ᠭᠡᠰᠢᠭᠲᠡᠨ ᠵᠢᠷᠤᠭ᠎ᠠ ᠮᠣᠷᠢ
ᠨᠡᠶᠢᠲᠡᠯᠡᠭᠰᠡᠨ ᠴᠠᠭ᠄
2015/4/17
        ᠨᠢᠭᠡ᠂ ︽ᠲᠣᠮᠣᠭᠠᠲᠠᠨ ᠤ ᠣᠷᠣᠯᠳᠣᠭᠠᠨ︾ ᠳᠠᠬᠢ ᠵᠢᠷᠤᠭ᠎ᠠ ᠮᠣᠷᠢᠨ ᠤ ᠮᠠᠭᠲᠠᠭᠠᠯ         ᠮᠣᠩᠭᠤᠯᠴᠣᠳ ᠵᠢᠷᠤᠭ᠎ᠠ ᠮᠣᠷᠢ ᠣᠨᠣᠬᠤ ᠲᠣᠷᠠᠲᠠᠢ ᠲᠣᠯᠠ ᠵᠢᠷᠤᠭ᠎ᠠ ᠮᠣᠷᠢ ᠣᠷᠣᠯᠳᠣᠬᠤ ᠶᠢ ᠴᠦ ᠵᠢᠩᠬᠢᠨᠢ ᠣᠷᠣᠯᠳᠣᠭᠠᠨ ᠤ ᠲᠦᠷᠦᠯ ᠵᠦᠢᠯ ᠳᠤ ᠣᠷᠣᠭᠤᠯᠵᠣ ᠪᠠᠶᠢᠳᠠᠭ᠃       ᠵᠢᠷᠤᠭ᠎ᠠ ᠮᠣᠷᠢᠨ ᠤ ᠣᠷᠣᠯᠳᠣᠭᠠᠨ ᠪᠣᠯ ᠮᠣᠷᠢᠨ ᠤ ᠣᠳᠠᠭᠠᠨ ᠲᠠᠭᠠᠭᠠᠮᠠᠢ᠂ ᠲᠦᠪ ᠯᠠᠪᠳᠠᠭᠤᠨ᠂ ᠠᠯᠬᠤᠭ᠎ᠠ ᠶᠠᠪᠣᠳᠠᠯ᠂ ᠵᠢᠷᠤᠭ᠎ᠠ ᠬᠤᠷᠳᠣᠨ᠂ ᠵᠢᠷᠤᠭ᠎ᠠ ᠪᠠᠨ ᠠᠯᠳᠠᠬᠤ ᠦᠭᠡᠢ ᠪᠠᠷ ᠪᠠᠷᠢᠮᠵᠢᠶ᠎ᠠ ᠪᠣᠯᠭᠠᠳᠠᠭ᠃ ᠡᠨᠡ ᠨᠢ ᠭᠤᠣᠯᠳᠠᠭᠤ ᠶᠡᠭᠡ ᠲᠦᠯᠦᠪ ᠲᠠᠪᠤ ᠠᠷᠪᠠᠨ ᠭᠠᠵᠠᠷ ᠤᠨ ᠵᠠᠢ ᠠᠴᠠ ᠣᠷᠣᠯᠳᠣᠨ᠎ᠠ᠃       ᠵᠢᠷᠤᠭ᠎ᠠ ᠮᠣᠷᠢᠨ ᠤ ᠣᠷᠣᠯᠳᠣᠭᠠᠨ ᠳᠤ ᠣᠷᠣᠯᠴᠠᠭᠰᠠᠳ ᠤᠨ ᠣᠯᠠᠩᠬᠢ ᠨᠢ ᠠᠬᠢᠮᠠᠭ ᠨᠠᠰᠣᠨ ᠤ ᠬᠦᠮᠦᠰ ᠪᠠᠶᠢᠳᠠᠭ ᠪᠣᠯᠬᠤᠷ ᠵᠢᠷᠤᠭ᠎ᠠ ᠮᠣᠷᠢᠨ ᠤ ᠣᠷᠣᠯᠳᠣᠭᠠᠨ ᠢ ᠪᠠᠰᠠ ︽ᠲᠣᠮᠣᠭᠠᠲᠠᠨ ᠤ ᠣᠷᠣᠯᠳᠣᠭᠠᠨ︾ ᠭᠡᠳᠡᠭ ᠶᠣᠮ᠃ ᠭᠡᠰᠢᠭᠳᠡᠨᠴᠣᠳ ︽ᠲᠣᠮᠣᠭᠠᠲᠠᠨ ᠤ ᠣᠷᠣᠯᠳᠣᠭᠠᠨ︾ ᠳᠤ ᠣᠷᠣᠯᠴᠠᠬᠤ ᠮᠣᠷᠢᠳ ᠢᠶᠠᠨ ᠮᠠᠭᠲᠠᠬᠤ ᠳᠠᠭᠠᠨ᠄      ︽ᠮᠦᠡᠭᠬᠦᠨ ᠴᠠᠭᠠᠨ ᠲᠣᠪᠣᠷᠣᠣ ᠲᠠᠢ      ᠮᠠᠩᠨᠤᠭ ᠲᠣᠷᠭᠠᠨ ᠵᠢᠯᠣᠭᠤ ᠲᠠᠢ      ᠲᠣᠯᠢ ᠮᠦᠡᠭᠬᠦᠨ ᠬᠠᠵᠠᠭᠠᠷ ᠲᠠᠢ      ᠲᠣᠷᠭᠠᠨ ᠮᠢᠨᠳᠠᠰᠣᠨ ᠣᠯᠣᠩ ᠲᠠᠢ      ᠬᠠᠶᠢᠳᠠᠭ ᠨᠣᠭᠤᠭᠠᠨ ᠬᠦᠯᠢᠮ ᠲᠠᠢ      ᠬᠡᠪᠢᠰ ᠤᠨ ᠣᠯᠠᠭᠠᠨ ᠲᠣᠬᠤᠮ ᠲᠠᠢ      ᠵᠠᠰᠠᠭᠰᠠᠨ ᠲᠡᠯ ᠲᠠᠢ      ᠵᠠᠯᠭᠠᠯᠠᠭᠰᠠᠨ ᠰᠡᠭᠦᠯ ᠲᠠᠢ      ᠵᠢᠮᠰᠡᠭ ᠪᠣᠭᠤᠭᠰᠠᠨ      ᠵᠠᠰᠠᠯ ᠪᠦᠷᠢᠳᠦᠭᠰᠡᠨ      ᠣᠷᠣᠯᠳᠣᠭᠠᠨ ᠳᠤ ᠴᠠᠭᠠᠷᠠᠭᠰᠠᠨ      ᠣᠷᠣᠰᠣᠮ᠎ᠠ ᠵᠢᠷᠤᠭ᠎ᠠ ᠮᠣᠷᠢ︾      ᠭᠡᠵᠦ ᠵᠠᠰᠠᠯ ᠴᠢᠮᠡᠭ ᠢ ᠨᠢ ᠲᠣᠭᠠᠴᠢᠬᠤ ᠶᠢᠨ ᠲᠠᠭᠠᠣ ᠣᠷᠣᠯᠳᠣᠭᠠᠨ ᠳᠤ ᠰᠣᠨᠣᠭᠰᠠᠨ ᠮᠣᠷᠢ ᠪᠠᠨ ᠲᠦᠷᠰᠦᠯᠡᠬᠦ ᠳᠡᠭᠡᠨ᠄      ︽ᠲᠤᠭ ᠰᠡᠭᠦᠯ ᠨᠢ ᠰᠠᠭᠰᠠᠯᠵᠠᠭᠠᠳ      ᠲᠣᠭᠤᠰᠣ ᠲᠡᠭᠳᠡᠭᠡᠨ ᠰᠣᠭᠤᠨᠠᠭᠯᠠᠨ᠎ᠠ᠂      ᠭᠠᠨᠵᠤᠭ᠎ᠠ ᠬᠦᠯᠢᠮ ᠨᠢ ᠬᠡᠶᠢᠰᠦᠭᠡᠳ      ᠭᠠᠨᠭ᠌ ᠲᠣᠭᠤᠷᠠᠢ ᠨᠢ ᠭᠢᠯᠠᠯᠵᠠᠨ᠎ᠠ᠂      ᠰᠠᠭᠯᠠᠭᠠᠷ ᠲᠦᠷᠪᠡᠨ ᠲᠣᠭᠤᠷᠠᠢ ᠠᠴᠠ ᠨᠢ      ᠰᠡᠷᠢᠭᠦᠨ ᠰᠠᠯᠬᠢ ᠲᠠᠲᠠᠨ᠎ᠠ᠂      ᠰᠡᠪᠡᠯᠵᠡᠨ ᠪᠣᠰᠣᠭᠰᠠᠨ ᠰᠢᠷᠣᠢ ᠨᠢ      ᠰᠠᠨᠰᠠᠷ ᠲᠡᠭᠷᠢ ᠳᠤ ᠵᠠᠮᠬᠠᠷᠠᠨ᠎ᠠ︾ ᠭᠡᠳᠡᠭ ᠪᠢᠯᠡ᠃         ᠬᠤᠶᠠᠷ᠂ ᠶᠠᠮᠠᠷ ᠮᠣᠷᠢ ᠶᠢ ᠵᠢᠷᠤᠭ᠎ᠠ ᠭᠦᠶᠦᠳᠡᠯ ᠲᠠᠢ ᠭᠡᠳᠡᠭ ᠪᠣᠢ︖         ᠲᠡᠭᠡᠪᠡᠯ ᠶᠠᠮᠠᠷ ᠮᠣᠷᠢ ᠶᠢ ᠵᠢᠷᠤᠭ᠎ᠠ ᠭᠦᠶᠦᠳᠡᠯ ᠲᠠᠢ ᠭᠡᠳᠡᠭ ᠪᠣᠢ︖ ᠡᠨᠡ ᠲᠣᠬᠠᠢ ᠵᠠᠷᠢᠮ ᠬᠦᠮᠦᠰ ᠮᠡᠳᠡᠬᠦ ᠦᠭᠡᠢ ᠪᠣᠶᠣ ᠠᠳᠠᠯᠢ ᠪᠣᠰᠣ ᠶᠢᠨ ᠬᠡᠯᠡᠯᠭᠡ ᠲᠠᠢ ᠪᠠᠶᠢᠳᠠᠭ᠃ ᠡᠷᠳᠡᠮᠲᠡᠨ ᠴ᠊᠂ ᠲᠠᠮᠳᠢᠨᠰᠦ᠋ᠷᠦᠩ ᠭᠤᠸᠠᠢ ᠲᠡᠭᠦᠨ ᠤ ︽ᠵᠢᠷᠤᠭ᠎ᠠ ᠮᠣᠷᠢ︾ ᠭᠡᠰᠡᠨ ᠵᠣᠬᠢᠶᠠᠯ ᠳᠠᠭᠠᠨ᠄ ︽ᠵᠦᠭᠡᠷ ᠮᠣᠷᠢ ᠪᠣᠯ ᠪᠠᠷᠠᠭᠤᠨ ᠲᠠᠯ᠎ᠠ ᠶᠢᠨ ᠣᠷᠢᠳᠣ ᠬᠦᠯ᠂ ᠵᠡᠭᠦᠨ ᠲᠠᠯ᠎ᠠ ᠶᠢᠨ ᠬᠤᠶᠢᠲᠣ ᠬᠦᠯ ᠨᠢ ᠨᠢᠭᠡ ᠵᠡᠷᠭᠡ ᠣᠷᠣᠭᠰᠢ ᠬᠢᠰᠬᠢᠵᠦ᠂ ᠡᠶᠢᠨᠬᠦ ᠦᠷᠦᠭᠡᠯᠳᠦᠵᠦ ᠶᠠᠪᠣᠳᠠᠭ᠃ ᠭᠡᠲᠡᠯ᠎ᠠ ᠵᠢᠷᠤᠭ᠎ᠠ ᠮᠣᠷᠢ ᠪᠣᠯ ᠪᠠᠷᠠᠭᠤᠨ ᠲᠠᠯ᠎ᠠ ᠶᠢᠨ ᠣᠷᠢᠳᠣ ᠬᠤᠶᠢᠲᠣ ᠬᠦᠯ ᠢ ᠪᠠᠨ ᠬᠠᠮᠲᠣ ᠡᠷᠭᠦᠵᠦ ᠣᠷᠣᠭᠰᠢ ᠬᠢᠰᠬᠢᠨ᠂ ᠲᠠᠬᠢᠨ ᠵᠡᠭᠦᠨ ᠲᠠᠯ᠎ᠠ ᠶᠢᠨ ᠬᠤᠶᠢᠲᠣ ᠣᠷᠢᠲᠣ ᠬᠦᠯ ᠢ ᠪᠠᠨ ᠵᠡᠷᠭᠡᠪᠡᠷ ᠣᠷᠣᠭᠰᠢ ᠬᠢᠰᠬᠢᠬᠦ ᠶᠢ ᠵᠢᠷᠤᠭ᠎ᠠ ᠭᠡᠵᠦ ᠬᠡᠯᠡᠮᠣᠢ︾ ᠭᠡᠵᠦ ᠠᠮᠢᠳᠣᠷᠠᠯ ᠤᠨ ᠲᠣᠷᠰᠢᠯᠭ᠎ᠠ ᠲᠠᠢ ᠠᠷᠠᠳ ᠤᠨ ᠠᠮᠠᠨ ᠶᠠᠷᠢᠶ᠎ᠠ ᠪᠠᠷ ᠳ᠋ᠦᠡᠭᠨᠡᠨ ᠬᠠᠷᠢᠭᠤᠯᠣᠭᠰᠠᠨ ᠪᠠᠶᠢᠨ᠎ᠠ᠃ ᠡᠨᠡ ᠨᠢ ᠲᠠᠷᠣᠢ ᠵᠦᠪ ᠲᠠᠯ᠎ᠠ ᠶᠢᠨ ᠬᠤᠶᠠᠷ ᠬᠦᠯ ᠪᠣᠯᠣᠨ ᠪᠣᠷᠣᠭᠤ ᠲᠠᠯ᠎ᠠ ᠶᠢᠨ ᠬᠤᠶᠠᠷ ᠬᠦᠯ ᠨᠢ ᠵᠡᠷᠭᠡᠪᠡᠷ ᠡᠭᠡᠯᠵᠢᠯᠡᠨ ᠬᠦᠳᠡᠯᠬᠦ ᠭᠦᠶᠦᠳᠡᠯ ᠢ ᠵᠢᠷᠤᠭ᠎ᠠ ᠭᠡᠵᠦ ᠬᠡᠯᠡᠨ᠎ᠠ᠃       ᠭᠣ᠂ ᠷᠠᠰᠢᠵᠠᠪ ᠨᠦᠬᠦᠷ ︽ᠬᠦᠯᠦᠭ ᠤᠨ ᠭᠦᠶᠦᠳᠡᠯ ᠤᠳ︾ ᠭᠡᠰᠡᠨ ᠰᠢᠯᠦᠭ ᠲᠡᠭᠡᠨ ᠶᠠᠮᠠᠷ ᠭᠦᠶᠦᠳᠡᠯ ᠢ ᠵᠢᠷᠤᠭ᠎ᠠ ᠭᠡᠳᠡᠭ ᠪᠣᠢ︖ ᠭᠡᠪᠡᠯ᠄      ᠵᠦᠪ ᠲᠠᠯ᠎ᠠ ᠶᠢᠨ ᠬᠦᠯ ᠨᠢ      ᠵᠦᠭᠡᠯᠡᠨ ᠬᠦᠷᠦᠰᠦᠨ ᠳᠤ ᠬᠢᠰᠬᠢᠬᠦ ᠳᠡᠭᠡᠨ      ᠵᠡᠷᠭᠡᠪᠡᠷ ᠣᠷᠣᠭᠰᠢ ᠬᠤᠶᠢᠰᠢ ᠬᠢᠰᠬᠢᠵᠦ      ᠵᠢᠷᠪᠢᠵᠦ ᠭᠦᠶᠦᠪᠡᠯ ᠵᠢᠷᠤᠭ᠎ᠠ ᠭᠦᠶᠦᠳᠡᠯ      ᠪᠣᠷᠣᠭᠤ ᠲᠠᠯ᠎ᠠ ᠶᠢᠨ ᠬᠦᠯ ᠨᠢ      ᠪᠣᠲᠠᠨ ᠤ ᠲᠡᠭᠡᠭᠦᠷ ᠲᠣᠷᠪᠠᠭ᠋ᠣ ᠳᠠᠭᠠᠨ      ᠪᠣᠴᠠᠬᠤ ᠮᠠᠭᠰᠢᠬᠤ ᠨᠢ ᠢᠵᠢᠯ ᠭᠦᠶᠦᠵᠦ      ᠪᠣᠲᠠᠷᠠᠭᠠᠵᠣ ᠭᠦᠶᠦᠪᠡᠯ ᠵᠢᠷᠤᠭ᠎ᠠ ᠭᠦᠶᠦᠲᠡᠯ ᠁︾      ᠭᠡᠵᠦ ᠰᠢᠯᠦᠭᠯᠡᠨ ᠬᠠᠷᠢᠭᠤᠯᠣᠭᠰᠠᠨ ᠪᠠᠶᠢᠨ᠎ᠠ᠃         ᠭᠤᠷᠪᠠ᠂ ᠭᠡᠰᠢᠭᠳᠡᠨᠴᠣᠳ ᠵᠢᠷᠤᠭ᠎ᠠ ᠮᠣᠷᠢᠨ ᠤ ᠭᠦᠶᠦᠳᠡᠯ ᠢ ᠶᠠᠭᠠᠬᠢᠵᠣ ᠢᠯᠭᠠᠳᠠᠭ ᠪᠣᠢ︖         ᠠᠳᠣᠭᠤ ᠲᠠᠢ ᠣᠢᠢᠷᠠᠲᠣᠭᠰᠠᠨ ᠦᠭᠡᠢ ᠬᠦᠮᠦᠰ ᠠᠭᠲᠠ ᠮᠣᠷᠢᠨ ᠤ ᠭᠦᠶᠦᠬᠦ ᠪᠠ ᠵᠢᠷᠣᠭᠠᠯᠠᠬᠤ ᠶᠢ ᠢᠯᠭᠠᠵᠣ ᠴᠢᠳᠠᠳᠠᠭ ᠦᠭᠡᠢ ᠶᠣᠮ᠃ ᠵᠠᠷᠢᠮ ᠬᠦᠮᠦᠰ ᠬᠡᠳᠦ᠋ᠢᠪᠡᠷ ᠠᠳᠣᠭᠤ ᠮᠠᠯ ᠲᠠᠢ ᠣᠢᠢᠷᠠᠲᠣᠳᠠᠭ ᠪᠣᠯᠪᠠᠴᠣ ᠠᠭᠲᠠ ᠮᠣᠷᠢᠳ ᠤᠨ ᠭᠦᠶᠦᠳᠡᠯ ᠤᠨ ᠢᠯᠭᠠᠭ᠎ᠠ ᠶᠢ ᠲᠡᠶᠢᠮᠦ ᠰᠠᠶᠢᠨ ᠮᠡᠳᠡᠳᠡᠭ ᠦᠭᠡᠢ ᠪᠢᠯᠡ᠃ ᠭᠡᠰᠢᠭᠳᠡᠨ ᠮᠣᠩᠭᠤᠯᠴᠣᠳ᠂ ᠢᠯᠠᠩᠭᠤᠶ᠎ᠠ ᠲᠣᠷᠰᠢᠯᠭ᠎ᠠ ᠰᠠᠶᠢᠲᠠᠢ᠂ ᠬᠠᠰᠢᠷ ᠠᠳᠣᠭᠤᠴᠢᠨ ᠵᠢᠷᠤᠭ᠎ᠠ ᠮᠣᠷᠢᠨ ᠤ ᠠᠯᠬᠤᠭ᠎ᠠ ᠶᠠᠪᠣᠳᠠᠯ ᠤᠨ ᠨᠠᠷᠢᠨ ᠢᠯᠭᠠᠭ᠎ᠠ ᠶᠢ ᠣᠨᠴᠠ ᠰᠠᠶᠢᠨ ᠢᠯᠭᠠᠵᠣ ᠴᠢᠳᠠᠳᠠᠭ ᠪᠦᠭᠡᠳ ᠲᠡᠭᠦᠨ ᠤ ᠦᠪᠡᠷᠮᠢᠴᠡ ᠣᠨᠴᠠᠯᠢᠭ ᠲᠠᠢ ᠬᠡᠯᠡᠯᠭᠡ ᠨᠢ ᠮᠣᠩᠭᠤᠯ ᠦᠭᠡᠰ ᠤᠨ ᠰᠠᠩ ᠢ ᠪᠠᠶᠠᠯᠢᠭᠵᠢᠭᠤᠯᠵᠠᠢ᠃       ᠭᠡᠰᠢᠭᠳᠡᠨ ᠮᠣᠩᠭᠤᠯᠴᠣᠳ ᠣᠳᠠᠭᠠᠨ ᠵᠢᠯ ᠠᠳᠣᠭᠤ ᠮᠠᠯ ᠠᠷᠠᠴᠢᠯᠠᠭᠰᠨᠨ ᠬᠠᠰᠢᠷ ᠲᠣᠷᠰᠢᠯᠭ᠎ᠠ ᠪᠠᠨ ᠦᠨᠳᠦᠰᠦᠯᠡᠵᠦ ᠵᠢᠷᠤᠭ᠎ᠠ ᠮᠣᠷᠢᠨ ᠤ ᠠᠯᠬᠤᠭ᠎ᠠ ᠭᠦᠶᠦᠳᠡᠯ ᠢ ᠲᠣᠣᠷᠠᠬᠢ ᠮᠡᠲᠦ ᠢᠯᠭᠠᠵᠠᠢ᠄       ︽ᠣᠨᠠᠭᠠᠨ ᠵᠢᠷᠤᠭ᠎ᠠ᠂ ᠣᠷᠣᠰᠣᠮ᠎ᠠ ᠵᠢᠷᠤᠭ᠎ᠠ᠂ ᠣᠷᠠᠨ ᠵᠢᠷᠤᠭ᠎ᠠ᠂ ᠣᠰᠬᠠᠯ ᠵᠢᠷᠤᠭ᠎ᠠ᠂ ᠣᠰᠣᠨ ᠵᠢᠷᠤᠭ᠎ᠠ᠂ ᠣᠷᠭᠤᠭ᠎ᠠ ᠵᠢᠷᠤᠭ᠎ᠠ᠂ ᠡᠯᠭᠦᠭᠡ ᠵᠢᠷᠤᠭ᠎ᠠ᠂ ᠠᠭᠰᠣᠮ ᠵᠢᠷᠤᠭ᠎ᠠ᠂ ᠠᠯᠪᠠ ᠶᠢᠨ ᠵᠢᠷᠤᠭ᠎ᠠ᠂ ᠢᠯᠭᠤᠮ ᠵᠢᠷᠤᠭ᠎ᠠ᠂ ᠠᠮᠠᠯᠠᠭᠠᠢ ᠵᠢᠷᠤᠭ᠎ᠠ᠂ ᠦᠭᠰᠦᠮ᠎ᠠ ᠵᠢᠷᠤᠭ᠎ᠠ᠂ ᠡᠪᠭᠡᠮ᠎ᠠ ᠵᠢᠷᠤᠭ᠎ᠠ᠂ ᠡᠷᠭᠦᠭᠡ ᠵᠢᠷᠤᠭ᠎ᠠ / ᠲᠡᠭᠰᠢ ᠵᠢᠷᠤᠭ᠎ᠠ᠂ ᠲᠡᠯᠡᠮᠡᠨ ᠵᠢᠷᠤᠭ᠎ᠠ᠂ ᠲᠡᠭᠡᠭᠦᠷ ᠵᠢᠷᠤᠭ᠎ᠠ᠂ ᠲᠣᠣᠭᠤᠷ ᠵᠢᠷᠤᠭ᠎ᠠ᠂ ᠲᠣᠭᠲᠠᠮᠠᠯ ᠵᠢᠷᠤᠭ᠎ᠠ᠂ ᠲᠠᠷᠣᠮ᠎ᠠ ᠵᠢᠷᠤᠭ᠎ᠠ᠂ ᠲᠦᠷᠭᠡᠨ ᠵᠢᠷᠤᠭ᠎ᠠ᠂ ᠲᠡᠮᠡᠭᠡᠨ ᠵᠢᠷᠤᠭ᠎ᠠ᠂ ᠲᠣᠯᠭᠢᠮ᠎ᠠ ᠵᠢᠷᠤᠭ᠎ᠠ᠂ ᠲᠣᠭᠤᠯᠠᠩ ᠵᠢᠷᠤᠭ᠎ᠠ᠂ ᠲᠡᠪᠭᠡᠮ᠎ᠠ ᠵᠢᠷᠤᠭ᠎ᠠ᠂ ᠲᠦᠲᠡᠭᠡᠮ ᠵᠢᠷᠤᠭ᠎ᠠ᠂ ᠲᠦᠯᠬᠢᠮ᠎ᠠ ᠵᠢᠷᠤᠭ᠎ᠠ / ᠬᠠᠯᠠᠭᠤᠮ ᠵᠢᠷᠤᠭ᠎ᠠ᠂ ᠬᠠᠶᠢᠷᠴᠠᠭ ᠵᠢᠷᠤᠭ᠎ᠠ᠂ ᠬᠠᠳᠠᠷᠢᠶ᠎ᠠ ᠵᠢᠷᠤᠭ᠎ᠠ᠂ ᠬᠡᠶᠢᠰᠦᠮ᠎ᠠ ᠵᠢᠷᠤᠭ᠎ᠠ᠂ ᠬᠠᠲᠠᠭᠤ ᠵᠢᠷᠤᠭ᠎ᠠ᠂ ᠬᠤᠷᠳᠣᠨ ᠵᠢᠷᠤᠭ᠎ᠠ᠂ ᠬᠤᠨᠢᠨ ᠵᠢᠷᠤᠭ᠎ᠠ᠂ ᠬᠠᠶᠢᠪᠠᠭ᠎ᠠ ᠵᠢᠷᠤᠭ᠎ᠠ᠂ ᠬᠠᠮᠤᠭ᠎ᠠ ᠵᠢᠷᠤᠭ᠎ᠠ᠂ ᠬᠢᠰᠬᠢᠮ᠎ᠠ ᠵᠢᠷᠤᠭ᠎ᠠ᠂ ᠬᠠᠯᠢᠮ ᠵᠢᠷᠤᠭ᠎ᠠ᠂ ᠭᠡᠭᠡᠮᠰᠣᠭ᠌ ᠵᠢᠷᠤᠭ᠎ᠠ᠂ ᠬᠠᠶᠠᠯᠠᠮ᠎ᠠ ᠵᠢᠷᠤᠭ᠎ᠠ᠂ ᠬᠡᠶᠢᠰᠭᠡᠮ᠎ᠠ ᠵᠢᠷᠤᠭ᠎ᠠ᠂ ᠬᠠᠯᠬᠢᠮ᠎ᠠ ᠵᠢᠷᠤᠭ᠎ᠠ᠂ ᠬᠠᠶᠢᠪᠠᠮ᠎ᠠ ᠵᠢᠷᠤᠭ᠎ᠠ᠂ ᠬᠠᠯᠭᠢᠮ᠎ᠠ ᠵᠢᠷᠤᠭ᠎ᠠ᠂ ᠭᠢᠯᠠᠰᠣᠮ᠎ᠠ ᠵᠢᠷᠤᠭ᠎ᠠ᠂ ᠬᠦᠨᠲᠦᠷᠢᠮ᠎ᠠ ᠵᠢᠷᠤᠭ᠎ᠠ᠂ ᠭᠦᠶᠦᠮ ᠎ᠠ ᠵᠢᠷᠤᠭ᠎ᠠ᠂ ᠭᠦᠶᠦᠪᠡᠷ ᠵᠢᠷᠤᠭ᠎ᠠ᠂ ᠭᠤᠯᠭᠤᠮ᠎ᠠ ᠵᠢᠷᠤᠭ᠎ᠠ᠂ ᠭᠠᠭ᠋ᠠᠢ ᠵᠢᠷᠤᠭ᠎ᠠ / ᠰᠣᠨᠣᠮ᠎ᠠ ᠵᠢᠷᠤᠭ᠎ᠠ᠂ ᠱᠣᠩᠪᠠᠮ᠎ᠠ ᠵᠢᠷᠤᠭ᠎ᠠ᠂ ᠰᠠᠳᠠᠷᠠᠮ᠎ᠠ ᠵᠢᠷᠤᠭ᠎ᠠ᠂ ᠰᠠᠵᠢᠯᠠᠮ᠎ᠠ ᠵᠢᠷᠤᠭ᠎ᠠ᠂ ᠰᠣᠮᠣᠨ ᠵᠢᠷᠤᠭ᠎ᠠ᠂ ᠰᠠᠶᠢᠪᠣᠷ ᠵᠢᠷᠤᠭ᠎ᠠ᠂ ᠱᠣᠣᠬᠢᠮ᠎ᠠ ᠵᠢᠷᠤᠭ᠎ᠠ᠂ ᠴᠢᠳᠬᠤᠯᠠᠮ᠎ᠠ ᠵᠢᠷᠤᠭ᠎ᠠ᠂ ᠰᠣᠪᠣᠷᠠᠮ᠎ᠠ ᠵᠢᠷᠤᠭ᠎ᠠ᠂ ᠰᠣᠩᠭᠤᠳᠠᠭ ᠵᠢᠷᠤᠭ᠎ᠠ / ᠨᠠᠷᠢᠨ ᠵᠢᠷᠤᠭ᠎ᠠ᠂ ᠨᠠᠮᠣᠭᠤᠨ ᠵᠢᠷᠤᠭ᠎ᠠ᠂ ᠨᠠᠶᠢᠭᠤᠮ᠎ᠠ ᠵᠢᠷᠤᠭ᠎ᠠ᠂ ᠨᠠᠮᠢᠷᠠᠮ᠎ᠠ ᠵᠢᠷᠤᠭ᠎ᠠ᠂ ᠨᠣᠯᠣᠮ᠎ᠠ ᠵᠢᠷᠤᠭ᠎ᠠ᠂ ᠨᠣᠭᠤᠯᠣᠮ᠎ᠠ ᠵᠢᠷᠤᠭ᠎ᠠ᠂ ᠨᠠᠷᠭᠢᠮ᠎ᠠ ᠵᠢᠷᠤᠭ᠎ᠠ᠂ ᠨᠢᠰᠦᠮ᠎ᠠ ᠵᠢᠷᠤᠭ᠎ᠠ / ᠵᠢᠳᠭᠦᠭᠡ ᠵᠢᠷᠤᠭ᠎ᠠ᠂ ᠵᠦᠰᠦᠮ᠎ᠠ ᠵᠢᠷᠤᠭ᠎ᠠ᠂ ᠵᠦᠭᠡᠯᠡᠨ ᠵᠢᠷᠤᠭ᠎ᠠ᠂ ᠵᠦᠷᠢᠭᠦᠳ ᠵᠢᠷᠤᠭ᠎ᠠ / ᠪᠦᠭᠲᠦᠷᠢᠭᠡ . ᠵᠢᠷᠤᠭ᠎ᠠ᠂ ᠪᠦᠮᠪᠦᠭᠡᠨᠡᠮᠵᠢᠷᠤᠭ᠎ᠠ᠂ ᠪᠣᠯᠠᠭᠠᠨᠵᠢᠷᠤᠭ᠎ᠠ᠂ ᠪᠣᠲᠠᠷᠠᠮ᠎ᠠ ᠵᠢᠷᠤᠭ᠎ᠠ᠂ ᠪᠣᠰᠢᠭᠤ ᠵᠢᠷᠤᠭ᠎ᠠ᠂ ᠪᠠᠷᠳᠠᠮ ᠵᠢᠷᠤᠭ᠎ᠠ ᠁︾ ᠭᠡᠵᠦ ᠣᠯᠠᠨ ᠵᠦᠢᠯ ᠤᠨ ᠢᠯᠭᠠᠯ ᠲᠠᠢ᠂ ᠣᠨᠳᠣᠣ ᠣᠨᠳᠣᠣ ᠶᠠᠪᠣᠳᠠᠯ ᠭᠦᠶᠦᠳᠡᠯ ᠢ ᠨᠠᠷᠢᠨ ᠢᠯᠭᠠᠵᠣ ᠴᠢᠳᠠᠳᠠᠭ ᠪᠦᠭᠡᠳ ᠡᠭᠦᠨ ᠢ ᠪᠠᠨ ᠠᠭᠲᠠ ᠮᠣᠷᠢᠨ ᠤ ᠨᠠᠢᠮᠠ ᠶᠢᠰᠦ ᠲᠠᠯᠠᠨ ᠬᠤᠶᠠᠷ ᠵᠦᠢᠯ ᠤᠨ ᠵᠢᠷᠤᠭ᠎ᠠ ᠭᠡᠳᠡᠭ ᠭᠡᠨ᠎ᠠ᠃       ᠨᠠᠷᠢᠨ ᠬᠤᠪᠢᠶᠠᠷᠢ ᠲᠠᠢ ᠡᠭᠦᠨ ᠠᠴᠠ ᠴᠦ ᠣᠯᠠᠨ ᠢᠯᠭᠠᠵᠣ ᠪᠣᠯᠣᠨ᠎ᠠ᠃ ᠡᠨᠡ ᠨᠢ ᠭᠡᠰᠢᠭᠳᠡᠨ ᠮᠣᠩᠭᠤᠯᠴᠣᠳ ᠣᠷᠲᠣ ᠣᠳᠠᠭᠠᠨ ᠵᠢᠯ ᠤᠨ ᠲᠣᠷᠰᠢ ᠲᠠᠪᠣᠨ ᠬᠤᠰᠢᠭᠤ ᠪᠠᠶᠠᠨ ᠰᠦᠷᠦᠭ ᠢᠶᠠᠨ ᠰᠠᠶᠢᠲᠣᠷ ᠠᠷᠠᠴᠢᠯᠠᠨ ᠮᠠᠯᠵᠢᠬᠤ ᠦᠢᠯᠡᠳᠦᠯᠭᠡ ᠲᠣᠮᠳᠠ ᠪᠠᠨ ᠨᠠᠷᠢᠨ ᠰᠢᠨᠵᠢᠵᠦ᠂ ᠨᠢᠮᠪᠠᠢ ᠰᠣᠳᠣᠯᠣᠭᠠᠳ ᠣᠯᠵᠣ ᠮᠡᠳᠡᠭᠰᠡᠨ ᠲᠣᠷᠰᠢᠯᠭ᠎ᠠ ᠪᠣᠯᠬᠤ ᠨᠢ ᠭᠠᠷᠴᠠᠭ᠎ᠠ ᠦᠭᠡᠢ ᠶᠣᠮ᠃ ᠲᠡᠭᠡᠭᠡᠳ ᠲᠡᠷᠡ ᠨᠢ ᠮᠣᠩᠭᠤᠯ ᠵᠣᠬᠢᠶᠠᠯᠴᠢ᠂ ᠰᠢᠯᠦᠭᠴᠢ᠂ ᠢᠷᠠᠭᠤ ᠨᠠᠶᠢᠷᠠᠭᠴᠢᠳ ᠤᠨ ᠣᠷᠠᠨ ᠪᠦᠲᠦᠭᠡᠯ ᠳᠤ ᠲᠣᠰᠬᠠᠯ ᠢᠶᠠᠨ ᠣᠯᠣᠭᠰᠠᠨ ᠪᠠᠶᠢᠨ᠎ᠠ᠃         ᠲᠦᠷᠪᠡ᠂ ᠭᠡᠰᠢᠭᠳᠡᠨ ᠵᠢᠷᠤᠭ᠎ᠠ ᠮᠣᠷᠢᠨ ᠤ ᠮᠠᠭᠲᠠᠭᠠᠯ ᠮᠣᠩᠭᠤᠯ ᠠᠷᠠᠳ ᠤᠨ ᠨᠢᠭᠡ ᠲᠠᠭᠤᠣ ᠳᠤ᠄        ᠮᠢᠩᠭᠠᠨ ᠠᠳᠣᠭᠤᠨ ᠤ ᠲᠦᠷᠦᠭᠦᠣ      ᠮᠠᠩᠨᠠᠢ ᠬᠠᠯᠵᠢᠨ ᠮᠣᠷᠢ᠂      ᠮᠣᠩᠭᠤᠯ ᠮᠣᠷᠢᠨ ᠤ ᠲᠣᠲᠣᠷᠠᠬᠢ      ᠲᠡᠷᠢᠭᠦᠨ ᠵᠢᠷᠤᠭ᠎ᠠ ᠮᠣᠷᠢ ᠁      ᠭᠡᠵᠦ ᠲᠠᠭᠤᠯᠠᠳᠠᠭ ᠪᠦᠭᠡᠳ ᠭᠡᠰᠢᠭᠳᠡᠨ ᠮᠣᠩᠭᠤᠯᠴᠣᠳ ᠪᠠᠰᠠ ︽ᠭᠡᠰᠢᠭᠳᠡᠨ ᠵᠢᠷᠤᠭ᠎ᠠ ᠮᠣᠷᠢ︾ ᠪᠠᠨ ᠮᠠᠭᠲᠠᠭᠰᠠᠨ ᠮᠠᠭᠲᠠᠭᠠᠯ ᠳᠠᠭᠠᠨ᠄       ᠬᠠᠷ᠎ᠠ ᠮᠣᠷᠢᠨ ᠤ ᠬᠤᠷᠳᠣᠨ ᠵᠢᠷᠤᠭ᠎ᠠ      ᠭᠡᠰᠢᠭᠳᠡᠨ ᠮᠣᠷᠢᠨ ᠤ ᠬᠠᠮᠤᠭ᠎ᠠ ᠵᠢᠷᠤᠭ᠎ᠠ      ᠬᠡᠭᠡᠷ ᠮᠣᠷᠢᠨ ᠤ ᠬᠡᠶᠢᠰᠦᠮ᠎ᠠ ᠵᠢᠷᠤᠭ᠎ᠠ      ᠬᠡᠪᠢᠰ ᠤᠨ ᠬᠦᠯᠢᠮ ᠤᠨ ᠨᠠᠮᠢᠷᠠᠮ᠎ᠠ ᠵᠢᠷᠤᠭ᠎ᠠ      ᠬᠠᠵᠠᠭᠠᠷ ᠢᠶᠠᠨ ᠲᠠᠷᠣᠭᠰᠠᠨ ᠠᠮᠠᠯᠠᠭᠠᠢ ᠵᠢᠷᠤᠭ᠎ᠠ      ᠬᠠᠯᠢᠰᠬᠢᠭᠠᠳ ᠢᠷᠡᠪᠡᠯ ᠭᠦᠶᠦᠮ᠎ᠠ ᠵᠢᠷᠤᠭ᠎ᠠ      ᠬᠠᠳᠠᠷᠢᠵᠣ ᠢᠷᠡᠭᠡᠳ ᠡᠯᠭᠦᠳᠡᠭ ᠵᠢᠷᠤᠭ᠎ᠠ      ᠬᠠᠮᠤᠭ ᠢ ᠪᠠᠶᠠᠰᠠᠬᠳᠠᠭ ᠰᠣᠩᠭᠤᠳᠠᠭ ᠵᠢᠷᠤᠭ᠎ᠠ      ᠬᠠᠶᠠᠯᠠᠭᠤᠯᠵᠣ ᠭᠦᠶᠦᠳᠡᠭ ᠬᠤᠨᠢᠨ ᠵᠢᠷᠤᠭ᠎ᠠ      ᠬᠠᠶᠢᠪᠠᠭᠤᠯᠵᠣ ᠶᠠᠪᠣᠳᠠᠭ ᠲᠡᠮᠡᠭᠡᠨ ᠵᠢᠷᠤᠭ᠎ᠠ      ᠬᠦᠡᠭᠭᠡᠨ ᠬᠦᠯ ᠲᠠᠢ ᠨᠠᠷᠢᠨ ᠵᠢᠷᠤᠭ᠎ᠠ      ᠬᠦᠪᠴᠢᠲᠦ ᠰᠣᠮᠣ ᠰᠢᠭ᠋ ᠱᠣᠣᠬᠢᠮ᠎ᠠ ᠵᠢᠷᠤᠭ᠎ᠠ      ᠲᠦᠰᠢᠶᠡᠲᠦ ᠶᠢᠨ ᠮᠣᠷᠢᠨ ᠤ ᠲᠡᠯᠡᠮᠡᠨ ᠵᠢᠷᠤᠭ᠎ᠠ      ᠲᠡᠮᠦᠷ ᠲᠣᠭᠤᠷᠠᠢ ᠨᠢ ᠭᠢᠯᠠᠰᠣᠮ᠎ᠠ ᠵᠢᠷᠤᠭ᠎ᠠ      ᠲᠡᠭᠷᠢ ᠭᠠᠵᠠᠷ ᠢ ᠲᠣᠷᠭᠢᠮ᠎ᠠ ᠵᠢᠷᠤᠭ᠎ᠠ      ᠲᠦᠮᠡᠨ ᠢᠷᠭᠡᠳ ᠢ ᠭᠠᠶᠢᠬᠠᠮ᠎ᠠ ᠵᠢᠷᠤᠭ᠎ᠠ      ᠡᠮᠡᠭᠡᠯ ᠤᠨ ᠭᠠᠨᠵᠤᠭ᠎ᠠ ᠰᠣᠭᠤᠷᠠᠮ᠎ᠠ ᠵᠢᠷᠤᠭ᠎ᠠ      ᠡᠪᠡᠰᠦᠨ ᠤᠨ ᠨᠠᠮᠠᠭ᠎ᠠ ᠨᠠᠶᠢᠭᠤᠮ᠎ᠠ ᠵᠢᠷᠤᠭ᠎ᠠ      ᠠᠯᠬᠤᠭ᠎ᠠ ᠲᠦᠷᠪᠡᠯᠵᠢᠨ ᠰᠠᠳᠠᠷᠠᠭᠰᠠᠨ ᠵᠢᠷᠤᠭ᠎ᠠ      ᠠᠰᠬᠠᠨ ᠰᠢᠯᠣᠭᠤᠨ ᠰᠣᠪᠣᠷᠠᠭᠰᠠᠨ ᠵᠢᠷᠤᠭ᠎ᠠ      ᠦᠭᠡᠳᠡ ᠭᠠᠵᠠᠷ ᠦᠭᠰᠦᠮ᠎ᠠ ᠵᠢᠷᠤᠭ᠎ᠠ      ᠣᠷᠣᠭᠤ ᠭᠠᠵᠠᠷ ᠣᠷᠣᠰᠷᠮ᠎ᠠ ᠵᠢᠷᠤᠭ᠎ᠠ      ᠡᠭᠦᠯᠡ ᠮᠠᠨᠠᠨ ᠢ ᠵᠦᠰᠦᠮ᠎ᠠ ᠵᠢᠷᠤᠭ᠎ᠠ      ᠦᠷᠭᠡᠨ ᠲᠠᠯ᠎ᠠ ᠵᠢᠨᠣᠭᠤᠯᠣᠮ᠎ᠠ ᠵᠢᠷᠤᠭ᠎ᠠ      ᠠᠯᠳᠠᠯ ᠦᠭᠡᠢ ᠲᠣᠭᠲᠠᠮᠠᠯ ᠵᠢᠷᠤᠭ᠎ᠠ      ᠣᠷᠠᠯᠢᠭ ᠬᠦᠳᠡᠯᠳᠡᠭ ᠲᠡᠯᠡᠮᠡᠨ ᠵᠢᠷᠤᠭ᠎ᠠ      ᠦᠶᠡᠷᠯᠡᠬᠦ ᠣᠰᠣ ᠰᠢᠭ᠋ ᠬᠠᠯᠬᠢᠮ᠎ᠠ ᠵᠢᠷᠤᠭ᠎ᠠ      ᠣᠳᠣᠮ ᠰᠠᠶᠢᠲᠠᠢ ᠣᠨᠠᠭᠠᠨ ᠵᠢᠷᠤᠭ᠎ᠠ      ᠦᠶᠡᠷ ᠤᠨ ᠣᠰᠣ ᠰᠢᠭ᠋ ᠴᠢᠳᠬᠤᠯᠠᠮ᠎ᠠ ᠵᠢᠷᠤᠭ᠎ᠠ      ᠦᠯᠢᠶᠡᠬᠦ ᠰᠠᠯᠬᠢ ᠰᠢᠭ᠋ ᠱᠣᠣᠬᠢᠮ᠎ᠠ ᠵᠢᠷᠤᠭ᠎ᠠ      ᠬᠠᠵᠠᠭᠤ ᠭᠠᠵᠠᠷ ᠬᠠᠶᠢᠪᠠᠮ᠎ᠠ ᠵᠢᠷᠤᠭ᠎ᠠ      ᠬᠠᠷᠠᠲᠠᠯ᠎ᠠ ᠲᠠᠯᠪᠢᠳᠠᠭ ᠬᠤᠷᠳᠣᠨ ᠵᠢᠷᠤᠭ᠎ᠠ      ᠬᠤᠯᠠ ᠶᠢᠨ ᠵᠠᠮ ᠢ ᠡᠪᠭᠡᠮ᠎ᠠ ᠵᠢᠷᠤᠭ᠎ᠠ      ᠬᠤᠳᠠᠯᠠ ᠣᠯᠠᠨ ᠢ ᠢ ᠦᠢᠮᠡᠭᠦᠯᠦᠮ᠎ᠠ ᠵᠢᠷᠤᠭ᠎ᠠ      ᠬᠤᠷ᠎ᠠ ᠪᠣᠷᠣᠭᠠᠨ ᠢ ᠬᠡᠶᠢᠰᠭᠡᠮ᠎ᠠ ᠵᠢᠷᠤᠭ᠎ᠠ      ᠬᠤᠷᠠᠯᠳᠣᠭᠰᠠᠨ ᠪᠦᠬᠦᠨ ᠳᠤ ᠮᠠᠭᠲᠠᠭᠳᠠᠮ᠎ᠠ ᠵᠢᠷᠤᠭ᠎ᠠ      ᠬᠦᠳᠡᠯᠦᠮᠡᠭᠴᠡ ᠶᠠᠪᠣᠳᠠᠭ ᠣᠷᠭᠤᠭ᠎ᠠ ᠵᠢᠷᠤᠭ᠎ᠠ      ᠬᠦᠨᠲᠦᠷᠴᠦ ᠲᠠᠪᠬᠢᠳᠠᠭ ᠲᠠᠷᠣᠮ᠎ᠠ ᠵᠢᠷᠤᠭ᠎ᠠ      ᠲᠠᠯ᠎ᠠ ᠭᠠᠵᠠᠷ ᠲᠤ ᠲᠠᠶᠢᠪᠠᠮ᠎ᠠ ᠵᠢᠷᠤᠭ᠎ᠠ      ᠲᠠᠷᠭᠤ ᠬᠦᠴᠦᠲᠠᠢ ᠠᠭᠰᠣᠮ ᠵᠢᠷᠤᠭ᠎ᠠ      ᠲᠠᠯᠪᠢᠮᠠᠭᠴᠠ ᠲᠠᠰᠣᠷᠠᠳᠠᠭ ᠰᠣᠨᠣᠮ᠎ᠠ ᠵᠢᠷᠤᠭ᠎ᠠ      ᠲᠠᠯᠠᠢ ᠶᠢᠨ ᠣᠰᠣ ᠰᠢᠭ᠋ ᠮᠡᠯᠮᠡᠯᠵᠡᠮ᠎ᠠ ᠵᠢᠷᠤᠭ᠎ᠠ      ᠲᠡᠭᠷᠢ ᠭᠠᠵᠠᠷ ᠢ ᠲᠣᠯᠭᠢᠮ᠎ᠠ ᠵᠢᠷᠤᠭ᠎ᠠ      ᠲᠦᠷᠦᠭᠰᠡᠨ ᠨᠣᠲᠤᠭ ᠢᠶᠠᠨ ᠪᠠᠶᠠᠰᠬᠠᠳᠠᠭ ᠵᠢᠷᠤᠭ᠎ᠠ      ᠪᠠᠶᠢᠴᠠ ᠶᠢᠨ ᠮᠣᠷᠢᠨ ᠤ ᠪᠣᠲᠠᠷᠠᠮ᠎ᠠ ᠵᠢᠷᠤᠭ᠎ᠠ      ᠪᠠᠶᠠᠯᠢᠭ ᠭᠡᠰᠢᠭᠳᠡᠨ ᠤ ᠪᠢᠯᠬᠠᠮ᠎ᠠ ᠵᠢᠷᠤᠭ᠎ᠠ      ᠨᠠᠶᠢᠷ ᠪᠦᠬᠦᠨ ᠳᠤ ᠲᠡᠷᠢᠭᠦᠯᠡᠳᠡᠭ      ᠨᠠᠭᠠᠳᠣᠮ ᠪᠣᠯᠭᠠᠨ ᠳᠤ ᠮᠠᠩᠯᠠᠶᠢᠯᠠᠳᠠᠭ      ᠦᠵᠡᠭᠰᠡᠨ ᠪᠦᠬᠦᠨᠨ ᠳᠤ ᠮᠠᠭᠲᠠᠭᠳᠠᠳᠠᠭ      ᠣᠷᠣᠰᠣᠮ᠎ᠠ ᠵᠢᠷᠤᠭ᠎ᠠ ᠡᠨᠡ ᠮᠣᠷᠢ ᠪᠣᠯ      ᠬᠡᠭᠡᠷ᠎ᠠ ᠲᠠᠯ᠎ᠠ ᠶᠢᠨ ᠪᠦᠷᠭᠦᠳ      ᠭᠡᠰᠢᠭᠳᠡᠨ ᠭᠡᠭᠦᠦ ᠶᠢᠨ ᠣᠨᠠᠭ᠎ᠠ      ᠬᠤᠨᠭ᠍ᠭᠤ ᠬᠠᠶᠢᠷᠬᠠᠨ ᠤ ᠬᠠᠨᠳᠠᠭᠠᠢ      ᠬᠠᠨᠭ᠍ᠭᠠᠢ ᠰᠢᠯᠢ ᠶᠢᠨ ᠬᠠᠷᠴᠠᠭᠠᠢ      ᠬᠠᠭᠠᠨ ᠡᠵᠡᠨ ᠤ ᠬᠦᠯᠦᠭ      ᠭᠡᠰᠢᠭᠳᠡᠨ ᠵᠢᠷᠤᠭ᠎ᠠ ᠮᠣᠷᠢ ᠪᠣᠯᠠᠢ︕      ᠭᠡᠵᠦ ᠵᠦᠢᠷᠯᠡᠨ ᠲᠦᠷᠰᠦᠯᠡᠵᠦ᠂ ᠣᠶᠠᠩᠭᠠᠯᠠᠨ ᠮᠠᠭᠲᠠᠳᠠᠭ ᠪᠠᠶᠢᠭᠰᠠᠨ᠃         ᠲᠠᠪᠤ᠂ ᠠᠯᠲᠠᠨ ᠰᠣᠷ ᠲᠠᠢ ᠭᠠᠨᠭ᠍ᠭᠠᠡᠭ ᠬᠠᠷ᠎ᠠ ᠠᠵᠢᠷᠭ᠎ᠠ         ᠭᠡᠰᠢᠭᠳᠡᠨ ᠨᠣᠲᠤᠭ ᠤᠨ ᠲᠠᠯᠠᠶᠢᠨᠠᠭᠤᠷ ᠤᠨ ᠬᠦᠪᠡᠭᠡᠨ᠎ᠠ ᠡᠷᠲᠡ ᠣᠵᠣᠭᠤᠷ ᠠᠴᠠ ᠡᠳᠦᠭᠡ ᠪᠣᠯᠲᠠᠯ᠎ᠠ ᠠᠳᠣᠭᠤ ᠣᠯᠠᠨ ᠦᠷᠡᠵᠢᠳᠡᠭ ᠪᠦᠭᠡᠳ ᠬᠤᠷᠳᠣᠨ ᠬᠦᠯᠦᠭ᠂ ᠰᠠᠶᠢᠨ ᠠᠭᠲᠠ᠂ ᠵᠢᠷᠤᠭ᠎ᠠ ᠮᠣᠷᠢᠳ ᠠᠷᠪᠢᠨ ᠭᠠᠷᠳᠠᠭ᠃ ᠨᠡᠩ ᠴᠦ ᠣᠳᠣᠮ ᠰᠠᠶᠢᠲᠠᠢ ᠭᠡᠰᠢᠭᠳᠡᠨ ᠵᠢᠷᠤᠭ᠎ᠠ ᠮᠣᠷᠢ ᠭᠡᠭᠰᠡᠭᠡᠷ ᠬᠤᠯᠠ ᠣᠢᠢᠷ᠎ᠠ ᠳᠤ ᠪᠦᠷ ᠨᠡᠷ᠎ᠠ ᠠᠯᠳᠠᠷᠰᠢᠭᠰᠠᠨ ᠶᠣᠮᠰᠠᠨ᠃ ᠠᠳᠡ ᠲᠡᠮᠲᠡᠭᠯᠡᠭᠦᠰᠢᠲᠠᠢ ᠨᠢ᠂ ᠦᠨᠡᠨ ᠮᠦᠨ ᠴᠦ ᠭᠡᠮᠡᠷ᠂ ᠡᠷᠲᠡ ᠴᠠᠭ ᠠᠴᠠ ᠣᠯᠠᠮᠵᠢᠯᠠᠭᠳᠠᠵᠣ ᠢᠷᠡᠭᠰᠡᠨ ᠡᠶᠢᠮᠦ ᠨᠢᠭᠡᠨ ᠦᠯᠢᠭᠡᠷ ᠲᠣᠮᠤᠭ ᠪᠠᠶᠢᠳᠠᠭ᠄       ᠲᠦᠯᠵᠢᠬᠦ ᠣᠯᠠᠷᠢᠯ ᠤᠨ ᠬᠡᠣᠬᠡᠨ ᠬᠠᠪᠣᠷ ᠪᠣᠯᠣᠭᠰᠠᠭᠠᠷ᠂ ᠭᠡᠭᠡᠨ ᠲᠣᠩᠭᠠᠯᠠᠭ ᠰᠠᠷ᠎ᠠ ᠲᠠᠢ ᠰᠦᠨᠢ ᠶᠢᠨ ᠭᠦᠨ ᠳᠤ᠂ ᠨᠣᠮᠣᠬᠠᠨ ᠲᠦᠯᠭᠡᠨ ᠪᠠᠶᠢᠭᠰᠠᠨ ᠲᠠᠯᠠᠶᠢᠨᠠᠭᠤᠷ ᠤᠨ ᠴᠡᠩᠭᠡᠷ ᠣᠰᠣ ᠭᠡᠨᠡᠳᠲᠡ ᠲᠡᠭᠷᠢ ᠲᠣᠯᠣᠮ᠎ᠠ ᠣᠢᠢᠯᠣᠨ ᠲᠠᠪᠠᠯᠭᠠᠯᠠᠵᠣ᠂ ᠨᠠᠭᠤᠷ ᠤᠨ ᠲᠣᠲᠣᠷ᠎ᠠ ᠠᠴᠠ ᠠᠯᠲᠠᠨ ᠰᠣᠷ ᠲᠠᠢ᠂ ᠬᠤᠷ ᠲᠡᠯ ᠲᠠᠢ᠂ ᠠᠭᠰᠣᠮ ᠰᠠᠶᠢᠬᠠᠨ ᠭᠦᠶᠦᠳᠡᠯ ᠲᠠᠢ᠂ ᠣᠷᠣᠰᠣᠮ᠎ᠠ ᠰᠠᠶᠢᠬᠠᠨ ᠵᠢᠷᠤᠭ᠎ᠠ ᠭᠠᠨᠭ᠍ᠭᠠᠡᠭ ᠬᠠᠷ᠎ᠠ ᠠᠵᠢᠷᠭ᠎ᠠ ᠲᠠᠪᠬᠢᠨ ᠭᠠᠷᠴᠣ ᠢᠷᠡᠭᠡᠳ᠂ ︽ᠵᠦᠭᠡᠯᠡᠨ ᠨᠣᠭᠤᠭᠠᠨ ᠵᠦᠯᠭᠡᠨ ᠲᠡᠭᠡᠷ᠎ᠠ᠂ ᠲᠣᠭᠯᠠᠨ ᠭᠦᠶᠦᠵᠦ ᠬᠦᠷᠪᠡᠨ ᠨᠠᠭᠠᠳᠴᠣ᠂ ᠰᠣᠷᠭᠤᠭ ᠰᠢᠮ᠎ᠠ ᠲᠠᠢ ᠪᠡᠯᠴᠢᠭᠡᠷ ᠲᠡᠭᠡᠷ᠎ᠠ᠂ ᠲᠠᠭᠠᠲᠠᠢ ᠢᠳᠡᠰᠢᠯᠡᠵᠦ ᠲᠠᠪᠠᠲᠠᠢ ᠪᠡᠯᠴᠢᠵᠦ᠂ ᠦᠡᠭᠭᠡ ᠶᠢᠨ ᠰᠠᠶᠢᠬᠠᠨ ᠴᠡᠴᠡᠭ ᠨᠣᠭᠤᠭ᠎ᠠ ᠶᠢ᠂ ᠦᠨᠦᠷᠲᠡᠨ ᠦᠨᠦᠷᠲᠡᠨ ᠶᠠᠪᠣᠭᠰᠠᠭᠠᠷ᠂ ᠠᠳᠣᠭᠤᠨ ᠰᠦᠷᠦᠭ ᠤᠨ ᠲᠣᠮᠳᠠ᠂ ᠠᠭᠰᠣᠮ ᠲᠠᠪᠬᠢᠨ ᠣᠷᠣᠮᠠᠭᠴᠠ᠂ ᠬᠦᠵᠦᠭᠦᠦ ᠲᠠᠷᠣᠨ ᠴᠢᠬᠢ ᠬᠤᠯᠮᠠᠶᠢᠵᠣ᠂ ᠲᠡᠯ ᠬᠠᠯᠢᠷᠠᠭᠤᠯᠵᠣ ᠰᠡᠭᠦᠯ ᠪᠠᠭᠠᠳᠠᠭᠯᠠᠨ᠂ ᠣᠷᠣᠰᠣᠮ᠎ᠠ ᠵᠢᠷᠤᠭ᠎ᠠ ᠭᠦᠶᠦᠳᠡᠯ ᠢᠶᠠᠷ᠂ ᠣᠷᠣᠭᠰᠢ ᠬᠤᠶᠢᠰᠢ ᠬᠤᠮᠪᠢᠵᠣ᠂ ᠲᠡᠯᠮᠡᠨ ᠵᠢᠷᠤᠭ᠎ᠠ ᠶᠠᠪᠣᠳᠠᠯ ᠢᠶᠠᠷ ᠵᠡᠭᠦᠨᠰᠢ ᠪᠠᠷᠠᠭᠤᠨᠰᠢ ᠬᠠᠰᠢᠵᠣ᠂ ᠢᠵᠢᠯᠰᠢᠨ ᠨᠠᠭᠠᠳᠴᠣ᠂ ᠦᠣᠷᠰᠡᠨ ᠢᠨᠴᠠᠭᠠᠳᠠᠭ ᠭᠡᠨ᠎ᠠ︾᠃       ᠠᠯᠲᠠᠨ ᠰᠣᠷ ᠲᠠᠢ ᠭᠠᠨᠭ᠍ᠭᠠᠡᠭ ᠬᠠᠷ᠎ᠠ ᠠᠵᠢᠷᠭ᠎ᠠ ᠶᠢᠨ ᠦᠣᠷᠰᠡᠨ ᠢᠨᠴᠠᠭᠠᠬᠤ ᠲᠠᠭᠤᠨ ᠨᠢ ᠵᠠᠭᠤᠨ ᠭᠠᠵᠠᠷ ᠤᠨ ᠴᠠᠭᠠᠨ᠎ᠠ ᠲᠠᠭᠤᠷᠢᠰᠴᠣ᠂ ᠮᠢᠩᠭᠠᠨ ᠭᠠᠵᠠᠷ ᠤᠨ ᠨᠠᠭᠠᠨ᠎ᠠ ᠰᠣᠨᠣᠰᠳᠠᠬᠤ ᠳᠤ ᠭᠡᠰᠢᠭᠳᠡᠨ ᠨᠣᠲᠤᠭ ᠤᠨ ᠵᠡᠭᠦᠨ ᠪᠠᠷᠠᠭᠤᠨ ᠠᠷᠣ ᠶᠢᠨ ᠲᠦᠭ ᠲᠦᠮᠡᠨ ᠠᠳᠣᠭᠤ ᠲᠡᠭᠦᠨ ᠤ ᠲᠠᠭᠤᠨ ᠢ ᠲᠠᠭᠠᠵᠣ᠂ ᠲᠠᠯᠠᠶᠢᠨᠠᠭᠤᠷ ᠢ ᠴᠢᠭᠯᠡᠨ ᠲᠠᠪᠬᠢᠯᠳᠣᠨ ᠭᠦᠶᠦᠯᠴᠡᠳᠡᠭ ᠭᠡᠨ᠎ᠠ᠃ ᠡᠶᠢᠮᠦ ᠠᠴᠠ ᠭᠡᠰᠢᠭᠳᠡᠨ ᠨᠣᠲᠤᠭ ᠲᠤ ᠠᠳᠣᠭᠤ ᠠᠷᠪᠢᠨ ᠦᠷᠡᠵᠢᠨ ᠦᠰᠴᠦ᠂ ᠬᠤᠷᠳᠣᠨ ᠬᠦᠯᠦᠭ᠂ ᠰᠠᠶᠢᠨ ᠠᠭᠲᠠ᠂ ᠵᠢᠷᠤᠭ᠎ᠠ ᠮᠣᠷᠢᠳ ᠣᠯᠠᠨ ᠭᠠᠷᠳᠠᠭ ᠣᠯᠠᠮᠵᠢᠯᠠᠯ ᠲᠠᠢ ᠪᠣᠯᠣᠭᠰᠠᠨ ᠭᠡᠨ᠎ᠠ᠃ ᠲᠡᠭᠦᠨ ᠠᠴᠠ ᠰᠡᠭᠦᠯᠡᠷ᠂ ᠣᠳᠣᠮ ᠰᠠᠶᠢᠲᠠᠢ ᠣᠷᠣᠰᠣᠮ᠎ᠠ ᠰᠠᠶᠢᠨ ᠭᠡᠰᠢᠭᠳᠡᠨ ᠵᠢᠷᠤᠭ᠎ᠠ ᠮᠣᠷᠢᠳ ᠨᠢ ᠬᠤᠯᠠ ᠣᠢᠢᠷ᠎ᠠ ᠳᠤ ᠨᠡᠷ᠎ᠠ ᠠᠯᠳᠠᠷᠰᠢᠭᠰᠠᠨ ᠶᠣᠮ ᠭᠡᠵᠦ ᠭᠡᠰᠢᠭᠳᠡᠨ ᠮᠣᠩᠭᠤᠯᠴᠣᠳ ᠮᠣᠩᠭᠤᠯ ᠭᠡᠷ ᠲᠡᠭᠡᠨ ᠦᠯᠢᠭᠡᠷ ᠪᠣᠯᠭᠠᠨ ᠶᠠᠷᠢᠳᠠᠭ ᠪᠢᠯᠡ᠃ ᠦᠨᠡᠬᠡᠷ ᠴᠦ ᠲᠡᠶᠢᠮᠦ ᠪᠠᠶᠢᠵᠣ ᠮᠡᠳᠡᠨ᠎ᠠ᠃ ᠡᠭᠦᠨ ᠳᠤ ᠭᠡᠰᠢᠭᠳᠡᠨ ᠨᠣᠲᠤᠭ ᠤᠨ ᠪᠠᠶᠢᠴᠠ ᠶᠢᠨ ᠭᠤᠣ ᠶᠢᠨ ︽ᠬᠠᠲᠠᠭᠤ ᠲᠣᠭᠤᠷᠠᠶᠢᠲᠣ ᠮᠣᠷᠢ︾᠂ ᠲᠦᠰᠢᠶᠡᠲᠦ ᠶᠢᠨ ︽ᠦᠨᠳᠦᠷ ᠬᠡᠭᠡᠷ᠎ᠠ ᠮᠣᠷᠢ︾᠂ ᠲᠠᠯᠠᠶᠢᠨᠠᠭᠤᠷ ᠤᠨ ︽ᠠᠯᠲᠠᠨ ᠰᠣᠷ ᠲᠠᠢ ᠮᠣᠷᠢ︾᠂ ᠭᠠᠨᠭ᠍ᠭᠠᠡᠭ ᠨᠠᠭᠤᠷ ᠤᠨ ︽ᠭᠠᠨᠭ᠍ᠭᠠᠡᠭ ᠬᠠᠷ᠎ᠠ ᠮᠣᠷᠢ︾ ᠨᠢ ᠣᠳᠣᠮ ᠰᠠᠶᠢᠲᠠᠢ᠂ ᠡᠷ᠎ᠠ ᠬᠦᠴᠦ ᠲᠠᠢ᠂ ᠪᠡᠶ᠎ᠠ ᠶᠡᠭᠡ ᠲᠠᠢ᠂ ᠪᠢᠷ᠎ᠠ ᠴᠢᠳᠠᠯ ᠲᠠᠢ᠂ ᠬᠤᠷᠳᠣᠨ ᠭᠦᠶᠦᠳᠡᠯ ᠲᠠᠢ ᠲᠣᠯᠠ ᠣᠯᠣᠰ ᠤᠨ ᠲᠣᠲᠣᠭᠠᠳᠣ ᠳᠤ ᠨᠡᠷ᠎ᠠ ᠠᠯᠳᠠᠷᠰᠢᠭᠰᠠᠨ ᠠᠴᠠ ᠲᠡᠣᠬᠡᠨ ᠠᠴᠠ ᠠᠪᠣᠭᠠᠳ ᠴᠡᠷᠢᠭ ᠤᠨ ᠠᠭᠲᠠ ᠪᠠᠷ ᠰᠢᠯᠢᠭᠳᠡᠵᠦ ᠪᠠᠶᠢᠭᠰᠠᠨ ᠶᠣᠮᠰᠠᠨ᠃         ᠵᠢᠷᠭᠤᠭ᠎ᠠ᠂ ᠠᠷᠠᠳ ᠤᠨ ᠲᠠᠭᠤᠣ ︽ᠭᠠᠨᠭ᠍ᠭᠠᠡᠭ ᠬᠠᠷ᠎ᠠ ᠮᠣᠷᠢ︾         ᠭᠡᠰᠢᠭᠳᠡᠨ ᠮᠣᠩᠭᠤᠯᠴᠣᠳ ᠵᠢᠷᠤᠭ᠎ᠠ ᠮᠣᠷᠢ ᠪᠠᠨ ᠮᠠᠭᠲᠠᠨ ᠲᠠᠭᠤᠯᠠᠭᠰᠠᠨ ︽ᠭᠠᠨᠭ᠍ᠭᠠᠡᠭ ᠬᠠᠷ᠎ᠠ ᠮᠣᠷᠢ︾ ᠭᠡᠰᠡᠨ ᠠᠷᠠᠳ ᠤᠨ ᠲᠠᠭᠤᠣ ᠳᠠᠭᠠᠨ᠄      ︽ᠭᠠᠨᠭ᠍ᠭᠠᠡᠭ ᠬᠠᠷ᠎ᠠ ᠮᠣᠷᠢ ᠶᠢ ᠪᠠᠨ      ᠭᠠᠨᠭ᠍ᠳᠠᠯ ᠦᠭᠡᠢ ᠰᠦᠢᠭ᠌ᠰᠠᠨ ᠶᠣᠮ ᠬᠦᠢ      ᠭᠠᠵᠠᠷ ᠤᠨ ᠬᠤᠯᠠ ᠮᠣᠷᠳᠠᠭᠰᠠᠨ ᠬᠤᠨᠭ᠍ᠭᠤᠷ ᠢ ᠪᠠᠨ      ᠡᠷᠭᠢᠵᠦ ᠦᠵᠡᠬᠦ ᠪᠠᠷ ᠮᠣᠷᠳᠠᠭᠰᠠᠨ ᠶᠣᠮ ᠬᠦᠢ ᠁︾      ᠭᠡᠵᠦ ᠬᠤᠷᠳᠣᠨ ᠮᠣᠷᠢᠨ ᠤ ᠰᠠᠶᠢᠨ ᠢᠶᠠᠷ ᠬᠤᠨᠭ᠍ᠭᠤᠷ ᠬᠤᠶᠠᠷ ᠵᠠᠯᠠᠭᠤ ᠪᠣᠯᠵᠣᠭᠠᠨ ᠳᠠᠭᠠᠨ ᠠᠭᠤᠯᠵᠠᠵᠣ ᠴᠢᠳᠠᠭᠰᠠᠨ ᠢ ᠲᠠᠭᠤᠯᠠᠭᠰᠠᠨ ᠪᠢᠯᠡ᠃                       ︵ᠤᠯᠠᠭᠠᠨ ᠬᠠᠳᠠ ᠶᠢᠨ ᠡᠳᠤᠷ ᠤᠨ ᠰᠤᠨᠢᠨ ᠠᠴᠠ︶  
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号