤᠭ ᠪᠠᠶᠢᠳᠠᠭ ᠶᠤᠮ᠂ ᠪᠢ ᠪᠦᠷ ᠭᠤᠶᠤᠭᠠᠳ ᠭᠤᠶᠤᠭᠠᠳ ᠠᠪᠴᠤ ᠲᠡᠶᠢᠯᠦᠭᠰᠡᠨ ᠦᠭᠡᠢ ᠶᠤᠮ᠃ ᠪᠦᠷ ︿ᠤᠷᠠᠯᠢᠭ ᠤᠨ ᠪᠦᠳᠦᠭᠡᠯ﹀ ᠬᠡᠳ ᠦᠭᠬᠦᠭᠡ ᠦᠭᠡᠢ ᠰᠠᠨᠠᠭᠳᠠᠵᠤ ᠪᠠᠶᠢᠨ᠎ᠠ᠃ ᠨᠢᠭᠡ ᠦᠵᠡᠬᠦ ᠶᠤᠮᠰᠠᠨ ᠬᠡᠵᠤ ᠪᠤᠳᠤᠭᠠᠳ ᠯᠡ ᠪᠠᠶᠢᠬᠤ ᠪᠤᠯᠤᠭᠰᠠᠨ ᠶᠤᠮ᠃ ᠲᠡᠶᠢᠮᠤ ᠰᠠᠶᠢᠬᠠᠨ ᠵᠢᠷᠤᠭ ᠢ ᠴᠤ ᠠᠯᠠᠭ᠎ᠠ ᠪᠤᠯᠭᠠᠨ᠎ᠠ ᠬᠡᠵᠤ ᠪᠠᠶᠢᠬᠤ ᠦᠭᠡᠢ ᠰᠢᠤ᠃ ᠲᠠ ᠨᠠᠷ ᠴᠤ ᠶᠡᠷᠤ ᠨᠢ ᠬᠦᠭᠰᠢᠨ ᠬᠦᠮᠦᠨ ᠢ ᠦᠬᠦᠭᠰᠡᠨ ᠬᠦᠮᠦᠨ ᠰᠢᠭ ᠯᠡ ᠪᠤᠳᠤᠬᠤ ᠶᠤᠮ ᠳ᠋ᠠ᠃ ᠭᠠᠭᠴᠠᠭᠠᠷ ᠢᠶᠠᠨ ᠯᠡ ᠶᠠᠪᠤᠬᠤ ᠠᠴᠠ ᠳ᠋ᠠ︾ ᠬᠡᠭᠰᠡᠭᠡᠷ ᠴᠢᠮᠡᠭᠡ ᠨᠠᠮᠳᠠᠪᠠ᠃      ᠦᠵᠡᠰᠬᠦᠯᠡᠩ ᠤᠨ ᠲᠠᠩᠬᠢᠮ ᠴᠠᠭᠠᠨ᠎ᠠ ᠪᠠᠨ ᠯᠡ ᠨᠢᠭᠡ ᠠᠶᠠᠳᠠᠭᠤᠬᠠᠨ ᠠᠭᠠᠳ ᠨᠠᠮ ᠬᠦᠮ᠃ ᠬᠦᠮᠦᠰ ᠭᠠᠭᠴᠨ ᠬᠤᠶᠠᠷ ᠢᠶᠠᠷ ᠢᠶᠠᠨ ᠵᠢᠷᠤᠭ ᠰᠤᠨᠢᠷᠬᠠᠵᠤ ᠦᠵᠡᠵᠤ ᠰᠢᠪᠢᠷ ᠠᠪᠢᠷ ᠬᠢᠨ᠎ᠠ᠃ ᠡᠨᠡ ᠲᠠᠩᠬᠢᠮ ᠳᠤ ᠴᠢᠩᠭ᠎ᠠ ᠶᠠᠷᠢᠵᠤ᠂ ᠪᠦᠷ ᠬᠠᠰᠬᠢᠷᠴᠤ ᠶᠠᠭᠠᠬᠢᠭᠠᠳ ᠪᠤᠯᠬᠤ ᠦᠭᠡᠢ ᠬᠡᠵᠤ᠂ ᠬᠡᠪᠡᠴᠤ ᠬᠡᠨ ᠴᠤ ᠲᠡᠶᠢᠮᠤ ᠠᠭᠠᠰᠢ ᠠᠪᠤᠷᠢ ᠭᠠᠷᠭᠠᠭ᠎ᠠ ᠦᠭᠡᠢ ᠳᠡᠭᠡᠨ ᠯᠡ ᠤᠷᠠᠯᠢᠭ ᠤᠨ ᠶᠡᠬᠡᠮᠰᠦᠭ ᠨᠠᠨᠳᠢᠨ ᠴᠢᠨᠠᠷ ᠠᠮᠢᠨ ᠰᠦᠨᠡᠰᠤ ᠤᠷᠤᠰᠢᠨ ᠪᠠᠶᠢᠬᠤ ᠰᠢᠭ ᠡᠪᠤᠭᠡᠨ ᠳᠤ ᠰᠠᠨᠠᠭᠳᠠᠵᠠᠢ᠃ ᠬᠢᠩᠭᠠᠷ ᠠᠮᠢᠰᠬᠤᠭ᠎ᠠ ᠪᠠᠨ ᠲᠠᠷᠤᠵᠤ ᠬᠡᠰᠡᠭ ᠵᠤᠭᠰᠤᠭᠠᠳ ᠡᠷᠬᠢᠨ ᠲᠤᠭᠤᠷᠢᠨ ᠢᠶᠠᠨ ᠠᠵᠢᠭᠯᠠᠪᠠ᠃ ᠡᠩᠨᠡᠬᠦᠯᠦᠨ ᠡᠯᠬᠦᠭᠰᠡᠨ ᠲᠡᠷᠨ ᠤᠯᠠᠨ ᠵᠢᠷᠤᠭ ᠤᠨ ᠲᠤᠳᠤᠷ᠎ᠠ ᠦᠪᠡᠷ ᠤᠨ ᠬᠢᠨᠢ ᠬᠦᠷᠦᠭ ᠵᠢᠷᠤᠭ ᠪᠠᠶᠢᠭ᠎ᠠ ᠬᠡᠵᠤ ᠢᠳᠡᠭᠡᠬᠦ ᠳᠤ ᠪᠡᠷᠭᠡ᠃ ᠪᠠᠶᠢᠬᠤ ᠦᠭᠡᠢ ᠪᠤᠯ ᠁ ᠬᠡᠰᠡᠨ ᠦᠭᠡᠳᠠ ᠦᠭᠡᠢ ᠪᠤᠳᠤᠯ ᠵᠢᠷᠤᠰᠬᠢᠨ ᠤᠷᠤᠵᠤ ᠢᠷᠡᠭᠡᠳ ᠲᠡᠷᠨ ᠲᠤᠤᠷᠠᠬᠠᠨ ᠢᠶᠠᠨ ᠵᠠᠮᠬᠠᠷᠠᠨ ᠠᠯᠠᠭ᠎ᠠ ᠪᠤᠯᠪᠠ᠃ ᠡᠪᠤᠭᠡᠨ ᠢ ᠠᠩᠵᠠᠭᠠᠷᠠᠭᠰᠠᠨ ᠭᠠᠭᠴᠨ ᠨᠢᠭᠡ ᠬᠦᠮᠦᠨ ︽ᠡᠨᠡ ᠬᠦᠭᠰᠢᠨ ᠠᠳᠠ ᠶᠠᠭᠤ ᠬᠢᠵᠤ ᠶᠠᠪᠤᠨ᠎ᠠ︖︾ ᠬᠡᠰᠡᠨ ᠪᠠᠶᠢᠷᠢ ᠲᠠᠢ ᠬᠦᠯ ᠠᠴᠠ ᠨᠢ ᠲᠤᠯᠤᠭᠠᠢ ᠬᠦᠷᠳᠡᠯ᠎ᠠ ᠴᠤᠭᠤ ᠰᠢᠷᠳᠡᠨ᠎ᠠ᠃ ᠬᠢᠩᠭᠠᠷ ᠲᠤ ᠡᠨᠡ ᠪᠦᠬᠦᠨ ᠢ ᠠᠩᠬᠠᠷᠬᠤ ᠰᠦᠬᠦᠭᠡ ᠴᠤ ᠪᠠᠶᠢᠭᠰᠠᠨ ᠦᠭᠡᠢ᠂ ᠨᠦᠬᠦᠭᠡ ᠵᠢᠷᠤᠭ ᠢᠶᠠᠨ ᠬᠠᠶᠢᠵᠤ ᠡᠬᠢᠯᠡᠯ᠎ᠠ᠃ ᠦᠵᠡᠰᠬᠦᠯᠡᠩᠳᠤ ᠪᠠᠶᠢᠭᠠᠯᠢ᠂ ᠠᠩ ᠠᠮᠢᠳᠠᠨ᠂ ᠸᠠᠭᠠᠷ ᠲᠠᠢ ᠴᠡᠴᠡᠭ᠂ ᠰᠢᠨᠠ ᠪᠠᠨ ᠲᠤᠯᠤᠭᠰᠠᠨ ᠪᠦᠰᠡᠬᠦᠢ᠂ ᠡᠷᠳᠡᠨ ᠤ ᠪᠠᠭᠠᠳᠤᠷ᠂ ᠰᠦᠷᠦᠭ ᠴᠢᠨ᠋ᠸ᠎ᠠ ᠶᠡᠷᠤ ᠪᠠᠶᠢᠬᠤ ᠦᠭᠡᠢ ᠴᠤ ᠶᠠᠭᠤᠮ᠎ᠠ ᠠᠯᠠᠭ᠎ᠠ᠃ ᠵᠠᠷᠢᠮ ᠢ ᠨᠢ ᠵᠢᠷᠤᠭᠰᠠᠨ ᠬᠡᠬᠦ ᠳᠤ ᠴᠤ ᠢᠳᠡᠭᠡᠬᠦ ᠳᠤ ᠪᠡᠷᠭᠡ ᠲᠤᠩ ᠰᠠᠶᠢᠬᠠᠨ ᠤᠷᠠᠯᠠᠵᠠᠢ᠃      ᠡᠪᠤᠭᠡᠨ ᠵᠢᠷᠤᠭ ᠪᠦᠬᠦᠨ ᠤ ᠡᠮᠦᠨ᠎ᠠ ᠤᠴᠢᠵᠤ ᠤᠤᠯᠭ᠎ᠠ ᠠᠯᠳᠠᠨ ᠦᠪᠡᠷ ᠤᠨ ᠢᠶᠠᠨ ᠵᠢᠷᠤᠭ ᠢ ᠬᠠᠶᠢᠭᠰᠠᠭᠠᠷ ᠪᠠᠶᠢᠯ᠎ᠠ᠃ ᠬᠡᠳᠡᠯ᠎ᠠ ᠬᠤᠶᠠᠷ ᠭᠠᠷ ᠢᠶᠠᠨ ᠡᠩᠭᠡᠷ ᠲᠡᠭᠡᠨ ᠵᠦᠷᠢᠬᠦᠯᠦᠨ ᠬᠤᠶᠢᠯᠠᠭᠠᠳᠠᠢ ᠴᠠᠭᠠᠰᠤ ᠪᠠᠷᠢᠭᠰᠠᠨ ᠲᠡᠭᠵᠢᠨ ᠵᠠᠯᠠᠭᠤ ᠶᠢᠨ ᠰᠢᠮᠳᠡᠨ ᠦᠵᠡᠵᠤ ᠪᠤᠢ ᠵᠢᠷᠤᠭ ᠢ ᠵᠡᠷᠭᠡᠴᠡᠨ ᠬᠠᠷᠠᠪᠠᠯ ᠠᠰᠢᠬᠦᠢ ᠦᠪᠡᠷ ᠤᠨ ᠬᠢᠨᠢ ᠵᠢᠷᠤᠭ ᠶᠠᠭᠠᠬᠢᠬᠤ ᠠᠷᠭ᠎ᠠ ᠦᠭᠡᠢ ᠮᠥᠨ ᠪᠠᠶᠢᠯ᠎ᠠ᠃ ᠡᠪᠦᠭᠡᠨ ᠪᠠᠶᠠᠷᠯᠠᠭᠰᠠᠨ ᠳᠠᠭᠠᠨ ᠤᠤᠯᠭ᠎ᠠ ᠠᠯᠳᠠᠵᠤ᠄ ︽ᠮᠢᠨᠤ ᠵᠢᠷᠤᠭ ᠠᠳᠠ ᠪᠠᠶᠢᠨ᠎ᠠ᠂ ᠶᠠᠭᠠᠬᠢᠬᠤ ᠠᠷᠭ᠎ᠠ ᠦᠭᠡᠢ ᠮᠥᠨ ᠪᠠᠶᠢᠨ᠎ᠠ︾ ᠬᠡᠵᠤ ᠲᠤᠳᠤ ᠠᠴᠠ ᠲᠤᠳᠤ ᠬᠡᠯᠡᠭᠡᠳ ᠵᠢᠷᠤᠭ ᠤᠨ ᠲᠤᠤᠷ᠎ᠠ ᠪᠢᠴᠢᠭᠰᠡᠨ ᠲᠠᠶᠢᠯᠪᠤᠷᠢ ᠶᠢ ᠤᠩᠰᠢᠬᠤ ᠪᠠᠷ ᠲᠦᠩᠭᠡᠵᠢ ᠤᠴᠢᠪᠠ᠃ ︽ᠬᠦᠷᠦᠭ᠂ ᠭᠤᠶᠠᠰᠢ ︵ᠤᠰᠤᠨ ᠤ︶︾ ᠬᠡᠰᠡᠨ ᠬᠤᠶᠠᠷ ᠦᠭᠡ ᠶᠢ ᠲᠤᠳᠤ ᠪᠠᠷ ᠪᠢᠴᠢᠭᠰᠡᠨ ᠠᠴᠠ ᠬᠢᠩᠭᠠᠷ ᠬᠡᠰᠡᠨ ᠨᠡᠷ᠎ᠠ ᠲᠡᠨᠳᠠ ᠪᠠᠶᠢᠭᠰᠠᠨ ᠦᠭᠡᠢ᠂ ᠡᠪᠤᠭᠡᠨ ᠪᠦᠷ ᠭᠠᠶᠢᠬᠠᠵᠤ ᠮᠢᠨᠤ ᠵᠢᠷᠤᠭ ᠤᠨ ᠲᠤᠤᠷ᠎ᠠ ᠶᠠᠭᠠᠬᠢᠬᠤ ᠪᠠᠷ ᠢᠶᠠᠨ ᠮᠢᠨᠤ ᠨᠡᠷ᠎ᠠ ᠪᠠᠶᠢᠳᠠᠭ ᠦᠭᠡᠢ ᠪᠢᠯᠨ ᠬᠡᠮᠡᠨ ᠬᠡᠨ ᠨᠢᠭᠡᠨ ᠠᠴᠠ ᠠᠰᠠᠭᠤᠬᠤ ᠪᠠᠷ ᠡᠷᠬᠢᠨ ᠲᠤᠭᠤᠷᠢᠨ ᠢᠶᠠᠨ ᠬᠠᠷᠠᠪᠠᠯ ᠲᠡᠬᠦᠨ ᠢ ᠠᠩᠵᠠᠭᠠᠷᠠᠵᠤ ᠪᠠᠶᠢᠭ᠎ᠠ ᠬᠦᠮᠦᠨ ᠨᠢᠭᠡ ᠴᠤ ᠠᠯᠠᠭ᠎ᠠ᠃ ᠬᠠᠷᠢᠨ ᠴᠤ ᠪᠦᠷ ᠰᠠᠶ᠋ᠢᠬᠠᠨ ᠯᠡ ᠡᠨᠡ ᠵᠢᠷᠤᠭ ᠢ ᠰᠢᠮᠳᠡᠨ ᠦᠵᠡᠵᠤ ᠵᠤᠭᠰᠤᠭᠰᠠᠨ ᠬᠠᠷᠠᠬᠦᠤ ᠴᠤ ᠲᠠᠯᠢᠢᠨ ᠤᠳᠤᠵᠠᠢ᠃ ᠡᠪᠤᠭᠡᠨ ᠢ ᠬᠡᠨ ᠴᠤ ᠲᠤᠭᠤᠭᠰᠠᠨ ᠦᠭᠡᠢ ᠳᠤ ᠪᠤᠬᠢᠮᠳᠠᠵᠤ ᠲᠡᠷᠨ ᠵᠠᠯᠠᠭᠤ ᠶᠢᠨ ᠠᠷᠤ ᠠᠴᠠ ᠤᠴᠢᠨ᠄ ︽ᠬᠦᠶ᠋ᠢ᠂ ᠮᠠᠭᠤ ᠨᠢᠰᠤᠬᠠᠢ ᠮᠢᠨᠢ᠂ ᠰᠠᠶ᠋ᠢᠬᠠᠨ ᠴᠢᠨᠤ ᠨᠢᠳᠤ ᠪᠠᠨ ᠤᠨᠠᠭᠠᠴᠢᠬᠠᠬᠤ ᠬᠡᠳ ᠦᠵᠡᠭᠡᠳ ᠪᠠᠶᠢᠭᠰᠠᠨ ᠵᠢᠷᠤᠭ ᠤᠨ ᠴᠢᠨᠢ ᠡᠵᠡᠨ ᠪᠢ ᠪᠠᠶᠢᠨ᠎ᠠ᠃ ᠴᠢ ᠰᠠᠶᠢᠨ ᠬᠠᠷᠠ᠃ ᠴᠠᠭ ᠲᠠᠭᠠᠨ ᠪᠢ ᠴᠢᠨᠢ ᠡᠶᠢᠮᠤ ᠰᠠᠶᠢᠬᠠᠨ ᠵᠠᠯᠠᠭᠤ ᠶᠠᠪᠤᠯ᠎ᠠ︾ ᠬᠡᠮᠡᠨ ᠬᠡᠯᠡᠶ᠎ᠠ ᠬᠡᠰᠡᠨ ᠪᠤᠯᠪᠠᠴᠤ ᠬᠦᠯ ᠨᠢ ᠬᠦᠳᠡᠯᠵᠤ᠂ ᠠᠮᠠ ᠨᠢ ᠡᠪᠯᠡᠵᠤ ᠦᠭᠬᠦᠭᠰᠡᠨ ᠦᠭᠡᠢ᠃ ᠡᠪᠤᠭᠡᠨ ᠵᠢᠷᠤᠭ ᠢᠶᠠᠨ ᠬᠠᠷᠠᠵᠤ ᠪᠠᠭᠠᠬᠠᠨ ᠵᠤᠭᠰᠤᠭᠠᠳ ᠪᠠᠭ᠎ᠠ ᠵᠡᠷᠭᠡ ᠲᠠᠶᠢᠪᠤᠰᠢᠷᠠᠯ᠎ᠠ᠃ ︽ᠦᠨᠡᠭᠡᠷ ᠯᠡ ᠪᠢ ᠡᠶᠢᠮᠤ ᠵᠠᠯᠠᠭᠤ ᠪᠠᠶᠢᠭᠰᠠᠨ ᠳ᠋ᠠ᠂ ᠦᠭᠡᠢ ᠲᠡᠷᠨ ᠨᠢᠳᠤ ᠬᠦᠮᠦᠰᠭᠡ᠂ ᠮᠦᠷᠤ ᠴᠡᠭᠡᠵᠢ ᠡ᠃ ᠮᠢᠨᠤ ᠨᠢᠳᠤᠨ ᠠᠴᠠ ᠬᠦᠮᠦᠰ ᠶᠡᠭᠡ ᠠᠶᠤᠳᠠᠭ ᠪᠠᠶᠢᠵᠤ ᠪᠢᠯᠨ᠃ ᠤᠳᠤ ᠲᠠᠩᠴᠢ ᠲᠡᠷᠨ ᠦᠶ᠎ᠠ ᠶᠢᠨ ᠬᠢᠩᠭᠠᠷ ᠠᠴᠠ ᠦᠴᠦᠭᠡᠨ ᠴᠤ ᠶᠠᠭᠤᠮ᠎ᠠ ᠦᠯᠡᠳᠡᠭᠰᠡᠨ ᠦᠭᠡᠢ ᠰᠢᠪ ᠳ᠋ᠧ︾ ᠬᠡᠮᠡᠨ ᠪᠤᠳᠤᠵᠤ ᠬᠦᠩᠭᠡᠨ ᠰᠡᠬᠦᠷᠡᠰᠤ ᠠᠯᠳᠠᠯ᠎ᠠ᠃      ᠲᠡᠷᠡᠪᠡᠷ ᠴᠠᠰᠢ ᠨᠢ ︽ᠮᠢᠨᠤ ᠨᠡᠷ᠎ᠠ ᠶᠢ ᠶᠠᠭᠠᠬᠢᠭᠠᠳ ᠲᠠᠯᠪᠢᠴᠢᠬᠠᠭ᠎ᠠ ᠦᠭᠡᠢ ᠶᠤᠮ ᠪᠤᠯ᠂ ᠨᠡᠷ᠎ᠠ ᠶᠢ ᠮᠠᠨᠢ ᠮᠠᠷᠳᠠᠭᠰᠠᠨ ᠪᠠᠶᠢᠬᠤ᠂ ᠠᠯᠢ ᠡᠰᠡᠪᠡᠯ ᠬᠡᠳᠦᠶᠢᠨ ᠦᠬᠦᠭᠰᠡᠨ ᠬᠡᠵᠤ ᠪᠤᠳᠤᠭᠰᠠᠨ ᠬᠡᠷᠡᠭ᠂ ᠲᠡᠬᠦᠨ ᠠᠴᠠ ᠵᠠᠶᠢᠯᠠᠬᠤ ᠦᠭᠡᠢ︾ ᠬᠡᠵᠤ ᠦᠪᠡᠷ ᠤᠨ ᠢᠶᠠᠨ ᠪᠤᠳᠤᠯ ᠢ ᠪᠠᠳᠤᠯᠠᠪᠠ᠃ ᠶᠡᠷᠤ ᠨᠢ ᠡᠨᠡ ᠵᠢᠷᠤᠭᠠᠴᠢ ᠶᠢ ᠤᠯᠵᠤ ᠨᠡᠷ᠎ᠠ ᠪᠠᠨ ᠲᠠᠯᠪᠢᠭᠤᠯᠤᠶ᠎ᠠ ᠪᠠᠶᠢᠵᠠ ᠬᠡᠮᠡᠨ ᠪᠤᠳᠤᠵᠤ ᠵᠢᠷᠤᠭ ᠤᠨ ᠢᠶᠠᠨ ᠬᠠᠵᠠᠭᠤ ᠠᠴᠠ ᠬᠤᠯᠠᠳᠠᠯ᠎ᠠ᠃ ᠡᠪᠤᠭᠡᠨ ᠲᠡᠷᠳᠡᠭᠡ ᠪᠤᠯᠤᠩ ᠳᠤ ᠵᠤᠭᠰᠤᠵᠤ ᠪᠤᠢ ᠦᠬᠢᠨ ᠤ ᠲᠡᠷᠭᠡᠳᠠ ᠤᠴᠢᠵᠤ᠄ ︽ᠬᠡᠦᠭᠡ ᠡ᠂ ᠡᠨᠡ ᠵᠢᠷᠤᠭᠠᠴᠢ ᠬᠠᠮᠢᠭ᠎ᠠ ᠪᠠᠶᠢᠭ᠎ᠠ ᠪᠤᠯ︖︾ ᠬᠡᠪᠡᠯ᠂ ︽ᠮᠠᠨᠳᠠᠷᠸ᠎ᠠ ᠪᠠᠭᠰᠢ ᠨᠡᠭᠡᠭᠡᠯᠳᠠ ᠠᠴᠠ ᠬᠤᠶᠢᠰᠢ ᠢᠷᠡᠭᠡ ᠦᠭᠡᠢ᠃ ᠦᠵᠡᠰᠬᠦᠯᠡᠩ ᠢᠶᠠᠨ ᠪᠠᠭᠤᠯᠭᠠᠬᠤ ᠦᠶ᠎ᠠ ᠪᠠᠷ ᠯᠡ ᠢᠷᠡᠵᠤ ᠮᠠᠭᠠᠳ ᠦᠭᠡᠢ᠃ ᠪᠡᠶ᠎ᠠ ᠨᠢ ᠲᠠᠭᠠᠷᠠᠤᠬᠠᠨ ᠪᠠᠶᠢᠳᠠᠭ ᠶᠤᠮ︾ ᠬᠡᠮᠡᠨ ᠲᠤᠷᠴᠢᠬᠢᠨᠠᠭᠤᠯᠪᠠ᠃ ︽ᠪᠡᠶ᠎ᠠ ᠨᠢ ᠮᠠᠭᠤ ᠪᠠᠶᠢᠭ᠎ᠠ ᠬᠡᠨ᠎ᠠ᠂ ᠠᠷᠭ᠎ᠠ ᠦᠭᠡᠢ ᠳ᠋ᠧ᠂ ᠤᠳᠤ ᠪᠠᠰᠠ ᠯᠡ ᠨᠠᠰᠤ ᠨᠢ ᠠᠬᠢᠭ᠎ᠠ ᠪᠢᠵᠠ︾ ᠬᠡᠮᠡᠨ ᠡᠪᠤᠭᠡᠨ ᠪᠤᠳᠤᠬᠤ ᠳᠠᠭᠠᠨ ︽ᠨᠡᠷ᠎ᠠ ᠪᠠᠨ ᠲᠠᠯᠪᠢᠭᠤᠯᠬᠤ ᠴᠤ ᠪᠦᠷ ᠦᠩᠭᠡᠷᠡᠯ᠎ᠠ︾ ᠬᠡᠮᠡᠨ ᠤᠷᠮ᠎ᠠ ᠨᠢ ᠬᠤᠭᠤᠷᠠᠪᠠ᠃      ᠡᠪᠤᠭᠡᠨ ᠭᠠᠳᠠᠭ᠎ᠠ ᠭᠠᠷᠴᠤ ᠬᠡᠰᠡᠭ ᠵᠤᠭᠰᠤᠯ᠎ᠠ᠃ ᠨᠠᠮᠤᠷ ᠤᠨ ᠰᠢᠷᠭᠠᠯ ᠨᠠᠷᠠ ᠲᠠᠭᠠᠳᠠᠶᠢᠶ᠎ᠠ ᠡᠭᠡᠭᠡᠵᠤ᠂ ᠤᠷᠢᠬᠠᠨ ᠬᠤᠩᠭᠤᠷ ᠰᠠᠯᠬᠢ ᠰᠡᠪᠢᠯᠵᠡᠨ ᠦᠯᠢᠶᠡᠭᠡᠳ ᠡᠪᠤᠭᠡᠨ ᠤ ᠰᠡᠳᠬᠢᠯ ᠢ ᠰᠡᠷᠢᠬᠡᠬᠦ ᠬᠡᠵᠤ ᠤᠷᠤᠯᠳᠤᠬᠤ ᠮᠡᠳᠤ᠂ ᠰᠠᠶ᠋ᠢ ᠶᠢᠨ ᠵᠢᠷᠤᠭ ᠠᠴᠠ ᠡᠬᠦᠳᠦᠨ ᠢᠳᠠ ᠬᠢᠯᠠᠯᠵᠠᠵᠤ ᠶᠠᠪᠤᠭᠰᠠᠨ ᠵᠠᠯᠠᠭᠤ ᠽᠠᠨᠳᠠᠨ ᠦᠶ᠎ᠠ ᠨᠢ ᠭᠠᠯ ᠴᠤᠭ ᠨᠢ ᠪᠠᠭᠤᠷᠠᠭᠰᠠᠨ ᠴᠤ ᠬᠡᠯ᠎ᠠ ᠨᠠᠰᠤᠨ ᠳᠠᠭᠠᠨ ᠪᠠᠶᠢᠮ᠎ᠠ ᠦᠭᠡᠢ ᠬᠠᠷᠠᠭ᠎ᠠ ᠰᠠᠶᠢᠳᠠᠢ ᠨᠢᠳᠦᠨ ᠤ ᠬᠢᠨᠢ ᠡᠮᠦᠨᠡᠬᠦᠷ ᠵᠢᠷᠤᠭᠳᠤ ᠦᠵᠡᠬᠦ ᠮᠡᠳᠤ ᠬᠠᠷᠠᠭᠳᠠᠭᠠᠳ ᠪᠤᠯᠤᠭᠰᠠᠨ ᠦᠭᠡᠢ᠃ ᠡᠨᠡ ᠪᠦᠬᠦᠨ ᠢ ᠪᠤᠳᠤᠬᠤ ᠲᠤᠰᠤᠮ ᠡᠪᠤᠭᠡᠨ ᠤ ᠠᠷᠭ᠎ᠠ ᠪᠠᠷᠠᠭᠳᠠᠵᠤ ᠪᠠᠶᠢᠪᠠ᠃      ᠡᠨᠡ ᠬᠡᠦᠭᠡᠳ ᠤᠳ ᠨᠠᠮᠠᠢᠢ ᠶᠠᠭᠠᠬᠢᠵᠤ ᠲᠠᠨᠢᠬᠤᠪ ᠳ᠋ᠧ᠃ ᠬᠠᠷᠢᠨ ᠲᠠᠨᠢᠳᠠᠭ ᠬᠦᠮᠦᠰ ᠲᠡᠭᠡᠨ ᠡᠨᠡ ᠵᠢᠷᠤᠭ ᠢ ᠦᠵᠡᠬᠦᠯᠬᠦ ᠶᠤᠮᠰᠠᠨ᠃ ᠬᠡᠪᠡᠴᠤ ᠲᠡᠬᠦᠨ ᠢ ᠲᠠᠨᠢᠳᠠᠭ ᠬᠦᠮᠦᠨ ᠮᠠᠰᠢ ᠤᠯᠠᠨ ᠴᠤ ᠤᠳᠤ ᠴᠦᠭᠡᠷᠡᠵᠠᠢ᠃ ᠵᠠᠷᠢᠮ ᠤᠨ ᠬᠢᠨᠢ ᠰᠤᠷᠠᠭ ᠭᠠᠷᠤᠯ ᠦᠭᠡᠢ ᠤᠳᠠᠵᠤ ᠪᠠᠶᠢᠭ᠎ᠠ ᠪᠤᠯᠬᠤ ᠪᠠᠷ ᠪᠠᠶᠢᠭ᠎ᠠ ᠬᠡᠵᠤ ᠢᠳᠡᠭᠡᠬᠦ ᠳᠤ ᠪᠡᠷᠭᠡ᠃ ᠬᠡᠨᠡᠳᠳᠠ ᠡᠪᠤᠭᠡᠨ ᠤ ᠲᠤᠯᠤᠭᠠᠢ ᠳᠤ ᠡᠨᠡᠬᠦᠭᠡᠨ ᠬᠠᠵᠠᠭᠤ ᠪᠠᠶᠢᠷᠢᠨ ᠳᠤ ᠵᠠᠪ ᠤᠨ ᠬᠢ ᠪᠠᠶᠢᠭ᠎ᠠ ᠰᠠᠨᠠᠭᠳᠠᠪᠠ᠃ ᠪᠠᠶᠢᠷᠢ ᠶᠢᠨ ᠬᠢᠨᠢ ᠭᠠᠳᠠᠭ᠎ᠠ ᠢᠷᠡᠭᠡᠳ ᠰᠤᠷᠠᠭᠯᠠᠪᠠᠯ ᠦᠭᠡᠳᠠ ᠪᠤᠯᠤᠭᠠᠳ ᠲᠤᠯᠤᠭ᠎ᠠ ᠬᠤᠨᠤᠭ᠎ᠠ ᠦᠭᠡᠢ ᠪᠠᠶᠢᠭ᠎ᠠ ᠬᠡᠨ᠎ᠠ᠃ ᠠᠬᠢᠭᠠᠳ ᠯᠡ ᠡᠪᠤᠭᠡᠨ ᠤ ᠲᠤᠳᠤᠷ᠎ᠠ ᠲᠠᠪᠴᠢᠳᠠᠪᠠ᠃      ᠰᠢᠭᠤᠳ ᠬᠠᠷᠢᠬᠤ ᠪᠠᠷ ᠰᠢᠢᠳᠤᠭᠡᠳ ᠠᠯᠬᠤᠵᠤ ᠶᠠᠪᠤᠳᠠᠯ᠎ᠠ ᠪᠦᠷ ᠡᠷᠳᠡᠨ ᠤ ᠲᠠᠨᠢᠯ ᠪᠤᠷᠤᠬᠡᠦᠭᠡᠨ ᠤ ᠴᠤᠩᠬᠤ ᠨᠢᠳᠤᠨ ᠳᠤᠨᠢ ᠲᠤᠰᠤᠯ᠎ᠠ᠃ ᠬᠡᠳᠦᠨ ᠬᠤᠨᠤᠭ ᠤᠨ ᠡᠮᠦᠨ᠎ᠠ ᠲᠡᠷᠨ ᠬᠤᠶᠠᠷ ᠪᠠᠭᠠᠬᠠᠨ ᠬᠠᠭᠤᠴᠢᠯᠠᠭᠰᠠᠨ ᠶᠤᠮᠰᠠᠨ᠃ ᠲᠡᠳᠡᠨ ᠤ ᠬᠢ ᠪᠠᠷ ᠤᠷᠤᠪᠠ᠃ ᠤᠶᠢᠷ᠎ᠠ ᠠᠴᠠ ᠲᠡᠬᠦᠨ ᠤ ᠪᠡᠶ᠎ᠠ ᠮᠠᠭᠤᠳᠠᠭᠠᠳ ᠬᠦᠮᠦᠨ ᠲᠠᠨᠢᠬᠤ ᠪᠠᠨ ᠪᠠᠶᠢᠭᠰᠠᠨ ᠲᠤᠬᠠᠢ ᠬᠡᠦᠭᠡᠳ ᠤᠳ ᠨᠢ ᠶᠠᠷᠢᠪᠠ᠃ ᠡᠪᠤᠭᠡᠨ ᠲᠡᠳᠡᠨ ᠤ ᠳᠤ ᠤᠳᠬ᠎ᠠ ᠤᠴᠢᠷ ᠦᠭᠡᠢ ᠤᠷᠤᠭᠰᠠᠨ ᠰᠢᠭ ᠢᠶᠠᠨ ᠬᠤᠷᠳᠤᠬᠠᠨ ᠭᠠᠷᠤᠯ᠎ᠠ᠃      ᠤᠳᠤᠳᠠᠢ ᠲᠡᠭᠷᠢ ᠠᠴᠠ ᠤᠳᠤ ᠰᠢᠬᠦᠷᠡᠵᠤ ᠴᠤ ᠮᠡᠳᠡᠬᠦ ᠪᠠᠷ ᠤᠮᠤᠭᠯᠠᠩ ᠵᠠᠯᠠᠭᠤ ᠬᠢᠩᠭᠠᠷ ᠤᠨ ᠲᠡᠷᠳᠡᠭᠡ ᠲᠦᠴᠢᠭᠡᠳ ᠵᠢᠯ ᠤᠨ ᠡᠮᠦᠨ᠎ᠠ ᠵᠢᠷᠤᠭᠤᠯᠤᠭᠰᠠᠨ ᠵᠢᠷᠤᠭ ᠢ ᠲᠠᠨᠢᠬᠤ ᠬᠦᠮᠦᠨ ᠪᠠᠷᠤᠭ ᠦᠭᠡᠢ ᠪᠤᠯᠵᠠᠢ᠃ ᠬᠠᠷᠢᠨ ᠶᠠᠬᠢᠷ ᠶᠠᠷᠳᠠᠭ ᠠᠭᠠᠰᠢ ᠵᠠᠩᠳᠠᠢ ᠬᠢᠩᠭᠠᠷ ᠡᠪᠤᠸ᠋ ᠶᠢ ᠪᠤᠯ ᠬᠡᠳᠦᠨ ᠬᠦᠮᠦᠨ ᠲᠠᠨᠢᠬᠤ ᠶᠠᠩᠵᠤᠳᠠᠢ᠃      ᠲᠡᠷᠨ ᠤᠷᠤᠢ ᠳᠠᠭᠠᠨ ᠡᠪᠤᠭᠡᠨ ᠤ ᠲᠠᠷᠤᠯᠳᠠ ᠶᠡᠭᠡᠰᠴᠤ ᠪᠡᠶ᠎ᠠ ᠨᠢ ᠮᠠᠭᠤᠳᠠᠯ᠎ᠠ᠃ ᠤᠬᠠᠭᠠᠨ ᠰᠠᠨᠠᠭ᠎ᠠ ᠨᠢ ᠤᠷᠤᠵᠤ ᠭᠠᠷᠤᠨ᠎ᠠ᠃ ᠵᠠᠷᠢᠮ ᠦᠶ᠎ᠠ ᠳᠤ ᠤᠬᠠᠭᠠᠨ ᠰᠠᠨᠠᠭ᠎ᠠ ᠨᠢ ᠴᠡᠯᠡᠰᠬᠢᠨ ᠴᠡᠯᠮᠡᠭᠡᠳ ᠲᠡᠷᠡᠪᠡᠷ ᠨᠠᠰᠤᠨ ᠲᠤᠷᠰᠢᠳᠠ  ᠢᠶᠠᠨ ᠶᠠᠭᠤᠨ ᠳᠤ ᠲᠡᠶᠢᠮᠤ ᠰᠡᠳᠬᠢᠯ ᠬᠠᠩᠬᠤᠯᠤᠭᠤᠨ ᠠᠮᠢᠳᠤᠷᠠᠭᠰᠠᠨ ᠢᠶᠠᠨ ᠶᠡᠷᠦ ᠳᠡᠭᠡᠨ ᠴᠤ ᠤᠶᠢᠯᠠᠭᠠᠭᠰᠠᠨ ᠦᠭᠡᠢ             ︵www.biirbeh.mn ᠠᠴᠠ ᠬᠦᠷᠪᠡᠬᠦᠯᠪᠡ︶
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号