| | ᠨᠢᠭᠡ᠂ ︽ᠲᠣᠮᠣᠭᠠᠲᠠᠨ ᠤ ᠣᠷᠣᠯᠳᠣᠭᠠᠨ︾ ᠳᠠᠬᠢ ᠵᠢᠷᠤᠭ᠎ᠠ ᠮᠣᠷᠢᠨ ᠤ ᠮᠠᠭᠲᠠᠭᠠᠯ | | ᠮᠣᠩᠭᠤᠯᠴᠣᠳ ᠵᠢᠷᠤᠭ᠎ᠠ ᠮᠣᠷᠢ ᠣᠨᠣᠬᠤ ᠲᠣᠷᠠᠲᠠᠢ ᠲᠣᠯᠠ ᠵᠢᠷᠤᠭ᠎ᠠ ᠮᠣᠷᠢ ᠣᠷᠣᠯᠳᠣᠬᠤ ᠶᠢ ᠴᠦ | ᠵᠢᠩᠬᠢᠨᠢ ᠣᠷᠣᠯᠳᠣᠭᠠᠨ ᠤ ᠲᠦᠷᠦᠯ ᠵᠦᠢᠯ ᠳᠤ ᠣᠷᠣᠭᠤᠯᠵᠣ ᠪᠠᠶᠢᠳᠠᠭ᠃ | ᠵᠢᠷᠤᠭ᠎ᠠ ᠮᠣᠷᠢᠨ ᠤ ᠣᠷᠣᠯᠳᠣᠭᠠᠨ ᠪᠣᠯ ᠮᠣᠷᠢᠨ ᠤ ᠣᠳᠠᠭᠠᠨ ᠲᠠᠭᠠᠭᠠᠮᠠᠢ᠂ ᠲᠦᠪ ᠯᠠᠪᠳᠠᠭᠤᠨ᠂ | ᠠᠯᠬᠤᠭ᠎ᠠ ᠶᠠᠪᠣᠳᠠᠯ᠂ ᠵᠢᠷᠤᠭ᠎ᠠ ᠬᠤᠷᠳᠣᠨ᠂ ᠵᠢᠷᠤᠭ᠎ᠠ ᠪᠠᠨ ᠠᠯᠳᠠᠬᠤ ᠦᠭᠡᠢ ᠪᠠᠷ ᠪᠠᠷᠢᠮᠵᠢᠶ᠎ᠠ ᠪᠣᠯᠭᠠᠳᠠᠭ᠃ ᠡᠨᠡ ᠨᠢ | ᠭᠤᠣᠯᠳᠠᠭᠤ ᠶᠡᠭᠡ ᠲᠦᠯᠦᠪ ᠲᠠᠪᠤ ᠠᠷᠪᠠᠨ ᠭᠠᠵᠠᠷ ᠤᠨ ᠵᠠᠢ ᠠᠴᠠ ᠣᠷᠣᠯᠳᠣᠨ᠎ᠠ᠃ | ᠵᠢᠷᠤᠭ᠎ᠠ ᠮᠣᠷᠢᠨ ᠤ ᠣᠷᠣᠯᠳᠣᠭᠠᠨ ᠳᠤ ᠣᠷᠣᠯᠴᠠᠭᠰᠠᠳ ᠤᠨ ᠣᠯᠠᠩᠬᠢ ᠨᠢ ᠠᠬᠢᠮᠠᠭ ᠨᠠᠰᠣᠨ ᠤ | ᠬᠦᠮᠦᠰ ᠪᠠᠶᠢᠳᠠᠭ ᠪᠣᠯᠬᠤᠷ ᠵᠢᠷᠤᠭ᠎ᠠ ᠮᠣᠷᠢᠨ ᠤ ᠣᠷᠣᠯᠳᠣᠭᠠᠨ ᠢ ᠪᠠᠰᠠ ︽ᠲᠣᠮᠣᠭᠠᠲᠠᠨ ᠤ ᠣᠷᠣᠯᠳᠣᠭᠠᠨ︾ ᠭᠡᠳᠡᠭ | ᠶᠣᠮ᠃ ᠭᠡᠰᠢᠭᠳᠡᠨᠴᠣᠳ ︽ᠲᠣᠮᠣᠭᠠᠲᠠᠨ ᠤ ᠣᠷᠣᠯᠳᠣᠭᠠᠨ︾ ᠳᠤ ᠣᠷᠣᠯᠴᠠᠬᠤ ᠮᠣᠷᠢᠳ ᠢᠶᠠᠨ ᠮᠠᠭᠲᠠᠬᠤ ᠳᠠᠭᠠᠨ᠄ | ︽ᠮᠦᠡᠭᠬᠦᠨ ᠴᠠᠭᠠᠨ ᠲᠣᠪᠣᠷᠣᠣ ᠲᠠᠢ | ᠮᠠᠩᠨᠤᠭ ᠲᠣᠷᠭᠠᠨ ᠵᠢᠯᠣᠭᠤ ᠲᠠᠢ | ᠲᠣᠯᠢ ᠮᠦᠡᠭᠬᠦᠨ ᠬᠠᠵᠠᠭᠠᠷ ᠲᠠᠢ | ᠲᠣᠷᠭᠠᠨ ᠮᠢᠨᠳᠠᠰᠣᠨ ᠣᠯᠣᠩ ᠲᠠᠢ | ᠬᠠᠶᠢᠳᠠᠭ ᠨᠣᠭᠤᠭᠠᠨ ᠬᠦᠯᠢᠮ ᠲᠠᠢ | ᠬᠡᠪᠢᠰ ᠤᠨ ᠣᠯᠠᠭᠠᠨ ᠲᠣᠬᠤᠮ ᠲᠠᠢ | ᠵᠠᠰᠠᠭᠰᠠᠨ ᠲᠡᠯ ᠲᠠᠢ | ᠵᠠᠯᠭᠠᠯᠠᠭᠰᠠᠨ ᠰᠡᠭᠦᠯ ᠲᠠᠢ | ᠵᠢᠮᠰᠡᠭ ᠪᠣᠭᠤᠭᠰᠠᠨ | ᠵᠠᠰᠠᠯ ᠪᠦᠷᠢᠳᠦᠭᠰᠡᠨ | ᠣᠷᠣᠯᠳᠣᠭᠠᠨ ᠳᠤ ᠴᠠᠭᠠᠷᠠᠭᠰᠠᠨ | ᠣᠷᠣᠰᠣᠮ᠎ᠠ ᠵᠢᠷᠤᠭ᠎ᠠ ᠮᠣᠷᠢ︾ | ᠭᠡᠵᠦ ᠵᠠᠰᠠᠯ ᠴᠢᠮᠡᠭ ᠢ ᠨᠢ ᠲᠣᠭᠠᠴᠢᠬᠤ ᠶᠢᠨ ᠲᠠᠭᠠᠣ ᠣᠷᠣᠯᠳᠣᠭᠠᠨ ᠳᠤ ᠰᠣᠨᠣᠭᠰᠠᠨ ᠮᠣᠷᠢ ᠪᠠᠨ | ᠲᠦᠷᠰᠦᠯᠡᠬᠦ ᠳᠡᠭᠡᠨ᠄ | ︽ᠲᠤᠭ ᠰᠡᠭᠦᠯ ᠨᠢ ᠰᠠᠭᠰᠠᠯᠵᠠᠭᠠᠳ | ᠲᠣᠭᠤᠰᠣ ᠲᠡᠭᠳᠡᠭᠡᠨ ᠰᠣᠭᠤᠨᠠᠭᠯᠠᠨᠠ᠂ | ᠭᠠᠨᠵᠤᠭ᠎ᠠ ᠬᠦᠯᠢᠮ ᠨᠢ ᠬᠡᠶᠢᠰᠦᠭᠡᠳ | ᠭᠠᠨᠭ᠌ ᠲᠣᠭᠤᠷᠠᠢ ᠨᠢ ᠭᠢᠯᠠᠯᠵᠠᠨ᠎ᠠ᠂ | ᠰᠠᠭᠯᠠᠭᠠᠷ ᠲᠦᠷᠪᠡᠨ ᠲᠣᠭᠤᠷᠠᠢ ᠠᠴᠠ ᠨᠢ | ᠰᠡᠷᠢᠭᠦᠨ ᠰᠠᠯᠬᠢ ᠲᠠᠲᠠᠨ᠎ᠠ᠂ | ᠰᠡᠪᠡᠯᠵᠡᠨ ᠪᠣᠰᠣᠭᠰᠠᠨ ᠰᠢᠷᠣᠢ ᠨᠢ | ᠰᠠᠨᠰᠠᠷ ᠲᠡᠭᠷᠢ ᠳᠤ ᠵᠠᠮᠬᠠᠷᠠᠨ᠎ᠠ︾ ᠭᠡᠳᠡᠭ ᠪᠢᠯᠡ᠃ | | ᠬᠤᠶᠠᠷ᠂ ᠶᠠᠮᠠᠷ ᠮᠣᠷᠢ ᠶᠢ ᠵᠢᠷᠤᠭ᠎ᠠ ᠭᠦᠶᠦᠳᠡᠯ ᠲᠠᠢ ᠭᠡᠳᠡᠭ ᠪᠣᠢ︖ | | ᠲᠡᠭᠡᠪᠡᠯ ᠶᠠᠮᠠᠷ ᠮᠣᠷᠢ ᠶᠢ ᠵᠢᠷᠤᠭ᠎ᠠ ᠭᠦᠶᠦᠳᠡᠯ ᠲᠠᠢ ᠭᠡᠳᠡᠭ ᠪᠣᠢ︖ ᠡᠨᠡ ᠲᠣᠬᠠᠢ ᠵᠠᠷᠢᠮ | ᠬᠦᠮᠦᠰ ᠮᠡᠳᠡᠬᠦ ᠦᠭᠡᠢ ᠪᠣᠶᠣ ᠠᠳᠠᠯᠢ ᠪᠣᠰᠣ ᠶᠢᠨ ᠬᠡᠯᠡᠯᠭᠡ ᠲᠠᠢ ᠪᠠᠶᠢᠳᠠᠭ᠃ ᠡᠷᠳᠡᠮᠲᠡᠨ ᠴ᠊᠂ ᠲᠠᠮᠳᠢᠨᠰᠦ᠋ᠷᠦᠩ | ᠭᠤᠸᠠᠢ ᠲᠡᠭᠦᠨ ᠤ ︽ᠵᠢᠷᠤᠭ᠎ᠠ ᠮᠣᠷᠢ︾ ᠭᠡᠰᠡᠨ ᠵᠣᠬᠢᠶᠠᠯ ᠳᠠᠭᠠᠨ᠄ ︽ᠵᠦᠭᠡᠷ ᠮᠣᠷᠢ ᠪᠣᠯ ᠪᠠᠷᠠᠭᠤᠨ ᠲᠠᠯ᠎ᠠ ᠶᠢᠨ | ᠣᠷᠢᠳᠣ ᠬᠦᠯ᠂ ᠵᠡᠭᠦᠨ ᠲᠠᠯ᠎ᠠ ᠶᠢᠨ ᠬᠤᠶᠢᠲᠣ ᠬᠦᠯ ᠨᠢ ᠨᠢᠭᠡ ᠵᠡᠷᠭᠡ ᠣᠷᠣᠭᠰᠢ ᠬᠢᠰᠬᠢᠵᠦ᠂ ᠡᠶᠢᠨᠬᠦ ᠦᠷᠦᠭᠡᠯᠳᠦᠵᠦ | ᠶᠠᠪᠣᠳᠠᠭ᠃ ᠭᠡᠲᠡᠯ᠎ᠠ ᠵᠢᠷᠤᠭ᠎ᠠ ᠮᠣᠷᠢ ᠪᠣᠯ ᠪᠠᠷᠠᠭᠤᠨ ᠲᠠᠯ᠎ᠠ ᠶᠢᠨ ᠣᠷᠢᠳᠣ ᠬᠤᠶᠢᠲᠣ ᠬᠦᠯ ᠢ ᠪᠠᠨ ᠬᠠᠮᠲᠣ ᠡᠷᠭᠦᠵᠦ | ᠣᠷᠣᠭᠰᠢ ᠬᠢᠰᠬᠢᠨ᠂ ᠲᠠᠬᠢᠨ ᠵᠡᠭᠦᠨ ᠲᠠᠯ᠎ᠠ ᠶᠢᠨ ᠬᠤᠶᠢᠲᠣ ᠣᠷᠢᠲᠣ ᠬᠦᠯ ᠢ ᠪᠠᠨ ᠵᠡᠷᠭᠡᠪᠡᠷ ᠣᠷᠣᠭᠰᠢ ᠬᠢᠰᠬᠢᠬᠦ ᠶᠢ | ᠵᠢᠷᠤᠭ᠎ᠠ ᠭᠡᠵᠦ ᠬᠡᠯᠡᠮᠣᠢ︾ ᠭᠡᠵᠦ ᠠᠮᠢᠳᠣᠷᠠᠯ ᠤᠨ ᠲᠣᠷᠰᠢᠯᠭ᠎ᠠ ᠲᠠᠢ ᠠᠷᠠᠳ ᠤᠨ ᠠᠮᠠᠨ ᠶᠠᠷᠢᠶ᠎ᠠ ᠪᠠᠷ ᠳ᠋ᠦᠡᠭᠨᠡᠨ | ᠬᠠᠷᠢᠭᠤᠯᠣᠭᠰᠠᠨ ᠪᠠᠶᠢᠨ᠎ᠠ᠃ ᠡᠨᠡ ᠨᠢ ᠲᠠᠷᠣᠢ ᠵᠦᠪ ᠲᠠᠯ᠎ᠠ ᠶᠢᠨ ᠬᠤᠶᠠᠷ ᠬᠦᠯ ᠪᠣᠯᠣᠨ ᠪᠣᠷᠣᠭᠤ ᠲᠠᠯ᠎ᠠ ᠶᠢᠨ ᠬᠤᠶᠠᠷ | ᠬᠦᠯ ᠨᠢ ᠵᠡᠷᠭᠡᠪᠡᠷ ᠡᠭᠡᠯᠵᠢᠯᠡᠨ ᠬᠦᠳᠡᠯᠬᠦ ᠭᠦᠶᠦᠳᠡᠯ ᠢ ᠵᠢᠷᠤᠭ᠎ᠠ ᠭᠡᠵᠦ ᠬᠡᠯᠡᠨ᠎ᠠ᠃ | ᠭᠣ᠂ ᠷᠠᠰᠢᠵᠠᠪ ᠨᠦᠬᠦᠷ ︽ᠬᠦᠯᠦᠭ ᠤᠨ ᠭᠦᠶᠦᠳᠡᠯ ᠤᠳ︾ ᠭᠡᠰᠡᠨ ᠰᠢᠯᠦᠭ ᠲᠡᠭᠡᠨ ᠶᠠᠮᠠᠷ | ᠭᠦᠶᠦᠳᠡᠯ ᠢ ᠵᠢᠷᠤᠭ᠎ᠠ ᠭᠡᠳᠡᠭ ᠪᠣᠢ︖ ᠭᠡᠪᠡᠯ᠄ | ᠵᠦᠪ ᠲᠠᠯ᠎ᠠ ᠶᠢᠨ ᠬᠦᠯ ᠨᠢ | ᠵᠦᠭᠡᠯᠡᠨ ᠬᠦᠷᠦᠰᠦᠨ ᠳᠤ ᠬᠢᠰᠬᠢᠬᠦ ᠳᠡᠭᠡᠨ | ᠵᠡᠷᠭᠡᠪᠡᠷ ᠣᠷᠣᠭᠰᠢ ᠬᠤᠶᠢᠰᠢ ᠬᠢᠰᠬᠢᠵᠦ | ᠵᠢᠷᠪᠢᠵᠦ ᠭᠦᠶᠦᠪᠡᠯ ᠵᠢᠷᠤᠭ᠎ᠠ ᠭᠦᠶᠦᠳᠡᠯ | ᠪᠣᠷᠣᠭᠤ ᠲᠠᠯ᠎ᠠ ᠶᠢᠨ ᠬᠦᠯ ᠨᠢ | ᠪᠣᠲᠠᠨ ᠤ ᠲᠡᠭᠡᠭᠦᠷ ᠲᠣᠷᠪᠠᠭ᠋ᠣ ᠳᠠᠭᠠᠨ | ᠪᠣᠴᠠᠬᠤ ᠮᠠᠭᠰᠢᠬᠤ ᠨᠢ ᠢᠵᠢᠯ ᠭᠦᠶᠦᠵᠦ | ᠪᠣᠲᠠᠷᠠᠭᠠᠵᠣ ᠭᠦᠶᠦᠪᠡᠯ ᠵᠢᠷᠤᠭ᠎ᠠ ᠭᠦᠶᠦᠲᠡᠯ ᠁︾ | ᠭᠡᠵᠦ ᠰᠢᠯᠦᠭᠯᠡᠨ ᠬᠠᠷᠢᠭᠤᠯᠣᠭᠰᠠᠨ ᠪᠠᠶᠢᠨ᠎ᠠ᠃ | | ᠭᠤᠷᠪᠠ᠂ ᠭᠡᠰᠢᠭᠳᠡᠨᠴᠣᠳ ᠵᠢᠷᠤᠭ᠎ᠠ ᠮᠣᠷᠢᠨ ᠤ ᠭᠦᠶᠦᠳᠡᠯ ᠢ ᠶᠠᠭᠠᠬᠢᠵᠣ ᠢᠯᠭᠠᠳᠠᠭ ᠪᠣᠢ︖ | | ᠠᠳᠣᠭᠤ ᠲᠠᠢ ᠣᠢᠢᠷᠠᠲᠣᠭᠰᠠᠨ ᠦᠭᠡᠢ ᠬᠦᠮᠦᠰ ᠠᠭᠲᠠ ᠮᠣᠷᠢᠨ ᠤ ᠭᠦᠶᠦᠬᠦ ᠪᠠ ᠵᠢᠷᠣᠭᠠᠯᠠᠬᠤ ᠶᠢ | ᠢᠯᠭᠠᠵᠣ ᠴᠢᠳᠠᠳᠠᠭ ᠦᠭᠡᠢ ᠶᠣᠮ᠃ ᠵᠠᠷᠢᠮ ᠬᠦᠮᠦᠰ ᠬᠡᠳᠦ᠋ᠢᠪᠡᠷ ᠠᠳᠣᠭᠤ ᠮᠠᠯ ᠲᠠᠢ ᠣᠢᠢᠷᠠᠲᠣᠳᠠᠭ ᠪᠣᠯᠪᠠᠴᠣ | ᠠᠭᠲᠠ ᠮᠣᠷᠢᠳ ᠤᠨ ᠭᠦᠶᠦᠳᠡᠯ ᠤᠨ ᠢᠯᠭᠠᠭ᠎ᠠ ᠶᠢ ᠲᠡᠶᠢᠮᠦ ᠰᠠᠶᠢᠨ ᠮᠡᠳᠡᠳᠡᠭ ᠦᠭᠡᠢ ᠪᠢᠯᠡ᠃ ᠭᠡᠰᠢᠭᠳᠡᠨ | ᠮᠣᠩᠭᠤᠯᠴᠣᠳ᠂ ᠢᠯᠠᠩᠭᠤᠶ᠎ᠠ ᠲᠣᠷᠰᠢᠯᠭ᠎ᠠ ᠰᠠᠶᠢᠲᠠᠢ᠂ ᠬᠠᠰᠢᠷ ᠠᠳᠣᠭᠤᠴᠢᠨ ᠵᠢᠷᠤᠭ᠎ᠠ ᠮᠣᠷᠢᠨ ᠤ ᠠᠯᠬᠤᠭ᠎ᠠ | ᠶᠠᠪᠣᠳᠠᠯ ᠤᠨ ᠨᠠᠷᠢᠨ ᠢᠯᠭᠠᠭ᠎ᠠ ᠶᠢ ᠣᠨᠴᠠ ᠰᠠᠶᠢᠨ ᠢᠯᠭᠠᠵᠣ ᠴᠢᠳᠠᠳᠠᠭ ᠪᠦᠭᠡᠳ ᠲᠡᠭᠦᠨ ᠤ ᠦᠪᠡᠷᠮᠢᠴᠡ | ᠣᠨᠴᠠᠯᠢᠭ ᠲᠠᠢ ᠬᠡᠯᠡᠯᠭᠡ ᠨᠢ ᠮᠣᠩᠭᠤᠯ ᠦᠭᠡᠰ ᠤᠨ ᠰᠠᠩ ᠢ ᠪᠠᠶᠠᠯᠢᠭᠵᠢᠭᠤᠯᠵᠠᠢ᠃ | ᠭᠡᠰᠢᠭᠳᠡᠨ ᠮᠣᠩᠭᠤᠯᠴᠣᠳ ᠣᠳᠠᠭᠠᠨ ᠵᠢᠯ ᠠᠳᠣᠭᠤ ᠮᠠᠯ ᠠᠷᠠᠴᠢᠯᠠᠭᠰᠨᠨ ᠬᠠᠰᠢᠷ | ᠲᠣᠷᠰᠢᠯᠭ᠎ᠠ ᠪᠠᠨ ᠦᠨᠳᠦᠰᠦᠯᠡᠵᠦ ᠵᠢᠷᠤᠭ᠎ᠠ ᠮᠣᠷᠢᠨ ᠤ ᠠᠯᠬᠤᠭ᠎ᠠ ᠭᠦᠶᠦᠳᠡᠯ ᠢ ᠲᠣᠣᠷᠠᠬᠢ ᠮᠡᠲᠦ ᠢᠯᠭᠠᠵᠠᠢ᠄ | ︽ᠣᠨᠠᠭᠠᠨ ᠵᠢᠷᠤᠭ᠎ᠠ᠂ ᠣᠷᠣᠰᠣᠮ᠎ᠠ ᠵᠢᠷᠤᠭ᠎ᠠ᠂ ᠣᠷᠠᠨ ᠵᠢᠷᠤᠭ᠎ᠠ᠂ ᠣᠰᠬᠠᠯ ᠵᠢᠷᠤᠭ᠎ᠠ᠂ | ᠣᠰᠣᠨ ᠵᠢᠷᠤᠭ᠎ᠠ᠂ ᠣᠷᠭᠤᠭ᠎ᠠ ᠵᠢᠷᠤᠭ᠎ᠠ᠂ ᠡᠯᠭᠦᠭᠡ ᠵᠢᠷᠤᠭ᠎ᠠ᠂ ᠠᠭᠰᠣᠮ ᠵᠢᠷᠤᠭ᠎ᠠ᠂ ᠠᠯᠪᠠ ᠶᠢᠨ ᠵᠢᠷᠤᠭ᠎ᠠ᠂ | ᠢᠯᠭᠤᠮ ᠵᠢᠷᠤᠭ᠎ᠠ᠂ ᠠᠮᠠᠯᠠᠭᠠᠢ ᠵᠢᠷᠤᠭ᠎ᠠ᠂ ᠦᠭᠰᠦᠮᠠ ᠵᠢᠷᠤᠭ᠎ᠠ᠂ ᠡᠪᠭᠡᠮᠠ ᠵᠢᠷᠤᠭ᠎ᠠ᠂ ᠡᠷᠭᠦᠭᠡ ᠵᠢᠷᠤᠭ᠎ᠠ / ᠲᠡᠭᠰᠢ | ᠵᠢᠷᠤᠭ᠎ᠠ᠂ ᠲᠡᠯᠡᠮᠡᠨ ᠵᠢᠷᠤᠭ᠎ᠠ᠂ ᠲᠡᠭᠡᠭᠦᠷ ᠵᠢᠷᠤᠭ᠎ᠠ᠂ ᠲᠣᠣᠭᠤᠷ ᠵᠢᠷᠤᠭ᠎ᠠ᠂ ᠲᠣᠭᠲᠠᠮᠠᠯ ᠵᠢᠷᠤᠭ᠎ᠠ᠂ ᠲᠠᠷᠣᠮ᠎ᠠ | ᠵᠢᠷᠤᠭ᠎ᠠ᠂ ᠲᠦᠷᠭᠡᠨ ᠵᠢᠷᠤᠭ᠎ᠠ᠂ ᠲᠡᠮᠡᠭᠡᠨ ᠵᠢᠷᠤᠭ᠎ᠠ᠂ ᠲᠣᠯᠭᠢᠮᠠ ᠵᠢᠷᠤᠭ᠎ᠠ᠂ ᠲᠣᠭᠤᠯᠠᠩ ᠵᠢᠷᠤᠭ᠎ᠠ᠂ ᠲᠡᠪᠭᠡᠮᠠ | ᠵᠢᠷᠤᠭ᠎ᠠ᠂ ᠲᠦᠲᠡᠭᠡᠮ ᠵᠢᠷᠤᠭ᠎ᠠ᠂ ᠲᠦᠯᠬᠢᠮᠠ ᠵᠢᠷᠤᠭ᠎ᠠ / ᠬᠠᠯᠠᠭᠤᠮ ᠵᠢᠷᠤᠭ᠎ᠠ᠂ ᠬᠠᠶᠢᠷᠴᠠᠭ ᠵᠢᠷᠤᠭ᠎ᠠ᠂ ᠬᠠᠳᠠᠷᠢᠶ᠎ᠠ | ᠵᠢᠷᠤᠭ᠎ᠠ᠂ ᠬᠡᠶᠢᠰᠦᠮᠠ ᠵᠢᠷᠤᠭ᠎ᠠ᠂ ᠬᠠᠲᠠᠭᠤ ᠵᠢᠷᠤᠭ᠎ᠠ᠂ ᠬᠤᠷᠳᠣᠨ ᠵᠢᠷᠤᠭ᠎ᠠ᠂ ᠬᠤᠨᠢᠨ ᠵᠢᠷᠤᠭ᠎ᠠ᠂ ᠬᠠᠶᠢᠪᠠᠭ᠎ᠠ | ᠵᠢᠷᠤᠭ᠎ᠠ᠂ ᠬᠠᠮᠤᠭ᠎ᠠ ᠵᠢᠷᠤᠭ᠎ᠠ᠂ ᠬᠢᠰᠬᠢᠮᠠ ᠵᠢᠷᠤᠭ᠎ᠠ᠂ ᠬᠠᠯᠢᠮ ᠵᠢᠷᠤᠭ᠎ᠠ᠂ ᠭᠡᠭᠡᠮᠰᠣᠭ᠌ ᠵᠢᠷᠤᠭ᠎ᠠ᠂ ᠬᠠᠶᠠᠯᠠᠮᠠ | ᠵᠢᠷᠤᠭ᠎ᠠ᠂ ᠬᠡᠶᠢᠰᠭᠡᠮᠠ ᠵᠢᠷᠤᠭ᠎ᠠ᠂ ᠬᠠᠯᠬᠢᠮ᠎ᠠ ᠵᠢᠷᠤᠭ᠎ᠠ᠂ ᠬᠠᠶᠢᠪᠠᠮᠠ ᠵᠢᠷᠤᠭ᠎ᠠ᠂ ᠬᠠᠯᠭᠢᠮ᠎ᠠ ᠵᠢᠷᠤᠭ᠎ᠠ᠂ ᠭᠢᠯᠠᠰᠣᠮ᠎ᠠ | ᠵᠢᠷᠤᠭ᠎ᠠ᠂ ᠬᠦᠨᠲᠦᠷᠢᠮᠠ ᠵᠢᠷᠤᠭ᠎ᠠ᠂ ᠭᠦᠶᠦᠮ ᠠ ᠵᠢᠷᠤᠭ᠎ᠠ᠂ ᠭᠦᠶᠦᠪᠡᠷ ᠵᠢᠷᠤᠭ᠎ᠠ᠂ ᠭᠤᠯᠭᠤᠮᠠ ᠵᠢᠷᠤᠭ᠎ᠠ᠂ ᠭᠠᠭ᠋ᠠᠢ | ᠵᠢᠷᠤᠭ᠎ᠠ / ᠰᠣᠨᠣᠮᠠ ᠵᠢᠷᠤᠭ᠎ᠠ᠂ ᠱᠣᠩᠪᠠᠮᠠ ᠵᠢᠷᠤᠭ᠎ᠠ᠂ ᠰᠠᠳᠠᠷᠠᠮ᠎ᠠ ᠵᠢᠷᠤᠭ᠎ᠠ᠂ ᠰᠠᠵᠢᠯᠠᠮᠠ ᠵᠢᠷᠤᠭ᠎ᠠ᠂ ᠰᠣᠮᠣᠨ | ᠵᠢᠷᠤᠭ᠎ᠠ᠂ ᠰᠠᠶᠢᠪᠣᠷ ᠵᠢᠷᠤᠭ᠎ᠠ᠂ ᠱᠣᠣᠬᠢᠮ᠎ᠠ ᠵᠢᠷᠤᠭ᠎ᠠ᠂ ᠴᠢᠳᠬᠤᠯᠠᠮ᠎ᠠ ᠵᠢᠷᠤᠭ᠎ᠠ᠂ ᠰᠣᠪᠣᠷᠠᠮᠠ ᠵᠢᠷᠤᠭ᠎ᠠ᠂ | ᠰᠣᠩᠭᠤᠳᠠᠭ ᠵᠢᠷᠤᠭ᠎ᠠ / ᠨᠠᠷᠢᠨ ᠵᠢᠷᠤᠭ᠎ᠠ᠂ ᠨᠠᠮᠣᠭᠤᠨ ᠵᠢᠷᠤᠭ᠎ᠠ᠂ ᠨᠠᠶᠢᠭᠤᠮ᠎ᠠ ᠵᠢᠷᠤᠭ᠎ᠠ᠂ ᠨᠠᠮᠢᠷᠠᠮᠠ ᠵᠢᠷᠤᠭ᠎ᠠ᠂ | ᠨᠣᠯᠣᠮᠠ ᠵᠢᠷᠤᠭ᠎ᠠ᠂ ᠨᠣᠭᠤᠯᠣᠮᠠ ᠵᠢᠷᠤᠭ᠎ᠠ᠂ ᠨᠠᠷᠭᠢᠮ᠎ᠠ ᠵᠢᠷᠤᠭ᠎ᠠ᠂ ᠨᠢᠰᠦᠮᠠ ᠵᠢᠷᠤᠭ᠎ᠠ / ᠵᠢᠳᠭᠦᠭᠡ ᠵᠢᠷᠤᠭ᠎ᠠ᠂ | ᠵᠦᠰᠦᠮᠠ ᠵᠢᠷᠤᠭ᠎ᠠ᠂ ᠵᠦᠭᠡᠯᠡᠨ ᠵᠢᠷᠤᠭ᠎ᠠ᠂ ᠵᠦᠷᠢᠭᠦᠳ ᠵᠢᠷᠤᠭ᠎ᠠ / ᠪᠦᠭᠲᠦᠷᠢᠭᠡ . ᠵᠢᠷᠤᠭ᠎ᠠ᠂ ᠪᠦᠮᠪᠦᠭᠡᠨᠡᠮᠵᠢᠷᠤᠭᠠ᠂ | ᠪᠣᠯᠠᠭᠠᠨᠵᠢᠷᠤᠭᠠ᠂ ᠪᠣᠲᠠᠷᠠᠮᠠ ᠵᠢᠷᠤᠭ᠎ᠠ᠂ ᠪᠣᠰᠢᠭᠤ ᠵᠢᠷᠤᠭ᠎ᠠ᠂ ᠪᠠᠷᠳᠠᠮ ᠵᠢᠷᠤᠭ᠎ᠠ ᠁︾ ᠭᠡᠵᠦ ᠣᠯᠠᠨ | ᠵᠦᠢᠯ ᠤᠨ ᠢᠯᠭᠠᠯ ᠲᠠᠢ᠂ ᠣᠨᠳᠣᠣ ᠣᠨᠳᠣᠣ ᠶᠠᠪᠣᠳᠠᠯ ᠭᠦᠶᠦᠳᠡᠯ ᠢ ᠨᠠᠷᠢᠨ ᠢᠯᠭᠠᠵᠣ ᠴᠢᠳᠠᠳᠠᠭ ᠪᠦᠭᠡᠳ | ᠡᠭᠦᠨ ᠢ ᠪᠠᠨ ᠠᠭᠲᠠ ᠮᠣᠷᠢᠨ ᠤ ᠨᠠᠢᠮᠠ ᠶᠢᠰᠦ ᠲᠠᠯᠠᠨ ᠬᠤᠶᠠᠷ ᠵᠦᠢᠯ ᠤᠨ ᠵᠢᠷᠤᠭ᠎ᠠ ᠭᠡᠳᠡᠭ ᠭᠡᠨ᠎ᠠ᠃ | ᠨᠠᠷᠢᠨ ᠬᠤᠪᠢᠶᠠᠷᠢ ᠲᠠᠢ ᠡᠭᠦᠨ ᠠᠴᠠ ᠴᠦ ᠣᠯᠠᠨ ᠢᠯᠭᠠᠵᠣ ᠪᠣᠯᠣᠨ᠎ᠠ᠃ ᠡᠨᠡ ᠨᠢ ᠭᠡᠰᠢᠭᠳᠡᠨ | ᠮᠣᠩᠭᠤᠯᠴᠣᠳ ᠣᠷᠲᠣ ᠣᠳᠠᠭᠠᠨ ᠵᠢᠯ ᠤᠨ ᠲᠣᠷᠰᠢ ᠲᠠᠪᠣᠨ ᠬᠤᠰᠢᠭᠤ ᠪᠠᠶᠠᠨ ᠰᠦᠷᠦᠭ ᠢᠶᠠᠨ ᠰᠠᠶᠢᠲᠣᠷ ᠠᠷᠠᠴᠢᠯᠠᠨ | ᠮᠠᠯᠵᠢᠬᠤ ᠦᠢᠯᠡᠳᠦᠯᠭᠡ ᠲᠣᠮᠳᠠ ᠪᠠᠨ ᠨᠠᠷᠢᠨ ᠰᠢᠨᠵᠢᠵᠦ᠂ ᠨᠢᠮᠪᠠᠢ ᠰᠣᠳᠣᠯᠣᠭᠠᠳ ᠣᠯᠵᠣ ᠮᠡᠳᠡᠭᠰᠡᠨ ᠲᠣᠷᠰᠢᠯᠭ᠎ᠠ | ᠪᠣᠯᠬᠤ ᠨᠢ ᠭᠠᠷᠴᠠᠭ᠎ᠠ ᠦᠭᠡᠢ ᠶᠣᠮ᠃ ᠲᠡᠭᠡᠭᠡᠳ ᠲᠡᠷᠡ ᠨᠢ ᠮᠣᠩᠭᠤᠯ ᠵᠣᠬᠢᠶᠠᠯᠴᠢ᠂ ᠰᠢᠯᠦᠭᠴᠢ᠂ ᠢᠷᠠᠭᠤ | ᠨᠠᠶᠢᠷᠠᠭᠴᠢᠳ ᠤᠨ ᠣᠷᠠᠨ ᠪᠦᠲᠦᠭᠡᠯ ᠳᠤ ᠲᠣᠰᠬᠠᠯ ᠢᠶᠠᠨ ᠣᠯᠣᠭᠰᠠᠨ ᠪᠠᠶᠢᠨ᠎ᠠ᠃ | | ᠲᠦᠷᠪᠡ᠂ ᠭᠡᠰᠢᠭᠳᠡᠨ ᠵᠢᠷᠤᠭ᠎ᠠ ᠮᠣᠷᠢᠨ ᠤ ᠮᠠᠭᠲᠠᠭᠠᠯ ᠮᠣᠩᠭᠤᠯ ᠠᠷᠠᠳ ᠤᠨ ᠨᠢᠭᠡ ᠲᠠᠭᠤᠣ ᠳᠤ᠄ | | ᠮᠢᠩᠭᠠᠨ ᠠᠳᠣᠭᠤᠨ ᠤ ᠲᠦᠷᠦᠭᠦᠣ | ᠮᠠᠩᠨᠠᠢ ᠬᠠᠯᠵᠢᠨ ᠮᠣᠷᠢ᠂ | ᠮᠣᠩᠭᠤᠯ ᠮᠣᠷᠢᠨ ᠤ ᠲᠣᠲᠣᠷᠠᠬᠢ | ᠲᠡᠷᠢᠭᠦᠨ ᠵᠢᠷᠤᠭ᠎ᠠ ᠮᠣᠷᠢ ᠁ | ᠭᠡᠵᠦ ᠲᠠᠭᠤᠯᠠᠳᠠᠭ ᠪᠦᠭᠡᠳ ᠭᠡᠰᠢᠭᠳᠡᠨ ᠮᠣᠩᠭᠤᠯᠴᠣᠳ ᠪᠠᠰᠠ ︽ᠭᠡᠰᠢᠭᠳᠡᠨ ᠵᠢᠷᠤᠭ᠎ᠠ ᠮᠣᠷᠢ︾ | ᠪᠠᠨ ᠮᠠᠭᠲᠠᠭᠰᠠᠨ ᠮᠠᠭᠲᠠᠭᠠᠯ ᠳᠠᠭᠠᠨ᠄ | ᠬᠠᠷ᠎ᠠ ᠮᠣᠷᠢᠨ ᠤ ᠬᠤᠷᠳᠣᠨ ᠵᠢᠷᠤᠭ᠎ᠠ | ᠭᠡᠰᠢᠭᠳᠡᠨ ᠮᠣᠷᠢᠨ ᠤ ᠬᠠᠮᠤᠭ᠎ᠠ ᠵᠢᠷᠤᠭ᠎ᠠ | ᠬᠡᠭᠡᠷ ᠮᠣᠷᠢᠨ ᠤ ᠬᠡᠶᠢᠰᠦᠮᠠ ᠵᠢᠷᠤᠭ᠎ᠠ | ᠬᠡᠪᠢᠰ ᠤᠨ ᠬᠦᠯᠢᠮ ᠤᠨ ᠨᠠᠮᠢᠷᠠᠮᠠ ᠵᠢᠷᠤᠭ᠎ᠠ | ᠬᠠᠵᠠᠭᠠᠷ ᠢᠶᠠᠨ ᠲᠠᠷᠣᠭᠰᠠᠨ ᠠᠮᠠᠯᠠᠭᠠᠢ ᠵᠢᠷᠤᠭ᠎ᠠ | ᠬᠠᠯᠢᠰᠬᠢᠭᠠᠳ ᠢᠷᠡᠪᠡᠯ ᠭᠦᠶᠦᠮᠠ ᠵᠢᠷᠤᠭ᠎ᠠ | ᠬᠠᠳᠠᠷᠢᠵᠣ ᠢᠷᠡᠭᠡᠳ ᠡᠯᠭᠦᠳᠡᠭ ᠵᠢᠷᠤᠭ᠎ᠠ | ᠬᠠᠮᠤᠭ ᠢ ᠪᠠᠶᠠᠰᠠᠬᠳᠠᠭ ᠰᠣᠩᠭᠤᠳᠠᠭ ᠵᠢᠷᠤᠭ᠎ᠠ | ᠬᠠᠶᠠᠯᠠᠭᠤᠯᠵᠣ ᠭᠦᠶᠦᠳᠡᠭ ᠬᠤᠨᠢᠨ ᠵᠢᠷᠤᠭ᠎ᠠ | ᠬᠠᠶᠢᠪᠠᠭᠤᠯᠵᠣ ᠶᠠᠪᠣᠳᠠᠭ ᠲᠡᠮᠡᠭᠡᠨ ᠵᠢᠷᠤᠭ᠎ᠠ | ᠬᠦᠡᠭᠭᠡᠨ ᠬᠦᠯ ᠲᠠᠢ ᠨᠠᠷᠢᠨ ᠵᠢᠷᠤᠭ᠎ᠠ | ᠬᠦᠪᠴᠢᠲᠦ ᠰᠣᠮᠣ ᠰᠢᠭ᠋ ᠱᠣᠣᠬᠢᠮ᠎ᠠ ᠵᠢᠷᠤᠭ᠎ᠠ | ᠲᠦᠰᠢᠶᠡᠲᠦ ᠶᠢᠨ ᠮᠣᠷᠢᠨ ᠤ ᠲᠡᠯᠡᠮᠡᠨ ᠵᠢᠷᠤᠭ᠎ᠠ | ᠲᠡᠮᠦᠷ ᠲᠣᠭᠤᠷᠠᠢ ᠨᠢ ᠭᠢᠯᠠᠰᠣᠮ᠎ᠠ ᠵᠢᠷᠤᠭ᠎ᠠ | ᠲᠡᠭᠷᠢ ᠭᠠᠵᠠᠷ ᠢ ᠲᠣᠷᠭᠢᠮᠠ ᠵᠢᠷᠤᠭ᠎ᠠ | ᠲᠦᠮᠡᠨ ᠢᠷᠭᠡᠳ ᠢ ᠭᠠᠶᠢᠬᠠᠮ᠎ᠠ ᠵᠢᠷᠤᠭ᠎ᠠ | ᠡᠮᠡᠭᠡᠯ ᠤᠨ ᠭᠠᠨᠵᠤᠭ᠎ᠠ ᠰᠣᠭᠤᠷᠠᠮᠠ ᠵᠢᠷᠤᠭ᠎ᠠ | ᠡᠪᠡᠰᠦᠨ ᠤᠨ ᠨᠠᠮᠠᠭ᠎ᠠ ᠨᠠᠶᠢᠭᠤᠮ᠎ᠠ ᠵᠢᠷᠤᠭ᠎ᠠ | ᠠᠯᠬᠤᠭ᠎ᠠ ᠲᠦᠷᠪᠡᠯᠵᠢᠨ ᠰᠠᠳᠠᠷᠠᠭᠰᠠᠨ ᠵᠢᠷᠤᠭ᠎ᠠ | ᠠᠰᠬᠠᠨ ᠰᠢᠯᠣᠭᠤᠨ ᠰᠣᠪᠣᠷᠠᠭᠰᠠᠨ ᠵᠢᠷᠤᠭ᠎ᠠ | ᠦᠭᠡᠳᠡ ᠭᠠᠵᠠᠷ ᠦᠭᠰᠦᠮᠠ ᠵᠢᠷᠤᠭ᠎ᠠ | ᠣᠷᠣᠭᠤ ᠭᠠᠵᠠᠷ ᠣᠷᠣᠰᠷᠮᠠ ᠵᠢᠷᠤᠭ᠎ᠠ | ᠡᠭᠦᠯᠡ ᠮᠠᠨᠠᠨ ᠢ ᠵᠦᠰᠦᠮᠠ ᠵᠢᠷᠤᠭ᠎ᠠ | ᠦᠷᠭᠡᠨ ᠲᠠᠯ᠎ᠠ ᠵᠢᠨᠣᠭᠤᠯᠣᠮᠠ ᠵᠢᠷᠤᠭ᠎ᠠ | ᠠᠯᠳᠠᠯ ᠦᠭᠡᠢ ᠲᠣᠭᠲᠠᠮᠠᠯ ᠵᠢᠷᠤᠭ᠎ᠠ | ᠣᠷᠠᠯᠢᠭ ᠬᠦᠳᠡᠯᠳᠡᠭ ᠲᠡᠯᠡᠮᠡᠨ ᠵᠢᠷᠤᠭ᠎ᠠ | ᠦᠶᠡᠷᠯᠡᠬᠦ ᠣᠰᠣ ᠰᠢᠭ᠋ ᠬᠠᠯᠬᠢᠮ᠎ᠠ ᠵᠢᠷᠤᠭ᠎ᠠ | ᠣᠳᠣᠮ ᠰᠠᠶᠢᠲᠠᠢ ᠣᠨᠠᠭᠠᠨ ᠵᠢᠷᠤᠭ᠎ᠠ | ᠦᠶᠡᠷ ᠤᠨ ᠣᠰᠣ ᠰᠢᠭ᠋ ᠴᠢᠳᠬᠤᠯᠠᠮ᠎ᠠ ᠵᠢᠷᠤᠭ᠎ᠠ | ᠦᠯᠢᠶᠡᠬᠦ ᠰᠠᠯᠬᠢ ᠰᠢᠭ᠋ ᠱᠣᠣᠬᠢᠮ᠎ᠠ ᠵᠢᠷᠤᠭ᠎ᠠ | ᠬᠠᠵᠠᠭᠤ ᠭᠠᠵᠠᠷ ᠬᠠᠶᠢᠪᠠᠮᠠ ᠵᠢᠷᠤᠭ᠎ᠠ | ᠬᠠᠷᠠᠲᠠᠯ᠎ᠠ ᠲᠠᠯᠪᠢᠳᠠᠭ ᠬᠤᠷᠳᠣᠨ ᠵᠢᠷᠤᠭ᠎ᠠ | ᠬᠤᠯᠠ ᠶᠢᠨ ᠵᠠᠮ ᠢ ᠡᠪᠭᠡᠮᠠ ᠵᠢᠷᠤᠭ᠎ᠠ | ᠬᠤᠳᠠᠯᠠ ᠣᠯᠠᠨ ᠢ ᠢ ᠦᠢᠮᠡᠭᠦᠯᠦᠮᠠ ᠵᠢᠷᠤᠭ᠎ᠠ | ᠬᠤᠷ᠎ᠠ ᠪᠣᠷᠣᠭᠠᠨ ᠢ ᠬᠡᠶᠢᠰᠭᠡᠮᠠ ᠵᠢᠷᠤᠭ᠎ᠠ | ᠬᠤᠷᠠᠯᠳᠣᠭᠰᠠᠨ ᠪᠦᠬᠦᠨ ᠳᠤ ᠮᠠᠭᠲᠠᠭᠳᠠᠮᠠ ᠵᠢᠷᠤᠭ᠎ᠠ | ᠬᠦᠳᠡᠯᠦᠮᠡᠭᠴᠡ ᠶᠠᠪᠣᠳᠠᠭ ᠣᠷᠭᠤᠭ᠎ᠠ ᠵᠢᠷᠤᠭ᠎ᠠ | ᠬᠦᠨᠲᠦᠷᠴᠦ ᠲᠠᠪᠬᠢᠳᠠᠭ ᠲᠠᠷᠣᠮ᠎ᠠ ᠵᠢᠷᠤᠭ᠎ᠠ | ᠲᠠᠯ᠎ᠠ ᠭᠠᠵᠠᠷ ᠲᠤ ᠲᠠᠶᠢᠪᠠᠮᠠ ᠵᠢᠷᠤᠭ᠎ᠠ | ᠲᠠᠷᠭᠤ ᠬᠦᠴᠦᠲᠠᠢ ᠠᠭᠰᠣᠮ ᠵᠢᠷᠤᠭ᠎ᠠ | ᠲᠠᠯᠪᠢᠮᠠᠭᠴᠠ ᠲᠠᠰᠣᠷᠠᠳᠠᠭ ᠰᠣᠨᠣᠮᠠ ᠵᠢᠷᠤᠭ᠎ᠠ | ᠲᠠᠯᠠᠢ ᠶᠢᠨ ᠣᠰᠣ ᠰᠢᠭ᠋ ᠮᠡᠯᠮᠡᠯᠵᠡᠮᠠ ᠵᠢᠷᠤᠭ᠎ᠠ | ᠲᠡᠭᠷᠢ ᠭᠠᠵᠠᠷ ᠢ ᠲᠣᠯᠭᠢᠮᠠ ᠵᠢᠷᠤᠭ᠎ᠠ | ᠲᠦᠷᠦᠭᠰᠡᠨ ᠨᠣᠲᠤᠭ ᠢᠶᠠᠨ ᠪᠠᠶᠠᠰᠬᠠᠳᠠᠭ ᠵᠢᠷᠤᠭ᠎ᠠ | ᠪᠠᠶᠢᠴᠠ ᠶᠢᠨ ᠮᠣᠷᠢᠨ ᠤ ᠪᠣᠲᠠᠷᠠᠮᠠ ᠵᠢᠷᠤᠭ᠎ᠠ | ᠪᠠᠶᠠᠯᠢᠭ ᠭᠡᠰᠢᠭᠳᠡᠨ ᠤ ᠪᠢᠯᠬᠠᠮ᠎ᠠ ᠵᠢᠷᠤᠭ᠎ᠠ | ᠨᠠᠶᠢᠷ ᠪᠦᠬᠦᠨ ᠳᠤ ᠲᠡᠷᠢᠭᠦᠯᠡᠳᠡᠭ | ᠨᠠᠭᠠᠳᠣᠮ ᠪᠣᠯᠭᠠᠨ ᠳᠤ ᠮᠠᠩᠯᠠᠶᠢᠯᠠᠳᠠᠭ | ᠦᠵᠡᠭᠰᠡᠨ ᠪᠦᠬᠦᠨᠨ ᠳᠤ ᠮᠠᠭᠲᠠᠭᠳᠠᠳᠠᠭ | ᠣᠷᠣᠰᠣᠮ᠎ᠠ ᠵᠢᠷᠤᠭ᠎ᠠ ᠡᠨᠡ ᠮᠣᠷᠢ ᠪᠣᠯ | ᠬᠡᠭᠡᠷ᠎ᠠ ᠲᠠᠯ᠎ᠠ ᠶᠢᠨ ᠪᠦᠷᠭᠦᠳ | ᠭᠡᠰᠢᠭᠳᠡᠨ ᠭᠡᠭᠦᠦ ᠶᠢᠨ ᠣᠨᠠᠭ᠎ᠠ | ᠬᠤᠨᠭ᠍ᠭᠤ ᠬᠠᠶᠢᠷᠬᠠᠨ ᠤ ᠬᠠᠨᠳᠠᠭᠠᠢ | ᠬᠠᠨᠭ᠍ᠭᠠᠢ ᠰᠢᠯᠢ ᠶᠢᠨ ᠬᠠᠷᠴᠠᠭᠠᠢ | ᠬᠠᠭᠠᠨ ᠡᠵᠡᠨ ᠤ ᠬᠦᠯᠦᠭ | ᠭᠡᠰᠢᠭᠳᠡᠨ ᠵᠢᠷᠤᠭ᠎ᠠ ᠮᠣᠷᠢ ᠪᠣᠯᠠᠢ︕ | ᠭᠡᠵᠦ ᠵᠦᠢᠷᠯᠡᠨ ᠲᠦᠷᠰᠦᠯᠡᠵᠦ᠂ ᠣᠶᠠᠩᠭᠠᠯᠠᠨ ᠮᠠᠭᠲᠠᠳᠠᠭ ᠪᠠᠶᠢᠭᠰᠠᠨ᠃ | | ᠲᠠᠪᠤ᠂ ᠠᠯᠲᠠᠨ ᠰᠣᠷ ᠲᠠᠢ ᠭᠠᠨᠭ᠍ᠭᠠᠡᠭ ᠬᠠᠷ᠎ᠠ ᠠᠵᠢᠷᠭ᠎ᠠ | | ᠭᠡᠰᠢᠭᠳᠡᠨ ᠨᠣᠲᠤᠭ ᠤᠨ ᠲᠠᠯᠠᠶᠢᠨᠠᠭᠤᠷ ᠤᠨ ᠬᠦᠪᠡᠭᠡᠨ᠎ᠠ ᠡᠷᠲᠡ ᠣᠵᠣᠭᠤᠷ ᠠᠴᠠ ᠡᠳᠦᠭᠡ | ᠪᠣᠯᠲᠠᠯ᠎ᠠ ᠠᠳᠣᠭᠤ ᠣᠯᠠᠨ ᠦᠷᠡᠵᠢᠳᠡᠭ ᠪᠦᠭᠡᠳ ᠬᠤᠷᠳᠣᠨ ᠬᠦᠯᠦᠭ᠂ ᠰᠠᠶᠢᠨ ᠠᠭᠲᠠ᠂ ᠵᠢᠷᠤᠭ᠎ᠠ ᠮᠣᠷᠢᠳ | ᠠᠷᠪᠢᠨ ᠭᠠᠷᠳᠠᠭ᠃ ᠨᠡᠩ ᠴᠦ ᠣᠳᠣᠮ ᠰᠠᠶᠢᠲᠠᠢ ᠭᠡᠰᠢᠭᠳᠡᠨ ᠵᠢᠷᠤᠭ᠎ᠠ ᠮᠣᠷᠢ ᠭᠡᠭᠰᠡᠭᠡᠷ ᠬᠤᠯᠠ ᠣᠢᠢᠷ᠎ᠠ ᠳᠤ ᠪᠦᠷ | ᠨᠡᠷ᠎ᠠ ᠠᠯᠳᠠᠷᠰᠢᠭᠰᠠᠨ ᠶᠣᠮᠰᠠᠨ᠃ ᠠᠳᠡ ᠲᠡᠮᠲᠡᠭᠯᠡᠭᠦᠰᠢᠲᠠᠢ ᠨᠢ᠂ ᠦᠨᠡᠨ ᠮᠦᠨ ᠴᠦ ᠭᠡᠮᠡᠷ᠂ ᠡᠷᠲᠡ ᠴᠠᠭ ᠠᠴᠠ | ᠣᠯᠠᠮᠵᠢᠯᠠᠭᠳᠠᠵᠣ ᠢᠷᠡᠭᠰᠡᠨ ᠡᠶᠢᠮᠦ ᠨᠢᠭᠡᠨ ᠦᠯᠢᠭᠡᠷ ᠲᠣᠮᠤᠭ ᠪᠠᠶᠢᠳᠠᠭ᠄ | ᠲᠦᠯᠵᠢᠬᠦ ᠣᠯᠠᠷᠢᠯ ᠤᠨ ᠬᠡᠣᠬᠡᠨ ᠬᠠᠪᠣᠷ ᠪᠣᠯᠣᠭᠰᠠᠭᠠᠷ᠂ ᠭᠡᠭᠡᠨ ᠲᠣᠩᠭᠠᠯᠠᠭ ᠰᠠᠷ᠎ᠠ ᠲᠠᠢ | ᠰᠦᠨᠢ ᠶᠢᠨ ᠭᠦᠨ ᠳᠤ᠂ ᠨᠣᠮᠣᠬᠠᠨ ᠲᠦᠯᠭᠡᠨ ᠪᠠᠶᠢᠭᠰᠠᠨ ᠲᠠᠯᠠᠶᠢᠨᠠᠭᠤᠷ ᠤᠨ ᠴᠡᠩᠭᠡᠷ ᠣᠰᠣ ᠭᠡᠨᠡᠳᠲᠡ ᠲᠡᠭᠷᠢ | ᠲᠣᠯᠣᠮ᠎ᠠ ᠣᠢᠢᠯᠣᠨ ᠲᠠᠪᠠᠯᠭᠠᠯᠠᠵᠣ᠂ ᠨᠠᠭᠤᠷ ᠤᠨ ᠲᠣᠲᠣᠷ᠎ᠠ ᠠᠴᠠ ᠠᠯᠲᠠᠨ ᠰᠣᠷ ᠲᠠᠢ᠂ ᠬᠤᠷ ᠲᠡᠯ ᠲᠠᠢ᠂ | ᠠᠭᠰᠣᠮ ᠰᠠᠶᠢᠬᠠᠨ ᠭᠦᠶᠦᠳᠡᠯ ᠲᠠᠢ᠂ ᠣᠷᠣᠰᠣᠮ᠎ᠠ ᠰᠠᠶᠢᠬᠠᠨ ᠵᠢᠷᠤᠭ᠎ᠠ ᠭᠠᠨᠭ᠍ᠭᠠᠡᠭ ᠬᠠᠷ᠎ᠠ ᠠᠵᠢᠷᠭ᠎ᠠ ᠲᠠᠪᠬᠢᠨ | ᠭᠠᠷᠴᠣ ᠢᠷᠡᠭᠡᠳ᠂ ︽ᠵᠦᠭᠡᠯᠡᠨ ᠨᠣᠭᠤᠭᠠᠨ ᠵᠦᠯᠭᠡᠨ ᠲᠡᠭᠡᠷ᠎ᠠ᠂ ᠲᠣᠭᠯᠠᠨ ᠭᠦᠶᠦᠵᠦ ᠬᠦᠷᠪᠡᠨ ᠨᠠᠭᠠᠳᠴᠣ᠂ | ᠰᠣᠷᠭᠤᠭ ᠰᠢᠮ᠎ᠠ ᠲᠠᠢ ᠪᠡᠯᠴᠢᠭᠡᠷ ᠲᠡᠭᠡᠷ᠎ᠠ᠂ ᠲᠠᠭᠠᠲᠠᠢ ᠢᠳᠡᠰᠢᠯᠡᠵᠦ ᠲᠠᠪᠠᠲᠠᠢ ᠪᠡᠯᠴᠢᠵᠦ᠂ ᠦᠡᠭᠭᠡ ᠶᠢᠨ ᠰᠠᠶᠢᠬᠠᠨ | ᠴᠡᠴᠡᠭ ᠨᠣᠭᠤᠭ᠎ᠠ ᠶᠢ᠂ ᠦᠨᠦᠷᠲᠡᠨ ᠦᠨᠦᠷᠲᠡᠨ ᠶᠠᠪᠣᠭᠰᠠᠭᠠᠷ᠂ ᠠᠳᠣᠭᠤᠨ ᠰᠦᠷᠦᠭ ᠤᠨ ᠲᠣᠮᠳᠠ᠂ ᠠᠭᠰᠣᠮ | ᠲᠠᠪᠬᠢᠨ ᠣᠷᠣᠮᠠᠭᠴᠠ᠂ ᠬᠦᠵᠦᠭᠦᠦ ᠲᠠᠷᠣᠨ ᠴᠢᠬᠢ ᠬᠤᠯᠮᠠᠶᠢᠵᠣ᠂ ᠲᠡᠯ ᠬᠠᠯᠢᠷᠠᠭᠤᠯᠵᠣ ᠰᠡᠭᠦᠯ ᠪᠠᠭᠠᠳᠠᠭᠯᠠᠨ᠂ | ᠣᠷᠣᠰᠣᠮ᠎ᠠ ᠵᠢᠷᠤᠭ᠎ᠠ ᠭᠦᠶᠦᠳᠡᠯ ᠢᠶᠠᠷ᠂ ᠣᠷᠣᠭᠰᠢ ᠬᠤᠶᠢᠰᠢ ᠬᠤᠮᠪᠢᠵᠣ᠂ ᠲᠡᠯᠮᠡᠨ ᠵᠢᠷᠤᠭ᠎ᠠ ᠶᠠᠪᠣᠳᠠᠯ ᠢᠶᠠᠷ ᠵᠡᠭᠦᠨᠰᠢ | ᠪᠠᠷᠠᠭᠤᠨᠰᠢ ᠬᠠᠰᠢᠵᠣ᠂ ᠢᠵᠢᠯᠰᠢᠨ ᠨᠠᠭᠠᠳᠴᠣ᠂ ᠦᠣᠷᠰᠡᠨ ᠢᠨᠴᠠᠭᠠᠳᠠᠭ ᠭᠡᠨ᠎ᠠ︾᠃ | ᠠᠯᠲᠠᠨ ᠰᠣᠷ ᠲᠠᠢ ᠭᠠᠨᠭ᠍ᠭᠠᠡᠭ ᠬᠠᠷ᠎ᠠ ᠠᠵᠢᠷᠭ᠎ᠠ ᠶᠢᠨ ᠦᠣᠷᠰᠡᠨ ᠢᠨᠴᠠᠭᠠᠬᠤ ᠲᠠᠭᠤᠨ ᠨᠢ ᠵᠠᠭᠤᠨ | ᠭᠠᠵᠠᠷ ᠤᠨ ᠴᠠᠭᠠᠨ᠎ᠠ ᠲᠠᠭᠤᠷᠢᠰᠴᠣ᠂ ᠮᠢᠩᠭᠠᠨ ᠭᠠᠵᠠᠷ ᠤᠨ ᠨᠠᠭᠠᠨ᠎ᠠ ᠰᠣᠨᠣᠰᠳᠠᠬᠤ ᠳᠤ ᠭᠡᠰᠢᠭᠳᠡᠨ ᠨᠣᠲᠤᠭ ᠤᠨ | ᠵᠡᠭᠦᠨ ᠪᠠᠷᠠᠭᠤᠨ ᠠᠷᠣ ᠶᠢᠨ ᠲᠦᠭ ᠲᠦᠮᠡᠨ ᠠᠳᠣᠭᠤ ᠲᠡᠭᠦᠨ ᠤ ᠲᠠᠭᠤᠨ ᠢ ᠲᠠᠭᠠᠵᠣ᠂ ᠲᠠᠯᠠᠶᠢᠨᠠᠭᠤᠷ ᠢ ᠴᠢᠭᠯᠡᠨ | ᠲᠠᠪᠬᠢᠯᠳᠣᠨ ᠭᠦᠶᠦᠯᠴᠡᠳᠡᠭ ᠭᠡᠨ᠎ᠠ᠃ ᠡᠶᠢᠮᠦ ᠠᠴᠠ ᠭᠡᠰᠢᠭᠳᠡᠨ ᠨᠣᠲᠤᠭ ᠲᠤ ᠠᠳᠣᠭᠤ ᠠᠷᠪᠢᠨ ᠦᠷᠡᠵᠢᠨ ᠦᠰᠴᠦ᠂ | ᠬᠤᠷᠳᠣᠨ ᠬᠦᠯᠦᠭ᠂ ᠰᠠᠶᠢᠨ ᠠᠭᠲᠠ᠂ ᠵᠢᠷᠤᠭ᠎ᠠ ᠮᠣᠷᠢᠳ ᠣᠯᠠᠨ ᠭᠠᠷᠳᠠᠭ ᠣᠯᠠᠮᠵᠢᠯᠠᠯ ᠲᠠᠢ ᠪᠣᠯᠣᠭᠰᠠᠨ ᠭᠡᠨ᠎ᠠ᠃ | ᠲᠡᠭᠦᠨ ᠠᠴᠠ ᠰᠡᠭᠦᠯᠡᠷ᠂ ᠣᠳᠣᠮ ᠰᠠᠶᠢᠲᠠᠢ ᠣᠷᠣᠰᠣᠮ᠎ᠠ ᠰᠠᠶᠢᠨ ᠭᠡᠰᠢᠭᠳᠡᠨ ᠵᠢᠷᠤᠭ᠎ᠠ ᠮᠣᠷᠢᠳ ᠨᠢ ᠬᠤᠯᠠ | ᠣᠢᠢᠷ᠎ᠠ ᠳᠤ ᠨᠡᠷ᠎ᠠ ᠠᠯᠳᠠᠷᠰᠢᠭᠰᠠᠨ ᠶᠣᠮ ᠭᠡᠵᠦ ᠭᠡᠰᠢᠭᠳᠡᠨ ᠮᠣᠩᠭᠤᠯᠴᠣᠳ ᠮᠣᠩᠭᠤᠯ ᠭᠡᠷ ᠲᠡᠭᠡᠨ ᠦᠯᠢᠭᠡᠷ ᠪᠣᠯᠭᠠᠨ | ᠶᠠᠷᠢᠳᠠᠭ ᠪᠢᠯᠡ᠃ ᠦᠨᠡᠬᠡᠷ ᠴᠦ ᠲᠡᠶᠢᠮᠦ ᠪᠠᠶᠢᠵᠣ ᠮᠡᠳᠡᠨ᠎ᠠ᠃ ᠡᠭᠦᠨ ᠳᠤ ᠭᠡᠰᠢᠭᠳᠡᠨ ᠨᠣᠲᠤᠭ ᠤᠨ ᠪᠠᠶᠢᠴᠠ ᠶᠢᠨ | ᠭᠤᠣ ᠶᠢᠨ ︽ᠬᠠᠲᠠᠭᠤ ᠲᠣᠭᠤᠷᠠᠶᠢᠲᠣ ᠮᠣᠷᠢ︾᠂ ᠲᠦᠰᠢᠶᠡᠲᠦ ᠶᠢᠨ ︽ᠦᠨᠳᠦᠷ ᠬᠡᠭᠡᠷ᠎ᠠ ᠮᠣᠷᠢ︾᠂ | ᠲᠠᠯᠠᠶᠢᠨᠠᠭᠤᠷ ᠤᠨ ︽ᠠᠯᠲᠠᠨ ᠰᠣᠷ ᠲᠠᠢ ᠮᠣᠷᠢ︾᠂ ᠭᠠᠨᠭ᠍ᠭᠠᠡᠭ ᠨᠠᠭᠤᠷ ᠤᠨ ︽ᠭᠠᠨᠭ᠍ᠭᠠᠡᠭ ᠬᠠᠷ᠎ᠠ ᠮᠣᠷᠢ︾ ᠨᠢ | ᠣᠳᠣᠮ ᠰᠠᠶᠢᠲᠠᠢ᠂ ᠡᠷ᠎ᠠ ᠬᠦᠴᠦ ᠲᠠᠢ᠂ ᠪᠡᠶ᠎ᠠ ᠶᠡᠭᠡ ᠲᠠᠢ᠂ ᠪᠢᠷ᠎ᠠ ᠴᠢᠳᠠᠯ ᠲᠠᠢ᠂ ᠬᠤᠷᠳᠣᠨ ᠭᠦᠶᠦᠳᠡᠯ ᠲᠠᠢ ᠲᠣᠯᠠ | ᠣᠯᠣᠰ ᠤᠨ ᠲᠣᠲᠣᠭᠠᠳᠣ ᠳᠤ ᠨᠡᠷ᠎ᠠ ᠠᠯᠳᠠᠷᠰᠢᠭᠰᠠᠨ ᠠᠴᠠ ᠲᠡᠣᠬᠡᠨ ᠠᠴᠠ ᠠᠪᠣᠭᠠᠳ ᠴᠡᠷᠢᠭ ᠤᠨ ᠠᠭᠲᠠ ᠪᠠᠷ | ᠰᠢᠯᠢᠭᠳᠡᠵᠦ ᠪᠠᠶᠢᠭᠰᠠᠨ ᠶᠣᠮᠰᠠᠨ᠃ | | ᠵᠢᠷᠭᠤᠭ᠎ᠠ᠂ ᠠᠷᠠᠳ ᠤᠨ ᠲᠠᠭᠤᠣ ︽ᠭᠠᠨᠭ᠍ᠭᠠᠡᠭ ᠬᠠᠷ᠎ᠠ ᠮᠣᠷᠢ︾ | | ᠭᠡᠰᠢᠭᠳᠡᠨ ᠮᠣᠩᠭᠤᠯᠴᠣᠳ ᠵᠢᠷᠤᠭ᠎ᠠ ᠮᠣᠷᠢ ᠪᠠᠨ ᠮᠠᠭᠲᠠᠨ ᠲᠠᠭᠤᠯᠠᠭᠰᠠᠨ ︽ᠭᠠᠨᠭ᠍ᠭᠠᠡᠭ ᠬᠠᠷ᠎ᠠ | ᠮᠣᠷᠢ︾ ᠭᠡᠰᠡᠨ ᠠᠷᠠᠳ ᠤᠨ ᠲᠠᠭᠤᠣ ᠳᠠᠭᠠᠨ᠄ | ︽ᠭᠠᠨᠭ᠍ᠭᠠᠡᠭ ᠬᠠᠷ᠎ᠠ ᠮᠣᠷᠢ ᠶᠢ ᠪᠠᠨ | ᠭᠠᠨᠭ᠍ᠳᠠᠯ ᠦᠭᠡᠢ ᠰᠦᠢᠭ᠌ᠰᠠᠨ ᠶᠣᠮ ᠬᠦᠢ | ᠭᠠᠵᠠᠷ ᠤᠨ ᠬᠤᠯᠠ ᠮᠣᠷᠳᠠᠭᠰᠠᠨ ᠬᠤᠨᠭ᠍ᠭᠤᠷ ᠢ ᠪᠠᠨ | ᠡᠷᠭᠢᠵᠦ ᠦᠵᠡᠬᠦ ᠪᠠᠷ ᠮᠣᠷᠳᠠᠭᠰᠠᠨ ᠶᠣᠮ ᠬᠦᠢ ᠁︾ | ᠭᠡᠵᠦ ᠬᠤᠷᠳᠣᠨ ᠮᠣᠷᠢᠨ ᠤ ᠰᠠᠶᠢᠨ ᠢᠶᠠᠷ ᠬᠤᠨᠭ᠍ᠭᠤᠷ ᠬᠤᠶᠠᠷ ᠵᠠᠯᠠᠭᠤ ᠪᠣᠯᠵᠣᠭᠠᠨ ᠳᠠᠭᠠᠨ | ᠠᠭᠤᠯᠵᠠᠵᠣ ᠴᠢᠳᠠᠭᠰᠠᠨ ᠢ ᠲᠠᠭᠤᠯᠠᠭᠰᠠᠨ ᠪᠢᠯᠡ᠃ | | ︵ᠤᠯᠠᠭᠠᠨ ᠬᠠᠳᠠ ᠶᠢᠨ ᠡᠳᠤᠷ ᠤᠨ | ᠰᠤᠨᠢᠨ ᠠᠴᠠ︶ | |