| ᠪᠣᠳᠠᠭ᠎ᠠ ᠵᠢᠩᠨᠡᠵᠦ ᠴᠢᠨᠠᠬᠤ ᠳᠤ ᠪᠦᠷ ᠪᠣᠳᠠᠭ᠎ᠠ ᠪᠠᠨ ᠤᠬᠢᠶᠠᠭᠰᠠᠨ ᠤ ᠳᠠᠷᠠᠭ᠎ᠠ ᠳᠡᠬᠢᠨ ᠬᠦᠢᠲᠡᠨ ᠤᠰᠤ | ᠬᠢᠵᠦ ᠴᠢᠨᠠᠬᠤ ᠨᠢ ᠨᠢᠭᠡᠨᠲᠡ ᠶᠡᠷᠦᠲᠡ ᠶᠢᠨ ᠵᠠᠩᠰᠢᠯ ᠪᠣᠯᠵᠠᠢ᠃ ᠭᠡᠪᠡᠴᠤ ᠬᠡᠷᠡᠭ ᠳᠡᠭᠡᠷ᠎ᠠ ᠪᠠᠨ ᠵᠦᠪ ᠣᠨᠤᠪᠴᠢᠲᠡᠢ | ᠠᠷᠭ᠎ᠠ ᠬᠡᠪᠡᠯ ᠤᠷᠢᠳᠠᠪᠠᠷ ᠤᠰᠤ ᠪᠠᠨ ᠪᠤᠴᠠᠯᠭᠠᠵᠤ᠂ ᠪᠤᠴᠠᠯᠤᠭᠰᠠᠨ ᠤᠰᠤ ᠪᠠᠷ ᠪᠣᠳᠠᠭ᠎ᠠ ᠴᠢᠨᠠᠨ᠎ᠠ᠃ ᠢᠩᠬᠢᠵᠦ | ᠬᠢᠬᠦ ᠶᠢᠨ ᠰᠠᠶᠢᠨ ᠲᠠᠢ ᠲᠠᠯ᠎ᠠ ᠬᠡᠪᠡᠯ᠄ | 1. ᠪᠤᠴᠠᠯᠤᠭᠰᠠᠨ ᠤᠰᠤ ᠪᠠᠷ ᠪᠣᠳᠠᠭ᠎ᠠ ᠴᠢᠨᠠᠪᠠᠯ ᠴᠢᠨᠠᠬᠤ ᠴᠠᠭ ᠢ ᠪᠣᠭᠤᠨᠢᠰᠬᠠᠬᠤ ᠪᠣᠯᠬᠤᠷ ᠪᠣᠳᠠᠭ᠎ᠠ ᠳᠠᠬᠢ | ᠸᠢᠲ᠋ᠠᠮᠢᠨ ᠢ ᠬᠠᠮᠠᠭᠠᠯᠠᠵᠤ ᠴᠢᠳᠠᠨ᠎ᠠ᠃ ᠴᠠᠷᠳᠠᠭᠤᠯ ᠤᠨ ᠮᠦᠬᠦᠯᠢᠭ ᠬᠦᠢᠲᠡᠨ ᠤᠰᠤᠨ ᠳᠤ ᠠᠭᠤᠰᠳᠠᠭ ᠦᠭᠡᠢ ᠶᠤᠮ᠃ | ᠵᠦᠪᠬᠡᠨ 60 ᠭᠷᠠᠳᠦ᠋ᠰ ᠠᠴᠠ ᠳᠡᠭᠡᠭᠰᠢ ᠬᠠᠯᠠᠭᠤᠨ ᠤᠰᠤᠨ ᠳᠤ ᠰᠠᠶ᠋ᠢ ᠤᠰᠤ ᠶᠢ ᠰᠢᠩᠭᠡᠭᠡᠵᠦ ᠲᠠᠯᠡᠵᠦ | ᠬᠠᠭᠠᠷᠠᠭᠠᠳ ᠨᠢᠯᠴᠠᠭᠠᠢ ᠪᠣᠯᠳᠠᠭ᠃ | | ᠳᠤᠲᠤᠷᠭᠠᠨ ᠴᠠᠭᠠᠨ ᠳᠤ ᠶᠡᠭᠡ ᠬᠡᠮᠵᠢᠶᠡᠨ ᠤ ᠴᠠᠷᠳᠠᠭᠤᠯ ᠠᠭᠤᠯᠤᠭᠳᠠᠵᠤ ᠪᠤᠢ ᠪᠣᠯᠬᠤᠷ ᠪᠤᠴᠠᠯᠤᠭᠰᠠᠨ | ᠤᠰᠤ ᠪᠠᠷ ᠪᠤᠳᠠᠭ᠎ᠠ ᠴᠢᠨᠠᠬᠤ ᠦᠶᠡᠰ ᠬᠠᠯᠠᠭᠤᠨ ᠤ ᠬᠡᠮᠵᠢᠶ᠎ᠡ ᠶᠢ ᠪᠠᠷᠤᠭ 100 ᠭᠷᠠᠳᠦ᠋ᠰ ︵ᠤᠰᠤᠨ ᠤ ᠪᠤᠴᠠᠯᠬᠤ | ᠴᠡᠭ︶ ᠪᠠᠶᠢᠯᠭᠠᠨ᠎ᠠ᠂ ᠡᠶᠢᠮᠦᠷᠬᠦ ᠬᠠᠯᠠᠭᠤᠨ ᠤᠰᠤ ᠰᠠᠶ᠋ᠢ ᠪᠤᠳᠠᠭ᠎ᠠ ᠶᠢ ᠲᠦᠷᠭᠡᠨ ᠪᠣᠯᠭᠤᠵᠤ᠂ ᠪᠤᠳᠠᠭ᠎ᠠ ᠴᠢᠨᠠᠬᠤ | ᠴᠠᠭ ᠢ ᠪᠣᠭᠤᠨᠢᠰᠬᠠᠬᠤ ᠮᠦᠷᠲᠡᠭᠡᠨ ᠪᠤᠳᠠᠭ᠎ᠠ ᠳᠠᠬᠢ ᠸᠢᠲ᠋ᠠᠮᠢᠨ ᠢ ᠤᠷᠲᠤ ᠬᠤᠭᠤᠴᠠᠭ᠎ᠠ ᠪᠠᠷ ᠦᠨᠳᠦᠷ ᠬᠠᠯᠠᠭᠤᠨ ᠳᠤ | ᠬᠠᠯᠠᠭᠠᠭᠰᠠᠨ ᠠᠴᠠ ᠪᠣᠯᠵᠤ ᠬᠤᠬᠢᠷᠠᠭᠳᠠᠬᠤ ᠠᠴᠠ ᠰᠡᠷᠭᠡᠶᠢᠯᠡᠵᠦ ᠴᠢᠳᠠᠨ᠎ᠠ᠃ | 2. ᠤᠰᠤ ᠶᠢ ᠪᠤᠴᠠᠯᠭᠠᠪᠠᠯ ᠤᠰᠤᠨ ᠳᠠᠬᠢ ᠾᠯᠤᠷ ᠨᠢ ᠳᠡᠭᠳᠡᠭᠡᠳ᠂ ᠸᠢᠲ᠋ᠠᠮᠢᠨ BI ᠶᠢ ᠡᠪᠳᠡᠬᠦ ᠠᠴᠠ | ᠵᠠᠶᠢᠯᠠᠰᠬᠢᠵᠦ ᠴᠢᠳᠠᠨ᠎ᠠ᠃ ᠸᠢᠲ᠋ᠠᠮᠢᠨ BI ᠪᠣᠯ ᠳᠤᠲᠤᠷᠭᠠᠨ ᠪᠤᠳᠠᠭ᠎ᠠ ᠳᠠᠬᠢ ᠬᠠᠮᠤᠭ ᠤᠨ ᠴᠢᠬᠤᠯᠠ ᠰᠢᠮ᠎ᠠ | ᠳᠡᠵᠢᠭᠡᠯ ᠤᠨ ᠪᠦᠷᠢᠯᠳᠦᠭᠦᠨ ᠪᠣᠯᠤᠨ᠎ᠠ᠂ ᠲᠡᠭᠦᠨ ᠤ ᠭᠤᠣᠯ ᠦᠢᠯᠡᠳᠦᠯ ᠨᠢ ᠪᠡᠶ᠎ᠡ ᠳᠠᠬᠢ ᠰᠢᠬᠢᠷ ᠤᠨ ᠲᠦᠷᠦᠯ ᠤᠨ | ᠰᠣᠯᠢᠯᠴᠠᠭ᠎ᠠ ᠶᠢ ᠲᠣᠬᠢᠷᠠᠭᠤᠯᠤᠨ᠎ᠠ᠃ ᠬᠡᠷᠪᠡ ᠲᠤᠰ ᠪᠦᠷᠢᠯᠳᠦᠭᠦᠨ ᠳᠤᠲᠠᠭᠳᠠᠪᠠᠯ᠂ ᠮᠡᠳᠡᠷᠡᠯ ᠤᠨ ᠰᠢᠰᠲ᠋ᠧᠮ | ᠨᠦᠯᠦᠭᠡᠯᠡᠭᠳᠡᠵᠦ᠂ ᠠᠮᠠᠷᠬᠠᠨ ᠶᠠᠳᠠᠷᠠᠬᠤ᠂ ᠢᠳᠡᠭᠡᠨ ᠤ ᠳᠤᠷᠠᠰᠢᠯ ᠮᠠᠭᠤᠳᠠᠬᠤ᠂ ᠬᠦᠯ ᠭᠠᠷ ᠲᠠᠮᠢᠷᠳᠠᠬᠤ᠂ ᠪᠣᠯᠴᠢᠩ | ᠱᠠᠷᠬᠢᠷᠠᠵᠤ ᠡᠪᠡᠳᠬᠦ᠂ ᠬᠦᠯ ᠤᠨ ᠪᠠᠮ ᠡᠪᠡᠳᠴᠢᠨ ᠪᠣᠯᠬᠤ᠂ ᠵᠢᠷᠦᠭᠡᠨ ᠣᠷᠴᠢᠯ ᠰᠠᠮᠠᠭᠤᠷᠠᠬᠤ᠂ ᠦᠷᠬᠦᠯᠵᠢ ᠶᠢᠨ | ᠴᠢᠨᠠᠷᠲᠡᠢ ᠨᠦᠢᠷ ᠬᠤᠯᠵᠢᠬᠤ ᠵᠡᠷᠭᠡ ᠰᠢᠨᠵᠢ ᠳᠡᠮᠳᠡᠭ ᠢᠯᠡᠷᠡᠨ᠎ᠡ᠃ ᠬᠡᠲᠡᠯ᠎ᠡ ᠮᠡᠨ ᠤ ᠡᠳᠦᠷ ᠲᠣᠲᠤᠮ ᠤᠨ ᠬᠡᠷᠡᠭᠯᠡᠵᠦ | ᠪᠠᠶᠢᠭ᠎ᠠ ᠲᠦᠭᠡᠭᠡᠯ ᠤᠰᠤ ᠶᠢ ᠪᠦᠷ ᠾᠯᠤᠷ ᠨᠡᠮᠡᠵᠦ ᠠᠷᠢᠭᠤᠳᠬᠠᠭᠰᠠᠨ ᠲᠤᠯᠠ ᠡᠶᠢᠮᠦᠷᠬᠦ ᠤᠰᠤ ᠪᠠᠷ ᠰᠢᠭᠤᠳ | ᠪᠤᠳᠠᠭ᠎ᠠ ᠴᠢᠨᠠᠪᠠᠯ᠂ ᠤᠰᠤᠨ ᠳᠠᠬᠢ ᠾᠯᠤᠷ ᠨᠢ ᠳᠠᠷᠤᠢ ᠪᠤᠳᠠᠭᠠᠨ ᠳᠠᠬᠢ ᠸᠢᠲ᠋ᠠᠮᠢᠨ BI ᠶᠢ ᠶᠡᠬᠡᠪᠡᠷ ᠡᠪᠳᠡᠨ᠎ᠡ᠃ | ᠬᠡᠷᠪᠡ ᠪᠤᠴᠠᠯᠤᠭᠰᠠᠨ ᠤᠰᠤ ᠪᠠᠷ ᠪᠤᠳᠠᠭ᠎ᠠ ᠴᠢᠨᠠᠪᠠᠯ᠂ ᠾᠯᠤᠷ ᠨᠢ ᠨᠢᠭᠡᠨᠲᠡ ᠤᠰᠤᠨ ᠤ ᠠᠭᠤᠷ ᠢ ᠳᠠᠭᠠᠯᠳᠤᠨ | ᠳᠡᠭᠳᠡᠴᠢᠭᠰᠡᠨ ᠲᠣᠯᠠ ᠸᠢᠲ᠋ᠠᠮᠢᠨ BI ᠵᠢᠴᠢ ᠪᠣᠰᠤᠳ B ᠶᠢᠨ ᠲᠦᠷᠦᠯ ᠤᠨ ᠸᠢᠲ᠋ᠠᠮᠢᠨ ᠤ ᠬᠤᠬᠢᠷᠠᠭᠳᠠᠬᠤ ᠶᠢ | ᠶᠠᠭᠡᠪᠡᠷ ᠪᠠᠭᠠᠰᠬᠠᠵᠤ ᠴᠢᠳᠠᠨ᠎ᠠ᠃ | | | ᠡᠬᠢ ᠰᠤᠷᠪᠤᠯᠵᠢ >>> | |