| | ᠮᠤᠩᠭᠤᠯ ᠦᠨᠳᠦᠰᠦᠳᠠᠨ ᠮᠢᠨᠢ ᠡᠷᠳᠡ ᠲᠡᠬᠡᠳᠦ ᠶᠢᠨ ᠦᠶ᠎ᠠ ᠠᠴᠠ ᠪᠠᠨ ᠠᠪᠤᠭᠠᠳ ᠮᠠᠯ | ᠮᠠᠯᠵᠢᠵᠤ᠂ ᠮᠠᠯ ᠢᠶᠠᠨ ᠦᠰᠬᠡᠨ᠂ ᠮᠠᠯ ᠢᠶᠠᠨ ᠠᠷᠠᠯᠵᠢᠵᠤ ᠬᠤᠳᠠᠯᠳᠤᠬᠤ ᠪᠤᠶᠤ ᠮᠠᠯ ᠤᠨ ᠠᠰᠢᠭ ᠰᠢᠮ᠎ᠡ᠂ ᠠᠷᠠᠰᠦ | ᠨᠤᠤᠰᠦ ᠪᠠᠨ ᠡᠳ᠋ᠰᠢᠯᠡᠬᠦᠯᠦᠨ ᠪᠤᠯᠪᠠᠰᠤᠷᠠᠭᠤᠯᠵᠤ᠂ ᠢᠳᠡᠵᠤ ᠡᠮᠦᠰᠬᠦ ᠪᠠ ᠮᠠᠯ ᠤᠨ ᠮᠢᠬ᠎ᠠ ᠰᠦ᠂ ᠴᠠᠭᠠᠨ ᠢᠳᠡᠬᠡᠨ | ᠢᠶᠠᠷ ᠭᠤᠤᠯ ᠬᠤᠭᠤᠯᠠ ᠤᠮᠳᠠ ᠪᠠᠨ ᠪᠤᠯᠭᠠᠵᠤ᠂ ᠠᠵᠤ ᠠᠮᠢᠳᠤᠷᠠᠵᠤ ᠢᠷᠡᠭᠰᠠᠨ ᠲᠡᠥᠬᠡ ᠲᠠᠢ ᠪᠢᠯᠡ᠃ ᠲᠠᠳᠠ ᠵᠢᠯ | ᠤᠨ ᠲᠦᠷᠪᠡᠨ ᠤᠯᠠᠷᠢᠯ ᠢᠶᠠᠷ ᠨᠡᠬᠦᠵᠤ ᠪᠠᠭᠤᠨ ᠤᠳᠤᠷᠯᠠᠵᠤ ᠮᠠᠯᠵᠢᠬᠤ ᠳᠠᠭᠠᠨ ᠨᠤᠳᠤᠭ ᠰᠢᠷᠦᠢ᠂ ᠤᠰᠤ ᠪᠠᠯᠴᠢᠬᠡᠷ | ᠢᠶᠠᠨ ᠲᠤᠬᠢᠷᠠᠮᠵᠢᠳᠠᠢ ᠰᠤᠩᠭᠤᠨ᠂ ᠨᠢᠮᠪᠠᠢ ᠲᠤᠬᠢᠷᠠᠭᠤᠯᠳᠠᠭ᠄ | | ᠨᠢᠬᠡ | | ᠵᠤᠰᠠᠯᠠᠩ ᠤᠨ ᠨᠤᠳᠤᠭ ᠢ ᠰᠤᠩᠭᠤᠬᠤ ᠳᠠᠭᠠᠨ ᠭᠤᠤᠯ ᠲᠠᠢ ᠨᠠᠭᠤᠷ ᠲᠠᠢ᠂ ᠲᠠᠯ᠎ᠠ ᠲᠠᠢ | ᠪᠠᠯᠴᠢᠬᠡᠷ ᠲᠠᠢ ᠰᠠᠷᠠᠭᠤᠯ ᠠᠭᠤᠳᠠᠮ ᠲᠤᠬᠢᠯᠢᠭ ᠭᠠᠵᠠᠷ ᠢ ᠰᠤᠩᠭᠤᠨ᠎ᠠ᠃ ᠵᠤᠨ ᠤ ᠤᠯᠠᠷᠢᠯ ᠪᠤᠯ ᠲᠦᠷᠦᠯ ᠪᠦᠷᠢ | ᠶᠢᠨ ᠮᠠᠯ ᠢ ᠤᠰᠤᠨ ᠲᠠᠷᠭᠤ ᠠᠪᠤᠭᠤᠯᠬᠤ ᠴᠠᠭ ᠬᠤᠭᠤᠴᠠᠭ᠎ᠠ ᠪᠤᠯᠬᠤᠷ ᠵᠠᠪᠠᠯ ᠤᠰᠤ ᠶᠢ ᠬᠦᠢᠴᠠᠳ ᠬᠠᠩᠭᠠᠬᠤ | ᠬᠡᠷᠡᠭᠳᠡᠢ᠃ ᠵᠤᠨ ᠤ ᠤᠯᠠᠷᠢᠯ ᠳᠤ ᠤᠰᠤᠨ ᠲᠠᠷᠭᠤ ᠮᠠᠭᠤ ᠠᠪᠤᠬᠰᠠᠨ ᠮᠠᠯ ᠨᠠᠮᠤᠷ ᠤᠨ ᠤᠯᠠᠷᠢᠯ ᠳᠤ ᠲᠤᠰᠤᠨ | ᠲᠠᠷᠭᠤ ᠬᠡᠳᠦᠢ ᠰᠠᠶᠢᠨ ᠠᠪᠤᠯ᠎ᠠ ᠬᠡᠳ ᠡᠪᠤᠯ ᠬᠠᠪᠤᠷ ᠤᠨ ᠬᠦᠢᠳᠡᠨ ᠰᠢᠭᠤᠷᠭᠠᠨ ᠳᠤ ᠲᠠᠰᠪᠦᠷᠢ ᠦᠬᠡᠢ ᠪᠠᠶᠢᠵᠤ᠂ | ᠬᠦᠯᠳᠡᠬᠦᠦ ᠠᠯᠢᠮ᠎ᠠ ᠶᠢ ᠤᠰᠤᠨ ᠳᠤ ᠬᠢᠭᠰᠡᠨ ᠲᠠᠢ ᠠᠳᠠᠯᠢ᠂ ᠤᠬᠤᠷᠬᠠᠨ ᠴᠠᠭ ᠤᠨ ᠲᠤᠳᠤᠷ᠎ᠠ ᠮᠢᠬ᠎ᠠ ᠲᠠᠷᠭᠤ ᠨᠢ | ᠪᠠᠭᠤᠷᠠᠵᠤ᠂ ᠬᠡᠬᠡᠯ ᠬᠡᠳᠡᠰᠦ ᠨᠢ ᠬᠠᠮᠰᠢᠢᠭᠠᠳ ᠶᠠᠪᠤᠴᠢᠬᠠᠨ᠎ᠠ᠃ ᠵᠤᠨ ᠤ ᠤᠯᠠᠷᠢᠯ ᠳᠤ ᠢᠯᠠᠭ᠎ᠠ ᠪᠠᠳᠠᠭᠠᠨ᠎ᠠ᠂ | ᠬᠡᠳᠡᠬᠡᠨ᠎ᠡ ᠰᠢᠮᠠᠭᠤᠯ ᠵᠡᠷᠭᠡ ᠬᠤᠷᠤᠬᠠᠢ ᠰᠢᠪᠠᠵᠢ ᠠᠷᠪᠢᠨ ᠪᠤᠯᠬᠤᠷ ᠡᠷᠬᠡᠪᠰᠢ ᠲᠡᠭᠰᠢᠯᠢᠭ ᠨᠤᠳᠤᠭ ᠢ ᠰᠤᠩᠭᠤᠵᠤ ᠬᠡᠷ | ᠢᠶᠠᠨ ᠪᠠᠷᠢᠵᠤ ᠮᠠᠯ ᠢᠶᠠᠨ ᠬᠤᠳᠠᠯᠠᠨ᠎ᠠ᠃ ᠮᠠᠯ ᠢᠶᠠᠨ ᠬᠠᠷᠢᠭᠤᠯᠬᠤ ᠳᠠᠭᠠᠨ ᠠᠭᠤᠳᠠᠮ ᠰᠠᠷᠠᠭᠤᠯ ᠲᠠᠯ᠎ᠠ ᠭᠠᠵᠠᠷ ᠢ | ᠰᠤᠩᠭᠤᠨ᠎ᠠ᠃ ᠵᠤᠨ ᠤ ᠴᠠᠭ ᠤᠨ ᠪᠤᠭ ᠮᠠᠯ ᠢ ᠦᠷᠯᠦᠭᠡ ᠡᠷᠳᠡ ᠪᠡᠯᠴᠢᠭᠡᠷ ᠲᠤ ᠭᠠᠷᠭᠠᠬᠤ ᠳᠠᠭᠠᠨ ᠡᠷᠭᠡᠪᠰᠢ ᠨᠠᠷᠠ | ᠬᠠᠯᠠᠵᠤ ᠰᠢᠬᠦᠳᠠᠷᠢ ᠡᠭ᠍ᠰᠢᠭ᠍ᠰᠡᠨ ᠤ ᠰᠡᠬᠦᠯᠡᠷ ᠰᠠᠶ᠋ᠢ ᠭᠠᠷᠭᠠᠨ᠎ᠠ᠃ ᠡᠷᠳᠡ ᠶᠢᠨ ᠰᠢᠬᠦᠳᠠᠷᠢ ᠳᠤ ᠪᠡᠯᠴᠢᠬᠡᠷ ᠲᠤ | ᠭᠠᠷᠭᠠᠪᠠᠯ ᠪᠤᠭ ᠮᠠᠯ ᠲᠤᠭᠤᠯ ᠡᠪᠡᠳᠴᠢᠨ ᠤᠯᠵᠤ ᠮᠢᠬ᠎ᠠ ᠲᠠᠷᠭᠤ ᠮᠠᠭᠤᠳᠠᠨ᠎ᠠ᠃ | | ᠬᠤᠶᠠᠷ | | ᠨᠠᠮᠤᠷᠵᠢᠶᠠᠨ ᠤ ᠨᠤᠳᠤᠭ ᠢ ᠲᠤᠬᠢᠷᠠᠭᠤᠯᠬᠤ ᠳᠠᠭᠠᠨ ᠬᠢᠷ᠎ᠠ᠂ ᠬᠠᠵᠠᠭᠤ ᠳ᠋ᠧᠩ ᠭᠠᠵᠠᠷ ᠢ | ᠰᠤᠩᠭᠤᠵᠤ ᠪᠠᠭᠤᠴᠠ ᠪᠠᠨ ᠲᠤᠬᠢᠷᠠᠭᠤᠯᠬᠤ ᠪᠦᠬᠡᠳ ᠮᠠᠯ ᠢᠶᠠᠨ ᠨᠠᠭᠤᠷ᠂ ᠰᠢᠷ᠎ᠠ ᠤᠰᠤᠨ ᠳᠤ ᠲᠤᠳᠠᠭᠤ | ᠤᠷᠤᠭᠤᠯᠵᠤ᠂ ᠴᠡᠪᠠᠷ ᠲᠤᠩᠭᠠᠯᠠᠭ ᠭᠤᠤᠯ ᠤᠨ ᠤᠰᠤ ᠪᠠᠷ ᠬᠦᠢᠴᠠᠳ ᠤᠰᠤᠯᠠᠨ᠎ᠠ᠃ ᠨᠠᠢᠮᠠ᠂ ᠶᠢᠰᠦᠨ ᠰᠠᠷ᠎ᠠ ᠶᠢᠨ | ᠦᠶ᠎ᠡ ᠪᠠᠷ ᠲᠤᠰᠤᠨ ᠲᠠᠷᠭᠤ ᠶᠢ ᠬᠦᠢᠴᠠᠳ ᠠᠪᠤᠭᠤᠯᠬᠤ ᠶᠢᠨ ᠲᠦᠯᠦᠭᠡ᠂ ᠪᠤᠭ ᠮᠠᠯ ᠢ ᠬᠤᠶᠠᠷ ᠡᠳᠦᠷ ᠲᠤ ᠨᠢᠬᠡ | ᠤᠳᠠᠭ᠎ᠠ ᠤᠰᠤᠯᠠᠨ᠎ᠠ᠃ ᠨᠠᠮᠤᠷ ᠤᠨ ᠴᠠᠭ ᠤᠨ ᠶᠡᠭᠡ ᠰᠡᠬᠦᠯ ᠲᠠᠢ ᠬᠤᠨᠢ ᠪᠠ ᠬᠤᠷᠠᠭᠠᠨ ᠤ ᠰᠡᠬᠦᠯ ᠤᠨ ᠪᠠᠭᠠᠰᠦ ᠶᠢ | ᠦᠷᠬᠦᠯᠵᠢ ᠠᠷᠢᠯᠭᠠᠵᠤ᠂ ᠦᠳᠦᠵᠤ ᠬᠤᠷᠤᠬᠠᠶᠢᠳᠠᠬᠤ ᠶᠢ ᠰᠡᠷᠬᠡᠶᠢᠯᠡᠨ᠎ᠡ᠃ ᠨᠠᠮᠤᠷ ᠤᠨ ᠴᠠᠭ ᠤᠨ ᠮᠠᠯ ᠢ ᠤᠰᠤᠯᠠᠵᠤ | ᠬᠤᠳᠠᠯᠠᠬᠤ ᠳᠠᠭᠠᠨ ᠮᠤᠷᠢ ᠪᠠᠷ ᠲᠠᠭᠤᠬᠤ ᠪᠤᠶᠤ ᠬᠦᠶᠦᠯᠬᠡᠨ ᠲᠤᠰᠤᠨ ᠬᠦᠯᠦᠰᠦ ᠭᠠᠷᠭᠠᠬᠤ ᠶᠢ ᠡᠷᠡᠰ ᠴᠡᠭᠡᠷᠯᠡᠨ᠎ᠡ᠃ | ᠨᠠᠮᠤᠷ ᠤᠨ ᠴᠠᠭ ᠤᠨ ᠮᠠᠯ ᠢ ᠪᠠᠯᠴᠢᠬᠡᠷᠯᠡᠬᠦᠯᠬᠦ ᠳᠡᠭᠡᠨ ᠡᠪᠡᠰᠦᠨ ᠰᠤᠷ ᠢ ᠬᠦᠬᠡᠬᠡᠵᠤ᠂ ᠦᠷ᠎ᠡ ᠲᠠᠢ ᠡᠪᠡᠰᠦ ᠶᠢ | ᠢᠯᠡᠬᠦᠦ ᠢᠳᠡᠬᠦᠯᠦᠨ᠎ᠡ᠃ | | ᠭᠤᠷᠪᠠ | | ᠡᠪᠦᠯᠵᠢᠶ᠎ᠡ ᠨᠤᠳᠤᠭ ᠢ ᠰᠤᠩᠭᠤᠬᠤ ᠳᠠᠭᠠᠨ ᠠᠭᠤᠯᠠ ᠶᠢᠨ ᠨᠦᠮᠦᠷᠢ ᠭᠠᠵᠠᠷ ᠢ ᠰᠤᠩᠭᠤᠵᠤ᠂ | ᠡᠪᠤᠯ ᠤᠨ ᠴᠠᠰᠦ ᠰᠢᠭᠤᠷᠭᠠᠨ ᠢ ᠰᠡᠷᠬᠡᠶᠢᠯᠡᠬᠦ ᠶᠢᠨ ᠲᠦᠯᠦᠭᠡ ᠠᠭᠤᠯᠠᠨ ᠤ ᠡᠩᠬᠡᠷ᠂ ᠤᠢ ᠰᠢᠭᠤᠢ ᠵᠤᠵᠠᠭᠠᠨ᠂ | ᠢᠯᠠ ᠤᠰᠤ ᠲᠠᠢ᠂ ᠨᠠᠷᠠ ᠲᠤᠰᠬᠤ ᠡᠬᠡᠪᠦᠷ ᠲᠤᠯᠠᠭᠠᠨ ᠨᠤᠳᠤᠭ ᠢ ᠰᠤᠩᠭᠤᠨ ᠲᠤᠬᠢᠷᠠᠭᠤᠯᠤᠨ᠎ᠠ᠃ ᠡᠪᠦᠯ ᠶᠡᠭᠡ | ᠴᠠᠰᠦ ᠤᠷᠤᠵᠤ ᠰᠢᠭᠤᠷᠭᠠᠨ ᠲᠡᠭᠳᠡᠪᠡᠯ ᠠᠭᠤᠯᠠᠨ ᠤ ᠡᠩᠬᠡᠷ ᠡᠬᠡᠪᠴᠢ ᠶᠢ ᠲᠠᠭᠠᠭᠤᠯᠵᠤ ᠮᠠᠯ ᠢᠶᠠᠨ ᠬᠠᠷᠢᠭᠤᠯᠤᠨ᠎ᠠ᠃ | ᠴᠠᠰᠦ ᠬᠦᠨ ᠤᠷᠤᠪᠠᠯ ᠠᠭᠤᠯᠠᠨ ᠡᠩᠬᠡᠷ ᠤᠢ ᠰᠢᠭᠤᠢ ᠵᠤᠵᠠᠭᠠᠨ ᠭᠠᠵᠠᠷ ᠢ ᠰᠤᠩᠭᠤᠬᠰᠠᠨ ᠲᠤᠯᠠ ᠬᠤᠩᠬᠤᠷ | ᠭᠠᠵᠠᠷ᠂ ᠭᠤᠤ ᠰᠤᠵᠠᠭ ᠲᠤ ᠬᠤᠷᠠᠵᠤ ᠴᠤᠬᠯᠠᠷᠠᠬᠰᠠᠨ ᠮᠤᠳᠤᠨ ᠤ ᠨᠠᠪᠴᠢ ᠯᠠᠪᠳᠠᠭᠤᠯ ᠢ ᠮᠠᠯ ᠳᠠᠭᠠᠨ ᠢᠳᠡᠬᠦᠯᠵᠤ | ᠵᠤᠳ ᠰᠢᠭᠤᠷᠭᠠᠨ ᠢ ᠠᠵᠢᠭ ᠦᠬᠡᠢ ᠬᠡᠳᠦᠯᠳᠡᠭ ᠪᠠᠶᠢᠨ᠎ᠠ᠃ ᠡᠪᠤᠯ ᠤᠨ ᠤᠯᠠᠷᠢᠯ ᠳᠤ ᠮᠠᠯ ᠢ ᠵᠠᠪᠠᠯ ᠬᠦᠢᠴᠠᠳ | ᠤᠰᠤᠯᠬᠠᠤ ᠬᠡᠷᠡᠭᠳᠡᠢ᠂ ᠦᠬᠡᠢ ᠪᠤᠯ ᠮᠠᠯ ᠤᠨ ᠬᠠᠯᠠᠭᠤᠨ ᠤ ᠬᠡᠮᠵᠢᠶ᠎ᠠ ᠪᠠᠭᠤᠷᠠᠵᠤ ᠮᠠᠯ ᠪᠡᠬᠡᠷᠡᠵᠤ ᠲᠠᠭᠠᠷᠠᠬᠤ ᠪᠦᠬᠡᠳ | ᠮᠠᠯ ᠤᠨ ᠪᠠᠭᠠᠰᠦ ᠬᠤᠷᠭᠤᠰᠦᠯᠠᠵᠤ ᠡᠴᠠᠵᠤ ᠲᠤᠷᠠᠨ᠎ᠠ᠃ ᠡᠪᠤᠯ ᠤᠨ ᠴᠠᠭ ᠤᠨ ᠮᠠᠯ ᠤᠨ ᠬᠡᠪᠳᠡᠷᠢ ᠶᠢ ᠰᠠᠶᠢᠨ | ᠵᠤᠵᠠᠭᠠᠯᠠᠵᠤ᠂ ᠬᠠᠭᠤᠷᠠᠢ ᠬᠤᠶᠠᠭ ᠢ ᠵᠤᠵᠠᠭᠠᠯᠠᠨ ᠲᠠᠪᠢᠰᠴᠣ᠂ ᠲᠤᠤᠷ᠎ᠠ ᠠᠴᠠ ᠨᠢ ᠵᠢᠩᠬᠢᠨᠡᠬᠦ ᠶᠢ ᠰᠠᠶᠢᠳᠦᠷ | ᠰᠠᠷᠬᠡᠶᠢᠯᠡᠨᠡ᠃ | | ᠲᠦᠷᠪᠡ | | ᠬᠠᠪᠤᠷᠵᠢᠶᠠᠨ ᠤ ᠨᠤᠳᠤᠭ ᠢ ᠰᠤᠩᠭᠤᠬᠤ ᠳᠠᠭᠠᠨ ᠠᠭᠤᠯᠠ ᠲᠠᠢ᠂ ᠤᠰᠤ ᠲᠠᠢ᠂ ᠲᠡᠭᠰᠢ ᠲᠠᠯ᠎ᠠ | ᠭᠠᠵᠠᠷ ᠢ ᠰᠤᠩᠭᠤᠬᠤ ᠪᠦᠬᠡᠳ ᠲᠠᠭᠡᠷ᠎ᠡ ᠵᠢᠯ ᠤᠨ ᠵᠤᠰᠠᠯᠠᠩ ᠤᠨ ᠨᠤᠳᠤᠭ ᠠᠴᠠ ᠤᠶᠢᠷᠠᠯᠴᠠᠭ᠎ᠠ ᠭᠠᠵᠠᠷ ᠢ | ᠰᠤᠩᠭᠤᠨ᠎ᠠ᠃ ᠠᠭᠤᠯᠠ ᠲᠠᠢ ᠨᠦᠮᠦᠷᠢ ᠭᠠᠵᠠᠷ ᠢ ᠰᠤᠩᠭᠤᠬᠤ ᠨᠢ ᠬᠠᠪᠤᠷ ᠤᠨ ᠬᠠᠷ᠎ᠠ ᠰᠯᠬᠢ᠂ ᠵᠤᠳ ᠰᠢᠭᠤᠷᠭᠠᠨ | ᠲᠠᠢ ᠡᠳᠦᠷ ᠲᠤᠬᠢᠶᠠᠯᠳᠤᠪᠠᠯ ᠠᠭᠤᠯᠠᠨ ᠡᠩᠬᠡᠷ ᠮᠠᠯ ᠢᠶᠠᠨ ᠬᠠᠷᠢᠭᠤᠯᠤᠨ᠎ᠠ᠃ ᠲᠡᠭᠡᠷ᠎ᠡ ᠵᠢᠯ ᠤᠨ ᠵᠤᠰᠠᠯᠠᠩ ᠤᠨ | ᠨᠤᠳᠤᠭ ᠠᠴᠠ ᠪᠠᠨ ᠤᠶᠢᠷᠠᠯᠴᠠᠭ᠎ᠠ ᠪᠠᠭᠤᠬᠤ ᠨᠢ ᠵᠤᠨ ᠤ ᠤᠯᠠᠷᠢᠯ ᠤᠨ ᠮᠠᠯ ᠤᠨ ᠬᠢᠰᠬᠢᠯᠠᠵᠤ ᠤᠨᠠᠭᠠᠬᠰᠠᠨ᠂ | ᠨᠤᠭᠤᠭᠠᠨ ᠢᠶᠠᠷ ᠢᠶᠠᠨ ᠬᠠᠳᠠᠭᠰᠠᠨ ᠮᠠᠯ ᠤᠨ ᠬᠢᠰᠬᠢᠯᠡᠬᠦᠷ ᠡᠪᠡᠰᠦ ᠶᠢ ᠮᠠᠯ ᠳᠠᠭᠠᠨ ᠢᠳᠡᠬᠦᠯᠪᠠᠯ ᠰᠢᠮ᠎ᠡ ᠲᠡᠵᠢᠬᠡᠯ | ᠰᠠᠶᠢᠨ ᠪᠠᠶᠢᠳᠠᠭ᠃ ᠬᠠᠪᠤᠷ ᠤᠨ ᠮᠠᠯ ᠢ ᠡᠷᠳᠡ ᠪᠠᠯᠴᠢᠭᠡᠷ ᠲᠤ ᠭᠠᠷᠭᠠᠵᠤ᠂ ᠤᠷᠤᠢ ᠬᠤᠳᠠᠯᠨᠠ᠂ ᠴᠠᠳᠳᠠᠯ᠎ᠠ | ᠢᠳᠡᠰᠢᠯᠡᠬᠦᠯᠦᠨᠡ᠃ | ᠮᠤᠩᠭᠤᠯ ᠬᠦᠮᠦᠨ ᠲᠦᠷᠪᠡᠨ ᠤᠯᠠᠷᠢᠯ ᠢᠶᠠᠷ ᠤᠳᠤᠷᠯᠠᠨ ᠮᠠᠯᠵᠢᠵᠤ ᠶᠠᠪᠤᠬᠤ ᠳᠠᠭᠠᠨ ᠪᠠᠶᠢᠭᠠᠯᠢ | ᠤᠷᠴᠢᠨ ᠲᠠᠢ ᠪᠠᠨ ᠵᠤᠬᠢᠴᠠᠯᠳᠤᠨ᠂ ᠪᠠᠶᠢᠭᠠᠯᠢ ᠪᠠᠨ ᠰᠢᠳᠦᠵᠤ᠂ ᠪᠠᠶᠢᠭᠠᠯᠢ ᠪᠠᠨ ᠬᠠᠶᠢᠷᠠᠯᠠᠵᠤ᠂ ᠪᠠᠶᠢᠭᠠᠯᠢ ᠪᠠᠨ | ᠲᠦᠰᠢᠭᠯᠵᠡᠤ ᠶᠠᠪᠤᠳᠠᠭ᠃ ᠮᠤᠩᠭᠤᠯ ᠬᠦᠮᠦᠨ ᠬᠠᠮᠢᠭ᠎ᠠ᠂ ᠶᠠᠮᠠᠷ ᠭᠠᠵᠠᠷ ᠨᠡᠬᠦᠵᠤ ᠶᠠᠪᠤᠯ᠎ᠠ ᠬᠡᠳ ᠠᠭᠤᠯᠠ ᠬᠠᠶᠢᠷᠬᠠᠨ | ᠤ ᠨᠠᠪᠳᠠᠭ ᠰᠠᠪᠳᠠᠭ ᠲᠠᠭᠠᠨ ᠰᠦᠰᠦᠭᠯᠡᠨ ᠮᠦᠷᠬᠦᠵᠤ᠂ ᠤᠪᠤᠭ᠎ᠠ ᠱᠠᠩᠰᠢᠨ ᠳᠠᠭᠠᠨ ᠴᠠᠭᠠᠨ ᠪᠠᠯᠡᠭ ᠡᠷᠬᠦᠵᠤ | ᠮᠦᠷᠬᠦᠨ ᠲᠠᠭᠠᠳᠬᠠᠳᠠᠭ ᠪᠦᠬᠡᠳ ᠠᠭᠤᠯᠠ ᠬᠠᠶᠢᠷᠬᠠᠨ ᠤ ᠮᠤᠳᠤ ᠴᠢᠯᠠᠭᠤ ᠶᠢ ᠲᠤᠷ᠎ᠠ ᠪᠠᠷ ᠢᠶᠠᠨ ᠬᠦᠳᠡᠯᠬᠡᠬᠦ ᠦᠬᠡᠢ | ᠨᠠᠭᠤᠷ ᠭᠤᠤᠯ ᠤᠨ ᠤᠰᠤᠨ ᠳᠤ ᠮᠠᠭᠤ ᠰᠠᠶᠢᠨ ᠶᠠᠭᠤᠮ᠎ᠠ ᠪᠠᠨ ᠬᠠᠶᠠᠬᠤ ᠦᠬᠡᠢ᠂ ᠬᠤᠪᠴᠠᠰᠦ ᠬᠤᠨᠠᠷ ᠢᠶᠠᠨ | ᠤᠬᠢᠶᠠᠨ ᠪᠤᠵᠠᠷᠳᠠᠭᠤᠯᠬᠤ ᠦᠬᠡᠢ᠂ ᠬᠦᠷᠦᠰᠦ ᠰᠢᠷᠦᠢ ᠶᠢ ᠬᠦᠨᠳᠡᠬᠦ ᠦᠬᠡᠢ᠂ ᠠᠷᠢᠶᠠᠳᠠᠨ ᠵᠢᠬᠦᠷᠳᠡᠨ ᠢ ᠲᠤᠷ᠎ᠠ ᠪᠠᠷ | ᠢᠶᠠᠨ ᠠᠯᠠᠵᠤ ᠬᠤᠷᠤᠭᠠᠬᠤ ᠦᠬᠡᠢ᠂ ᠵᠢᠬᠦᠷᠳᠡᠨ ᠰᠢᠪᠠᠭᠤ ᠶᠢᠨ ᠦᠨᠳᠡᠭᠡ ᠵᠤᠯᠵᠠᠭ᠎ᠠ ᠶᠢ ᠬᠦᠳᠡᠯᠬᠡᠬᠦ ᠦᠬᠡᠢ᠂ ᠪᠠᠶ᠎ᠠ | ᠶᠢᠨ ᠰᠡᠬᠦᠳᠡᠷ ᠢᠶᠠᠨ ᠴᠦ ᠲᠡᠭᠡᠷ᠎ᠡ ᠨᠢ ᠲᠤᠰᠬᠠᠬᠤ ᠦᠬᠡᠢ᠂ ᠨᠠᠭᠠᠳᠦ ᠵᠠᠬ᠎ᠠ ᠳᠠᠭᠠᠨ ᠮᠤᠭᠠᠢ ᠮᠡᠯᠡᠬᠡᠢ᠂ ᠵᠢᠭᠠᠰᠦ | ᠵᠢᠷᠭᠠᠬᠠᠢ ᠶᠢ ᠬᠦᠷᠳᠡᠯ᠎ᠡ ᠠᠯᠠᠳᠠᠭ ᠦᠬᠡᠢ ᠨᠢᠩᠵᠢᠨ ᠰᠠᠡᠳᠬᠢᠯ ᠲᠠᠢ ᠦᠨᠳᠦᠰᠦᠳᠠᠨ ᠶᠤᠮ᠃ ᠡᠶᠢᠮᠤ ᠠᠴᠠ ᠪᠠᠶᠢᠭᠠᠯᠢ | ᠤᠷᠴᠢᠨ ᠨᠢ ᠬᠡᠵᠢᠶ᠎ᠠ ᠳᠡᠭᠡᠨ ᠡᠪᠳᠡᠭᠳᠡᠬᠦ ᠦᠬᠡᠢ᠂ ᠡᠪᠡᠰᠦ ᠪᠡᠯᠴᠢᠭᠡᠷ ᠨᠢ ᠬᠡᠵᠢᠶ᠎ᠠ ᠳᠡᠭᠡᠨ ᠲᠠᠴᠢᠷᠳᠠᠬᠤ ᠦᠬᠡᠢ᠂ | ᠠᠭᠤᠯᠠ ᠬᠠᠶᠢᠷᠬᠠᠨ ᠨᠢ ᠬᠡᠵᠢᠶ᠎ᠠ ᠳᠡᠭᠡᠨ ᠰᠦᠷᠯᠢᠭ᠂ ᠤᠢ ᠮᠤᠳᠤ ᠨᠢ ᠬᠡᠵᠢᠶ᠎ᠠ ᠳᠡᠭᠡᠨ ᠰᠠᠬᠤᠯᠢᠭ᠂ ᠨᠠᠭᠤᠷ ᠭᠤᠤᠯ | ᠨᠢ ᠬᠡᠵᠢᠶ᠎ᠠ ᠳᠡᠭᠡᠨ ᠲᠤᠩᠭᠠᠯᠠᠭ᠂ ᠬᠤᠷ᠎ᠠ ᠪᠤᠷᠤᠭᠠᠨ ᠨᠢ ᠬᠡᠵᠢᠶ᠎ᠠ ᠳᠡᠭᠡᠨ ᠲᠡᠩᠴᠡᠬᠦᠷᠢ ᠲᠠᠢ᠂ ᠪᠠᠶᠢᠭᠠᠯᠢ ᠤᠷᠴᠢᠯᠠᠩ | ᠨᠢ ᠬᠡᠵᠢᠶ᠎ᠠ ᠳᠡᠭᠡᠨ ᠡᠷᠡᠬᠦᠯ ᠰᠠᠷᠠᠭᠤᠯ ᠢᠶᠠᠷ ᠪᠠᠶᠢᠳᠠᠭ ᠰᠠᠨ᠃ | ᠤᠳᠤᠷᠯᠠᠨ ᠮᠠᠯᠵᠢᠵᠤ᠂ ᠨᠡᠬᠦᠵᠤ ᠪᠠᠭᠤᠬᠤ ᠳᠠᠭᠠᠨ ᠪᠡᠯᠡᠳᠬᠡᠯ ᠠᠵᠢᠯ ᠢ ᠬᠦᠢᠴᠠᠳ ᠬᠢᠳᠡᠭ᠃ | ᠵᠢᠱᠢᠶᠠᠯᠠᠪᠠᠯ᠂ ᠮᠤᠩᠭᠤᠯ ᠬᠡᠷ᠃ ᠮᠤᠳᠤᠨ ᠲᠡᠷᠭᠡ᠂ ᠲᠦᠯ ᠮᠠᠯ ᠤᠨ ᠬᠦᠷᠦᠮᠠᠯ ᠪᠤᠷᠭᠠᠰᠦᠨ ᠪᠠ ᠰᠢᠪᠡᠭᠡ᠂ ᠮᠤᠷᠢᠨ | ᠡᠮᠡᠬᠡᠯ ᠬᠠᠵᠠᠭᠠᠷ᠂ ᠨᠤᠬᠳᠦ᠂ ᠴᠢᠳᠦᠷ᠂ ᠠᠷᠭᠠᠮᠵᠢᠶ᠎ᠠ᠂ ᠤᠷᠭ᠎ᠠ ᠵᠡᠷᠭᠡ ᠪᠠᠨ ᠰᠢᠨᠡᠳᠬᠡᠨ ᠵᠠᠰᠠᠵᠤ ᠪᠡᠯᠡᠳᠬᠡᠬᠦ ᠶᠢᠨ | ᠬᠠᠮᠳᠤ ᠬᠡᠷ ᠵᠠᠭᠤᠷ᠎ᠠ ᠶᠢᠨ ᠵᠠᠷᠤᠵᠤ ᠪᠠᠷᠢᠬᠤ ᠠᠮᠢᠳᠤᠷᠠᠯ ᠤᠨ ᠬᠡᠷᠡᠭᠰᠡᠯ ᠪᠤᠯᠬᠤ ᠲᠤᠭᠤᠭ᠎ᠠ ᠰᠢᠨᠠᠭ᠎ᠠ᠂ ᠲᠤᠯᠭ᠎ᠠ | ᠵᠤᠤᠬ᠎ᠠ᠂ ᠠᠶᠠᠭ᠎ᠠ ᠰᠠᠪᠬ᠎ᠠ᠂ ᠵᠡᠬᠦᠦ ᠤᠳᠠᠰᠦ᠂ ᠬᠠᠶᠢᠴᠢ ᠰᠢᠪᠦᠭᠡ᠂ ᠬᠡᠳᠠ ᠬᠢᠳᠤᠭ᠎ᠠ᠂ ᠬᠢᠷᠦᠭᠡ ᠰᠦᠭᠡ᠂ | ᠴᠦᠴᠠ ᠤᠭᠤᠯᠢ᠂ ᠲᠡᠭᠡᠰᠦ ᠲᠦᠷᠦ᠂ ᠰᠠᠨᠳᠤᠤ ᠪᠤᠤᠳᠤᠤ᠂ ᠭᠠᠩ ᠰᠠᠪᠠ ᠵᠡᠷᠭᠡ ᠡᠳᠦᠷ ᠲᠤᠳᠤᠮ ᠤᠨ ᠬᠡᠷᠡᠭᠰᠡᠯ ᠪᠠ | ᠪᠤᠳᠠᠭ᠎ᠠ ᠴᠠᠶᠢᠯᠭᠠᠬᠤ ᠤᠭᠤᠷ ᠨᠦᠳᠦᠬᠦᠷ᠂ ᠤᠷᠭ᠎ᠠ ᠶᠢᠨ ᠵᠠᠯᠠᠭᠠᠭᠤᠷ ᠮᠤᠳᠤ᠂ ᠵᠤᠵᠠᠭᠠᠨ ᠨᠢᠮᠬᠡᠨ ᠲᠠᠪᠠᠯ | ᠬᠤᠪᠴᠠᠰᠦ᠂ ᠰᠢᠷᠳᠡᠭ ᠲᠠᠪᠢᠰᠭᠡᠷ᠂ ᠬᠦᠨᠡᠰᠦᠨ ᠪᠤᠳᠠᠭ᠎ᠠ᠂ ᠲᠠᠪᠤᠰᠦ ᠴᠠᠢ ᠶᠢ ᠬᠦᠢᠴᠠᠳ ᠠᠪᠴᠤ ᠶᠠᠪᠤᠨ᠎ᠠ᠃ | ᠬᠦᠨᠡᠰᠦᠨ ᠪᠤᠳᠠᠭᠠᠨ ᠳᠤ ᠭᠤᠤᠯ ᠨᠢ ᠮᠤᠩᠭᠤᠯ ᠠᠮᠤ᠂ ᠴᠤᠯᠭᠤᠢ ᠮᠤᠩᠭᠤᠯ ᠪᠤᠳᠠᠭ᠎ᠠ ᠪᠠᠨ ᠤᠭᠤᠳᠠ ᠬᠡᠥᠳᠠᠢ ᠳᠤ | ᠰᠠᠪᠠᠯᠠᠵᠤ᠂ ᠲᠡᠷᠭᠡᠨ ᠲᠡᠭᠡᠷ᠎ᠡ ᠪᠠᠨ ᠲᠡᠬᠡᠬᠡᠵᠤ ᠶᠠᠪᠤᠭᠠᠳ᠂ ᠬᠡᠵᠢᠶ᠎ᠠ ᠬᠦᠨᠠᠰᠦᠨ ᠠᠮᠤ ᠨᠢ ᠲᠤᠳᠠᠪᠠᠯ ᠲᠠᠷᠠ ᠲᠠᠷᠦᠢ | ᠳᠤᠨᠢ ᠬᠠᠷ᠎ᠠ ᠴᠤᠯᠭᠤᠢ ᠮᠤᠩᠭᠤᠯ ᠪᠤᠳᠠᠭ᠎ᠠ ᠪᠠᠨ ᠬᠡᠳᠦᠨ ᠱᠧᠩ ᠢᠶᠠᠷ ᠬᠦᠬᠡᠯᠬᠡᠵᠤ ᠬᠠᠭᠤᠷᠤᠭᠠᠳ ᠤᠭᠤᠷ | ᠨᠦᠳᠦᠬᠦᠷ ᠢᠶᠠᠷ ᠴᠠᠶᠢᠯᠭᠠᠵᠤ ᠢᠳᠡᠳᠡᠭ᠃ ᠢᠩᠬᠢᠵᠤ ᠪᠠᠭ᠎ᠠ ᠪᠠᠭ᠎ᠠ ᠪᠠᠷ ᠴᠠᠶᠢᠯᠭᠠᠬᠰᠠᠨ ᠬᠠᠭᠤᠷᠤᠬᠰᠠᠨ ᠪᠤᠳᠠᠭ᠎ᠠ | ᠪᠤᠷᠤᠭᠠᠨ ᠵᠤᠳ ᠲᠠᠢ ᠤᠯᠠᠷᠢᠯ ᠳᠤ ᠴᠢᠬᠢᠭᠳᠦᠵᠤ ᠲᠠᠪᠳᠤᠬᠦ ᠦᠬᠡᠢ ᠰᠢᠨ᠎ᠡ ᠰᠤᠷᠭᠤᠭ ᠢᠶᠠᠷ ᠪᠠᠶᠢᠳᠠᠭ᠃ | ᠤᠭᠤᠷ ᠨᠦᠳᠦᠬᠦᠷ ᠬᠡᠳᠡᠭ ᠨᠢ᠂ ᠤᠭᠤᠷ ᠨᠢ ᠮᠤᠳᠤ ᠪᠠᠷ ᠬᠢᠨ᠎ᠡ᠃ ᠭᠤᠷᠪᠠᠨ ᠲᠦᠭᠡ ᠢᠯᠡᠬᠦᠦ | ᠪᠦᠳᠦᠬᠦᠨ᠂ ᠬᠤᠶᠠᠷ ᠲᠤᠬᠤᠢ ᠢᠯᠡᠬᠦᠦ ᠤᠷᠳᠤ᠂ ᠬᠠᠶᠢᠯᠠᠰᠦ ᠪᠠ ᠬᠤᠰᠤ ᠵᠡᠷᠭᠡ ᠶᠢᠨ ᠴᠢᠨᠠᠷ ᠰᠠᠶᠢᠨᠳᠠᠢ ᠬᠠᠳᠠᠭᠤ | ᠮᠤᠳᠤ ᠶᠢ ᠨᠢᠬᠡ ᠲᠤᠬᠤᠢ ᠲᠤᠯᠤᠭᠠᠨ ᠢᠮᠠᠬᠤ ᠰᠢᠬᠠᠮ ᠬᠦᠨ ᠬᠦᠨᠳᠡᠶᠢᠯᠡᠨ ᠤᠬᠤᠵᠤ ᠵᠠᠰᠠᠭᠠᠳ ᠬᠠᠭᠤᠷᠤᠬᠰᠠᠨ | ᠪᠤᠳᠠᠭ᠎ᠠ ᠪᠠᠨ ᠪᠠᠭ᠎ᠠ ᠪᠠᠭ᠎ᠠ ᠪᠠᠷ ᠬᠢᠵᠤ ᠨᠦᠳᠦᠬᠦᠷ ᠤᠨ ᠡᠰᠢ ᠪᠠᠷ ᠨᠦᠳᠦᠵᠤ ᠪᠤᠳᠠᠭ᠎ᠠ ᠪᠠᠨ ᠴᠠᠶᠢᠯᠭᠠᠳᠠᠭ ᠪᠠᠭᠠᠵᠢ᠂ | ᠨᠦᠳᠦᠬᠦᠷ ᠬᠡᠳᠡᠭ ᠨᠢ ᠰᠠᠭᠤᠷᠢ ᠶᠢᠨ ᠲᠠᠯ᠎ᠠ ᠨᠢ ᠵᠢᠷᠭᠤᠭᠠᠨ ᠢᠮᠠᠬᠤ᠂ ᠲᠡᠭᠰᠢ ᠲᠦᠷᠪᠠᠯᠵᠢᠨ᠂ ᠦᠨᠳᠦᠷ ᠤᠨ | ᠬᠡᠮᠵᠢᠶ᠎ᠠ ᠨᠢ ᠵᠢᠷᠭᠤᠭᠠᠨ ᠢᠮᠠᠬᠤ ᠤᠷᠤᠢ ᠨᠢ ᠪᠦᠮᠪᠤᠷᠢᠬᠡᠨ ᠴᠢᠯᠠᠭᠤ ᠶᠢ ᠰᠠᠭᠤᠷᠢ ᠶᠢᠨ ᠲᠤᠮᠳᠠ ᠬᠡᠰᠡᠭ ᠲᠤᠨᠢ | ᠲᠤᠳᠠᠭᠤ ᠮᠤᠬᠤᠷ ᠨᠦᠬᠡ ᠴᠤᠭᠤᠯᠵᠤ᠂ ᠴᠢᠨᠠᠷ ᠰᠠᠶᠢᠨᠳᠠᠢ ᠬᠠᠳᠠᠭᠤ ᠮᠤᠳᠤ ᠪᠠᠷ ᠡᠰᠢ ᠵᠤᠬᠢᠶᠠᠬᠰᠠᠨ ᠪᠠᠭᠠᠵᠢ ᠮᠥᠨ᠃ | | ᠮᠤᠩᠭᠤᠯᠴᠤᠳ ᠤᠳᠤᠷᠯᠠᠨ ᠨᠡᠬᠦᠵᠤ ᠶᠠᠪᠤᠬᠤ ᠳᠠᠭᠠᠨ ᠤᠨᠤᠰᠢᠨ ᠮᠤᠷᠢ 2 — 3 ᠪᠠᠯᠠᠳᠬᠡᠵᠤ | ᠂ ᠬᠡᠷ ᠤᠨ ᠤᠶᠢᠷ᠎ᠠ ᠵᠠᠭᠤᠷ᠎ᠠ ᠠᠷᠭᠠᠮᠵᠢᠶ᠎ᠠ ᠪᠠ ᠴᠢᠳᠤᠷ ᠢᠶᠠᠷ ᠠᠷᠠᠴᠢᠯᠠᠵᠤ ᠡᠷᠬᠢᠴᠠᠬᠦᠯᠦᠨᠡ᠃ 5 — 7 ᠮᠤᠳᠤᠨ | ᠲᠡᠷᠭᠡ ᠪᠠᠯᠠᠳᠬᠡᠵᠤ ᠶᠠᠪᠤᠳᠠᠭ ᠪᠠ ᠬᠦᠨᠳᠦ ᠠᠪᠳᠠᠷ᠎ᠠ ᠪᠠᠷᠠᠭ᠎ᠠ ᠲᠡᠭᠡᠭᠭᠰᠠᠨ ᠨᠢᠬᠡ ᠲᠡᠷᠭᠡ ᠪᠡᠯᠡᠳᠬᠡᠵᠤ ᠲᠡᠭᠡᠭᠡᠭᠰᠠᠨ | ᠪᠠᠷᠠᠭ᠎ᠠ ᠪᠠᠨ ᠪᠠᠭᠤᠯᠭᠠᠵᠤ ᠠᠪᠳᠠᠭ ᠦᠬᠡᠢ᠂ ᠬᠡᠷ ᠤᠨ ᠢᠶᠠᠨ ᠵᠡᠬᠦᠨ ᠲᠠᠯ᠎ᠠ ᠳᠤ ᠪᠠᠶᠢᠯᠭᠠᠳᠠᠭ᠃ ᠪᠤᠷᠤᠭᠠᠨ ᠴᠠᠰᠦ | ᠤᠷᠤᠪᠠᠯ ᠲᠤᠭᠤᠷᠭᠠᠨ ᠢᠰᠡᠬᠡᠢ ᠪᠠᠷ ᠪᠦᠳᠡᠬᠡᠵᠤ ᠲᠠᠯᠪᠢᠳᠠᠭ᠃ ᠨᠢᠬᠡ ᠤᠰᠤᠨ ᠲᠡᠷᠭᠡ ᠪᠡᠯᠡᠳᠬᠡᠵᠤ᠂ ᠪᠦᠳᠦᠬᠦᠨ | ᠮᠤᠳᠤᠨ ᠭᠠᠩ ᠲᠡᠭᠡᠭᠡᠵᠤ᠂ ᠤᠰᠤᠨ ᠭᠠᠩ ᠳᠠᠭᠠᠨ ᠬᠡᠵᠢᠶᠠᠳᠠ ᠤᠰᠤ ᠲᠠᠢ ᠪᠠᠶᠢᠯᠭᠠᠳᠠᠭ᠃ ᠬᠤᠨᠢᠨ ᠮᠠᠨᠠᠭ᠎ᠠ ᠶᠢᠨ | ᠨᠢᠬᠡ ᠬᠠᠮ ᠲᠡᠷᠭᠡ ᠪᠡᠯᠡᠳᠬᠡᠵᠤ᠂ ᠬᠤᠨᠢᠨ ᠰᠦᠷᠦᠭ ᠤᠨ ᠬᠡᠪᠳᠡᠷᠢ ᠶᠢᠨ ᠬᠠᠵᠠᠭᠤᠳᠠ ᠪᠠᠶᠢᠯᠭᠠᠳᠠᠭ᠃ ᠪᠤᠰᠤᠳ | ᠲᠡᠷᠭᠡ ᠶᠢ ᠬᠡᠷ ᠤᠨ ᠪᠠᠷᠠᠭᠤᠨ ᠲᠠᠯ᠎ᠠ ᠳᠤ ᠰᠤᠬᠰᠤᠷᠠᠨ ᠨᠠᠶᠢᠷᠠᠭᠤᠯᠵᠤ ᠲᠠᠯᠪᠢᠳᠠᠭ᠃ ᠬᠡᠶᠢᠴᠢᠨ ᠵᠤᠴᠢᠨ ᠢᠷᠡᠪᠠᠯ | ᠡᠨᠡ ᠲᠡᠷᠭᠡᠨ ᠠᠴᠠ ᠮᠤᠷᠢ ᠪᠠᠨ ᠤᠶᠠᠵᠤ ᠪᠤᠯᠬᠤ ᠪᠦᠬᠡᠳ ᠤᠷᠭ᠎ᠠ ᠲᠠᠰᠢᠭᠤᠷ ᠢᠶᠠᠨ ᠲᠠᠯᠪᠢᠵᠤ ᠪᠤᠯᠤᠨ᠎ᠠ᠃ | ᠤᠳᠤᠷᠯᠠᠨ ᠮᠠᠯᠵᠢᠵᠤ ᠶᠠᠪᠤᠬᠤ ᠳᠤ ᠤᠷᠭ᠎ᠠ ᠪᠤᠯ ᠲᠤᠳᠠᠭᠳᠠᠵᠤ ᠪᠤᠯᠤᠰᠢ ᠦᠬᠡᠢ ᠬᠡᠷᠡᠭᠰᠡᠯ ᠪᠠᠭᠠᠵᠢ ᠮᠥᠨ᠃ | ᠤᠷᠭ᠎ᠠ ᠶᠢ ᠬᠤᠰᠤ᠂ ᠪᠤᠷᠭᠠᠰᠦ᠂ ᠮᠤᠶᠢᠯ ᠵᠡᠷᠭᠡ ᠪᠠᠬᠢᠯᠢᠭ᠌ ᠮᠤᠳᠤ ᠪᠠᠷ ᠬᠢᠨ᠎ᠠ᠃ ᠤᠷᠭᠠᠨ ᠮᠤᠳᠤ | ᠬᠠᠳᠠᠬᠰᠠᠨ ᠤ ᠰᠡᠬᠦᠯᠡᠷ᠂ ᠨᠤᠶᠢᠳᠠᠨ ᠭᠠᠵᠠᠷ ᠪᠤᠯᠠᠵᠤ ᠴᠢᠬᠢᠭᠰᠢᠬᠡᠵᠤ ᠨᠤᠷᠤᠭᠠᠬᠰᠠᠨ ᠤ ᠰᠡᠬᠦᠯᠡᠷ᠂ ᠬᠠᠭᠤᠷᠠᠢ ᠡᠪᠠᠰᠦ | ᠪᠤᠶᠤ ᠬᠤᠨᠢᠨ ᠦᠷᠳᠡᠩ ᠤᠨ ᠭᠠᠯ ᠤᠨ ᠨᠤᠷᠮ᠎ᠠ ᠳᠤ ᠬᠠᠯᠠᠭᠠᠵᠤ ᠤᠷᠭ᠎ᠠ ᠶᠢᠨ ᠵᠠᠯᠭᠠᠭᠤᠷ᠂ ᠬᠢᠯᠪᠢᠬᠦᠷ ᠤᠨ | ᠠᠵᠢᠷᠭᠠᠨ ᠮᠤᠳᠤᠨ ᠳᠤ ᠠᠯᠳᠠ ᠲᠠᠯᠢᠮ ᠤᠷᠳᠤ ᠶᠤᠵᠤᠭᠤᠷ᠂ ᠠᠯᠳᠠ ᠬᠢᠷᠢᠳᠠᠢ ᠤᠷᠳᠤ ᠴᠡᠬᠡᠵᠢ ᠶᠢᠨ ᠮᠤᠳᠤ | ᠬᠡᠷᠡᠭᠯᠡᠳᠡᠭ᠃ ᠤᠷᠭᠠᠨ ᠤ ᠶᠤᠵᠤᠭᠤᠷ ᠤᠨ ᠬᠡᠰᠡᠭ ᠲᠤ ᠬᠢᠷᠦᠭᠡ ᠪᠠᠷ , ᠠᠮᠠ ᠭᠠᠷᠭᠠᠵᠤ ᠤᠬᠤᠵᠤ ᠠᠪᠤᠭᠠᠳ | ᠴᠡᠬᠡᠵᠢᠨ ᠮᠤᠳᠤᠨ ᠤ ᠪᠦᠳᠦᠬᠦᠨ ᠤᠭ ᠲᠠᠯ᠎ᠠ ᠳᠤ ᠰᠡᠬᠦᠯ ᠭᠠᠷᠭᠠᠨ ᠴᠠᠪᠴᠢᠵᠤ ᠵᠠᠰᠠᠭᠠᠳ᠂ ᠶᠤᠵᠤᠭᠤᠷ ᠤᠨ | ᠦᠵᠦᠬᠦᠷ ᠤᠨ ᠬᠡᠰᠡᠭ ᠲᠤ ᠭᠠᠷᠭᠠᠭᠰᠠᠨ ᠠᠮᠠᠨ ᠳᠤ ᠰᠢᠷᠭᠤᠭᠤᠯᠵᠤ᠂ ᠠᠷᠭ᠎ᠠ ᠪᠢᠯᠢᠭ ᠢᠶᠠᠷ ᠠᠪᠴᠠᠯᠳᠤᠭᠤᠯᠤᠨ | ᠲᠠᠭᠠᠷᠠᠭᠤᠯᠵᠤ ᠴᠠᠪᠠᠥ ᠪᠠᠷ ᠴᠠᠪᠠᠤᠳᠠᠵᠤ ᠨᠠᠭᠠᠨ᠎ᠠ᠃ ᠡᠨᠡ ᠬᠡᠰᠡᠭ ᠭᠠᠵᠠᠷ ᠤᠨ ᠭᠠᠳᠠᠭᠤᠷ ᠪᠢᠳᠡᠬᠦᠦ ᠦᠪᠴᠢᠭᠰᠡᠨ | ᠦᠬᠡᠷ ᠤᠨ ᠰᠡᠬᠦᠯ ᠤᠨ ᠠᠷᠠᠰᠦ ᠶᠢ ᠰᠠᠶᠢᠨ ᠲᠡᠪᠳᠦᠭᠡᠵᠤ ᠪᠠᠶᠢᠭᠠᠳ ᠤᠬᠯᠠᠵᠤ ᠲᠠᠯᠪᠢᠨ᠎ᠠ᠃ ᠬᠠᠳᠠᠬᠰᠠᠨ ᠤ | ᠰᠡᠬᠦᠯᠡᠷ ᠪᠤᠷᠤᠭᠠᠨ ᠤᠰᠤᠨ ᠳᠤ ᠴᠠᠪᠠᠥ ᠨᠢ ᠲᠠᠪᠳᠤᠵᠤ ᠰᠠᠯᠬᠤ ᠦᠬᠡᠢ᠃ ᠤᠷᠭᠠᠨ ᠤ ᠴᠡᠬᠡᠵᠢᠨ ᠪᠠᠶ᠎ᠠ ᠶᠢᠨ ᠨᠠᠷᠢᠨ | ᠦᠵᠦᠬᠦᠷ ᠲᠤ ᠬᠢᠳᠤᠭ᠎ᠠ ᠪᠠᠷ ᠲᠠᠩᠨᠠᠢ ᠠᠷᠤ ᠭᠠᠷᠭᠠᠨ ᠵᠤᠷᠭᠤᠵᠤ᠂ ᠤᠷᠭᠠᠨ ᠤ ᠦᠵᠦᠬᠦᠷ ᠤᠨ ᠴᠠᠶᠢᠷ ᠤᠨ ᠤᠭ | ᠤᠨ ᠬᠡᠰᠡᠭ ᠲᠤ ᠮᠥᠨ ᠲᠠᠩᠨᠠᠢ ᠠᠷᠤ ᠳᠤ ᠠᠪᠴᠠᠯᠳᠤᠭᠤᠯᠤᠨ ᠲᠠᠭᠠᠷᠠᠭᠤᠯᠵᠤ᠂ ᠨᠠᠷᠢᠨ ᠵᠦᠰᠦᠭᠰᠠᠨ ᠨᠢᠮᠬᠡᠨ ᠰᠤᠷ | ᠬᠦᠯᠢᠶᠠᠷ ᠢᠶᠠᠷ ᠤᠷᠢᠶᠠᠨ ᠬᠦᠯᠢᠵᠤ ᠲᠠᠯᠪᠢᠨ᠎ᠠ᠃ ᠤᠷᠭᠠᠨ ᠤ ᠨᠠᠷᠢᠨ ᠴᠠᠶᠢᠷ ᠤᠨ ᠦᠵᠦᠬᠦᠷ ᠲᠤ ᠨᠢᠭᠡ ᠪᠤᠷᠴᠠ | ᠮᠤᠷᠢᠨ ᠰᠡᠬᠦᠯ ᠤᠨ ᠦᠨᠳᠦᠷ ᠬᠢᠯᠭᠠᠰᠦ ᠶᠢ ᠤᠷᠢᠶᠠᠨ ᠤᠶᠠᠵᠤ ᠰᠠᠴᠤᠭ ᠭᠠᠷᠭᠠᠨ᠎ᠠ᠃ ᠡᠬᠦᠨ ᠢ ᠤᠷᠭ᠎ᠠ ᠶᠢᠨ | ᠦᠵᠦᠬᠦᠷ ᠤᠨ ︽ᠴᠢᠨᠳᠠᠭ᠎ᠠ︾ ᠬᠡᠨ᠎ᠡ᠃ ᠡᠨᠡ ᠨᠢ ᠨᠢᠬᠡ ᠳᠤ ᠠᠳᠤᠭᠤᠨ ᠤ ᠬᠡᠢ ᠮᠤᠷᠢ ᠶᠢ ᠲᠡᠭᠳᠡᠭᠡᠵᠤ᠂ ᠬᠤᠶᠠᠷ | ᠲᠤ ᠮᠤᠷᠢ ᠤᠷᠭᠠᠯᠠᠵᠤ ᠪᠠᠷᠢᠬᠤ ᠳᠤ ᠤᠷᠭᠠᠨ ᠤ ᠬᠤᠶᠢᠪᠢ᠂ ᠤᠷᠭᠠᠨ ᠤ ᠦᠵᠦᠬᠦᠷ ᠢ ᠤᠷᠢᠶᠠᠵᠤ ᠡᠬᠡᠳᠡᠷᠬᠡᠬᠦ ᠦᠬᠡᠢ | ᠂ ᠮᠤᠷᠢ ᠪᠠᠷᠢᠬᠤ ᠳᠤ ᠲᠦᠬᠦᠮ ᠪᠠᠶᠢᠳᠠᠭ᠃ ᠤᠷᠭᠠᠨ ᠤ ᠬᠤᠶᠢᠪᠢ ᠶᠢ ᠦᠬᠡᠷ ᠤᠨ ᠠᠷᠰᠦᠨ ᠰᠤᠷ ᠢ ᠨᠠᠷᠢᠨ | ᠵᠦᠰᠦᠵᠤ ᠬᠤᠶᠠᠷ ᠮᠦᠰᠦᠮ ᠢᠶᠠᠷ ᠲᠠᠮᠤᠵᠤ ᠬᠢᠬᠦ ᠪᠦᠬᠡᠳ ᠲᠠᠩ ᠰᠤᠷ ᠢᠶᠠᠷ ᠬᠢᠭᠰᠡᠨ ᠴᠦ ᠪᠤᠢ᠃ ᠦᠬᠡᠷ ᠤᠨ | ᠰᠢᠷᠪᠤᠰᠦ ᠶᠢ ᠴᠠᠭ᠎ᠠ ᠶᠢᠨ ᠱᠤᠤ ᠳᠤ ᠱᠤᠤᠯᠠᠵᠤ ᠪᠤᠯᠪᠠᠰᠤᠷᠠᠭᠤᠯᠤᠭᠠᠳ ᠭᠤᠷᠪᠠᠨ ᠮᠦᠰᠦᠮ ᠢᠶᠠᠷ ᠮᠤᠰᠬᠢᠵᠤ ᠬᠢᠭᠰᠡᠨ | ᠰᠢᠷᠪᠦᠰᠦᠨ ᠬᠤᠶᠢᠪᠢ ᠴᠦ ᠪᠤᠢ᠃ ᠤᠷᠭ᠎ᠠ ᠶᠢ ᠮᠤᠷᠢᠨ ᠲᠡᠭᠡᠷ᠎ᠡ ᠠᠪᠴᠤ ᠶᠠᠪᠤᠬᠤ ᠳᠠᠭᠠᠨ ᠴᠡᠬᠡᠵᠢᠨ ᠪᠠᠶ᠎ᠠ ᠶᠢᠨ | ᠦᠵᠦᠬᠦᠷ ᠤᠷᠴᠢᠨ ᠠᠴᠠ ᠤᠶᠠᠵᠤ ᠲᠠᠯᠪᠢᠬᠰᠠᠨ ᠰᠤᠷ ᠭᠤᠬᠴᠤᠭ᠎ᠠ ᠠᠴᠠ ᠲᠤᠬᠤᠶᠢᠯᠠᠵᠤ ᠴᠢᠷᠴᠤ ᠶᠠᠪᠤᠳᠠᠭ᠃ | ᠡᠨᠡ ᠭᠤᠬᠴᠤᠭ᠎ᠠ ᠶᠢ ᠤᠷᠭᠠᠨ ᠤ ︽ᠲᠤᠬᠤᠪᠴᠢ︾ ᠬᠡᠨ᠎ᠡ᠃ ᠤᠷᠭ᠎ᠠ ᠶᠢ ᠬᠦᠰᠡᠷ ᠬᠠᠶᠠᠵᠤ᠂ ᠲᠡᠬᠡᠬᠦᠷ ᠨᠢ | ᠠᠯᠬᠤᠵᠤ ᠬᠡᠰᠬᠢᠬᠦ ᠶᠢ ᠴᠡᠬᠡᠷᠯᠠᠨ᠎ᠠ᠃ ᠬᠡᠷ ᠤᠨ ᠪᠠᠷᠠᠭᠤᠨ ᠲᠠᠯ᠎ᠠ ᠳᠤ ᠪᠤᠯᠠᠵᠤ ᠲᠠᠯᠪᠢᠬᠰᠠᠨ ᠤᠷᠭ᠎ᠠ ᠲᠠᠯᠪᠢᠬᠤ | ᠰᠠᠯᠠᠭ᠎ᠠ ᠲᠠᠢ ᠮᠤᠳᠤᠨ ᠤ ᠰᠠᠯᠠᠭᠠᠨ ᠳᠤ ᠤᠨᠤᠭᠤᠯᠤᠨ ᠲᠦᠰᠢᠬᠦᠯᠵᠤ ᠲᠠᠯᠪᠢᠬᠤ ᠪᠤᠶᠤ ᠮᠤᠩᠭᠤᠯ ᠬᠡᠷ ᠤᠨ ᠬᠠᠭᠠᠯᠭ᠎ᠠ | ᠶᠢᠨ ᠪᠠᠷᠠᠭᠤᠨ ᠲᠠᠯ᠎ᠠ ᠶᠢᠨ ᠬᠠᠨ᠎ᠠ ᠤᠨᠢ ᠶᠢ ᠲᠦᠰᠢᠬᠦᠯᠦᠨ ᠲᠠᠯᠪᠢᠨ᠎ᠠ᠂ ᠪᠠᠰᠠ ᠬᠡᠷ ᠤᠨ ᠪᠠᠷᠠᠭᠤᠨ ᠲᠠᠯ᠎ᠠ ᠳᠤ | ᠨᠠᠶᠢᠷᠠᠭᠤᠯᠤᠨ ᠰᠤᠬᠰᠤᠷᠴᠦ ᠲᠠᠯᠪᠢᠬᠰᠠᠨ ᠮᠤᠳᠤᠨ ᠲᠡᠷᠭᠡᠨ ᠲᠡᠭᠡᠷ᠎ᠡ ᠲᠠᠯᠪᠢᠨ᠎ᠠ᠃ ᠮᠤᠩᠭᠤᠯ ᠬᠦᠮᠦᠨ ᠤ ᠤᠷᠭ᠎ᠠ | ᠪᠤᠯ ᠤᠨᠴᠠᠭᠠᠢ ᠨᠢᠬᠡᠨ ᠵᠦᠢᠯ ᠤᠨ ᠵᠡᠪᠰᠡᠭ ᠮᠥᠨ᠃ ᠮᠤᠷᠢ ᠤᠷᠭᠠᠯᠠᠬᠤ ᠪᠠᠷ ᠪᠠᠷᠠᠬᠤ ᠦᠬᠡᠢ ᠪᠠᠰᠠ ᠬᠤᠨᠢ | ᠬᠤᠷᠠᠭ᠎ᠠ ᠶᠢ ᠤᠷᠭᠠᠯᠠᠵᠤ ᠪᠠᠷᠢᠳᠠᠭ᠃ ᠮᠠᠯ ᠢᠶᠠᠨ ᠬᠦᠬᠡᠬᠡᠵᠤ᠂ ᠬᠤᠷᠢᠶᠠᠵᠤ᠂ ᠬᠤᠳᠠᠯᠠᠬᠤ ᠳᠠᠭᠠᠨ ᠰᠤᠷ ᠬᠤᠶᠢᠪᠢ | ᠪᠠᠷ ᠰᠢᠪᠬᠠᠷᠳᠠᠨ ᠭᠤᠶᠠᠳᠠᠵᠤ ᠠᠶᠤᠯᠭᠠᠳᠠᠭ᠃ ᠦᠩᠬᠡᠷᠡᠭᠰᠠᠨ ᠦᠯᠢᠬᠡᠷ ᠲᠡᠥᠬᠡᠨ ᠳᠤ ᠲᠠᠶᠢᠨ ᠪᠠᠶᠢᠯᠳᠤᠭᠠᠨ ᠳᠤ ᠴᠦ | ᠬᠡᠷᠡᠭᠯᠡᠵᠤ ᠪᠠᠶᠢᠪᠠ᠃ ᠵᠢᠱᠢᠶᠠᠯᠠᠪᠠᠯ᠂ ᠲᠠᠩ ᠤᠯᠤᠰ ᠤᠨ ᠲᠠᠪᠤᠨ ᠶᠤᠸᠠᠨ ᠤ ︽ᠱᠠᠩ ᠶᠤᠤ ᠵᠤᠸᠠᠨ︾ ᠤ ᠦᠯᠢᠭᠡᠷ | ᠲᠤ ᠭᠠᠷᠳᠠᠭ ᠬᠠᠨ ᠰᠦᠩ ᠸᠠᠩ᠂ ᠯᠢ ᠺᠦᠨ ᠤ ᠲᠠᠭᠠᠭᠤᠯᠤᠬᠰᠠᠨ ᠮᠤᠩᠭᠤᠯ ᠴᠡᠷᠢᠭ ᠤᠨ ᠠᠯᠳᠠᠨᠰᠦ᠋ᠬᠡ᠂ ᠦᠷᠬᠦᠦ᠂ | ᠵᠦᠷᠬᠦᠦ ᠨᠠᠷ ᠤᠷᠭ᠎ᠠ ᠪᠢᠯᠠᠭᠤ ᠬᠡᠷᠡᠭᠯᠡᠭᠰᠠᠨ ᠴᠡᠷᠢᠭ ᠢᠶᠠᠷ ᠪᠠᠷᠠᠭᠤᠨ ᠶᠠᠨ ᠤᠯᠤᠰ ᠤᠨ ᠨᠠᠷᠠᠳᠦ ᠵᠠᠩᠵᠦᠨ ᠴᠡᠷᠢᠭ ᠢ | ᠴᠦᠮ ᠪᠠᠷᠢᠪᠴᠢᠯᠠᠬᠰᠠᠨ︔ ᠮᠠᠯ ᠠᠷᠢᠶᠠᠳᠠᠨ ᠢ ᠪᠠᠷᠢᠵᠤ ᠢᠳᠡᠭᠰᠠᠨ ᠴᠠᠳᠬᠤᠯᠠᠩ ᠴᠢᠨ᠋ᠸ᠎ᠡ ᠶᠢ ᠮᠤᠷᠢ ᠪᠠᠷ ᠲᠠᠭᠤᠵᠤ | ᠤᠷᠭᠠᠯᠠᠵᠤ ᠠᠪᠤᠭᠠᠳ ᠬᠡᠳᠡᠷᠬᠦ ᠪᠤᠴᠠᠨ ᠲᠤᠪᠳᠤᠯᠵᠤ ᠪᠤᠭᠤᠮᠢᠯᠠᠵᠤ ᠠᠯᠠᠳᠠᠭ ᠦᠯᠢᠭᠡᠷ ᠮᠠᠯᠵᠢᠬᠤ ᠤᠷᠤᠨ ᠳᠤ | ᠦᠷᠬᠦᠯᠵᠢ ᠭᠠᠷᠳᠠᠭ ᠪᠠᠶᠢᠬᠰᠠᠨ᠃ ᠴᠠᠳᠬᠤᠯᠠᠩ ᠴᠢᠨ᠋ᠸ᠎ᠡ ᠶᠢ ᠮᠤᠷᠢ ᠪᠠᠷ ᠲᠠᠭᠤᠬᠤ ᠳᠠᠭᠠᠨ ᠦᠪᠡᠷ ᠤᠨ ᠬᠦᠵᠦᠬᠦᠦ | ᠪᠠᠨ ᠠᠯᠴᠢᠭᠤᠷ ᠢᠶᠠᠷ ᠴᠢᠩᠭ᠎ᠠ ᠤᠷᠢᠶᠠᠵᠤ ᠤᠶᠠᠬᠤ ᠬᠡᠷᠡᠭᠳᠡᠢ᠃ ᠦᠬᠡᠢ ᠪᠤᠯ ᠬᠤᠯᠵᠢᠨ ᠴᠢᠨ᠋ᠸ᠎ᠡ ᠢᠳᠡᠭᠰᠠᠨ ᠮᠢᠬ᠎ᠠ | ᠪᠠᠨ ᠪᠦᠬᠦᠨ ᠢ ᠪᠦᠬᠡᠯᠵᠢᠵᠤ ᠭᠠᠷᠭᠠᠭᠠᠳ ᠪᠠᠶ᠎ᠠ ᠬᠦᠩᠬᠡᠨ ᠢᠶᠠᠷ ᠲᠤᠳᠠᠭᠠᠨ ᠵᠢᠭᠤᠳᠠᠳᠠᠭ᠃ ᠬᠦᠵᠦᠬᠦᠦ ᠪᠠᠨ | ᠠᠯᠴᠢᠭᠤᠷ ᠢᠶᠠᠷ ᠪᠤᠭᠤᠪᠠᠯ ᠴᠢᠨ᠋ᠸ᠎ᠡ ᠢᠳᠡᠭᠰᠠᠨ ᠮᠢᠬ᠎ᠠ ᠪᠠᠨ ᠪᠦᠬᠡᠯᠵᠢᠵᠤ ᠴᠢᠳᠠᠬᠤ ᠦᠬᠡᠢ ᠴᠠᠳᠬᠤᠯᠠᠩ ᠤᠴᠢᠷ | ᠠᠴᠠ ᠮᠤᠷᠢ ᠲᠠᠢ ᠬᠦᠮᠦᠨ ᠲᠠᠢ ᠠᠮᠠᠷᠬᠠᠨᠨ ᠬᠦᠢᠴᠡᠭᠳᠡᠵᠤ ᠤᠷᠭᠠᠯᠠᠬᠳᠠᠨ ᠴᠢᠷᠴᠦ ᠠᠯᠠᠬᠳᠠᠳᠠᠭ᠃ | ᠤᠳᠤᠷᠯᠠᠨ ᠨᠡᠬᠦᠳᠠᠯᠯᠠᠵᠤ ᠪᠠᠭᠤᠬᠤ ᠳᠠᠭᠠᠨ ᠵᠤᠨ ᠨᠠᠮᠤᠷ ᠤᠨ ᠤᠯᠠᠷᠢᠯ ᠳᠤ ᠨᠢᠬᠡ ᠪᠠᠭᠤᠴᠠᠨ | ᠲᠡᠭᠡᠷ᠎ᠡ ᠭᠤᠷᠪᠠᠨ ᠭᠠᠷᠠᠭ ᠠᠴᠠ ᠢᠯᠡᠬᠦᠦ ᠰᠠᠭᠤᠳᠠᠭ ᠦᠬᠡᠢ᠃ ᠨᠡᠬᠦᠵᠤ ᠶᠠᠪᠤᠬᠤ ᠳᠠᠭᠠᠨ ᠮᠠᠯᠳᠠᠬᠰᠠᠨ ᠨᠦᠬᠡ | ᠪᠦᠬᠦᠨ ᠢᠶᠠᠨ ᠪᠦᠷ ᠪᠤᠯᠠᠵᠤ ᠲᠠᠯᠪᠢᠳᠠᠭ ᠤᠴᠢᠷ ᠠᠴᠠ ᠤᠷᠴᠢᠨ ᠠᠬᠤᠢ ᠡᠪᠳᠡᠭᠳᠡᠬᠦ ᠦᠬᠡᠢ᠂ ᠭᠤᠷᠪᠠᠨ ᠭᠠᠷᠠᠭ ᠤᠨ | ᠲᠠᠷᠠᠭ᠎ᠠ ᠲᠠᠬᠢᠨ ᠡᠨᠡ ᠨᠤᠳᠤᠭ ᠲᠡᠭᠡᠷ᠎ᠡ ᠢᠷᠡᠬᠦ ᠳᠤ ᠡᠷᠡᠬᠦᠯ ᠭᠠᠵᠠᠷ ᠠᠳᠠᠯᠢ ᠡᠪᠡᠰᠦ ᠨᠤᠭᠤᠭ᠎ᠠ ᠤᠷᠭᠤᠳᠠᠭ ᠪᠢᠯᠡ᠃ | | | |