ᠬᠢᠯᠭᠠᠰᠤ ᠪᠠᠷ ᠵᠡᠬᠡᠭᠯᠡᠭᠰᠡᠨ ᠵᠡᠬᠦᠳᠤᠨ ᠤ ᠡᠷᠢᠯᠴᠢᠨ — ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ ᠪᠠᠶᠠᠨᠭᠤᠤᠯ ᠪᠦᠷᠢᠨ ᠪᠠᠭ᠎ᠠ ᠰᠤᠷᠭᠠᠭᠤᠯᠢ ᠶᠢᠨ ᠪᠠᠭᠰᠢ ᠮ᠊ · ᠰᠠᠴᠠᠨᠪᠠᠭᠠᠳᠤᠷ ᠢ ᠲᠡᠮᠳᠡᠭᠯᠡᠪᠡ
ᠨᠡᠶᠢᠲᠡᠯᠡᠭᠰᠡᠨ ᠴᠠᠭ᠄
2015/4/16
     ᠦᠬᠡ ᠪᠢᠳᠠ ᠬᠤᠶᠠᠷ      ᠪᠡᠶ᠎ᠡ ᠪᠡᠶ᠎ᠡ ᠪᠠᠨ ᠰᠢᠷᠳᠠᠨ᠎ᠡ      ᠦᠬᠡ ᠪᠢᠳᠠ ᠬᠤᠶᠠᠷ ᠤᠨ ᠬᠤᠭᠤᠷᠤᠨᠳᠤᠭᠤᠷ      ᠪᠢᠯᠢᠭᠲᠦ ᠬᠦᠷᠦᠬᠡᠰᠤ ᠴᠠᠬᠢᠯᠤᠨ᠎ᠡ      ᠦᠬᠡ ᠶᠢ ᠪᠢ ᠴᠠᠩᠭᠠᠵᠦ ᠰᠤᠨᠤᠰᠳᠠᠭ      ᠦᠬᠡ ᠨᠠᠮᠠᠢᠢ ᠠᠷᠢᠭᠤᠰᠬᠠᠵᠦ ᠬᠦᠳᠤᠯᠳᠡᠭ ᠁      ᠲᠡᠶᠢᠮᠦ ᠡ︕ ᠶᠠᠭ ᠯᠡ ᠲᠡᠷᠡᠬᠦ ᠦᠬᠡ ᠪᠠᠳᠠᠭ ᠨᠢ ᠲᠠ ᠪᠢᠳᠠᠨ ᠢ ᠠᠷᠢᠭᠤᠰᠬᠠᠨ ᠬᠦᠳᠤᠯᠵᠦ᠂ ᠢᠷᠠᠭᠤ ᠨᠠᠶᠢᠷᠠᠭ ᠤᠨ ᠰᠤᠳᠤᠨ ᠮᠡᠳᠡᠷᠡᠮᠵᠢ ᠳᠤ ᠪᠤᠯᠤᠷ ᠲᠤᠯᠢ ᠨᠢ ᠪᠤᠯᠵᠦ ᠬᠢᠯᠡᠰᠴᠡᠢ᠃      ︽ᠬᠠᠳᠠᠨ ᠳᠤ ᠪᠢᠯᠡᠬᠦᠳᠡᠭᠰᠡᠨ ᠬᠢᠯᠭᠠᠰᠤ︾ ᠰᠢᠯᠦᠭ ᠨᠢ ᠠᠮᠤᠭᠤᠯᠠᠩ ᠲᠦᠯᠬᠡᠨ ᠬᠦᠭ ᠠᠶᠠᠰ᠂ ᠠᠷᠢᠭᠤᠨ ᠴᠡᠬᠡᠯ ᠬᠡᠯᠡ ᠬᠡᠯᠡᠯᠬᠡ᠂ ᠠᠨᠢᠷ ᠤᠨ ᠵᠡᠬᠦᠳᠤᠨ ᠳᠠᠬᠢ ᠤᠩᠭᠤᠨ ᠪᠠᠶᠢᠭᠠᠯᠢ ᠶᠢᠨ ᠰᠠᠨᠠᠭ᠎ᠠ ᠠᠬᠤᠢ ᠶᠢᠨ ᠤᠷᠤᠨ ᠵᠠᠢ ᠎ ᠳᠤ ᠪᠦᠳᠦᠬᠡᠭᠳᠡᠭᠰᠡᠨ ᠢᠶᠠᠷ ᠢᠶᠠᠨ ᠮᠤᠩᠭᠤᠯ ᠲᠦᠮᠡᠨ ᠤ ᠬᠠᠷᠠᠭᠠᠨ ᠰᠡᠷᠡᠯ ᠠᠴᠠ ᠤᠶᠤᠨ ᠤ ᠰᠡᠷᠡᠯ ᠳᠤ ᠬᠦᠷᠴᠤ᠂ 2014 ᠤᠨ ᠳᠤ ᠶᠠᠪᠤᠬᠳᠠᠬᠰᠡᠨ ︽ᠨᠡ᠊ · ᠰᠠᠶᠢᠨᠴᠤᠬᠳᠤ ᠶᠢᠨ ᠮᠠᠨᠳᠤᠯᠡᠭᠰᠡᠨ 100 ᠵᠢᠯ ᠤᠨ ᠤᠢ ᠶᠢ ᠲᠤᠷᠠᠰᠬᠠᠬᠤ ᠪᠦᠬᠦ ᠤᠯᠤᠰ ᠤᠨ ᠤᠷᠠᠨ ᠵᠤᠬᠢᠶᠠᠯ ᠤᠨ ᠤᠷᠤᠯᠳᠤᠭᠠᠨ︾᠎ ᠳᠤ ᠲᠡᠷᠢᠬᠦᠨ ᠱᠠᠩ ᠢᠶᠠᠷ ᠮᠢᠯᠢᠶᠠᠯᠭᠠᠬᠰᠡᠨ ᠪᠢᠯᠡ᠃ ᠲᠡᠷᠡᠪᠡᠷ ᠲᠤᠰ ᠢᠷᠠᠭᠤ ᠠᠯᠳᠠᠷ ᠢ ᠲᠤᠰᠤᠬᠰᠡᠨ ᠬᠦᠮᠦᠨ ᠨᠢ ᠮᠠᠰᠢᠪᠡᠳᠤ ᠶᠢᠨ ᠰᠠᠴᠡᠨᠪᠠᠭᠠᠳᠤᠷ ᠪᠠᠶᠢᠵᠦ ᠲᠠᠭᠠᠷᠠᠨ᠎ᠠ᠃      ᠮᠠᠰᠢᠪᠠᠳᠤ ᠶᠢᠨ ᠰᠠᠴᠡᠨᠪᠠᠭᠠᠳᠤᠷ᠂ 1969 ᠤᠨ ᠳᠤ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ ᠪᠢᠯᠡᠬᠦᠳᠡᠢ ᠭᠠᠴᠠᠭᠠᠨ ᠳᠤ ᠮᠠᠰᠢᠪᠠᠳᠤ ᠬᠠᠶᠢᠳᠠᠩ ᠤᠨ ᠤᠤᠭᠠᠨ ᠬᠦᠦ ᠨᠢ ᠪᠤᠯᠵᠦ ᠵᠠᠶᠠᠭᠠᠵᠠᠢ᠃ 1989 ᠤᠨ ᠳᠤ ᠯᠢᠨᠳᠦ᠋ᠩ ᠤᠨ ᠪᠠᠭᠰᠢ ᠶᠢᠨ ᠰᠤᠷᠭᠠᠭᠤᠯᠢ ᠠᠴᠠ ᠲᠡᠬᠦᠰᠴᠤ᠂ ᠮᠦᠨ ᠵᠢᠯ ᠠᠴᠠ ᠡᠬᠢᠯᠡᠨ ᠬᠡᠰᠢᠭᠳᠡᠨ ᠬᠤᠰᠢᠭᠤᠨ ᠤ ᠤᠤᠯ ᠤᠨ ᠠᠴᠬᠠᠭᠤᠯᠠ ᠰᠤᠮᠤᠨ ᠤ ᠶᠡᠷᠦᠩᠬᠡᠢ ᠰᠤᠷᠭᠠᠭᠤᠯᠢ᠂ ᠬᠦᠩᠬᠡᠷ ᠭᠠᠴᠠᠭᠠᠨ ᠤ ᠪᠠᠭ᠎ᠠ ᠰᠤᠷᠭᠠᠭᠤᠯᠢ᠂ ᠪᠠᠶᠠᠨᠭᠤᠤᠯ ᠰᠤᠮᠤᠨ ᠤ ᠪᠦᠷᠢᠨ ᠪᠠᠭ᠎ᠠ ᠰᠤᠷᠭᠠᠭᠤᠯᠢ᠂ ᠪᠠᠶᠠᠨᠴᠠᠭᠠᠨ ᠰᠤᠮᠤᠨ ᠤ ᠶᠡᠷᠦᠩᠬᠡᠢ ᠪᠠᠭ᠎ᠠ ᠰᠤᠷᠭᠠᠭᠤᠯᠢ ︵ᠤᠳᠤ ᠶᠢᠨ ᠪᠠᠶᠠᠨᠴᠠᠭᠠᠨ ᠰᠤᠮᠤᠨ ᠤ ᠪᠦᠷᠢᠨ ᠪᠠᠭ᠎ᠠ ᠰᠤᠷᠭᠠᠭᠤᠯᠢ︶᠎ ᠳᠤ ᠲᠤᠰ ᠲᠤᠰ ᠪᠠᠭᠰᠢ ᠪᠠᠷ ᠠᠵᠢᠯᠯᠠᠵᠦ ᠦᠩᠬᠡᠷᠡᠵᠡᠢ᠃ ᠤᠳᠤᠬᠠᠨ ᠳᠤ ᠪᠠᠶᠠᠨᠴᠠᠭᠠᠨ ᠰᠤᠮᠤᠨ ᠤ ᠪᠠᠶᠠᠭᠤᠤᠯ ᠪᠦᠷᠢᠨ ᠪᠠᠭ᠎ᠠ ᠰᠤᠷᠭᠠᠭᠤᠯᠢ ︵ᠤᠤᠯ ᠤᠨ ᠪᠠᠶᠠᠨᠭᠤᠤᠯ ᠰᠤᠮᠤᠨ ᠤ ᠪᠦᠷᠢᠨ ᠪᠠᠭ᠎ᠠ ᠰᠤᠷᠭᠠᠭᠤᠯᠢ︶᠎ ᠶᠢᠨ ᠨᠡᠮ ᠤᠨ ᠡᠬᠦᠷ ᠤᠨ ᠱᠦᠵᠢ ᠪᠠᠷ ᠠᠵᠢᠯᠯᠠᠵᠦ ᠪᠠᠶᠢᠬᠤ ᠮᠦᠷᠳᠡᠬᠡᠨ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠬᠡᠰᠢᠬᠦᠨ᠂ ᠤᠯᠠᠭᠠᠨᠬᠠᠳᠠ ᠬᠤᠳᠠ ᠶᠢᠨ ᠵᠤᠬᠢᠶᠠᠯᠴᠢᠳ ᠤᠨ ᠨᠡᠶᠢᠬᠡᠮᠯᠢᠭ ᠤᠨ ᠬᠡᠰᠢᠬᠦᠨ᠂ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ ᠤᠨ ᠨᠠᠷᠢᠨ ᠪᠢᠴᠢᠭ ᠤᠨ ᠲᠠᠷᠤᠭ᠎ᠠ ᠵᠡᠷᠬᠡ ᠲᠤᠰᠢᠶᠡᠯ ᠤᠳ ᠢ ᠡᠬᠦᠷᠬᠡᠯᠡᠵᠦ ᠪᠤᠢ᠃ 2003 ᠤᠨ ᠳᠤ᠂ ︽ᠠᠬᠢ ᠡᠪᠡᠰᠤᠨ ᠤ ᠵᠠᠶᠢᠷ︾ ᠠᠩᠬᠠᠨ ᠤ ᠰᠢᠯᠦᠭ ᠤᠨ ᠲᠡᠬᠦᠪᠦᠷᠢ ᠪᠠᠨ ᠬᠡᠪᠯᠡᠬᠦᠯᠵᠦ᠂ 2011 ᠤᠨ ᠎ ᠳᠤ᠂ ︽ᠬᠠᠪᠤᠷ ᠴᠠᠭ ᠤᠨ ᠰᠠᠷᠡ︾ ᠰᠢᠯᠦᠭ ᠤᠨ ᠲᠡᠬᠦᠪᠦᠷᠢ ᠪᠠᠨ ᠬᠡᠪᠯᠡᠬᠦᠯᠵᠡᠢ᠃ ︽ᠦᠪᠦᠷ ᠮᠤᠩᠭᠤᠯ ᠤᠨ ᠤᠳᠤ ᠦᠶ᠎ᠡ ᠶᠢᠨ ᠰᠢᠯᠦᠭ ᠤᠨ ᠰᠤᠩᠭᠤᠮᠠᠯ︾᠎ ᠳᠤ ︽ᠦᠪᠦᠷ ᠮᠤᠩᠭᠤᠯ ᠮᠢᠨᠢ︾ ᠬᠡᠮᠡᠬᠦ ᠰᠢᠯᠦᠭ ᠨᠢ ᠰᠢᠯᠢᠭᠳᠡᠨ ᠰᠢᠨ᠎ᠡ ᠮᠤᠩᠭᠤᠯ ᠦᠰᠦᠭ ᠢᠶᠠᠷ ᠬᠦᠷᠪᠡᠬᠦᠯᠦᠭᠳᠡᠵᠦ᠂ ᠮᠤᠩᠭᠤᠯ ᠤᠯᠤᠰ ᠤᠨ ᠤᠩᠰᠢᠬᠴᠢ ᠲᠠᠢ ᠵᠤᠯᠭᠠᠬᠰᠡᠨ ᠪᠠᠶᠢᠨ᠎ᠡ᠃ 2002 ᠤᠨ ᠳᠤ᠂ ︽ᠰᠢᠷ᠎ᠡ ᠮᠦᠷᠡᠨ︾ ᠰᠡᠳᠬᠦᠯ ᠤᠨ ︽ᠮᠦᠩᠬᠦᠨ ᠲᠦᠷᠦᠬᠡ︾ ᠤᠷᠠᠨ ᠵᠤᠬᠢᠶᠠᠯ ᠤᠨ ᠤᠷᠤᠯᠳᠤᠭᠠᠨ ᠳᠤ ︽ᠠᠯᠳᠠᠨ ᠭᠤᠪᠢ ᠶᠢᠨ ᠮᠤᠷᠢᠨ ᠬᠤᠭᠤᠷ︾ ᠰᠢᠯᠦᠭ ᠢᠶᠠᠷ ᠢᠶᠠᠨ ᠮᠠᠩᠯᠠᠶᠢᠯᠡᠵᠡᠢ᠃      ᠰᠤᠷᠪᠤᠯᠵᠢᠯᠠᠬᠴᠢ᠄ ︽ᠲᠨᠨ ᠤ ︿ᠬᠠᠳᠠᠨ ᠳᠤ ᠪᠢᠯᠡᠬᠦᠳᠡᠭᠰᠡᠨ ᠬᠢᠯᠭᠠᠰᠤ﹀ ᠰᠢᠯᠦᠭ ᠢᠶᠠᠨ ᠲᠤᠭᠤᠷᠪᠢᠬᠤ ᠦᠶᠡᠰ ᠤᠨ ᠠᠩᠬᠠᠨ ᠤ ᠰᠡᠳᠬᠢᠭᠳᠡᠯ ᠶᠠᠭᠤ ᠪᠤᠢ︖︾      ᠮ᠊ · ᠰᠠᠴᠠᠨᠪᠠᠭᠠᠳᠤᠷ᠄ ︽ᠮᠤᠩᠭᠤᠯ ᠦᠬᠡ ᠬᠡᠯᠡ ᠨᠢ ᠨᠡᠬᠦᠳᠡᠯ ᠠᠮᠢᠳᠤᠷᠡᠯ ᠠᠴᠠ ᠤᠨᠳᠤᠷᠤᠯ ᠲᠠᠢ᠃ ᠲᠡᠷᠡ ᠎ ᠨᠢ ᠨᠡᠬᠦᠳᠡᠯ ᠠᠮᠢᠳᠤᠷᠡᠯ ᠤᠨ ᠰᠠᠭᠤᠷᠢᠯᠡᠯ ᠢᠶᠠᠷ ᠢᠶᠠᠨ ᠢᠷᠠᠭᠤ ᠡᠬᠡᠰᠢᠭᠯᠡᠩ᠂ ᠪᠠᠶᠠᠯᠢᠬᠵᠢᠭᠤᠨ ᠪᠠᠶᠢᠳᠠᠭ᠃ ᠴᠠᠭ ᠡᠷᠡᠨ ᠤ ᠤᠷᠴᠢᠯ᠂ ᠶᠤᠰᠤ ᠵᠠᠩᠰᠢᠯ ᠤᠨ ᠤᠨᠳᠤᠤᠰᠢᠯ ᠢᠶᠠᠷ ᠪᠢᠳᠡᠨ ᠤ ᠴᠡᠪᠡᠷ ᠬᠡᠯᠡᠨ ᠤ ᠤᠷᠴᠢᠨ ᠠᠯᠳᠠᠬᠳᠠᠵᠦ᠂ ᠴᠡᠩᠬᠡᠷ ᠠᠭᠠᠷ ᠤᠨᠢᠶᠠᠷᠳᠤᠵᠦ ᠪᠠᠶᠢᠨ᠎ᠡ᠃ ᠪᠢ ᠤᠨᠠᠭᠠᠨ ᠨᠠᠰᠤᠨ ᠤ ᠤᠩᠭᠤᠨ ᠪᠠᠶᠢᠭᠠᠯᠢ ᠪᠠᠨ ᠦᠷᠬᠦᠯᠵᠢ ᠵᠡᠬᠦᠳᠤᠯᠡᠨ ᠮᠦᠷᠦᠬᠡᠳᠳᠡᠭ᠃ ᠡᠬᠦᠨ ᠠᠴᠠ ᠤᠴᠢᠷᠯᠡᠵᠦ ᠪᠢ ᠦᠪᠡᠷ ᠤᠨ ᠢᠶᠠᠨ ᠰᠠᠨᠠᠭ᠎ᠠ ᠠᠬᠤᠢ ᠶᠢ ᠲᠡᠷᠡ ᠯᠡ ᠰᠠᠶᠢᠬᠠᠨ ᠤᠷᠤᠨ ᠵᠠᠢ ᠳᠤ ᠲᠡᠬᠢᠨ ᠪᠤᠴᠠᠭᠠᠵᠦ᠂ ᠤᠨᠠᠭᠠᠨ ᠨᠤᠳᠤᠭ ᠤᠨ ᠢᠶᠠᠨ ᠠᠭᠤᠯᠠ ᠤᠰᠤᠨ ᠤ ᠤᠩᠭᠤᠨ ᠲᠦᠷᠢ ᠶᠢ ᠠᠳᠢᠰᠯᠠᠭᠤᠯᠵᠦ᠂ ᠨᠡᠬᠦᠳᠡᠯ ᠠᠮᠢᠳᠤᠷᠡᠯ ᠬᠡᠭᠴᠢ ᠡᠶᠢᠮᠦ ᠯᠡ ᠠᠷᠢᠭᠤᠨ ᠲᠦᠯᠬᠡᠨ᠂ ᠲᠡᠶᠢᠮᠦ ᠯᠡ ᠬᠦᠪᠴᠢ ᠎ ᠶᠢᠨ ᠨᠤᠭᠤᠭᠠᠨ ᠪᠠᠶᠢᠬᠤ ᠶᠤᠰᠤᠳᠠᠢ ᠬᠡᠵᠦ ᠰᠡᠳᠬᠢᠭᠳᠡᠭᠰᠡᠨ ᠠᠴᠠ ᠲᠤᠰ ᠰᠢᠯᠦᠭ ᠢᠶᠠᠨ ᠡᠬᠢᠯᠡᠬᠦᠯᠦᠭᠰᠡᠨ ᠡ︾᠃      ᠰᠤᠷᠪᠤᠯᠵᠢᠯᠠᠬᠴᠢ᠄ ︽ᠲᠠ ᠬᠡᠵᠢᠶ᠎ᠡ ᠠᠴᠠ ᠡᠬᠢᠯᠡᠵᠦ ᠰᠢᠯᠦᠭ ᠪᠢᠴᠢᠭᠰᠡᠨ ᠪᠤᠢ︖ ᠲᠠᠨ ᠤ ᠠᠩᠬᠠᠨ ᠤ ᠰᠢᠯᠦᠭ ᠶᠠᠭᠤ ᠪᠢᠯᠡ︖︾      ᠮ᠊ · ᠰᠠᠴᠡᠨᠪᠠᠭᠠᠳᠤᠷ᠄ ︽ᠡᠨᠡ ᠲᠤᠬᠠᠢ ᠶᠠᠷᠢᠬᠤ ᠳᠤ ᠪᠢ ᠤᠯᠠᠭᠠᠨᠬᠠᠳᠠ ᠶᠢᠨ ᠡᠳᠦᠷ ᠤᠨ ᠰᠤᠨᠢᠨ ᠤ ︿ᠤᠳᠠᠳᠤ ᠲᠡᠯ᠎ᠡ﹀᠎ ᠶᠢ ᠲᠤᠷᠠᠳᠬᠤ ᠴᠢᠬᠤᠯᠠᠳᠠᠢ᠃ 1989 ᠤᠨ ᠳᠤ᠂ ︿ᠤᠳᠠᠳᠤ ᠲᠡᠯ᠎ᠡ﹀ ᠲᠤᠰᠬᠠᠢ ᠨᠢᠭᠤᠷ ᠤᠨ ᠬᠠᠷᠢᠭᠤᠴᠠᠬᠰᠡᠨ ᠨᠠᠶᠢᠷᠠᠭᠤᠯᠤᠬᠴᠢ ᠭᠠ᠊ · ᠰᠢᠷᠠᠪᠵᠠᠮᠰᠤ ᠪᠠᠭᠰᠢ ᠮᠢᠨᠤ ᠤᠤᠭᠠᠨ ᠰᠢᠯᠦᠭ ᠢ ᠦᠯᠦᠬᠡᠶᠢᠳᠡᠵᠦ ᠠᠪᠤᠬᠰᠡᠨ᠃ ᠤᠤᠭᠠᠨ ᠰᠢᠯᠦᠭ ︿ᠮᠤᠭᠠᠢ ᠵᠢᠯ ᠮᠢᠨᠢ ᠰᠠᠶᠢᠨᠠᠤ︕﹀᠎ ᠪᠠᠨ ᠤᠯᠠᠭᠠᠨᠬᠠᠳᠠ ᠶᠢᠨ ᠡᠳᠦᠷ ᠤᠨ ᠰᠤᠨᠢᠨ ᠤ ᠴᠠᠭᠠᠨ ᠰᠠᠷ᠎ᠡ ᠶᠢᠨ ᠰᠢᠨ᠎ᠡ ᠶᠢᠨ ᠨᠢᠬᠡᠨ ᠤ ᠳ᠋ᠤᠭᠠᠷ ᠲᠤ ᠨᠡᠶᠢᠳᠡᠯᠡᠬᠦᠯᠦᠭᠰᠡᠨ ᠠᠴᠠ ᠠᠪᠤᠭᠠᠳ 1997 ᠤᠨ ᠪᠤᠯᠳᠠᠯ᠎ᠡ ᠤᠯᠠᠨ ᠠᠷᠪᠢᠨ ᠰᠢᠯᠦᠭ ᠵᠤᠬᠢᠶᠠᠯ ᠢᠶᠠᠨ ︿ᠤᠳᠠᠳᠤ ᠲᠡᠯ᠎ᠡ﹀᠎ ᠳᠠᠭᠠᠨ ᠨᠡᠶᠢᠳᠡᠯᠡᠬᠦᠯᠵᠦ ᠦᠩᠬᠡᠷᠡᠵᠡᠢ᠃ ᠡᠬᠦᠨ ᠳᠤ ︿ᠤᠳᠠᠳᠤ ᠲᠡᠯ᠎ᠡ﹀᠎ ᠶᠢᠨ ᠬᠠᠷᠢᠭᠤᠴᠠᠬᠰᠡᠨ ᠨᠠᠶᠢᠷᠠᠭᠤᠯᠤᠬᠴᠢ ᠭᠠ᠊ · ᠰᠢᠷᠠᠪᠵᠠᠮᠰᠤ᠂ ᠪᠤᠶᠠᠨᠬᠦᠦ᠂ ᠨᠠᠰᠤᠨᠪᠦ᠋ᠬᠡ ᠪᠠᠭᠰᠢ ᠨᠠᠷ ᠲᠠᠭᠠᠨ ᠲᠡᠯᠠᠷᠬᠠᠬᠤ ᠶᠤᠰᠤᠳᠠᠢ︾᠃      ᠰᠤᠷᠪᠤᠯᠵᠢᠯᠠᠬᠴᠢ᠄ ︽ᠲᠠᠨ ᠤ ᠰᠤᠷᠭᠠᠨ ᠬᠦᠮᠦᠵᠢᠯ ᠤᠨ ᠹᠷᠤᠨᠲ ᠲᠠᠬᠢ ᠤᠳᠠᠭᠠᠨ ᠵᠢᠯ ᠤᠨ ᠲᠤᠷᠰᠢᠯᠭ᠎ᠠ ᠎ ᠠᠴᠠ ᠦᠵᠡᠬᠦ ᠳᠤ᠂ ᠤᠳᠤᠬᠠᠨ ᠤ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠡᠮᠦᠨᠡᠬᠢ ᠬᠡᠳᠤᠨ ᠵᠢᠯ ᠲᠠᠢ ᠬᠠᠷᠢᠴᠠᠭᠤᠯᠪᠡᠯ ᠶᠡᠮᠠᠷᠰᠢᠦ ᠬᠤᠪᠢᠷᠡᠯᠳᠠ ᠭᠠᠷᠴᠤ ᠪᠠᠶᠢᠬᠤ ᠪᠤᠢ︖︾      ᠮ᠊ · ᠰᠠᠴᠠᠨᠪᠠᠭᠠᠳᠤᠷ᠄ ︽ᠤᠷᠴᠢᠮ ᠤᠨ ᠬᠡᠳᠤᠨ ᠵᠢᠯ ᠳᠤ᠂ ᠪᠠᠭ᠎ᠠ ᠰᠤᠷᠭᠠᠭᠤᠯᠢ ᠶᠢᠨ ᠬᠢᠴᠢᠶᠡᠯ ᠤᠨ ᠲᠠᠩᠬᠢᠮ ᠳᠤ ︿ᠮᠤᠩᠭᠤᠯ ᠰᠢᠳᠠᠷ᠎ᠡ﹀ ᠮᠡᠳᠤ ᠶᠢᠨ ᠮᠤᠩᠭᠤᠯ ᠰᠤᠶᠤᠯ ᠤᠨ ᠬᠢᠴᠢᠶᠡᠯ ᠲᠤᠬᠢᠷᠠᠭᠤᠯᠤᠨ᠂ ᠮᠤᠩᠭᠤᠯ ᠤᠨ ᠤᠯᠠᠮᠵᠢᠯᠠᠯᠳᠤ ᠵᠠᠩ ᠲᠠᠳᠬᠠᠯ ᠢ ᠦᠪᠯᠡᠨ ᠵᠠᠯᠭᠠᠮᠵᠢᠯᠠᠬᠤ ᠶᠢ ᠬᠦᠨᠳᠤᠳᠬᠡᠭᠰᠡᠨ ᠠᠴᠠ ᠰᠤᠷᠤᠬᠴᠢᠳ ᠤᠨ ᠦᠪᠡᠷ ᠤᠨ ᠦᠨᠳᠤᠰᠤᠳᠠᠨ ᠤ ᠪᠠᠨ ᠦᠪ ᠰᠤᠶᠤᠯ ᠤᠨ ᠲᠤᠬᠠᠢ ᠤᠢᠢᠯᠠᠭᠠᠯᠳᠠ ᠲᠡᠬᠡᠭᠰᠢᠯᠡᠭᠰᠡᠨ ᠨᠢ ᠪᠠᠶᠠᠷᠯᠠᠭᠤᠰᠢᠳᠠᠢ᠃ ᠮᠠᠯᠴᠢᠳ ᠤᠨ ᠬᠤᠳᠠ ᠤᠷᠤᠵᠦ ᠬᠡᠦᠬᠡᠳ ᠢᠶᠠᠨ ᠪᠢᠴᠢᠭ ᠦᠵᠡᠬᠦᠯᠬᠦ ᠲᠡᠪᠵᠢᠶᠡᠷᠡᠯ ᠨᠡᠮᠳᠠᠵᠦ᠂ ᠤᠯᠠᠩᠬᠢ ᠨᠢ ᠬᠦᠳᠡᠭᠡ ᠶᠢᠨ ᠰᠤᠷᠭᠠᠭᠤᠯᠢ ᠳᠠᠭᠠᠨ ᠪᠤᠴᠠᠵᠦ᠂ ᠮᠠᠯᠴᠢᠳ ᠤᠨ ᠲᠠᠷᠤᠭᠠᠰᠤ ᠴᠦ ᠬᠦᠩᠬᠡᠷᠡᠵᠡᠢ᠃ ᠮᠠᠨ ᠤ ᠰᠤᠷᠭᠠᠭᠤᠯᠢ ᠨᠢ ᠬᠢᠳᠡᠳ ᠬᠡᠯᠡ ᠶᠢ ᠬᠤᠶᠠᠳᠤᠭᠠᠷ ᠤᠨ ᠠᠴᠠ ᠡᠬᠢᠯᠡᠵᠦ ᠬᠢᠴᠢᠶᠡᠯᠯᠡᠳᠡᠭ᠃ ᠡᠨᠡ ᠨᠢ ᠨᠢᠬᠡᠳᠤᠬᠡᠷ ᠤᠨ ᠠᠴᠠ ᠡᠬᠢᠯᠡᠵᠦ ᠬᠢᠴᠢᠶᠡᠯᠯᠡᠬᠦ ᠶᠢ ᠪᠤᠳᠤᠪᠡᠯ᠂ ᠬᠡᠦᠬᠡᠳ ᠤᠳ ᠤᠨ ︿ᠬᠡᠯᠡ﹀ ᠲᠦᠷᠦᠯᠬᠢ ᠬᠡᠯᠡ ᠪᠠᠷ ᠢᠶᠠᠨ ᠵᠦᠭᠰᠢᠷᠡᠬᠦ ᠳᠤ ᠨᠡᠩ ᠶᠡᠭᠡ ᠤᠷᠤᠨ ᠵᠡᠢ ᠤᠯᠭᠤᠬᠤ ᠪᠤᠯᠤᠨ᠎ᠠ᠃ ᠤᠢᠢᠷ᠎ᠡ ᠶᠢᠨ ᠵᠢᠯ ᠤᠨ ᠪᠠᠶᠢᠳᠠᠯ ᠠᠴᠠ ᠦᠵᠡᠪᠡᠯ᠂ ᠰᠤᠷᠤᠬᠴᠢᠳ ᠤᠨ ᠬᠢᠳᠡᠳ ᠬᠡᠯᠡᠨ ᠤ ᠬᠢᠷᠢ ᠬᠡᠮᠵᠢᠶ᠎ᠡ ᠮᠤᠩᠭᠤᠯ ᠬᠡᠯᠡᠨ ᠤ ᠬᠢᠷᠢ ᠬᠡᠮᠵᠢᠶ᠎ᠡ ᠠᠴᠠ ᠨᠡᠶᠢᠳᠡᠮ ᠳᠡᠭᠡᠨ ᠰᠠᠶᠢᠨ ᠪᠠᠶᠢᠵᠦ᠂ ᠬᠡᠦᠬᠡᠳ ᠤᠨ ᠬᠢᠳᠡᠳ ᠢᠶᠠᠷ ᠬᠡᠯᠡᠵᠦ ᠶᠡᠷᠢᠬᠤ ᠨᠢ ᠤᠯᠠᠰᠢᠷᠠᠵᠡᠢ᠃ ᠡᠶᠢᠮᠦ ᠠᠴᠠ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠲᠦᠷᠦᠯᠬᠢ ᠬᠡᠯᠡᠨ ᠤ ᠵᠢᠭᠠᠨ ᠰᠤᠷᠭᠠᠯᠳᠠ ᠶᠢ ᠴᠢᠩᠭᠠᠳᠬᠠᠵᠦ᠂ ᠬᠡᠦᠬᠡᠳ ᠤᠳ ᠎ ᠲᠤ ᠴᠡᠪᠡᠷ ᠬᠡᠯᠡᠨ ᠤ ᠤᠷᠴᠢᠨ ᠬᠠᠩᠭᠠᠬᠤ ᠨᠢ ᠲᠦᠢᠯ ᠤᠨ ᠴᠢᠬᠤᠯᠠ᠃ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠲᠠᠷᠤᠭᠠᠰᠤ ᠬᠦᠨᠳᠤᠷᠡᠵᠦ ᠪᠠᠶᠢᠭ᠎ᠠ ᠠᠰᠠᠭᠤᠳᠠᠯ ᠪᠤᠯ ᠪᠠᠰᠠ ᠨᠢᠬᠡᠨ ᠰᠠᠨᠠᠭᠠᠰᠢᠷᠡᠯᠳᠠᠢ ᠵᠦᠢᠯ ᠪᠤᠯᠬᠤ ᠶᠤᠮ᠃ ᠰᠤᠷᠤᠬᠴᠢᠳ ᠤᠨ ᠬᠢᠴᠢᠶᠡᠯ ᠤᠨ ᠭᠠᠳᠠᠨᠠᠬᠢ ᠬᠦᠳᠡᠯᠬᠡᠬᠡᠨ ᠲᠦᠢᠯ ᠢᠶᠠᠷ ᠪᠠᠭᠠᠰᠴᠤ᠂ ᠲᠡᠬᠡᠷ᠎ᠡ ᠤᠨ ᠤ ᠰᠤᠷᠤᠬᠴᠢᠳ ᠦᠷᠯᠦᠬᠡ ᠤᠷᠤᠢ ᠶᠢᠨ ᠲᠠᠪᠳᠠᠯᠭ᠎ᠠ ᠤᠷᠤᠳᠠᠭ ᠠᠴᠠ ᠨᠢᠬᠡ ᠡᠳᠦᠷ ᠲᠡᠭᠡᠨ ᠪᠠᠷᠤᠭ 10 ᠴᠠᠭ ᠤᠨ ᠬᠢᠴᠢᠶᠡᠯ ᠬᠢᠴᠢᠶᠡᠯᠯᠠᠳᠡᠭ᠃ ᠡᠨᠡ ᠨᠢ ᠤᠯᠤᠰ ᠠᠴᠠ ᠲᠤᠬᠳᠠᠭᠠᠬᠰᠡᠨ ᠪᠠᠭ᠎ᠠ ᠰᠤᠷᠭᠠᠭᠠᠤᠯᠢ ᠶᠢᠨ ᠰᠤᠷᠤᠬᠴᠢᠳ ᠤᠨ 6 ᠴᠠᠭ ᠤᠨ ᠬᠢᠴᠢᠶᠡᠯ ᠤᠷᠤᠬᠤ ᠴᠠᠭ ᠠᠴᠠ ᠬᠤᠯᠠ ᠬᠡᠳᠤᠷᠡᠵᠦ᠂ ᠬᠡᠦᠬᠡᠳ ᠤᠨ ᠨᠠᠭᠠᠳᠬᠤ ᠡᠷᠬᠡ ᠴᠢᠯᠦᠬᠡ ᠶᠢ ᠶᠡᠬᠡᠪᠡᠷ ᠬᠠᠰᠤᠵᠡᠢ᠃ ᠮᠠᠨ ᠤ ᠰᠤᠷᠭᠠᠭᠤᠯᠢ ᠪᠠᠷ ᠵᠢᠱᠢᠶᠡᠯᠡᠬᠦ ᠳᠤ᠂ ᠪᠦᠬᠦ ᠰᠤᠷᠭᠠᠭᠤᠯᠢ ᠳᠤ ᠨᠢᠬᠡ ᠭᠠᠷᠠᠭ ᠲᠠᠭᠠᠨ ᠵᠦᠪᠬᠡᠨ 8 ᠲᠡᠮᠢᠷ ᠤᠨ ᠬᠢᠴᠢᠶᠡᠯ ᠲᠠᠢ᠂ ᠡᠬᠦᠨ ᠳᠤ ᠨᠢᠬᠡ ᠬᠤᠶᠠᠳᠤᠭᠠᠷ ᠤᠨ ᠳᠤ ᠲᠤᠰ ᠲᠤᠰ 2 ᠲᠡᠮᠢᠷ ᠤᠨ ᠬᠢᠴᠢᠶᠡᠯ ᠲᠤᠬᠢᠷᠠᠭᠤᠯᠵᠦ᠂ ᠪᠤᠰᠤᠳ ᠤᠨ ᠨᠢ ᠲᠤᠰ ᠲᠤᠰ ᠨᠢᠬᠡ ᠯᠡ ᠲᠡᠮᠢᠷ ᠤᠨ ᠬᠢᠴᠢᠶᠡᠯ ᠤᠷᠤᠳᠠᠭ᠃ ᠰᠤᠷᠤᠬᠴᠢᠳ ᠤᠨ ᠬᠦᠬᠡᠷᠤᠯᠳᠤᠵᠦ ᠪᠠᠶᠠᠰᠤᠨ᠂ ᠨᠠᠭᠠᠳᠤᠨ ᠲᠤᠬᠯᠠᠬᠤ ᠬᠡᠦᠬᠡᠳ ᠨᠠᠰᠤ ᠪᠤᠯᠢᠶᠠᠬᠳᠠᠵᠦ᠂ ᠰᠤᠷᠤᠯᠭ᠎ᠠ ᠶᠢᠨ ᠬᠦᠨᠳᠤ ᠲᠠᠷᠤᠭᠠᠰᠤᠨ ᠳᠤ ᠲᠤᠯᠭᠠᠷᠠᠵᠦ ᠪᠠᠶᠢᠭ᠎ᠠ ᠬᠡᠴᠡᠬᠦᠦ ᠪᠠᠶᠢᠳᠠᠯ ᠢ ᠠᠵᠢᠭᠠᠳ ᠪᠠᠭᠰᠢ ᠪᠤᠯᠤᠬᠰᠡᠨ ᠤ ᠬᠤᠪᠢ ᠳᠤ ᠶᠡᠯ᠎ᠡ ᠲᠠᠢ ᠬᠦᠮᠦᠨ ᠰᠢᠭ ᠰᠠᠨᠠᠬᠳᠠᠳᠠᠭ᠃ ᠢᠩᠬᠢᠵᠦ ᠦᠷᠯᠦᠬᠡ ᠦᠳᠡᠰᠢ ᠦᠬᠡᠢ ᠲᠠᠪᠳᠠᠯᠭ᠎ᠠ ᠤᠷᠤᠭᠤᠯᠵᠦ ᠪᠠᠶᠢᠬᠤ ᠶᠢᠨ ᠭᠤᠤᠯ ᠰᠢᠯᠳᠠᠭᠠᠨ ᠨᠢ ᠰᠢᠯᠭᠠᠯᠳᠠ ᠶᠢ ᠠᠷᠭᠠᠴᠠᠬᠤ ᠶᠢᠨ ᠲᠦᠯᠦᠬᠡ ᠶᠤᠮ᠃ ᠰᠢᠯᠭᠠᠯᠳᠠ ᠶᠢ ᠠᠷᠭᠠᠴᠠᠬᠤ ᠰᠤᠷᠭᠠᠨ ᠬᠦᠮᠦᠵᠢᠯ ᠢ ᠬᠡᠪ ᠴᠢᠨᠡᠷ ᠤᠨ ᠰᠤᠷᠭᠠᠨ ᠬᠦᠮᠦᠵᠢᠯ ᠪᠤᠯᠭᠠᠨ ᠦᠬᠡᠷᠡᠴᠢᠯᠡᠨ᠎ᠡ ᠬᠡᠵᠦ ᠡᠷᠳᠡᠨ ᠠᠴᠠ ᠪᠠᠨ ᠴᠢᠬᠤᠯᠠᠴᠢᠯᠠᠭᠠᠳ ᠢᠷᠡᠭᠰᠡᠨ ᠪᠤᠯᠪᠠᠴᠤ ᠰᠢᠯᠭᠠᠯᠳᠠ ᠶᠢ ᠠᠷᠭᠠᠴᠠᠬᠤ ᠰᠤᠷᠭᠠᠨ ᠬᠦᠮᠦᠵᠢᠯ ᠤᠨ ᠬᠡᠯᠪᠡᠷᠢ ᠨᠢ ᠠᠳᠡ ᠮᠦᠨ ᠬᠡᠪ ᠢᠶᠠᠷ ᠢᠶᠠᠨ ᠪᠠᠶᠢᠬᠰᠠᠭᠠᠷ ᠪᠠᠶᠢᠵᠦ᠂ ᠰᠤᠷᠭᠠᠭᠤᠯᠢ ᠶᠢᠨ ᠬᠢᠷᠢ ᠲᠦᠪᠰᠢᠨ ᠢ ᠵᠦᠪᠬᠡᠨ ᠲᠤᠰ ᠰᠤᠷᠭᠠᠭᠤᠯᠢ ᠶᠢᠨ ᠰᠤᠷᠤᠬᠴᠢᠳ ᠤᠨ ᠰᠤᠷᠤᠯᠭ᠎ᠠ ᠶᠢᠨ ᠬᠢᠷᠢ ᠪᠦᠳᠦᠮᠵᠢ ᠪᠠᠷ ᠪᠠᠷᠢᠮᠵᠢᠶ᠎ᠡ ᠪᠤᠯᠭᠠᠨ ᠦᠨᠡᠯᠡᠳᠡᠭ᠃ ᠡᠨᠡᠬᠦ ᠪᠠᠶᠢᠳᠠᠯ ᠢ ᠬᠤᠪᠢᠷᠠᠭᠤᠯᠤᠨ᠂ ᠬᠡᠪ ᠴᠢᠨᠡᠷ ᠤᠨ ᠰᠤᠷᠭᠠᠨ ᠬᠦᠮᠦᠵᠢᠯ᠂ ᠨᠡᠬᠡᠬᠡᠯᠳᠡᠳᠤ ᠰᠤᠷᠭᠠᠨ ᠬᠦᠮᠦᠵᠢᠯ ᠢ ᠦᠨᠳᠤᠰᠤᠨ ᠱᠠᠳᠤᠨ ᠳᠤ ᠬᠦᠨᠵᠡᠬᠡᠶᠢᠷᠡᠬᠦᠯᠬᠦ ᠨᠢ ᠬᠦᠳᠡᠭᠡ ᠲᠤᠰᠬᠤᠨ ᠳᠤ ᠲᠤᠯᠭᠠᠮ᠎ᠠ ᠱᠠᠭᠠᠷᠳᠠᠬᠳᠠᠵᠦ ᠪᠠᠶᠢᠨ᠎ᠠ︾᠃      ᠰᠤᠷᠪᠤᠯᠵᠢᠯᠠᠬᠴᠢ᠄ ︽ᠪᠠᠶᠠᠨᠭᠤᠤᠯ ᠪᠦᠷᠢᠨ ᠪᠠᠭ᠎ᠠ ᠰᠤᠷᠭᠠᠭᠤᠯᠢ ᠨᠢ ᠭᠠᠴᠠᠭᠠᠨ ᠤ ᠰᠤᠷᠭᠠᠭᠤᠯᠢ ᠶᠤᠮ ᠤᠤ︖ ᠡᠨᠡ ᠰᠤᠷᠭᠠᠭᠤᠯᠢ ᠶᠢᠨ ᠲᠤᠬᠠᠢ ᠲᠦᠬᠦᠮ ᠲᠡᠨᠢᠯᠴᠠᠭᠤᠯᠤᠨ᠎ᠡ ᠤᠤ︖︾      ᠮ᠊ · ᠰᠠᠴᠠᠨᠪᠠᠭᠠᠳᠤᠷ᠄ ︽ᠪᠠᠶᠠᠨᠭᠤᠤᠯ ᠪᠦᠷᠢᠨ ᠪᠠᠭ᠎ᠠ ᠰᠤᠷᠭᠠᠭᠤᠯᠢ ᠪᠤᠯ ᠪᠠᠶᠠᠨᠴᠠᠭᠠᠨ ᠰᠤᠮᠤᠨ ᠳᠤ ᠪᠠᠶᠢᠭ᠎ᠠ ᠬᠤᠶᠠᠷ ᠪᠦᠷᠢᠨ ᠪᠠᠭ᠎ᠠ ᠰᠤᠷᠭᠠᠭᠤᠯᠢ ᠶᠢᠨ ᠨᠢᠬᠡ ᠨᠢ ᠮᠦᠨ᠃ ᠤᠤᠯ ᠤᠨ ᠪᠠᠶᠠᠨᠭᠤᠤᠯ ᠰᠤᠮᠤᠨ ᠤ ᠰᠤᠷᠭᠠᠭᠤᠯᠢ ᠪᠠᠶᠢᠬᠰᠡᠨ ᠠᠴᠠ ᠪᠠᠶᠠᠨᠭᠤᠤᠯ ᠰᠤᠮᠤ ᠰᠢᠯᠵᠢᠬᠦ ᠳᠤ ᠲᠤᠰ ᠰᠤᠷᠭᠠᠭᠤᠯᠢ ᠪᠦᠳᠦᠨ ᠢᠶᠠᠷ ᠢᠶᠠᠨ ᠦᠯᠡᠳᠡᠭᠰᠡᠨ᠃ ᠲᠤᠰ ᠰᠤᠷᠭᠠᠭᠤᠯᠢ ᠶᠢ 1948 ᠤᠨ ᠳᠤ ᠰᠦᠸᠧᠵᠤᠷ ᠰᠢᠶᠠᠨᠱᠧᠩ᠂ ᠬᠦᠷᠵᠡᠪ᠂ ᠶ᠊ · ᠪᠤᠶᠠᠨᠳᠤᠬᠳᠠᠬᠤ ᠨᠡᠷ ᠦᠨᠳᠤᠰᠦᠯᠡᠨ ᠪᠠᠶᠢᠭᠤᠯᠵᠦ᠂ ᠲᠤᠬᠠᠢ ᠶᠢᠨ ᠦᠶ᠎ᠡ ᠳᠤ ᠬᠡᠰᠢᠭᠳᠡᠨ ᠬᠤᠰᠢᠭᠤᠨ ᠤ ᠵᠠᠬᠦᠨ ᠠᠷᠤ ᠨᠤᠳᠤᠭ ᠤᠨ ᠤᠯᠠᠭᠠᠨ ᠡᠷᠬᠢ ᠶᠢᠨ ᠠᠶᠢᠯ ᠤᠨ ᠰᠤᠷᠭᠠᠭᠤᠯᠢ ᠬᠡᠵᠦ ᠪᠠᠶᠢᠵᠠᠢ᠃ ᠤᠳᠤᠬᠨ ᠳᠤ᠂ ᠲᠤᠰ ᠰᠤᠷᠭᠠᠭᠤᠯᠢ ᠳᠤ ᠨᠡᠶᠢᠳᠡ 150 ᠭᠠᠷᠤᠢ ᠰᠤᠷᠤᠬᠴᠢ ᠲᠠᠢ᠃ ᠠᠵᠢᠯᠯᠠᠵᠦ ᠪᠠᠶᠢᠭ᠎ᠠ 55 ᠪᠠᠭᠰᠢ ᠲᠠᠢ᠃ ᠠᠵᠢᠯ ᠠᠴᠠ ᠪᠠᠨ ᠠᠮᠠᠷᠠᠬᠰᠡᠨ ᠨᠢ 16 ᠪᠠᠭᠰᠢ ᠪᠤᠢ᠃ ᠪᠠᠶᠠᠨᠭᠤᠤᠯ ᠰᠤᠷᠭᠠᠭᠤᠯᠢ ᠨᠢ ᠰᠤᠷᠭᠠᠭᠤᠯᠢ ᠨᠡᠶᠢᠯᠡᠬᠦᠯᠬᠦ ᠦᠢᠮᠡᠬᠡᠨ ᠳᠤ ᠲᠠᠭᠠᠷᠢᠬᠳᠠᠬᠰᠡᠨ ᠪᠤᠯᠪᠠᠴᠤ ᠬᠠᠮᠢᠶ᠎ᠡ ᠪᠦᠬᠦᠢ ᠬᠦᠮᠦᠰ ᠤᠨ ᠴᠢᠷᠮᠠᠶᠢᠯᠭ᠎ᠠ ᠪᠠᠷ ᠦᠯᠡᠳᠡᠵᠦ ᠴᠢᠳᠠᠵᠠᠢ᠃ ᠵᠠᠷᠢᠮ ᠬᠦᠮᠦᠨ ᠨᠢ ᠡᠬᠦᠨ ᠢ ᠭᠠᠴᠠᠭᠠᠨ ᠤ ᠰᠤᠷᠭᠠᠭᠤᠯᠢ ᠬᠡᠵᠦ ᠠᠨᠳᠠᠭᠤᠷᠠᠳᠠᠭ᠃ ᠲᠤᠰ ᠰᠤᠷᠭᠠᠭᠤᠯᠢ ᠪᠤᠯ ᠪᠠᠶᠠᠨᠭᠤᠤᠯ ᠭᠠᠴᠠᠭᠠᠨ ᠳᠤ ᠪᠠᠶᠢᠭ᠎ᠠ ᠰᠤᠮᠤᠨ ᠤ ᠰᠤᠷᠭᠠᠭᠤᠯᠢ ᠮᠦᠨ᠃ ᠪᠠᠶᠠᠨᠴᠠᠭᠠᠨ ᠰᠤᠮᠤᠨ ᠳᠤ ᠤᠳᠤ ᠬᠤᠶᠠᠷ ᠪᠦᠷᠢᠨ ᠪᠠᠭ᠎ᠠ ᠰᠤᠷᠭᠠᠭᠤᠯᠢ ᠪᠤᠢ᠃ ᠡᠨᠡ ᠨᠢ ᠪᠦᠬᠦ ᠦᠪᠦᠷ ᠮᠤᠩᠭᠤᠯ ᠳᠤ ᠴᠦ ᠴᠦᠬᠡᠨ ᠪᠠᠶᠢᠬ᠎ᠠ᠃ ᠪᠢ ᠤᠳᠠᠯ ᠦᠬᠡᠢ ︿ᠤᠶᠤᠨ ᠢ ᠴᠢᠮᠡᠭᠴᠢ ᠯᠢᠩᠪᠦ ᠎ ᠶᠢᠨ ᠲᠠᠭᠤ — ᠬᠡᠰᠢᠭᠳᠡᠨ᠂ ᠪᠠᠶᠠᠨᠭᠤᠤᠯ ᠰᠤᠷᠭᠠᠭᠤᠯᠢ﹀ ᠨᠤᠮ ᠢᠶᠠᠨ ᠬᠡᠪᠯᠡᠬᠦᠯᠬᠦ ᠪᠠᠷ ᠪᠤᠢ᠃ ᠲᠤᠰ ᠨᠤᠮ ᠎ ᠳᠠᠭᠠᠨ ᠪᠠᠶᠠᠨᠭᠤᠤᠯ ᠪᠦᠷᠢᠨ ᠪᠠᠭ᠎ᠠ ᠰᠤᠷᠭᠠᠭᠤᠯᠢ ᠶᠢᠨ ᠲᠡᠦᠬᠡ ᠶᠢ ᠪᠢᠴᠢᠭᠰᠡᠨ ᠶᠤᠮ︾᠃      ᠮ᠊ · ᠰᠠᠴᠠᠨᠪᠠᠭᠠᠳᠤᠷ ᠤᠨ ᠰᠤᠷᠭᠠᠨ ᠬᠦᠮᠦᠵᠢᠯ ᠤᠨ ᠤᠬᠠᠭᠠᠨ ᠲᠡᠮᠢᠷ ᠨᠢ ᠰᠢᠨ᠎ᠡ ᠦᠶ᠎ᠡ ᠶᠢᠨ ᠬᠢᠨ ᠳᠤ ᠲᠡᠯᠪᠢᠬᠰᠡᠨ ᠪᠤᠰᠤᠭ᠎ᠠ ᠰᠤᠶᠤᠯ ᠤᠨ ᠢᠳᠡᠬᠡᠯ ᠴᠦ ᠪᠤᠯᠪᠠᠦ︕ ᠲᠦᠷᠦᠯᠬᠢ ᠰᠤᠶᠤᠯ ᠤᠨ ᠰᠠᠨᠠᠭᠠᠰᠢᠷᠡᠯ ᠨᠢ ᠮᠢᠨᠤ᠂ ᠴᠢᠨᠤ᠂ ᠪᠢᠳᠡ ᠪᠦᠬᠦᠨ ᠤ ᠪᠤᠳᠤᠯ ᠰᠡᠳᠬᠢᠯ ᠤᠨ ᠲᠤᠯᠬᠢᠰᠤᠯ ᠴᠦ ᠪᠤᠯᠪᠠᠦ︕      ᠪᠦᠯᠢᠶᠡᠨ ᠰᠦᠨ ᠤ ᠲᠤᠶᠠᠭ᠎ᠠ᠂ ᠠᠯᠤᠰ ᠤᠨ ᠠᠯᠤᠰ ᠠᠴᠠ ᠲᠠᠭᠤᠳᠠᠬᠰᠡᠨ ᠰᠢᠬ ᠯᠡ᠂ ᠪᠤᠰᠤᠭ᠎ᠠ ᠲᠦᠷᠦᠬᠡ ᠎ ᠲᠠᠢ ᠬᠦᠦ ᠶᠢ ᠨᠤᠳᠤᠭ ᠤᠨ ᠰᠢᠷᠤᠢ ᠨᠢ ᠠᠷᠭᠠᠮᠵᠢᠬᠰᠡᠨ ᠰᠢᠬ ᠯᠡ᠂ ᠪᠠᠭᠰᠢ ᠮᠢᠨᠢ᠂ ᠬᠡᠰᠢᠭᠳᠡᠨ ᠤ ᠬᠦᠷᠦᠰᠤᠨ ᠳᠤ ᠬᠤᠨᠤᠬᠰᠢᠵᠦ᠂ ᠵᠡᠬᠦᠳᠤᠨ ᠤ ᠦᠨᠡᠨ ᠢᠶᠠᠨ ᠡᠷᠢᠬᠦ ᠪᠠᠷ ᠦᠢᠯᠡᠰ ᠤᠨ ᠰᠠᠷᠠᠭᠤᠯ ᠬᠠᠷᠭᠤᠢ ᠪᠠᠷ ᠢᠳᠡᠷᠡᠬᠦᠨ ᠠᠯᠬᠤᠨᠠᠮ
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号