ᠬᠦᠷᠦᠭ
ᠨᠡᠶᠢᠲᠡᠯᠡᠭᠰᠡᠨ ᠴᠠᠭ᠄
2015/4/2
     ︵ᠲᠤᠰ ᠦᠬᠦᠯᠡᠯᠭᠡ ᠤᠳᠬ᠎ᠠ ᠶᠢᠨ ᠴᠢᠮᠡᠭ — 2005 ᠪᠤᠭᠤᠨᠢ ᠦᠬᠦᠯᠡᠯᠭᠡ ᠶᠢᠨ ᠤᠷᠤᠯᠳᠤᠭᠠᠨ ᠤ ᠲᠡᠷᠢᠬᠦᠨ ᠪᠠᠶᠢᠷᠢ ᠶᠢᠨ ᠱᠠᠩᠨᠠᠯ ᠢ ᠬᠦᠷᠳᠡᠪᠡ︶      ᠬᠢᠩᠭᠠᠷ ᠡᠪᠤᠭᠡᠨ ᠤ ᠨᠠᠰᠤ ᠨᠠᠶᠠ ᠰᠢᠬᠠᠵᠤ ᠠᠭᠠᠰᠢ ᠵᠠᠩ ᠨᠢ ᠲᠡᠷᠨ ᠬᠡᠬᠦ ᠶᠢᠨ ᠲᠡᠮᠳᠡᠭ ᠦᠭᠡᠢ ᠪᠤᠯᠳᠠᠯ᠎ᠠ ᠎ ᠪᠠᠨ ᠦᠭᠡᠷᠡᠴᠢᠯᠡᠭᠳᠠᠵᠠᠢ᠃ ᠦᠷᠬᠦᠯᠵᠢ ᠯᠡ ᠬᠡᠳᠦᠨ ᠵᠢᠭᠡ ᠲᠠᠢ ᠪᠠᠨ ᠠᠷ ᠰᠠᠷ ᠵᠦᠢᠯ ᠢᠶᠠᠷ ᠬᠡᠷᠡᠬᠦᠯ ᠱᠤᠤᠬᠢᠶᠠᠨ ᠬᠢᠵᠤ ᠬᠦᠷᠭᠡᠨ ᠤ ᠪᠠᠨ ᠠᠷᠭ᠎ᠠ ᠶᠢ ᠪᠠᠷᠠᠨ᠎ᠠ᠃ ᠵᠠᠷᠢᠮ ᠦᠶ᠎ᠠ ᠳᠤ ᠨᠠᠰᠤᠨᠪᠠᠳᠤ ᠶᠢᠨ ᠲᠡᠪᠴᠢᠶᠡᠷᠢ ᠠᠯᠳᠠᠷᠠᠵᠤ᠄ ︽ᠶᠡᠷᠦᠨᠢ ᠲᠠᠨ ᠤ ᠡᠨᠡ ᠵᠦᠨᠦᠭᠰᠡᠨ ᠡᠴᠢᠭᠡ ᠶᠠᠭᠠᠬᠢᠬᠤ ᠬᠡᠳ ᠬᠡᠳᠦᠨ ᠬᠡᠦᠭᠡᠳ ᠤᠨ ᠮᠢᠨᠢ ᠲᠡᠪᠴᠢᠶᠡᠷᠢ ᠶᠢ ᠪᠠᠷᠠᠵᠤ ᠪᠠᠶᠢᠳᠠᠭ ᠶᠤᠮ᠃ ᠶᠠᠭᠠᠬᠢᠬᠤ ᠪᠠᠷ ᠢᠶᠠᠨ ᠮᠢᠨᠤ ᠬᠡᠳᠦᠨ ᠬᠡᠦᠭᠡᠳ ᠦᠪᠡᠷ ᠤᠨ ᠢᠶᠠᠨ ᠭᠡᠷ ᠤᠷᠤᠨ ᠳᠤ ᠡᠷᠭᠡ ᠴᠢᠯᠦᠭᠡ ᠎ ᠲᠠᠢ ᠪᠠᠶᠢᠵᠤ ᠪᠤᠯᠳᠠᠭ ᠦᠭᠡᠢ ᠶᠤᠮ︾ ᠬᠡᠮᠡᠨ ᠡᠬᠡᠨᠡᠷ ᠲᠡᠭᠡᠨ ᠠᠭᠤᠷᠯᠠᠨ᠎ᠠ᠃ ᠡᠬᠡᠨᠡᠷ ᠨᠢ ᠬᠠᠷᠢᠨ᠄ ︽ᠴᠢ ᠮᠢᠨᠤ ᠮᠠᠭᠤ ᠡᠴᠢᠭᠡ ᠶᠢ ᠦᠷᠬᠦᠯᠵᠢ ᠯᠡ ᠠᠳᠠ ᠦᠵᠡᠵᠤ ᠪᠠᠶᠢᠳᠠᠭ ᠢᠶᠠᠨ ᠪᠤᠯᠢᠪᠠᠯ ᠲᠠᠭᠠᠷᠠᠨ᠎ᠠ᠃ ᠨᠡᠷ᠎ᠡ ᠲᠠᠢ ᠪᠠᠷ ᠨᠢ ᠰᠢᠯᠤᠭᠤᠬᠠᠨ ᠬᠦᠭᠡᠭᠡᠳ ᠭᠤᠳᠤᠮᠵᠢᠨ ᠳᠤ ᠭᠠᠷᠭᠠᠴᠢᠬᠠᠬᠤ ᠦᠭᠡᠢ ᠦᠦ᠃ ᠶᠠᠭᠠᠬᠢᠬᠤᠪ ᠳ᠋ᠧ᠂ ᠬᠦᠭᠰᠢᠨ ᠬᠦᠮᠦᠨ᠂ ᠬᠡᠦᠭᠡᠳ ᠬᠤᠶᠠᠷ ᠠᠳᠠᠯᠢᠬᠠᠨ ᠶᠤᠮ ᠬᠤᠶᠢᠨ᠎ᠠ ᠡᠳᠠ ᠲᠡᠭᠡᠰᠬᠢᠭᠡᠳ ᠤᠴᠢᠷ ᠢᠶᠠᠨ ᠤᠯᠴᠢᠬᠠᠳᠠᠭ ᠶᠤᠮ᠂ ᠬᠦᠭᠰᠢᠨ ᠬᠤᠨᠢᠨ ᠤ ᠨᠠᠰᠤ ᠦᠭᠡᠢ ᠪᠤᠯᠤᠭᠰᠠᠨ ᠠᠮᠢᠳᠠᠨ ᠢ ᠴᠢ ᠪᠢᠳᠡᠭᠡᠢ ᠠᠳᠠ ᠦᠵᠡ᠃ ᠦᠪᠡᠷ ᠤᠨ ᠢᠶᠠᠨ ᠡᠴᠢᠭᠡ ᠶᠢ ᠪᠠᠶᠢᠭᠰᠠᠨ ᠪᠤᠯ ᠴᠢ ᠶᠠᠭᠠᠬᠢᠭᠰᠠᠨ ᠴᠤ ᠢᠩᠬᠢᠬᠦ ᠦᠭᠡᠢ ᠳ᠋ᠧ︾ ᠬᠡᠮᠡᠨ ᠲᠤᠳᠤᠷ᠎ᠠ ᠪᠠᠨ ᠪᠤᠬᠢᠮᠳᠠᠵᠤ᠂ ᠭᠠᠳᠠᠭᠰᠢ ᠪᠠᠨ ᠦᠮᠦᠭᠡᠷᠡᠨ᠎ᠠ᠃ ᠨᠢᠭᠡᠨ ᠦᠳᠡᠰᠢ ᠬᠢᠩᠭᠠᠷ ᠡᠪᠤᠭᠡᠨ ᠨᠦᠬᠦᠭᠡ ᠯᠡ ᠬᠡᠷᠡᠬᠦᠯ ᠢᠶᠠᠨ ᠬᠢᠵᠤ ᠰᠠᠭᠤᠨ᠎ᠠ᠃      ︽ᠬᠦᠶ᠋ᠢ᠂ ᠮᠦᠩᠭᠡ︕ ᠴᠢ ᠨᠠᠭᠠᠳᠤ ᠰᠤᠪᠠᠭ ᠢᠶᠠᠨ ᠰᠤᠯᠢ᠃ ᠪᠢ ᠮᠡᠳᠡᠭᠡ ᠰᠤᠨᠤᠰᠤᠮᠠᠷ ᠪᠠᠶᠢᠨ᠎ᠠ᠃ ᠤᠳᠤ ᠯᠡ ᠡᠨᠡ  ᠪᠡᠶ᠎ᠠ ᠡᠶᠢᠮᠤ ᠪᠤᠯᠵᠤ᠂ ᠲᠠ ᠨᠠᠷ ᠮᠠᠭᠤᠰᠠᠶᠢᠨ ᠨᠢᠰᠤᠬᠠᠢ ᠨᠤᠭᠤᠳ ᠲᠠᠢ ᠬᠡᠷᠡᠬᠦᠯ ᠬᠢᠵᠤ ᠰᠠᠭᠤᠭ᠎ᠠ ᠪᠤᠯᠬᠤ ᠠᠴᠠ ᠡᠪᠤᠸ᠋ ᠨᠢ ᠴᠠᠭ ᠲᠠᠭᠠᠨ ᠴᠠᠯᠬᠢᠵᠤ ᠶᠠᠪᠤᠭᠰᠠᠨ ᠡᠷ᠎ᠠ ᠰᠢᠤ᠃ ᠨᠠᠮᠠᠢᠢ ᠵᠦᠭᠡᠷ ᠤᠯᠤᠰ ᠤᠷᠤᠨ ᠬᠡᠬᠦ ᠨᠢ ᠴᠤ ᠬᠠᠮᠢᠭᠠᠰᠢ ᠪᠠᠨ ᠶᠤᠮ᠂ ᠤᠯᠠᠨ ᠲᠦᠮᠡᠨ ᠮᠡᠳᠡᠨ᠎ᠠ ᠭᠠᠶᠢᠭᠤᠢ᠃ ᠦᠳᠡᠯᠦᠭᠰᠡᠨ ᠪᠤᠯᠬᠤ ᠠᠴᠠ ᠦᠬᠦᠭᠡ ᠦᠭᠡᠢ ᠪᠠᠶᠢᠨ᠎ᠠ᠃ ᠠᠯᠢ ᠲᠡᠷᠨ ᠮᠡᠳᠡᠭᠡ ᠭᠠᠷᠭᠠᠭᠠᠳ ᠠᠯᠢ︾ ᠬᠡᠭᠰᠡᠭᠡᠷ ᠵᠢᠷᠤᠭᠳᠤ ᠶᠢᠨ ᠤᠳᠤᠷᠢᠳᠤᠯᠭ᠎ᠠ ᠰᠠᠯᠭᠠᠨ ᠠᠪᠴᠤ ᠰᠠᠶ᠋ᠢ ᠠᠮᠠᠷᠠᠯ᠎ᠠ᠃ ᠡᠪᠤᠭᠡᠨ ᠵᠢᠷᠤᠭᠳᠤ ᠶᠢᠨ ᠮᠡᠳᠡᠭᠡᠨ ᠠᠴᠠ ᠡᠬᠦᠳᠦᠨ ᠲᠡᠷᠨ ᠤᠷᠤᠶᠢᠵᠢᠨ ᠢᠶᠠᠨ ᠬᠦᠭᠡᠷᠴᠡᠭᠯᠡᠯ᠎ᠠ᠃      ︽ᠲᠡᠭᠡᠷ᠎ᠠ ᠦᠶ᠎ᠠ ᠳᠤ ᠮᠢᠨᠤ ᠵᠢᠷᠤᠭ ᠢ ᠵᠢᠷᠤᠵᠤ ᠪᠠᠶᠢᠭᠰᠠᠨ ᠦᠬᠢᠨ ᠴᠠᠭᠠᠨ᠎ᠠ ᠴᠢᠨᠢ ᠦᠵᠡᠰᠬᠦᠯᠡᠩ ᠢᠶᠠᠨ ᠭᠠᠷᠭᠠᠭᠰᠠᠨ ᠪᠠᠶᠢᠨ᠎ᠠ᠃ ᠠᠳᠠ ᠯᠠᠪ ᠮᠢᠨᠤ ᠲᠡᠷᠨ ᠵᠢᠷᠤᠭ ᠲᠠᠯᠪᠢᠭᠳᠠᠭᠰᠠᠨ ᠪᠤᠢ ᠳ᠋ᠧ᠃ ᠮᠠᠷᠭᠠᠰᠢ ᠤᠴᠢᠵᠤ ᠦᠵᠡᠳᠡᠭ ᠬᠡᠷᠡᠭ᠃ ᠲᠠ ᠬᠤᠶᠠᠷ ᠨᠠᠳᠠᠳᠠᠢ ᠬᠠᠮᠳᠤ ᠶᠠᠪᠤᠬᠤ ᠦᠦ︖︾ ᠬᠡᠵᠤ ᠬᠦᠷᠭᠡᠨ᠂ ᠬᠡᠦᠭᠡᠨ ᠬᠤᠶᠠᠷ ᠠᠴᠠ ᠎ ᠪᠠᠨ ᠠᠰᠠᠭᠤᠪᠠ᠃ ᠦᠬᠢᠨ ᠨᠢ᠄ ︽ᠵᠠ ᠲᠠᠨ ᠤ ᠲᠡᠷᠨ ᠵᠢᠷᠤᠭ ᠤᠳᠤ ᠪᠠᠶᠢᠳᠠᠭ ᠴᠤ ᠶᠤᠮ ᠦᠦ᠂ ᠦᠭᠡᠢ ᠴᠤ ᠶᠤᠮ ᠦᠦ ᠠᠪᠤ ᠮᠢᠨᠢ᠂ ᠪᠢᠳᠠ ᠬᠤᠶᠠᠷ ᠲᠤ ᠲᠠᠨ ᠢ ᠲᠠᠭᠠᠵᠤ ᠶᠠᠪᠤᠬᠤ ᠵᠠᠪ ᠬᠠᠮᠢᠭ᠎ᠠ ᠠᠴᠠ ᠪᠠᠶᠢᠬᠤᠪ ᠳ᠋ᠧ︾ ᠬᠡᠬᠦ ᠎ ᠳᠤ᠄ ︽ᠪᠠᠶᠢᠵᠤ ᠯᠡ ᠲᠠᠭᠠᠷᠠᠨ᠎ᠠ᠂ ᠪᠠᠶᠢᠬᠤ ᠦᠭᠡᠢ ᠶᠠᠭᠠᠬᠢᠳᠠᠭ ᠶᠤᠮ︾ ᠬᠡᠮᠡᠨ ᠤᠴᠠᠭᠠᠷᠯᠠᠭᠠᠳ᠄ ︽ᠶᠤᠰᠤᠳᠠᠢ ᠨᠢᠭᠡ ᠰᠠᠶᠢᠬᠠᠨ ᠵᠢᠷᠤᠭ ᠪᠠᠶᠢᠳᠠᠭ ᠶᠤᠮ᠂ ᠪᠢ ᠪᠦᠷ ᠭᠤᠶᠤᠭᠠᠳ ᠭᠤᠶᠤᠭᠠᠳ ᠠᠪᠴᠤ ᠲᠡᠶᠢᠯᠦᠭᠰᠡᠨ ᠦᠭᠡᠢ ᠶᠤᠮ᠃ ᠪᠦᠷ ︿ᠤᠷᠠᠯᠢᠭ ᠤᠨ ᠪᠦᠳᠦᠭᠡᠯ﹀ ᠬᠡᠳ ᠦᠭᠬᠦᠭᠡ ᠦᠭᠡᠢ ᠰᠠᠨᠠᠭᠳᠠᠵᠤ ᠪᠠᠶᠢᠨ᠎ᠠ᠃ ᠨᠢᠭᠡ ᠦᠵᠡᠬᠦ ᠶᠤᠮᠰᠠᠨ ᠬᠡᠵᠤ ᠪᠤᠳᠤᠭᠠᠳ ᠯᠡ ᠪᠠᠶᠢᠬᠤ ᠪᠤᠯᠤᠭᠰᠠᠨ ᠶᠤᠮ᠃ ᠲᠡᠶᠢᠮᠤ ᠰᠠᠶᠢᠬᠠᠨ ᠵᠢᠷᠤᠭ ᠢ ᠴᠤ ᠠᠯᠠᠭ᠎ᠠ ᠪᠤᠯᠭᠠᠨ᠎ᠠ ᠬᠡᠵᠤ ᠪᠠᠶᠢᠬᠤ ᠦᠭᠡᠢ ᠰᠢᠤ᠃ ᠲᠠ ᠨᠠᠷ ᠴᠤ ᠶᠡᠷᠤ ᠨᠢ ᠬᠦᠭᠰᠢᠨ ᠬᠦᠮᠦᠨ ᠢ ᠦᠬᠦᠭᠰᠡᠨ ᠬᠦᠮᠦᠨ ᠰᠢᠭ ᠯᠡ ᠪᠤᠳᠤᠬᠤ ᠶᠤᠮ ᠳ᠋ᠠ᠃ ᠭᠠᠭᠴᠠᠭᠠᠷ ᠢᠶᠠᠨ ᠯᠡ ᠶᠠᠪᠤᠬᠤ ᠠᠴᠠ ᠳ᠋ᠠ︾ ᠬᠡᠭᠰᠡᠭᠡᠷ ᠴᠢᠮᠡᠭᠡ ᠨᠠᠮᠳᠠᠪᠠ᠃      ᠦᠵᠡᠰᠬᠦᠯᠡᠩ ᠤᠨ ᠲᠠᠩᠬᠢᠮ ᠴᠠᠭᠠᠨ᠎ᠠ ᠪᠠᠨ ᠯᠡ ᠨᠢᠭᠡ ᠠᠶᠠᠳᠠᠭᠤᠬᠠᠨ ᠠᠭᠠᠳ ᠨᠠᠮ ᠬᠦᠮ᠃ ᠬᠦᠮᠦᠰ ᠭᠠᠭᠴᠨ ᠬᠤᠶᠠᠷ ᠢᠶᠠᠷ ᠢᠶᠠᠨ ᠵᠢᠷᠤᠭ ᠰᠤᠨᠢᠷᠬᠠᠵᠤ ᠦᠵᠡᠵᠤ ᠰᠢᠪᠢᠷ ᠠᠪᠢᠷ ᠬᠢᠨ᠎ᠠ᠃ ᠡᠨᠡ ᠲᠠᠩᠬᠢᠮ ᠳᠤ ᠴᠢᠩᠭ᠎ᠠ ᠶᠠᠷᠢᠵᠤ᠂ ᠪᠦᠷ ᠬᠠᠰᠬᠢᠷᠴᠤ ᠶᠠᠭᠠᠬᠢᠭᠠᠳ ᠪᠤᠯᠬᠤ ᠦᠭᠡᠢ ᠬᠡᠵᠤ᠂ ᠬᠡᠪᠡᠴᠤ ᠬᠡᠨ ᠴᠤ ᠲᠡᠶᠢᠮᠤ ᠠᠭᠠᠰᠢ ᠠᠪᠤᠷᠢ ᠭᠠᠷᠭᠠᠭ᠎ᠠ ᠦᠭᠡᠢ ᠳᠡᠭᠡᠨ ᠯᠡ ᠤᠷᠠᠯᠢᠭ ᠤᠨ ᠶᠡᠬᠡᠮᠰᠦᠭ ᠨᠠᠨᠳᠢᠨ ᠴᠢᠨᠠᠷ ᠠᠮᠢᠨ ᠰᠦᠨᠡᠰᠤ ᠤᠷᠤᠰᠢᠨ ᠪᠠᠶᠢᠬᠤ ᠰᠢᠭ ᠡᠪᠤᠭᠡᠨ ᠳᠤ ᠰᠠᠨᠠᠭᠳᠠᠵᠠᠢ᠃ ᠬᠢᠩᠭᠠᠷ ᠠᠮᠢᠰᠬᠤᠭ᠎ᠠ ᠪᠠᠨ ᠲᠠᠷᠤᠵᠤ ᠬᠡᠰᠡᠭ ᠵᠤᠭᠰᠤᠭᠠᠳ ᠡᠷᠬᠢᠨ ᠲᠤᠭᠤᠷᠢᠨ ᠢᠶᠠᠨ ᠠᠵᠢᠭᠯᠠᠪᠠ᠃ ᠡᠩᠨᠡᠬᠦᠯᠦᠨ ᠡᠯᠬᠦᠭᠰᠡᠨ ᠲᠡᠷᠨ ᠤᠯᠠᠨ ᠵᠢᠷᠤᠭ ᠤᠨ ᠲᠤᠳᠤᠷ᠎ᠠ ᠦᠪᠡᠷ ᠤᠨ ᠬᠢᠨᠢ ᠬᠦᠷᠦᠭ ᠵᠢᠷᠤᠭ ᠪᠠᠶᠢᠭ᠎ᠠ ᠬᠡᠵᠤ ᠢᠳᠡᠭᠡᠬᠦ ᠳᠤ ᠪᠡᠷᠭᠡ᠃ ᠪᠠᠶᠢᠬᠤ ᠦᠭᠡᠢ ᠪᠤᠯ ᠁ ᠬᠡᠰᠡᠨ ᠦᠭᠡᠳᠠ ᠦᠭᠡᠢ ᠪᠤᠳᠤᠯ ᠵᠢᠷᠤᠰᠬᠢᠨ ᠤᠷᠤᠵᠤ ᠢᠷᠡᠭᠡᠳ ᠲᠡᠷᠨ ᠲᠤᠤᠷᠠᠬᠠᠨ ᠢᠶᠠᠨ ᠵᠠᠮᠬᠠᠷᠠᠨ ᠠᠯᠠᠭ᠎ᠠ ᠪᠤᠯᠪᠠ᠃ ᠡᠪᠤᠭᠡᠨ ᠢ ᠠᠩᠵᠠᠭᠠᠷᠠᠭᠰᠠᠨ ᠭᠠᠭᠴᠨ ᠨᠢᠭᠡ ᠬᠦᠮᠦᠨ ︽ᠡᠨᠡ ᠬᠦᠭᠰᠢᠨ ᠠᠳᠠ ᠶᠠᠭᠤ ᠬᠢᠵᠤ ᠶᠠᠪᠤᠨ᠎ᠠ︖︾ ᠬᠡᠰᠡᠨ ᠪᠠᠶᠢᠷᠢ ᠲᠠᠢ ᠬᠦᠯ ᠠᠴᠠ ᠨᠢ ᠲᠤᠯᠤᠭᠠᠢ ᠬᠦᠷᠳᠡᠯ᠎ᠠ ᠴᠤᠭᠤ ᠰᠢᠷᠳᠡᠨ᠎ᠠ᠃ ᠬᠢᠩᠭᠠᠷ ᠲᠤ ᠡᠨᠡ ᠪᠦᠬᠦᠨ ᠢ ᠠᠩᠬᠠᠷᠬᠤ ᠰᠦᠬᠦᠭᠡ ᠴᠤ ᠪᠠᠶᠢᠭᠰᠠᠨ ᠦᠭᠡᠢ᠂ ᠨᠦᠬᠦᠭᠡ ᠵᠢᠷᠤᠭ ᠢᠶᠠᠨ ᠬᠠᠶᠢᠵᠤ ᠡᠬᠢᠯᠡᠯ᠎ᠠ᠃ ᠦᠵᠡᠰᠬᠦᠯᠡᠩᠳᠤ ᠪᠠᠶᠢᠭᠠᠯᠢ᠂ ᠠᠩ ᠠᠮᠢᠳᠠᠨ᠂ ᠸᠠᠭᠠᠷ ᠲᠠᠢ ᠴᠡᠴᠡᠭ᠂ ᠰᠢᠨᠠ ᠪᠠᠨ ᠲᠤᠯᠤᠭᠰᠠᠨ ᠪᠦᠰᠡᠬᠦᠢ᠂ ᠡᠷᠳᠡᠨ ᠤ ᠪᠠᠭᠠᠳᠤᠷ᠂ ᠰᠦᠷᠦᠭ ᠴᠢᠨ᠋ᠸ᠎ᠠ ᠶᠡᠷᠤ ᠪᠠᠶᠢᠬᠤ ᠦᠭᠡᠢ ᠴᠤ ᠶᠠᠭᠤᠮ᠎ᠠ ᠠᠯᠠᠭ᠎ᠠ᠃ ᠵᠠᠷᠢᠮ ᠢ ᠨᠢ ᠵᠢᠷᠤᠭᠰᠠᠨ ᠬᠡᠬᠦ ᠳᠤ ᠴᠤ ᠢᠳᠡᠭᠡᠬᠦ ᠳᠤ ᠪᠡᠷᠭᠡ ᠲᠤᠩ ᠰᠠᠶᠢᠬᠠᠨ ᠤᠷᠠᠯᠠᠵᠠᠢ᠃      ᠡᠪᠤᠭᠡᠨ ᠵᠢᠷᠤᠭ ᠪᠦᠬᠦᠨ ᠤ ᠡᠮᠦᠨ᠎ᠠ ᠤᠴᠢᠵᠤ ᠤᠤᠯᠭ᠎ᠠ ᠠᠯᠳᠠᠨ ᠦᠪᠡᠷ ᠤᠨ ᠢᠶᠠᠨ ᠵᠢᠷᠤᠭ ᠢ ᠬᠠᠶᠢᠭᠰᠠᠭᠠᠷ ᠪᠠᠶᠢᠯ᠎ᠠ᠃ ᠬᠡᠳᠡᠯ᠎ᠠ ᠬᠤᠶᠠᠷ ᠭᠠᠷ ᠢᠶᠠᠨ ᠡᠩᠭᠡᠷ ᠲᠡᠭᠡᠨ ᠵᠦᠷᠢᠬᠦᠯᠦᠨ ᠬᠤᠶᠢᠯᠠᠭᠠᠳᠠᠢ ᠴᠠᠭᠠᠰᠤ ᠪᠠᠷᠢᠭᠰᠠᠨ ᠲᠡᠭᠵᠢᠨ ᠵᠠᠯᠠᠭᠤ ᠶᠢᠨ ᠰᠢᠮᠳᠡᠨ ᠦᠵᠡᠵᠤ ᠪᠤᠢ ᠵᠢᠷᠤᠭ ᠢ ᠵᠡᠷᠭᠡᠴᠡᠨ ᠬᠠᠷᠠᠪᠠᠯ ᠠᠰᠢᠬᠦᠢ ᠦᠪᠡᠷ ᠤᠨ ᠬᠢᠨᠢ ᠵᠢᠷᠤᠭ ᠶᠠᠭᠠᠬᠢᠬᠤ ᠠᠷᠭ᠎ᠠ ᠦᠭᠡᠢ ᠮᠥᠨ ᠪᠠᠶᠢᠯ᠎ᠠ᠃ ᠡᠪᠦᠭᠡᠨ ᠪᠠᠶᠠᠷᠯᠠᠭᠰᠠᠨ ᠳᠠᠭᠠᠨ ᠤᠤᠯᠭ᠎ᠠ ᠠᠯᠳᠠᠵᠤ᠄ ︽ᠮᠢᠨᠤ ᠵᠢᠷᠤᠭ ᠠᠳᠠ ᠪᠠᠶᠢᠨ᠎ᠠ᠂ ᠶᠠᠭᠠᠬᠢᠬᠤ ᠠᠷᠭ᠎ᠠ ᠦᠭᠡᠢ ᠮᠥᠨ ᠪᠠᠶᠢᠨ᠎ᠠ︾ ᠬᠡᠵᠤ ᠲᠤᠳᠤ ᠠᠴᠠ ᠲᠤᠳᠤ ᠬᠡᠯᠡᠭᠡᠳ ᠵᠢᠷᠤᠭ ᠤᠨ ᠲᠤᠤᠷ᠎ᠠ ᠪᠢᠴᠢᠭᠰᠡᠨ ᠲᠠᠶᠢᠯᠪᠤᠷᠢ ᠶᠢ ᠤᠩᠰᠢᠬᠤ ᠪᠠᠷ ᠲᠦᠩᠭᠡᠵᠢ ᠤᠴᠢᠪᠠ᠃ ︽ᠬᠦᠷᠦᠭ᠂ ᠭᠤᠶᠠᠰᠢ ︵ᠤᠰᠤᠨ ᠤ︶︾ ᠬᠡᠰᠡᠨ ᠬᠤᠶᠠᠷ ᠦᠭᠡ ᠶᠢ ᠲᠤᠳᠤ ᠪᠠᠷ ᠪᠢᠴᠢᠭᠰᠡᠨ ᠠᠴᠠ ᠬᠢᠩᠭᠠᠷ ᠬᠡᠰᠡᠨ ᠨᠡᠷ᠎ᠠ ᠲᠡᠨᠳᠠ ᠪᠠᠶᠢᠭᠰᠠᠨ ᠦᠭᠡᠢ᠂ ᠡᠪᠤᠭᠡᠨ ᠪᠦᠷ ᠭᠠᠶᠢᠬᠠᠵᠤ ᠮᠢᠨᠤ ᠵᠢᠷᠤᠭ ᠤᠨ ᠲᠤᠤᠷ᠎ᠠ ᠶᠠᠭᠠᠬᠢᠬᠤ ᠪᠠᠷ ᠢᠶᠠᠨ ᠮᠢᠨᠤ ᠨᠡᠷ᠎ᠠ ᠪᠠᠶᠢᠳᠠᠭ ᠦᠭᠡᠢ ᠪᠢᠯᠨ ᠬᠡᠮᠡᠨ ᠬᠡᠨ ᠨᠢᠭᠡᠨ ᠠᠴᠠ ᠠᠰᠠᠭᠤᠬᠤ ᠪᠠᠷ ᠡᠷᠬᠢᠨ ᠲᠤᠭᠤᠷᠢᠨ ᠢᠶᠠᠨ ᠬᠠᠷᠠᠪᠠᠯ ᠲᠡᠬᠦᠨ ᠢ ᠠᠩᠵᠠᠭᠠᠷᠠᠵᠤ ᠪᠠᠶᠢᠭ᠎ᠠ ᠬᠦᠮᠦᠨ ᠨᠢᠭᠡ ᠴᠤ ᠠᠯᠠᠭ᠎ᠠ᠃ ᠬᠠᠷᠢᠨ ᠴᠤ ᠪᠦᠷ ᠰᠠᠶ᠋ᠢᠬᠠᠨ ᠯᠡ ᠡᠨᠡ ᠵᠢᠷᠤᠭ ᠢ ᠰᠢᠮᠳᠡᠨ ᠦᠵᠡᠵᠤ ᠵᠤᠭᠰᠤᠭᠰᠠᠨ ᠬᠠᠷᠠᠬᠦᠤ ᠴᠤ ᠲᠠᠯᠢᠢᠨ ᠤᠳᠤᠵᠠᠢ᠃ ᠡᠪᠤᠭᠡᠨ ᠢ ᠬᠡᠨ ᠴᠤ ᠲᠤᠭᠤᠭᠰᠠᠨ ᠦᠭᠡᠢ ᠳᠤ ᠪᠤᠬᠢᠮᠳᠠᠵᠤ ᠲᠡᠷᠨ ᠵᠠᠯᠠᠭᠤ ᠶᠢᠨ ᠠᠷᠤ ᠠᠴᠠ ᠤᠴᠢᠨ᠄ ︽ᠬᠦᠶ᠋ᠢ᠂ ᠮᠠᠭᠤ ᠨᠢᠰᠤᠬᠠᠢ ᠮᠢᠨᠢ᠂ ᠰᠠᠶ᠋ᠢᠬᠠᠨ ᠴᠢᠨᠤ ᠨᠢᠳᠤ ᠪᠠᠨ ᠤᠨᠠᠭᠠᠴᠢᠬᠠᠬᠤ ᠬᠡᠳ ᠦᠵᠡᠭᠡᠳ ᠪᠠᠶᠢᠭᠰᠠᠨ ᠵᠢᠷᠤᠭ ᠤᠨ ᠴᠢᠨᠢ ᠡᠵᠡᠨ ᠪᠢ ᠪᠠᠶᠢᠨ᠎ᠠ᠃ ᠴᠢ ᠰᠠᠶᠢᠨ ᠬᠠᠷᠠ᠃ ᠴᠠᠭ ᠲᠠᠭᠠᠨ ᠪᠢ ᠴᠢᠨᠢ ᠡᠶᠢᠮᠤ ᠰᠠᠶᠢᠬᠠᠨ ᠵᠠᠯᠠᠭᠤ ᠶᠠᠪᠤᠯ᠎ᠠ︾ ᠬᠡᠮᠡᠨ ᠬᠡᠯᠡᠶ᠎ᠠ ᠬᠡᠰᠡᠨ ᠪᠤᠯᠪᠠᠴᠤ ᠬᠦᠯ ᠨᠢ ᠬᠦᠳᠡᠯᠵᠤ᠂ ᠠᠮᠠ ᠨᠢ ᠡᠪᠯᠡᠵᠤ ᠦᠭᠬᠦᠭᠰᠡᠨ ᠦᠭᠡᠢ᠃ ᠡᠪᠤᠭᠡᠨ ᠵᠢᠷᠤᠭ ᠢᠶᠠᠨ ᠬᠠᠷᠠᠵᠤ ᠪᠠᠭᠠᠬᠠᠨ ᠵᠤᠭᠰᠤᠭᠠᠳ ᠪᠠᠭ᠎ᠠ ᠵᠡᠷᠭᠡ ᠲᠠᠶᠢᠪᠤᠰᠢᠷᠠᠯ᠎ᠠ᠃ ︽ᠦᠨᠡᠭᠡᠷ ᠯᠡ ᠪᠢ ᠡᠶᠢᠮᠤ ᠵᠠᠯᠠᠭᠤ ᠪᠠᠶᠢᠭᠰᠠᠨ ᠳ᠋ᠠ᠂ ᠦᠭᠡᠢ ᠲᠡᠷᠨ ᠨᠢᠳᠤ ᠬᠦᠮᠦᠰᠭᠡ᠂ ᠮᠦᠷᠤ ᠴᠡᠭᠡᠵᠢ ᠡ᠃ ᠮᠢᠨᠤ ᠨᠢᠳᠤᠨ ᠠᠴᠠ ᠬᠦᠮᠦᠰ ᠶᠡᠭᠡ ᠠᠶᠤᠳᠠᠭ ᠪᠠᠶᠢᠵᠤ ᠪᠢᠯᠨ᠃ ᠤᠳᠤ ᠲᠠᠩᠴᠢ ᠲᠡᠷᠨ ᠦᠶ᠎ᠠ ᠶᠢᠨ ᠬᠢᠩᠭᠠᠷ ᠠᠴᠠ ᠦᠴᠦᠭᠡᠨ ᠴᠤ ᠶᠠᠭᠤᠮ᠎ᠠ ᠦᠯᠡᠳᠡᠭᠰᠡᠨ ᠦᠭᠡᠢ ᠰᠢᠪ ᠳ᠋ᠧ︾ ᠬᠡᠮᠡᠨ ᠪᠤᠳᠤᠵᠤ ᠬᠦᠩᠭᠡᠨ ᠰᠡᠬᠦᠷᠡᠰᠤ ᠠᠯᠳᠠᠯ᠎ᠠ᠃      ᠲᠡᠷᠡᠪᠡᠷ ᠴᠠᠰᠢ ᠨᠢ ︽ᠮᠢᠨᠤ ᠨᠡᠷ᠎ᠠ ᠶᠢ ᠶᠠᠭᠠᠬᠢᠭᠠᠳ ᠲᠠᠯᠪᠢᠴᠢᠬᠠᠭ᠎ᠠ ᠦᠭᠡᠢ ᠶᠤᠮ ᠪᠤᠯ᠂ ᠨᠡᠷ᠎ᠠ ᠶᠢ ᠮᠠᠨᠢ ᠮᠠᠷᠳᠠᠭᠰᠠᠨ ᠪᠠᠶᠢᠬᠤ᠂ ᠠᠯᠢ ᠡᠰᠡᠪᠡᠯ ᠬᠡᠳᠦᠶᠢᠨ ᠦᠬᠦᠭᠰᠡᠨ ᠬᠡᠵᠤ ᠪᠤᠳᠤᠭᠰᠠᠨ ᠬᠡᠷᠡᠭ᠂ ᠲᠡᠬᠦᠨ ᠠᠴᠠ ᠵᠠᠶᠢᠯᠠᠬᠤ ᠦᠭᠡᠢ︾ ᠬᠡᠵᠤ ᠦᠪᠡᠷ ᠤᠨ ᠢᠶᠠᠨ ᠪᠤᠳᠤᠯ ᠢ ᠪᠠᠳᠤᠯᠠᠪᠠ᠃ ᠶᠡᠷᠤ ᠨᠢ ᠡᠨᠡ ᠵᠢᠷᠤᠭᠠᠴᠢ ᠶᠢ ᠤᠯᠵᠤ ᠨᠡᠷ᠎ᠠ ᠪᠠᠨ ᠲᠠᠯᠪᠢᠭᠤᠯᠤᠶ᠎ᠠ ᠪᠠᠶᠢᠵᠠ ᠬᠡᠮᠡᠨ ᠪᠤᠳᠤᠵᠤ ᠵᠢᠷᠤᠭ ᠤᠨ ᠢᠶᠠᠨ ᠬᠠᠵᠠᠭᠤ ᠠᠴᠠ ᠬᠤᠯᠠᠳᠠᠯ᠎ᠠ᠃ ᠡᠪᠤᠭᠡᠨ ᠲᠡᠷᠳᠡᠭᠡ ᠪᠤᠯᠤᠩ ᠳᠤ ᠵᠤᠭᠰᠤᠵᠤ ᠪᠤᠢ ᠦᠬᠢᠨ ᠤ ᠲᠡᠷᠭᠡᠳᠠ ᠤᠴᠢᠵᠤ᠄ ︽ᠬᠡᠦᠭᠡ ᠡ᠂ ᠡᠨᠡ ᠵᠢᠷᠤᠭᠠᠴᠢ ᠬᠠᠮᠢᠭ᠎ᠠ ᠪᠠᠶᠢᠭ᠎ᠠ ᠪᠤᠯ︖︾ ᠬᠡᠪᠡᠯ᠂ ︽ᠮᠠᠨᠳᠠᠷᠸ᠎ᠠ ᠪᠠᠭᠰᠢ ᠨᠡᠭᠡᠭᠡᠯᠳᠠ ᠠᠴᠠ ᠬᠤᠶᠢᠰᠢ ᠢᠷᠡᠭᠡ ᠦᠭᠡᠢ᠃ ᠦᠵᠡᠰᠬᠦᠯᠡᠩ ᠢᠶᠠᠨ ᠪᠠᠭᠤᠯᠭᠠᠬᠤ ᠦᠶ᠎ᠠ ᠪᠠᠷ ᠯᠡ ᠢᠷᠡᠵᠤ ᠮᠠᠭᠠᠳ ᠦᠭᠡᠢ᠃ ᠪᠡᠶ᠎ᠠ ᠨᠢ ᠲᠠᠭᠠᠷᠠᠤᠬᠠᠨ ᠪᠠᠶᠢᠳᠠᠭ ᠶᠤᠮ︾ ᠬᠡᠮᠡᠨ ᠲᠤᠷᠴᠢᠬᠢᠨᠠᠭᠤᠯᠪᠠ᠃ ︽ᠪᠡᠶ᠎ᠠ ᠨᠢ ᠮᠠᠭᠤ ᠪᠠᠶᠢᠭ᠎ᠠ ᠬᠡᠨ᠎ᠠ᠂ ᠠᠷᠭ᠎ᠠ ᠦᠭᠡᠢ ᠳ᠋ᠧ᠂ ᠤᠳᠤ ᠪᠠᠰᠠ ᠯᠡ ᠨᠠᠰᠤ ᠨᠢ ᠠᠬᠢᠭ᠎ᠠ ᠪᠢᠵᠠ︾ ᠬᠡᠮᠡᠨ ᠡᠪᠤᠭᠡᠨ ᠪᠤᠳᠤᠬᠤ ᠳᠠᠭᠠᠨ ︽ᠨᠡᠷ᠎ᠠ ᠪᠠᠨ ᠲᠠᠯᠪᠢᠭᠤᠯᠬᠤ ᠴᠤ ᠪᠦᠷ ᠦᠩᠭᠡᠷᠡᠯ᠎ᠠ︾ ᠬᠡᠮᠡᠨ ᠤᠷᠮ᠎ᠠ ᠨᠢ ᠬᠤᠭᠤᠷᠠᠪᠠ᠃      ᠡᠪᠤᠭᠡᠨ ᠭᠠᠳᠠᠭ᠎ᠠ ᠭᠠᠷᠴᠤ ᠬᠡᠰᠡᠭ ᠵᠤᠭᠰᠤᠯ᠎ᠠ᠃ ᠨᠠᠮᠤᠷ ᠤᠨ ᠰᠢᠷᠭᠠᠯ ᠨᠠᠷᠠ ᠲᠠᠭᠠᠳᠠᠶᠢᠶ᠎ᠠ ᠡᠭᠡᠭᠡᠵᠤ᠂ ᠤᠷᠢᠬᠠᠨ ᠬᠤᠩᠭᠤᠷ ᠰᠠᠯᠬᠢ ᠰᠡᠪᠢᠯᠵᠡᠨ ᠦᠯᠢᠶᠡᠭᠡᠳ ᠡᠪᠤᠭᠡᠨ ᠤ ᠰᠡᠳᠬᠢᠯ ᠢ ᠰᠡᠷᠢᠬᠡᠬᠦ ᠬᠡᠵᠤ ᠤᠷᠤᠯᠳᠤᠬᠤ ᠮᠡᠳᠤ᠂ ᠰᠠᠶ᠋ᠢ ᠶᠢᠨ ᠵᠢᠷᠤᠭ ᠠᠴᠠ ᠡᠬᠦᠳᠦᠨ ᠢᠳᠠ ᠬᠢᠯᠠᠯᠵᠠᠵᠤ ᠶᠠᠪᠤᠭᠰᠠᠨ ᠵᠠᠯᠠᠭᠤ ᠽᠠᠨᠳᠠᠨ ᠦᠶ᠎ᠠ ᠨᠢ ᠭᠠᠯ ᠴᠤᠭ ᠨᠢ ᠪᠠᠭᠤᠷᠠᠭᠰᠠᠨ ᠴᠤ ᠬᠡᠯ᠎ᠠ ᠨᠠᠰᠤᠨ ᠳᠠᠭᠠᠨ ᠪᠠᠶᠢᠮ᠎ᠠ ᠦᠭᠡᠢ ᠬᠠᠷᠠᠭ᠎ᠠ ᠰᠠᠶᠢᠳᠠᠢ ᠨᠢᠳᠦᠨ ᠤ ᠬᠢᠨᠢ ᠡᠮᠦᠨᠡᠬᠦᠷ ᠵᠢᠷᠤᠭᠳᠤ ᠦᠵᠡᠬᠦ ᠮᠡᠳᠤ ᠬᠠᠷᠠᠭᠳᠠᠭᠠᠳ ᠪᠤᠯᠤᠭᠰᠠᠨ ᠦᠭᠡᠢ᠃ ᠡᠨᠡ ᠪᠦᠬᠦᠨ ᠢ ᠪᠤᠳᠤᠬᠤ ᠲᠤᠰᠤᠮ ᠡᠪᠤᠭᠡᠨ ᠤ ᠠᠷᠭ᠎ᠠ ᠪᠠᠷᠠᠭᠳᠠᠵᠤ ᠪᠠᠶᠢᠪᠠ᠃      ᠡᠨᠡ ᠬᠡᠦᠭᠡᠳ ᠤᠳ ᠨᠠᠮᠠᠢᠢ ᠶᠠᠭᠠᠬᠢᠵᠤ ᠲᠠᠨᠢᠬᠤᠪ ᠳ᠋ᠧ᠃ ᠬᠠᠷᠢᠨ ᠲᠠᠨᠢᠳᠠᠭ ᠬᠦᠮᠦᠰ ᠲᠡᠭᠡᠨ ᠡᠨᠡ ᠵᠢᠷᠤᠭ ᠢ ᠦᠵᠡᠬᠦᠯᠬᠦ ᠶᠤᠮᠰᠠᠨ᠃ ᠬᠡᠪᠡᠴᠤ ᠲᠡᠬᠦᠨ ᠢ ᠲᠠᠨᠢᠳᠠᠭ ᠬᠦᠮᠦᠨ ᠮᠠᠰᠢ ᠤᠯᠠᠨ ᠴᠤ ᠤᠳᠤ ᠴᠦᠭᠡᠷᠡᠵᠠᠢ᠃ ᠵᠠᠷᠢᠮ ᠤᠨ ᠬᠢᠨᠢ ᠰᠤᠷᠠᠭ ᠭᠠᠷᠤᠯ ᠦᠭᠡᠢ ᠤᠳᠠᠵᠤ ᠪᠠᠶᠢᠭ᠎ᠠ ᠪᠤᠯᠬᠤ ᠪᠠᠷ ᠪᠠᠶᠢᠭ᠎ᠠ ᠬᠡᠵᠤ ᠢᠳᠡᠭᠡᠬᠦ ᠳᠤ ᠪᠡᠷᠭᠡ᠃ ᠬᠡᠨᠡᠳᠳᠠ ᠡᠪᠤᠭᠡᠨ ᠤ ᠲᠤᠯᠤᠭᠠᠢ ᠳᠤ ᠡᠨᠡᠬᠦᠭᠡᠨ ᠬᠠᠵᠠᠭᠤ ᠪᠠᠶᠢᠷᠢᠨ ᠳᠤ ᠵᠠᠪ ᠤᠨ ᠬᠢ ᠪᠠᠶᠢᠭ᠎ᠠ ᠰᠠᠨᠠᠭᠳᠠᠪᠠ᠃ ᠪᠠᠶᠢᠷᠢ ᠶᠢᠨ ᠬᠢᠨᠢ ᠭᠠᠳᠠᠭ᠎ᠠ ᠢᠷᠡᠭᠡᠳ ᠰᠤᠷᠠᠭᠯᠠᠪᠠᠯ ᠦᠭᠡᠳᠠ ᠪᠤᠯᠤᠭᠠᠳ ᠲᠤᠯᠤᠭ᠎ᠠ ᠬᠤᠨᠤᠭ᠎ᠠ ᠦᠭᠡᠢ ᠪᠠᠶᠢᠭ᠎ᠠ ᠬᠡᠨ᠎ᠠ᠃ ᠠᠬᠢᠭᠠᠳ ᠯᠡ ᠡᠪᠤᠭᠡᠨ ᠤ ᠲᠤᠳᠤᠷ᠎ᠠ ᠲᠠᠪᠴᠢᠳᠠᠪᠠ᠃      ᠰᠢᠭᠤᠳ ᠬᠠᠷᠢᠬᠤ ᠪᠠᠷ ᠰᠢᠢᠳᠤᠭᠡᠳ ᠠᠯᠬᠤᠵᠤ ᠶᠠᠪᠤᠳᠠᠯ᠎ᠠ ᠪᠦᠷ ᠡᠷᠳᠡᠨ ᠤ ᠲᠠᠨᠢᠯ ᠪᠤᠷᠤᠬᠡᠦᠭᠡᠨ ᠤ ᠴᠤᠩᠬᠤ ᠨᠢᠳᠤᠨ ᠳᠤᠨᠢ ᠲᠤᠰᠤᠯ᠎ᠠ᠃ ᠬᠡᠳᠦᠨ ᠬᠤᠨᠤᠭ ᠤᠨ ᠡᠮᠦᠨ᠎ᠠ ᠲᠡᠷᠨ ᠬᠤᠶᠠᠷ ᠪᠠᠭᠠᠬᠠᠨ ᠬᠠᠭᠤᠴᠢᠯᠠᠭᠰᠠᠨ ᠶᠤᠮᠰᠠᠨ᠃ ᠲᠡᠳᠡᠨ ᠤ ᠬᠢ ᠪᠠᠷ ᠤᠷᠤᠪᠠ᠃ ᠤᠶᠢᠷ᠎ᠠ ᠠᠴᠠ ᠲᠡᠬᠦᠨ ᠤ ᠪᠡᠶ᠎ᠠ ᠮᠠᠭᠤᠳᠠᠭᠠᠳ ᠬᠦᠮᠦᠨ ᠲᠠᠨᠢᠬᠤ ᠪᠠᠨ ᠪᠠᠶᠢᠭᠰᠠᠨ ᠲᠤᠬᠠᠢ ᠬᠡᠦᠭᠡᠳ ᠤᠳ ᠨᠢ ᠶᠠᠷᠢᠪᠠ᠃ ᠡᠪᠤᠭᠡᠨ ᠲᠡᠳᠡᠨ ᠤ ᠳᠤ ᠤᠳᠬ᠎ᠠ ᠤᠴᠢᠷ ᠦᠭᠡᠢ ᠤᠷᠤᠭᠰᠠᠨ ᠰᠢᠭ ᠢᠶᠠᠨ ᠬᠤᠷᠳᠤᠬᠠᠨ ᠭᠠᠷᠤᠯ᠎ᠠ᠃      ᠤᠳᠤᠳᠠᠢ ᠲᠡᠭᠷᠢ ᠠᠴᠠ ᠤᠳᠤ ᠰᠢᠬᠦᠷᠡᠵᠤ ᠴᠤ ᠮᠡᠳᠡᠬᠦ ᠪᠠᠷ ᠤᠮᠤᠭᠯᠠᠩ ᠵᠠᠯᠠᠭᠤ ᠬᠢᠩᠭᠠᠷ ᠤᠨ ᠲᠡᠷᠳᠡᠭᠡ ᠲᠦᠴᠢᠭᠡᠳ ᠵᠢᠯ ᠤᠨ ᠡᠮᠦᠨ᠎ᠠ ᠵᠢᠷᠤᠭᠤᠯᠤᠭᠰᠠᠨ ᠵᠢᠷᠤᠭ ᠢ ᠲᠠᠨᠢᠬᠤ ᠬᠦᠮᠦᠨ ᠪᠠᠷᠤᠭ ᠦᠭᠡᠢ ᠪᠤᠯᠵᠠᠢ᠃ ᠬᠠᠷᠢᠨ ᠶᠠᠬᠢᠷ ᠶᠠᠷᠳᠠᠭ ᠠᠭᠠᠰᠢ ᠵᠠᠩᠳᠠᠢ ᠬᠢᠩᠭᠠᠷ ᠡᠪᠤᠸ᠋ ᠶᠢ ᠪᠤᠯ ᠬᠡᠳᠦᠨ ᠬᠦᠮᠦᠨ ᠲᠠᠨᠢᠬᠤ ᠶᠠᠩᠵᠤᠳᠠᠢ᠃      ᠲᠡᠷᠨ ᠤᠷᠤᠢ ᠳᠠᠭᠠᠨ ᠡᠪᠤᠭᠡᠨ ᠤ ᠲᠠᠷᠤᠯᠳᠠ ᠶᠡᠭᠡᠰᠴᠤ ᠪᠡᠶ᠎ᠠ ᠨᠢ ᠮᠠᠭᠤᠳᠠᠯ᠎ᠠ᠃ ᠤᠬᠠᠭᠠᠨ ᠰᠠᠨᠠᠭ᠎ᠠ ᠨᠢ ᠤᠷᠤᠵᠤ ᠭᠠᠷᠤᠨ᠎ᠠ᠃ ᠵᠠᠷᠢᠮ ᠦᠶ᠎ᠠ ᠳᠤ ᠤᠬᠠᠭᠠᠨ ᠰᠠᠨᠠᠭ᠎ᠠ ᠨᠢ ᠴᠡᠯᠡᠰᠬᠢᠨ ᠴᠡᠯᠮᠡᠭᠡᠳ ᠲᠡᠷᠡᠪᠡᠷ ᠨᠠᠰᠤᠨ ᠲᠤᠷᠰᠢᠳᠠ ᠎ ᠢᠶᠠᠨ ᠶᠠᠭᠤᠨ ᠳᠤ ᠲᠡᠶᠢᠮᠤ ᠰᠡᠳᠬᠢᠯ ᠬᠠᠩᠬᠤᠯᠤᠭᠤᠨ ᠠᠮᠢᠳᠤᠷᠠᠭᠰᠠᠨ ᠢᠶᠠᠨ ᠶᠡᠷᠦ ᠳᠡᠭᠡᠨ ᠴᠤ ᠤᠶᠢᠯᠠᠭᠠᠭᠰᠠᠨ ᠦᠭᠡᠢ             ︵www.biirbeh.mn᠎ ᠠᠴᠠ ᠬᠦᠷᠪᠡᠬᠦᠯᠪᠡ︶
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号