| ᠬᠤᠳᠠ ᠪᠠᠯᠭᠠᠰᠤᠵᠢᠯᠳᠠ ᠨᠢ ᠤᠳᠤ ᠶᠢᠨ ᠲᠡᠯᠡᠭᠡᠢ ᠳ᠋ᠠᠬᠢᠨ ᠤ ᠶᠡᠭᠡ ᠤᠷᠤᠰᠬᠠᠯ ᠪᠤᠯᠵᠤ ᠪᠠᠶᠢᠨ᠎ᠠ᠃ ᠬᠤᠳᠠ | ᠪᠠᠯᠭᠠᠰᠤ ᠨᠢ ᠵᠤᠭᠤᠰ ᠲᠠᠢ ᠯᠡ ᠪᠤᠯ ᠠᠯᠢᠪᠠ ᠪᠦᠬᠦᠨ ᠪᠡᠯᠡᠭᠡᠨ ᠪᠠᠶᠢᠬᠤ᠂ ᠨᠡᠶᠢᠭᠡᠮ ᠤᠨ ᠢᠯᠡᠬᠦᠳᠡᠯ ᠬᠦᠳᠡᠯᠮᠤᠷᠢ | ᠬᠦᠴᠤ ᠳᠤ ᠠᠵᠢᠯ ᠤᠯᠭᠤᠬᠤ ᠮᠡᠳᠤ ᠶᠢᠨ ᠤᠯᠠᠨ ᠲᠠᠪᠠᠭᠤᠯᠢᠬ ᠲᠠᠯ᠎ᠠ ᠪᠠᠷ ᠪᠤᠯᠬᠤᠷ ᠬᠦᠮᠤᠰ ᠠᠮᠢᠳᠤᠷᠠᠯ ᠤᠨ | ᠲᠠᠩᠰᠤᠭ ᠲᠤ ᠲᠠᠳᠠᠭᠳᠠᠵᠤ᠂ ᠠᠮᠢᠳᠤᠷᠠᠬᠤ ᠵᠠᠮ ᠡᠷᠢᠯᠬᠢᠯᠡᠵᠤ ᠬᠤᠳᠠ ᠪᠠᠷᠠᠳᠠᠬᠤ ᠪᠤᠯᠵᠠᠢ᠃ ᠲᠤᠮᠳᠠᠳᠤ ᠤᠯᠤᠰ ᠨᠢ | ᠬᠤᠳᠠ ᠪᠠᠯᠭᠠᠰᠤᠵᠢᠯᠳᠠ ᠶᠢᠨ ᠤᠷᠬᠢᠯ ᠬᠠᠯᠠᠮᠰᠢᠯ ᠳᠤ ᠪᠠᠨ ᠤᠷᠤᠵᠤ᠂ ᠮᠠᠰᠢᠨᠴᠢᠯᠠᠯᠳᠠ ᠶᠠᠭᠠᠬᠢᠵᠤ ᠬᠦᠭᠵᠢᠭᠰᠡᠨ ᠴᠤ | ᠬᠦᠳᠡᠭᠡ ᠲᠠᠷᠢᠶ᠎ᠠ ᠲᠠᠷᠢᠵᠤ᠂ ᠮᠠᠯ ᠮᠠᠯᠵᠢᠬᠤ ᠬᠦᠮᠤᠨ ᠲᠤᠳᠠᠭᠳᠠᠬᠤ ᠪᠤᠯᠵᠠᠢ᠃ ᠲᠤᠮᠳᠠᠳᠤ ᠤᠯᠤᠰ ᠪᠤᠯ | ᠲᠠᠷᠢᠶᠠᠯᠠᠩ ᠤᠨ ᠶᠡᠭᠡ ᠤᠯᠤᠰ᠂ ᠲᠠᠷᠢᠶᠠᠯᠠᠩ ᠮᠠᠯ ᠠᠵᠤ ᠠᠬᠤᠢ ᠪᠤᠯ ᠬᠠᠮᠤᠭ ᠴᠢᠬᠤᠯᠠ ᠠᠵᠤ ᠦᠢᠯᠡᠰ ᠪᠤᠯᠤᠨ᠎ᠠ᠃ | ᠭᠡᠳᠡᠯ᠎ᠠ ᠦᠨᠤ ᠶᠢᠨ ᠵᠠᠯᠠᠭᠤᠴᠤᠤᠨ ᠤᠯᠠᠩᠬᠢ ᠨᠢ ᠲᠠᠷᠢᠶ᠎ᠠ ᠲᠠᠷᠢᠵᠤ᠂ ᠮᠠᠯ ᠮᠠᠯᠵᠢᠬᠤ ᠲᠤᠷ᠎ᠠ ᠦᠭᠡᠢ᠂ ᠬᠦᠳᠡᠭᠡ | ᠠᠮᠢᠳᠤᠷᠠᠬᠤ ᠲᠤᠷ᠎ᠠ ᠦᠭᠡᠢ ᠪᠠᠶᠢᠵᠤ᠂ ᠬᠤᠳᠠ ᠳᠤ ᠬᠤᠭᠤᠯᠠᠨ ᠭᠡᠷ ᠲᠤ ᠠᠶᠠᠭ᠎ᠠ ᠤᠬᠢᠶᠠᠵᠤ᠂ ᠬᠦᠯᠤᠰᠤᠨ | ᠠᠵᠢᠯᠴᠢᠨ ᠪᠤᠯᠤᠭᠰᠠᠨ ᠴᠤ ᠬᠦᠳᠡᠭᠡ ᠮᠠᠯ ᠢᠶᠠᠨ ᠬᠠᠷᠢᠭᠤᠯᠵᠤ᠂ ᠲᠠᠷᠢᠶ᠎ᠠ ᠪᠠᠨ ᠲᠠᠷᠢᠬᠤ ᠡᠵᠡᠨ ᠬᠦᠮᠤᠨ ᠰᠢᠭ | ᠠᠮᠢᠳᠤᠷᠠᠬᠤ ᠲᠤᠷ᠎ᠠ ᠦᠭᠡᠢ᠃ ᠡᠨᠡ ᠨᠢ ᠵᠢᠷᠠ ᠲᠠᠯᠠᠭᠠᠳ ᠤᠨ ᠳᠤ ᠲᠡᠬᠦᠰᠦᠭᠰᠡᠨ ᠤᠶᠤᠳᠠᠳ ᠰᠡᠭᠡᠭᠡᠳᠡᠳ ᠤᠨ | ᠨᠤᠳᠤᠭ ᠵᠦᠭ ᠢᠶᠠᠨ ᠲᠡᠮᠡᠤᠯᠡᠬᠦ ᠰᠡᠳᠬᠢᠯᠭᠡ᠂ ᠨᠤᠳᠤᠭ ᠲᠤ ᠪᠠᠨ ᠦᠢᠯᠡᠰ ᠪᠤᠰᠬᠠᠵᠤ᠂ ᠨᠤᠳᠤᠭ ᠤᠰᠤ ᠪᠠᠨ | ᠬᠦᠭᠵᠢᠬᠦᠯᠬᠦ ᠵᠤᠷᠢᠬ ᠲᠠᠢ ᠶᠠᠭ ᠡᠰᠡᠷᠬᠦ ᠪᠤᠯᠵᠠᠢ᠃ ᠡᠨᠡ ᠬᠦ ᠪᠠᠶᠢᠳᠠᠯ ᠢ ᠪᠤᠢ ᠪᠤᠯᠭᠠᠭᠰᠠᠨ ᠦᠨᠳᠤᠰᠤᠨ ᠰᠢᠯᠳᠠᠭᠠᠨ | ᠨᠢ ᠰᠤᠷᠭᠠᠭᠤᠯᠢ ᠶᠢ ᠭᠡᠳᠤ ᠲᠦᠪᠯᠡᠷᠡᠬᠦᠯᠵᠤ᠂ ᠰᠤᠷᠭᠠᠨ ᠬᠦᠮᠤᠵᠢᠯ ᠢ ᠬᠦᠳᠡᠯᠮᠤᠷᠢ ᠠᠮᠢᠳᠤᠷᠠᠯ ᠠᠴᠠ ᠰᠠᠯᠭᠠᠭᠰᠠᠨ ᠤ | ᠦᠷ᠎ᠠ ᠳ᠋ᠦᠡᠭ ᠮᠦᠨ ᠭᠡᠵᠤ ᠪᠢ ᠦᠵᠡᠨ᠎ᠠ᠃ | ᠲᠤᠤᠷ᠎ᠠ ᠪᠢ ᠮᠤᠩᠭᠤᠯ ᠰᠤᠷᠭᠠᠭᠤᠯᠢ ᠶᠢ ᠭᠡᠳᠤ ᠲᠦᠪᠯᠡᠷᠡᠬᠦᠯᠦᠭᠰᠡᠨ ᠠᠴᠠ ᠮᠤᠩᠭᠤᠯ ᠰᠤᠷᠤᠭᠴᠢ᠂ ᠮᠤᠩᠭᠤᠯ | ᠬᠡᠯᠡᠨ ᠤ ᠬᠢᠴᠢᠶᠡᠯ ᠳᠤ ᠢᠯᠡᠷᠡᠵᠤ ᠪᠠᠶᠢᠭ᠎ᠠ ᠠᠰᠠᠭᠤᠳᠠᠯ ᠤᠨ ᠲᠤᠬᠠᠢ ᠶᠠᠷᠢᠶ᠎ᠠ᠃ | ᠤᠳᠤ ᠮᠤᠩᠭᠤᠯ ᠭᠠᠵᠠᠷ ᠰᠤᠮᠤᠨ ᠳᠤ ᠲᠤᠮᠳᠠᠳᠤ ᠰᠤᠷᠭᠠᠭᠤᠯᠢ ᠦᠭᠡᠢ᠂ ᠭᠠᠴᠠᠭᠠᠨ ᠳᠤ ᠪᠠᠭ᠎ᠠ ᠰᠤᠷᠭᠠᠭᠤᠯᠢ | ᠦᠭᠡᠢ ᠪᠤᠯᠵᠠᠢ᠃ ᠡᠨᠡ ᠬᠦ ᠲᠦᠪᠯᠡᠷᠡᠬᠦᠯᠤᠯᠳᠡ ᠨᠢ ᠰᠤᠷᠭᠠᠨ ᠬᠦᠮᠤᠵᠢᠯ ᠤᠨ ᠵᠠᠷᠤᠳᠠᠯ ᠢ ᠠᠷᠪᠢᠯᠠᠵᠤ᠂ ᠰᠤᠷᠭᠠᠨ | ᠬᠦᠮᠤᠵᠢᠯ ᠤᠨ ᠦᠨᠳᠤᠰᠤᠨ ᠪᠦᠳᠤᠭᠡᠨ ᠪᠠᠶᠢᠭᠤᠯᠤᠯᠳᠠ ᠶᠢ ᠰᠠᠶᠢᠵᠢᠷᠠᠭᠤᠯᠵᠤ᠂ ᠰᠤᠷᠤᠭᠴᠢᠳ ᠤᠨ ᠰᠤᠷᠤᠯᠴᠠᠬᠤ | ᠨᠦᠬᠦᠴᠡᠯ ᠢ ᠰᠠᠶᠢᠵᠢᠷᠠᠭᠤᠯᠤᠭᠰᠠᠨ ᠪᠤᠯᠪᠠᠴᠤ ᠮᠠᠰᠢ ᠤᠯᠠᠨ ᠡᠮᠵᠡᠭ ᠰᠤᠭᠤᠭ ᠢᠶᠠᠨ ᠴᠤ ᠢᠯᠡᠷᠡᠬᠦᠯᠦᠭᠰᠡᠨ ᠪᠠᠶᠢᠨ᠎ᠠ᠃ | | ᠨᠢᠭᠡ᠂ ᠠᠵᠤ ᠠᠬᠤᠢ ᠶᠢᠨ ᠲᠠᠯ᠎ᠠ ᠪᠠᠷ᠄ ᠪᠠᠭ᠎ᠠ ᠰᠤᠷᠭᠠᠭᠤᠯᠢ ᠶᠢ ᠬᠤᠰᠢᠭᠤᠨ ᠲᠦᠪ ᠲᠤ | ᠲᠦᠪᠯᠡᠷᠡᠬᠦᠯᠦᠭᠰᠡᠨ ᠨᠢ ᠮᠤᠩᠭᠤᠯ ᠰᠤᠷᠭᠠᠭᠤᠯᠢ ᠶᠢᠨ ᠤᠢᠢᠷ᠎ᠠ ᠤᠷᠴᠢᠮ ᠢᠶᠠᠷ ᠭᠡᠷ ᠲᠦᠷᠢᠶᠡᠰᠤᠯᠡᠨ ᠰᠠᠭᠤᠵᠤ᠂ | ᠬᠡᠤᠬᠡᠳ ᠤᠨ ᠲᠤᠭᠤᠭ᠎ᠠ ᠪᠠᠷᠢᠭᠰᠠᠨ ᠬᠦᠭᠰᠢᠳ ᠨᠠᠰᠤᠳᠠᠳ ᠤᠨ ︽ᠰᠤᠶᠤᠯ ᠤᠨ ᠤᠳᠤᠷᠴᠢᠳ︾ ᠢ ᠪᠤᠢ | ᠪᠤᠯᠭᠠᠭᠰᠠᠨ ᠪᠠᠶᠢᠨ᠎ᠠ᠃ ᠬᠤᠳᠠ ᠭᠠᠵᠠᠷ ᠭᠡᠵᠤ ᠬᠦᠳᠡᠯᠪᠡᠯ ᠬᠦᠯᠤᠰᠤ᠂ ᠵᠤᠭᠰᠤᠪᠠᠯ ᠵᠤᠭᠤᠰ᠂ ᠭᠠᠷᠪᠠᠯ ᠭᠠᠷᠤᠵᠠ᠃ | ᠨᠡᠩ ᠴᠤ ᠭᠡᠷ ᠤᠨ ᠲᠦᠷᠢᠶᠡᠰᠤᠨ ᠮᠦᠡᠭᠬᠦ | ︽ᠶᠠᠭᠤᠮ᠎ᠠ ᠬᠤᠪᠤᠷ ᠲᠤ ᠪᠠᠨ ᠦᠨᠡᠳᠠᠢ︾ ᠶᠢᠨ ᠵᠢᠮ᠎ᠠ ᠪᠠᠷ ᠦᠰᠤᠷᠳᠡᠯᠠ ᠦᠰᠦᠭᠰᠡᠨ ᠠᠴᠠ ᠮᠠᠯᠴᠢᠳ ᠤᠨ ᠠᠵᠤ | ᠠᠬᠤᠢ ᠶᠢᠨ ᠲᠠᠷᠤᠭᠠᠰᠤ ᠲᠤᠩ ᠬᠦᠨᠳᠤ ᠪᠤᠯᠤᠭᠰᠠᠨ ᠪᠠᠶᠢᠨ᠎ᠠ᠃ ᠬᠦᠳᠡᠭᠡ ᠳᠤ ᠬᠠᠪᠤᠷ ᠤᠨ ᠲᠦᠯ᠂ ᠨᠠᠮᠤᠷ ᠤᠨ | ᠬᠠᠳᠤᠯᠠᠩ ᠤᠨ ᠶᠠᠭᠠᠷᠠᠤ ᠴᠠᠭ ᠲᠤ ᠬᠦᠳᠡᠯᠮᠤᠷᠢ ᠬᠦᠴᠤ ᠲᠤᠳᠠᠭᠳᠠᠵᠤ᠂ ᠵᠠᠷᠤᠯᠭ᠎ᠠ ᠲᠠᠬᠢᠨ ᠢᠶᠠᠷ ᠦᠰᠴᠤ᠂ | ᠬᠦᠳᠡᠯᠮᠤᠷᠢ ᠬᠦᠴᠤ ᠬᠠᠭᠠᠰ ᠢᠶᠠᠷ ᠪᠠᠭᠤᠷᠠᠭᠰᠠᠨ ᠠᠴᠠ ᠮᠠᠯᠴᠢᠳ ᠤᠨ ᠠᠮᠢᠳᠤᠷᠠᠯ ᠶᠠᠳᠠᠭᠤᠷᠠᠵᠤ ᠪᠠᠶᠢᠨ᠎ᠠ᠃ | ᠬᠤᠶᠠᠷ᠂ ᠰᠤᠷᠤᠭᠴᠢ ᠶᠢᠨ ᠰᠤᠷᠤᠯᠭ᠎ᠠ᠂ ᠰᠡᠳᠬᠢᠴᠡ ᠶᠢᠨ ᠲᠠᠯ᠎ᠠ ᠪᠠᠷ᠂ ᠡᠪᠦᠭᠡ ᠡᠮᠡᠭᠡ ᠲᠠᠢ ᠪᠠᠨ ᠭᠠᠳᠠᠨ᠎ᠠ | ᠲᠦᠷᠢᠶᠡᠰᠤᠨ ᠭᠡᠷ ᠲᠤ ᠰᠠᠭᠤᠭᠰᠠᠨ ᠤᠯᠠᠩᠬᠢ ᠬᠡᠤᠬᠡᠳ ᠤᠨ ᠶᠡᠷᠤᠩᠭᠡᠢ ᠤᠨᠴᠠᠯᠢᠬ ᠨᠢ ᠡᠷᠭᠡ ᠲᠡᠩᠬᠢ ᠪᠠᠶᠢᠨ᠎ᠠ᠃ | ᠡᠶᠢᠮᠤ ᠦᠶ᠎ᠠ ᠠᠯᠤᠰᠯᠠᠭᠰᠠᠨ ᠤᠷᠴᠢᠨ ᠳᠤ ᠦᠰᠦᠭᠰᠡᠨ ᠬᠡᠤᠬᠡᠳ ᠠᠮᠢᠳᠤᠷᠠᠯ ᠤᠨ ᠬᠦᠴᠢᠷ ᠢ ᠮᠡᠳᠡᠬᠦ ᠦᠭᠡᠢ᠂ ᠠᠪᠤ | ᠡᠵᠢ ᠠᠴᠠ ᠪᠠᠨ ᠰᠠᠯᠤᠭᠰᠠᠨ ᠤᠴᠢᠷ ᠠᠴᠠ ᠡᠴᠢᠭᠡ ᠡᠭᠡ ᠶᠢᠨ ᠬᠠᠶᠢᠷ᠎ᠠ ᠶᠢ ᠮᠡᠳᠡᠬᠦ ᠦᠭᠡᠢ ᠪᠤᠯᠵᠤ᠂ ᠡᠴᠢᠭᠡ ᠡᠭᠡ | ᠠᠴᠠ ᠪᠠᠨ ᠬᠦᠢᠳᠡᠮᠰᠦᠭ ᠵᠠᠶᠢᠳᠠᠭᠤ ᠪᠤᠯᠳᠠᠭ ᠪᠠᠶᠢᠨ᠎ᠠ᠃ ᠰᠤᠷᠭᠠᠭᠤᠯᠢ ᠳᠤ ᠪᠠᠶᠢᠷᠢᠯᠠᠵᠤ ᠪᠠᠶᠢᠭ᠎ᠠ ᠬᠡᠤᠬᠡᠳ ᠨᠢ | ᠲᠡᠭᠡᠷ᠎ᠠ ᠤᠨ ᠤ ᠰᠤᠷᠤᠭᠴᠢ ᠪᠤᠯ ᠵᠦᠭᠡᠷ᠃ ᠨᠢᠭᠡ᠂ ᠬᠤᠶᠠᠷ ᠤᠨ ᠤ ᠪᠠᠯᠴᠢᠷ ᠬᠡᠤᠬᠡᠳ ᠲᠠᠩᠳᠡᠬᠦᠤ ᠡᠷᠳᠡ ᠡᠴᠢᠭᠡ | ᠡᠭᠡ ᠶᠢᠨ ᠬᠠᠶᠢᠷ᠎ᠠ ᠬᠠᠯᠠᠮᠵᠢ ᠠᠴᠠ ᠰᠠᠯᠵᠤ ︽ᠬᠠᠯᠠ ᠦᠵᠡᠵᠤ᠂ ᠬᠠᠯᠠᠭᠤᠨ ᠴᠢᠯᠠᠭᠤ ᠲᠤᠯᠢᠶᠠᠵᠤ︾ ᠶᠠᠪᠤᠬᠤ ᠨᠢ | ᠬᠡᠤᠬᠡᠳ ᠤᠨ ᠨᠢᠯᠬ᠎ᠠ ᠤᠶᠤᠨ ᠳᠤ ︽ᠪᠢᠴᠢᠭ ᠰᠤᠷᠤᠨ᠎ᠠ ᠭᠡᠳᠡᠭ ᠪᠤᠯ ᠲᠠᠮᠤ︾ ᠭᠡᠰᠡᠨ ᠰᠠᠭᠤᠭᠳᠠᠯ ᠦᠭᠴᠤ᠂ | ᠰᠤᠷᠤᠯᠭ᠎ᠠ ᠠᠴᠠ ᠬᠠᠰᠢᠷᠠᠬᠤ ᠰᠡᠳᠬᠢᠬᠦᠢ ᠶᠢ ᠪᠤᠢ ᠪᠤᠯᠭᠠᠵᠠᠢ᠃ ᠪᠠᠭ᠎ᠠ ᠰᠤᠷᠭᠠᠭᠤᠯᠢ ᠶᠢᠨ ᠲᠤᠤᠷ᠎ᠠ ᠤᠨ ᠤ | ᠰᠤᠷᠤᠭᠴᠢᠳ ᠲᠤ ᠭᠡᠷ ᠪᠦᠯᠢ ᠶᠢᠨ ᠬᠠᠶᠢᠷ᠎ᠠ ᠬᠠᠯᠠᠮᠵᠢ᠂ ᠰᠤᠷᠭᠠᠨ ᠬᠦᠮᠤᠵᠢᠯ ᠨᠢ ᠰᠤᠷᠭᠠᠭᠤᠯᠢ ᠶᠢᠨ ᠰᠤᠷᠭᠠᠨ | ᠬᠦᠮᠤᠵᠢᠯ ᠠᠴᠠ ᠴᠤ ᠨᠡᠩ ᠴᠢᠬᠤᠯᠠ ᠶᠤᠮ᠃ ᠡᠨᠡ ᠴᠠᠭ ᠦᠶ᠎ᠠ ᠳᠤ ᠡᠴᠢᠭᠡ ᠡᠭᠡ ᠠᠴᠠ ᠪᠠᠨ ᠰᠠᠯᠬᠤ ᠨᠢ | ᠬᠡᠤᠬᠡᠳ ᠢ ᠡᠴᠢᠭᠡ ᠡᠭᠡ ᠠᠴᠠ ᠪᠠᠨ ᠬᠦᠨᠳᠠᠢ ᠬᠠᠬᠢᠷ ᠪᠤᠯᠭᠠᠳᠠᠭ ᠪᠠᠶᠢᠨ᠎ᠠ᠃ | ᠭᠤᠷᠪᠠ᠂ ᠰᠤᠷᠭᠠᠨ ᠬᠦᠮᠤᠵᠢᠯ ᠤᠨ ᠠᠯᠤᠰ ᠭᠡᠳᠤ ᠶᠢᠨ ᠦᠷ᠎ᠠ ᠨᠦᠯᠤᠭᠡᠨ ᠤ ᠲᠠᠯ᠎ᠠ ᠪᠠᠷ᠄ ︽ᠰᠤᠷᠭᠠᠨ | ᠬᠦᠮᠤᠵᠢᠯ ᠢ ᠤᠳᠤᠬᠢᠴᠢᠯᠠᠯᠳᠠ ᠳᠤ ᠬᠠᠨᠳᠤᠭᠤᠯᠵᠤ᠂ ᠢᠷᠡᠭᠡᠳᠤᠢ ᠳᠤ ᠬᠠᠨᠳᠤᠭᠤᠯᠵᠤ᠂ ᠲᠡᠯᠡᠭᠡᠢ ᠳᠤ ᠬᠠᠨᠳᠤᠭᠤᠯᠵᠤ᠂ | ᠰᠤᠶᠤᠯ ᠲᠢ᠂ ᠮᠤᠷᠠᠯ ᠲᠠᠢ᠂ ᠰᠢᠨ᠎ᠠ ᠦᠶ᠎ᠠ ᠶᠢᠨ ᠬᠦᠳᠡᠯᠮᠤᠷᠢᠴᠢᠨ ᠢ ᠬᠦᠮᠤᠵᠢᠬᠦᠯᠬᠦ ᠭᠡᠷᠡᠭᠳᠠᠢ ︾ ᠭᠡᠵᠤ ᠳ᠋ᠸᠡᠭ | ᠰᠢᠶᠤᠤ ᠫᠢᠡᠭ ᠨᠦᠬᠦᠷ ᠲᠤᠳᠤᠷᠬᠠᠢ ᠲᠤᠷᠠᠳᠤᠭᠰᠠᠨ ᠪᠢᠯᠡ᠃ ᠲᠤᠮᠳᠠᠳᠤ ᠤᠯᠤᠰ ᠤᠨ ᠤᠳᠤ ᠦᠶ᠎ᠠ ᠶᠢᠨ | ᠲᠦᠪᠯᠡᠷᠡᠬᠦᠯᠦᠭᠰᠡᠨ ᠰᠤᠷᠭᠠᠨ ᠬᠦᠮᠤᠵᠢᠯ ᠨᠢ ᠰᠤᠷᠤᠭᠴᠢᠳ ᠢ ︽ᠪᠢᠴᠢᠭ ᠯᠡ ᠰᠤᠷᠳᠠᠭ︾ ᠭᠡᠳᠤ | ᠲᠤᠰᠠᠬᠠᠢᠢᠵᠢᠭᠰᠠᠨ ᠮᠠᠰᠢᠨ ᠰᠢᠬ ᠪᠤᠯᠭᠠᠭᠰᠠᠨ ᠪᠠᠶᠢᠨ᠎ᠠ᠃ ᠰᠤᠷᠤᠭᠴᠢᠳ ᠤᠨ ᠬᠦᠳᠡᠯᠮᠤᠷᠢ ᠠᠴᠠ ᠵᠠᠶᠢᠳᠠᠭᠰᠠᠨ | ᠶᠠᠪᠤᠳᠠᠯ ᠨᠢ ᠤᠳᠤᠬᠢ ᠰᠤᠷᠭᠠᠨ ᠬᠦᠮᠤᠵᠢᠯ ᠤᠨ ᠬᠠᠮᠤᠭ ᠶᠡᠭᠡ ᠲᠤᠳᠠᠭᠳᠠᠯ ᠪᠤᠯᠤᠨ᠎ᠠ ᠭᠡᠵᠤ ᠪᠢ ᠦᠵᠡᠨ᠎ᠠ᠃ | ᠬᠦᠳᠡᠯᠮᠤᠷᠢᠴᠢᠨ ᠢ ᠬᠦᠮᠤᠵᠢᠬᠦᠯᠬᠦ ᠪᠠᠷ ᠵᠤᠷᠢᠯᠭ᠎ᠠ ᠪᠤᠯᠭᠠᠭᠰᠠᠨ ᠰᠤᠷᠭᠠᠨ ᠬᠦᠮᠤᠵᠢᠯ ᠨᠢ ᠬᠦᠳᠡᠯᠮᠤᠷᠢ ᠠᠴᠠ | ᠵᠠᠶᠢᠳᠠᠭᠰᠠᠨ ᠰᠤᠷᠭᠠᠨ ᠬᠦᠮᠤᠵᠢᠯ ᠬᠢᠨ᠎ᠠ ᠭᠡᠳᠡᠭ ᠰᠤᠨᠢᠨ᠃ ᠬᠦᠳᠡᠯᠮᠤᠷᠢ ᠠᠴᠠ ᠵᠠᠶᠢᠳᠠᠭᠰᠠᠨ ᠬᠦᠮᠤᠨ ᠬᠦᠳᠡᠯᠮᠤᠷᠢ | ᠶᠢ ᠬᠠᠶᠢᠷᠠᠯᠠᠵᠤ ᠴᠢᠳᠠᠬᠤ ᠦᠭᠡᠢ᠂ ᠬᠦᠳᠡᠯᠮᠤᠷᠢ ᠶᠢ ᠬᠠᠶᠢᠷᠠᠯᠠᠬᠤ ᠦᠭᠡᠢ ᠬᠦᠮᠤᠨ ᠠᠴᠢ ᠡᠨᠡᠷᠢᠯ ᠢ ᠮᠡᠳᠡᠬᠦ ᠨᠢᠩᠵᠢᠨ | ᠰᠡᠳᠬᠢᠯ ᠲᠠᠢ ᠪᠤᠯᠵᠤ ᠴᠢᠳᠠᠬᠤ ᠦᠭᠡᠢ᠃ ᠠᠮᠢᠳᠤᠷᠠᠯ ᠤᠨ ᠬᠠᠮᠤᠭ ᠤᠨ ᠠᠬ ᠤᠨ ᠬᠦᠳᠡᠯᠮᠤᠷᠢ ᠠᠵᠢᠯ ᠢ ᠴᠤ ᠬᠢᠵᠤ | ᠴᠢᠳᠠᠬᠤ ᠦᠭᠡᠢ᠂ ᠠᠮᠢᠳᠤᠷᠠᠯ ᠤᠨ ᠭᠡᠷᠡᠭᠴᠡᠭᠡ ᠠᠴᠠ ᠵᠠᠶᠢᠳᠠᠭᠰᠠᠨ ᠤᠨᠤᠯ ᠰᠤᠷᠤᠭᠰᠠᠨ ᠬᠦᠮᠤᠨ ᠨᠡᠶᠢᠭᠡᠮ ᠲᠡᠭᠡᠷ᠎ᠠ | ᠵᠤᠬᠢᠴᠠᠵᠤ ᠴᠢᠳᠠᠬᠤ ᠦᠭᠡᠢ᠃ ︽ᠰᠤᠷᠤᠭᠰᠠᠨ ᠮᠡᠳᠡᠯᠭᠡ ᠶᠢ ᠨᠡᠶᠢᠭᠡᠮ ᠲᠡᠭᠡᠷ᠎ᠠ ᠤᠯᠠᠩᠬᠢ ᠶᠢ ᠨᠢ ᠭᠡᠷᠡᠭᠯᠡᠵᠤ ᠲᠡᠶᠢᠯᠬᠦ | ᠦᠭᠡᠢ︾ ᠭᠡᠵᠤ ᠶᠡᠭᠡ ᠰᠤᠷᠭᠠᠭᠤᠯᠢ ᠲᠡᠬᠦᠰᠦᠭᠰᠡᠨ ᠤᠶᠤᠳᠠᠳ ᠤᠨ ᠲᠤᠯᠤᠭᠠᠢ ᠰᠡᠭᠰᠤᠷᠳᠡᠭ ᠤᠨ ᠰᠢᠯᠳᠠᠭᠠᠨ ᠨᠢ | ᠡᠨᠡ ᠪᠤᠯᠤᠨ᠎ᠠ᠃ ᠤᠳᠤ ᠶᠢᠨ ᠤᠶᠤᠳᠠᠳ ᠬᠦᠳᠡᠭᠡ ᠤᠴᠢᠬᠤ ᠲᠤᠷ᠎ᠠ ᠦᠭᠡᠢ᠂ ᠤᠯᠤᠰ ᠤᠨ ᠠᠯᠪᠠᠳᠠᠨ ᠪᠤᠯᠬᠤ᠂ | ᠡᠵᠡᠨᠳᠡᠨ ᠲᠠᠭᠠᠭᠠᠮᠠᠯ ᠰᠠᠭᠤᠬᠤ ᠶᠡᠭᠡ ᠰᠠᠨᠠᠭ᠎ᠠ ᠲᠠᠢ ᠪᠠᠶᠢᠳᠠᠭ ᠨᠢ ᠲᠡᠳᠡᠨ ᠤ ᠪᠤᠷᠤᠭᠤ ᠪᠢᠰᠢ᠂ ᠤᠴᠢᠷ ᠨᠢ | ᠦᠴᠢᠨᠡᠨ ᠵᠢᠯ ᠬᠦᠷᠳᠡᠭᠰᠡᠨ ᠰᠤᠷᠭᠠᠨ ᠬᠦᠮᠤᠵᠢᠯ ᠨᠢ ᠲᠡᠳᠡᠨ ᠢ ᠪᠡᠶ᠎ᠠ ᠶᠢᠨ ᠬᠦᠳᠡᠯᠮᠤᠷᠢ ᠶᠢ ᠭᠤᠯᠤᠬᠤ᠂ ᠬᠦᠴᠢᠷ | ᠪᠡᠷᠭᠡᠰᠢᠶᠡᠯ ᠢ ᠮᠡᠳᠡᠬᠦ ᠦᠭᠡᠢ ᠪᠤᠯᠭᠠᠵᠤ᠂ ᠶᠡᠭᠡ ᠤᠨᠤᠯ᠂ ᠶᠡᠭᠡ ᠨᠤᠮᠯᠠᠯ ᠨᠢ ᠶᠡᠭᠡ ᠪᠤᠳᠤᠯ ᠲᠠᠢ ᠬᠦᠮᠤᠨ ᠪᠤᠯᠭᠠᠨ | ᠬᠦᠮᠤᠵᠢᠬᠦᠯᠵᠠᠢ᠃ ᠬᠤᠳᠠ ᠪᠠᠯᠭᠠᠰᠤᠵᠢᠯᠳᠠ ᠨᠢ ᠰᠤᠷᠤᠭᠴᠢ ᠶᠢ ᠪᠠᠶᠢᠭᠠᠯᠢ ᠠᠴᠠ ᠵᠠᠶᠢᠳᠠᠭᠤᠯᠤᠭᠰᠠᠨ ᠪᠠᠶᠢᠨ᠎ᠠ᠃ ︽ | ᠡᠭᠡ ᠪᠠᠶᠢᠭᠠᠯᠢ ᠶᠢ ᠬᠠᠮᠠᠭᠠᠯᠠᠶ᠎ᠠ︾ ᠭᠡᠳᠡᠭ ᠶᠤᠰᠤ ᠶᠢ ᠡᠷᠡᠤ ᠠᠮᠠ ᠲᠠᠢ ᠬᠦᠮᠤᠨ ᠪᠤᠯᠭᠠᠨ ᠶᠠᠷᠢᠵᠤ ᠶᠠᠩᠰᠢᠳᠠᠭ᠃ | ᠭᠡᠳᠡᠯ᠎ᠠ ᠡᠨᠡ ᠬᠦᠮᠤᠵᠢᠯ ᠢ ᠰᠤᠷᠤᠭᠴᠢᠳ ᠬᠦᠯᠢᠶᠡᠵᠤ ᠠᠪᠤᠨ᠎ᠠ ᠤᠤ ᠨᠤᠮᠯᠠᠯ ᠤᠨ ᠬᠦᠮᠤᠵᠢᠯ ᠰᠤᠷᠤᠭᠴᠢᠳ ᠢ | ᠰᠡᠩᠭᠡᠷᠡᠬᠦᠯᠵᠤ ᠲᠡᠶᠢᠯᠬᠦ ᠦᠭᠡᠢ᠃ ᠤᠳᠤ ᠶᠢᠨ ᠬᠡᠤᠬᠡᠳ ᠤᠨ ᠤᠷᠴᠢᠨ ᠲᠤᠭᠤᠷᠢᠨ ᠨᠢ ᠰᠤᠷᠭᠠᠭᠤᠯᠢ᠂ ᠭᠡᠷ ᠤᠨ | ᠬᠤᠭᠤᠷᠤᠨᠳᠤ ᠬᠤᠯᠬᠢᠵᠤ᠂ ᠠᠮᠠᠷᠠᠯᠳᠠ ᠳᠤ ᠨᠠᠭᠠᠳᠴᠤ ᠲᠤᠭᠯᠠᠬᠤ ᠨᠢ ᠦᠨᠳᠦᠷ ᠦᠨᠳᠦᠷ ᠠᠰᠠᠷ ᠤᠨ ᠬᠤᠭᠤᠷᠤᠨᠳᠤ | ᠦᠯᠡᠳᠡᠭᠰᠡᠨ ᠰᠠᠭᠤᠯᠭᠠᠨ ᠢᠷᠤᠭᠠᠷ ᠰᠢᠬ ᠦᠴᠤᠭᠡᠨ ᠼᠧᠮᠨᠧᠲ ᠤᠨ ᠤᠷᠤᠨ ᠵᠠᠢ ᠳᠤ ᠲᠤᠭᠯᠠᠨ᠎ᠠ᠃ ᠡᠶᠢᠮᠤ | ᠤᠷᠴᠢᠨ ᠳᠤ ᠶᠠᠮᠠᠷ ᠦᠨ᠎ᠠ ᠲᠠᠢ ᠲᠤᠭᠯᠠᠭᠠᠮ ᠢᠶᠠᠷ ᠨᠠᠭᠠᠳᠤᠭᠰᠠᠨ ᠴᠤ ᠶᠠᠭᠠᠬᠢᠬᠤ ᠶᠢᠨ ᠠᠷᠭ᠎ᠠ ᠦᠭᠡᠢ ᠲᠤᠤᠷᠬᠠᠨ | ᠢᠶᠠᠨ ᠤᠢᠢᠳᠤᠴᠢᠬᠠᠨᠠ᠃ ᠬᠦᠮᠤᠨ ᠪᠤᠯ ᠪᠠᠶᠢᠭᠠᠯᠢ ᠶᠢᠨ ᠲᠦᠷᠤᠳᠡᠰᠤ᠂ ᠪᠢᠳᠡᠨ ᠢ ᠡᠴᠤᠰ ᠤᠨ ᠡᠴᠤᠰ ᠲᠤ ᠪᠠᠨ | ᠡᠭᠡ ᠪᠠᠶᠢᠭᠠᠯᠢ ᠮᠢᠨᠢ ᠲᠡᠵᠢᠭᠡᠵᠤ ᠪᠠᠶᠢᠭ᠎ᠠ ᠰᠢᠤ ᠳ᠋ᠠ᠃ ᠪᠠᠶᠢᠭᠠᠯᠢ ᠳᠤ ᠪᠠᠨ ᠵᠤᠬᠢᠴᠠᠭᠰᠠᠨ ᠠᠮᠢᠳᠤᠷᠠᠯ ᠬᠦᠳᠡᠯᠮᠤᠷᠢ | ᠨᠢ ᠬᠦᠮᠤᠨ ᠳᠤ ᠬᠠᠮᠤᠭ ᠶᠡᠭᠡ ᠪᠠᠶᠠᠷ ᠴᠡᠩᠭᠡᠯ ᠢ ᠠᠪᠴᠢᠷᠠᠳᠠᠭ ᠤᠴᠢᠷ ᠲᠠᠢ᠃ ᠭᠡᠳᠡᠯ᠎ᠠ ᠤᠳᠤ ᠰᠤᠷᠭᠠᠭᠤᠯᠢ ᠨᠢ | ᠤᠴᠢᠷ ᠭᠠᠷᠴᠤ ᠵᠠᠭᠠᠯᠳᠤᠭᠳᠠᠬᠤ ᠠᠴᠠ ᠠᠶᠤᠬᠤ ᠳᠠᠭᠠᠨ ᠬᠡᠤᠬᠡᠳ ᠢ ᠭᠡᠭᠡᠷ᠎ᠠ ᠬᠦᠳᠡᠭᠡ ᠵᠤᠭᠠᠴᠠᠭᠤᠯᠬᠤ ᠦᠭᠡᠢ᠂ | ᠬᠠᠮᠳᠤ ᠶᠢᠨ ᠬᠦᠳᠡᠯᠮᠤᠷᠢ ᠠᠵᠢᠯ ᠳᠤ ᠤᠷᠤᠯᠴᠠᠭᠤᠯᠬᠤ ᠦᠭᠡᠢ ᠪᠤᠯᠵᠠᠢ᠃ ᠤᠳᠤ ᠶᠢᠨ ᠭᠡᠷ ᠤᠨ ᠠᠬᠠᠮᠠᠳ ᠭᠡᠵᠤ | ᠰᠤᠷᠭᠠᠭᠤᠯᠢ ᠲᠡᠭᠡᠷ᠎ᠠ ᠬᠡᠤᠬᠡᠳ ᠨᠠᠭᠠᠳᠴᠤ ᠪᠠᠶᠢᠭᠠᠳ ᠭᠠᠷ ᠢᠶᠠᠨ ᠰᠢᠯᠪᠤᠯᠠᠭᠰᠠᠨ ᠴᠤ ᠰᠤᠷᠭᠠᠭᠤᠯᠢ ᠶᠢ ᠡᠷᠢᠵᠤ | ᠵᠠᠷᠭᠤᠯᠳᠤᠵᠤ ᠲᠦᠯᠤᠪᠤᠷᠢ ᠠᠪᠤᠨ᠎ᠠ ᠭᠡᠵᠤ ᠠᠭᠰᠤᠮᠨᠠᠬᠤ ᠪᠤᠯᠵᠠᠢ᠃ ᠶᠠᠷᠢᠶᠠᠨ ᠦᠭᠡᠢ ᠬᠠᠤᠯᠢ ᠴᠠᠭᠠᠵᠠ ᠪᠠᠳᠤᠯᠠᠭ᠎ᠠ | ᠪᠠᠨ ᠤᠯᠵᠤ᠂ ᠬᠦᠮᠤᠨ ᠤ ᠡᠷᠭᠡ ᠴᠢᠯᠤᠭᠡ᠂ ᠪᠠᠶᠢᠷᠢ ᠰᠠᠭᠤᠷᠢ ᠦᠨᠳᠦᠷ ᠪᠤᠯᠵᠤ ᠪᠠᠶᠢᠭ᠎ᠠ ᠶᠠᠪᠤᠳᠠᠯ ᠪᠤᠯ ᠰᠠᠶᠢᠨ | ᠤᠴᠢᠷ᠂ ᠭᠡᠳᠡᠯ᠎ᠠ ︽ᠬᠠᠯᠳᠠᠵᠤ ᠪᠤᠯᠤᠰᠢ ᠦᠭᠡᠢ ᠬᠠᠷ᠎ᠠ ᠬᠠᠮᠠᠭᠤ︾ ᠪᠤᠯᠵᠤ ᠪᠤᠯᠬᠤ ᠦᠭᠡᠢ᠃ ᠬᠦᠮᠤᠨ᠂ ᠬᠦᠮᠤᠨ | ᠰᠢᠭ ᠯᠡ ᠪᠠᠶᠢᠬᠤ ᠳᠤ ᠡᠶ᠎ᠡ ᠵᠤᠬᠢᠴᠠᠯ ᠰᠠᠶ᠋ᠢ ᠪᠠᠶᠠᠯᠠᠯ ᠢᠶᠠᠨ ᠤᠯᠬᠤ ᠶᠤᠰᠤᠳᠠᠢ᠃ ᠡᠬᠦᠨ ᠠᠴᠠ ᠪᠤᠯᠤᠭᠠᠳ | ᠲᠠᠮᠢᠷ ᠤᠨ ᠬᠢᠴᠢᠶᠡᠯ ᠤᠷᠤᠬᠤ ᠦᠭᠡᠢ᠃ ᠬᠤᠳᠠ ᠶᠢᠨ ᠬᠡᠤᠬᠡᠳ ᠨᠢ ᠬᠠᠰᠢᠶᠠᠯᠠᠬᠤ ᠪᠠᠶᠢᠭ᠎ᠠ ᠲᠠᠪᠤᠨ ᠬᠤᠰᠢᠭᠤ ᠮᠠᠯ | ᠰᠢᠬ ᠬᠦᠭᠡᠷᠤᠬᠦ᠋ᠢᠯᠡᠯᠳᠡᠢ ᠰᠠᠨᠠᠭᠳᠠᠨ᠎ᠠ᠃ ᠡᠶᠢᠮᠤ ᠤᠷᠴᠢᠨ ᠲᠤᠭᠤᠷᠢᠨ ᠳᠤ ᠪᠠᠶᠢᠭ᠎ᠠ ᠬᠡᠤᠬᠡᠳ ᠢ ᠤᠨᠠᠭᠠᠨ ᠪᠠᠶᠢᠭᠠᠯᠢ | ᠪᠠᠨ ᠬᠠᠶᠢᠷᠠᠯᠠ ᠭᠡᠵᠤ ᠤᠷᠠᠶᠢᠯᠠᠵᠤ᠂ ᠮᠤᠩᠭᠤᠯ ᠠᠮᠢᠳᠤᠷᠠᠯ ᠲᠠᠢ ᠵᠤᠬᠢᠶᠠᠯ ᠪᠢᠴᠢ ᠭᠡᠵᠤ ᠱᠠᠭᠠᠷᠳᠠᠬᠤ ᠨᠢ ᠶᠤᠰᠤᠳᠠᠢ | ᠮᠡᠳᠡᠬᠦ ᠦᠭᠡᠢ ᠬᠦᠮᠤᠨ ᠡᠷᠢᠶᠡᠨ ᠴᠤᠬᠤᠷ ᠪᠤᠯᠤᠭᠰᠠᠨ ᠭᠡᠷᠡᠭ ᠪᠤᠯᠵᠠᠢ᠃ | ᠮᠠᠨ ᠢ ᠪᠠᠭ᠎ᠠ ᠳᠤ ᠭᠡᠷᠡᠭ ᠦᠭᠡᠢ ᠤᠯᠠᠨ ᠬᠢᠴᠢᠶᠡᠯ ᠤᠨ ᠪᠢᠴᠢᠭ ᠭᠡᠵᠤ ᠪᠠᠶᠢᠭ᠎ᠠ ᠦᠭᠡᠢ᠃ ᠬᠡᠯᠡ᠂ ᠲᠤᠭ᠎ᠠ | ᠬᠤᠶᠠᠷᠬᠠᠨ ᠬᠢᠴᠢᠶᠡᠯ ᠢ ᠪᠠᠭ᠎ᠠ ᠰᠤᠷᠭᠠᠭᠤᠯᠢ ᠲᠡᠬᠦᠰᠳᠡᠯᠠ ᠰᠤᠷᠤᠭᠰᠠᠨ ᠪᠠᠶᠢᠳᠠᠭ᠃ ᠪᠤᠰᠤᠳ ᠤᠯᠠᠩᠬᠢ ᠮᠡᠳᠡᠯᠭᠡ ᠶᠢ | ᠦᠷᠯᠤᠭᠡ ᠦᠳᠡᠰᠢ ᠶᠢᠨ ᠴᠢᠯᠤᠭᠡ ᠪᠠᠷ ᠠᠪᠤ ᠡᠵᠢ ᠪᠠᠨ ᠬᠠᠪᠰᠤᠷᠴᠤ ᠠᠵᠢᠯ ᠬᠦᠳᠡᠯᠮᠤᠷᠢ ᠬᠢᠵᠤ᠂ ᠦᠢᠯᠡᠳᠤᠯᠭᠡ ᠳᠤ | ᠤᠷᠤᠯᠴᠠᠵᠤ ᠪᠠᠶᠢᠭᠠᠳ ᠰᠤᠷᠤᠯ᠎ᠠ᠃ ᠦᠵᠡᠯ ᠰᠠᠨᠠᠭ᠎ᠠ᠂ ᠶᠤᠰᠤ ᠮᠤᠷᠠᠯ ᠤᠨ ᠬᠢᠴᠢᠶᠡᠯ ᠢ ᠠᠪᠤ ᠡᠵᠢ᠂ ᠠᠶᠢᠯ | ᠠᠶᠢᠮᠠᠭ ᠤᠨ ᠠᠬᠠᠰ ᠵᠠᠬᠠᠰ ᠤᠨ ᠰᠤᠷᠭᠠᠯ ᠢ ᠰᠤᠨᠤᠰᠴᠤ ᠰᠤᠷᠤᠯ᠎ᠠ᠃ ᠮᠤᠩᠭᠤᠯ ᠦᠨᠳᠤᠰᠤᠳᠡᠨ ᠤ ᠪᠠᠨ ᠬᠦᠨᠳᠤᠯᠡᠬᠦ | ᠮᠡᠨᠳᠤᠯᠡᠬᠦ ᠶᠤᠰᠤ ᠬᠦᠮᠤᠨ ᠪᠤᠯᠬᠤ ᠶᠢᠨ ᠶᠤᠰᠤ ᠵᠠᠩᠰᠢᠯ ᠢ ᠠᠮᠢᠳᠤᠷᠠᠯ ᠤᠨ ᠲᠤᠮᠳᠠ ᠬᠢᠴᠢᠶᠡᠩᠬᠦ᠋ᠢᠯᠡᠨ ᠰᠤᠷᠤᠭᠰᠠᠨ | ᠪᠢᠯᠡ᠃ ᠡᠨᠡ ᠨᠢ ᠤᠳᠤ ᠶᠢᠨ ︽ᠰᠤᠷᠤᠭᠴᠢᠳ ᠪᠡᠶᠡᠳᠡᠨ ᠤᠷᠤᠯᠴᠠᠵᠤ ᠰᠤᠷᠤᠯᠴᠠᠬᠤ᠂ ᠰᠤᠷᠤᠯᠭ᠎ᠠ ᠶᠢᠨ ᠡᠵᠡᠨ | ᠪᠤᠯᠬᠤ︾ ᠰᠤᠷᠭᠠᠨ ᠬᠦᠮᠤᠵᠢᠯ ᠤᠨ ᠶᠤᠰᠤᠨ ᠳᠤ ᠴᠤ ᠤᠨᠤᠳᠠᠯᠠ ᠨᠡᠶᠢᠴᠡᠵᠤ ᠪᠠᠶᠢᠨ᠎ᠠ᠃ ᠢᠡᠭᠬᠢᠵᠤ ᠦᠰᠦᠭᠰᠡᠨ | ᠬᠦᠮᠤᠰ ᠤᠨᠠᠭᠠᠨ ᠪᠠᠭ᠎ᠠ ᠨᠠᠰᠤᠨ ᠠᠴᠠ ᠪᠠᠨ ᠠᠵᠢᠯ ᠬᠦᠳᠡᠯᠮᠤᠷᠢ ᠳᠤ ᠲᠠᠪᠳᠠᠭᠳᠠᠵᠤ ᠦᠰᠦᠭᠰᠡᠨ ᠪᠤᠯᠬᠤᠷ | ᠬᠦᠳᠡᠯᠮᠤᠷᠢ ᠳᠤ ᠬᠠᠶᠢᠷᠠᠳᠠᠢ᠂ ᠬᠦᠮᠤᠨ ᠠᠷᠠᠳ ᠲᠤ ᠪᠠᠨ ᠬᠠᠶᠢᠷᠠᠳᠠᠢ᠂ ᠨᠤᠳᠤᠭ ᠤᠰᠤᠨ ᠳᠤ ᠪᠠᠨ ᠠᠷᠭ᠎ᠠ ᠦᠭᠡᠢ | ᠬᠠᠶᠢᠷᠠᠳᠠᠢ ᠪᠠᠶᠢᠳᠠᠭ᠃ ᠡᠶᠢᠮᠤ ᠯᠡ ᠠᠮᠢᠳᠤᠷᠠᠯ ᠤᠨ ᠤᠷᠴᠢᠨ᠂ ᠬᠦᠮᠤᠨ ᠢ ᠬᠦᠮᠦᠡᠯᠢᠭ᠂ ᠴᠠᠶᠢᠯᠭᠠᠨ ᠪᠤᠯᠪᠠᠰᠤᠨ᠂ | ᠨᠢᠩᠵᠢᠨ ᠪᠤᠯᠭᠠᠵᠤ ᠬᠦᠮᠤᠵᠢᠬᠦᠯᠳᠡᠭ ᠪᠠᠶᠢᠨ᠎ᠠ᠃ ᠮᠤᠩᠭᠤᠯ ᠬᠦᠮᠤᠨ ᠤ ᠰᠠᠨᠠᠭ᠎ᠠ ᠰᠠᠶᠢᠨ᠂ ᠬᠦᠳᠡᠭᠡ ᠶᠢᠨ ᠬᠦᠮᠤᠨ ᠤ | ᠰᠡᠳᠬᠢᠯ ᠴᠠᠶᠢᠯᠭᠠᠨ ᠠᠰᠪᠤᠷᠢ ᠭᠡᠳᠡᠭ ᠤᠨ ᠦᠨᠳᠤᠰᠤ ᠨᠢ ᠡᠨᠡ ᠪᠢᠯᠡ ᠬᠤᠷᠠᠭ᠎ᠠ ᠲᠤᠭᠤᠯ ᠬᠠᠷᠢᠭᠤᠯᠬᠤ ᠳᠤ ᠪᠠᠨ᠂ | ᠦᠷᠯᠤᠭᠡ ᠦᠳᠡᠰᠢ ᠰᠤᠷᠭᠠᠭᠤᠯᠢ ᠵᠦᠭ ᠡᠯᠡᠰᠤ ᠮᠠᠩᠬ᠎ᠠ ᠶᠢ ᠲᠤᠭᠤᠯᠤᠨ ᠵᠠᠮᠨᠠᠬᠤ ᠳᠤ ᠪᠠᠨ᠂ ᠤᠨᠠᠭᠠᠨ ᠪᠠᠭ᠎ᠠ ᠶᠢᠨ | ᠨᠠᠶᠢᠵᠠ ᠨᠠᠷ ᠲᠠᠢ ᠪᠠᠨ ᠠᠭᠤᠯᠠ ᠲᠠᠯ᠎ᠠ ᠪᠠᠷ ᠲᠡᠪᠬᠢᠨ ᠲᠤᠭᠯᠠᠬᠤ ᠳᠤ ᠪᠠᠨ ᠪᠡᠶ᠎ᠠ ᠰᠡᠳᠬᠢᠯ ᠢᠶᠠᠨ ᠪᠤᠯᠪᠠᠰᠤᠷᠠᠭᠤᠯᠵᠤ | ᠯᠡ ᠪᠠᠶᠢᠵᠠᠢ᠃ ᠴᠡᠪᠡᠷ ᠠᠭᠠᠷ ᠢ ᠠᠮᠢᠰᠬᠤᠵᠤ᠂ ᠴᠤᠯ ᠪᠠᠶᠢᠭᠠᠯᠢᠯᠢᠬ ᠴᠡᠪᠡᠷ ᠢᠳᠡᠭᠡᠨ ᠢᠳᠡᠵᠤ᠂ ᠴᠠᠭ ᠦᠷᠬᠦᠯᠵᠢ | ᠬᠦᠳᠡᠯᠮᠤᠷᠢ ᠠᠵᠢᠯ ᠳᠤ ᠲᠠᠪᠳᠠᠭᠳᠠᠵᠤ ᠦᠰᠦᠭᠰᠡᠨ ᠪᠢᠳᠡᠨ ᠤ ᠪᠡᠶ᠎ᠠ ᠬᠠᠳᠠᠨ ᠴᠢᠬᠢᠷᠠᠭ ᠪᠠᠶᠢᠳᠠᠭ᠃ ᠤᠶᠤᠨ ᠤ | ᠬᠦᠳᠡᠯᠮᠤᠷᠢ ᠪᠡ ᠪᠡᠶ᠎ᠠ ᠶᠢᠨ ᠬᠦᠳᠡᠯᠮᠤᠷᠢ ᠶᠢ ᠤᠶᠠᠯᠳᠤᠭᠤᠯᠬᠤ ᠨᠢ ᠲᠠᠷᠢᠬᠢ ᠲᠤᠯᠤᠭᠠᠢ ᠠᠮᠠᠷᠠᠬᠤ᠂ ᠪᠡᠶ᠎ᠠ ᠮᠠᠬᠠᠪᠤᠳ | ᠴᠢᠬᠢᠷᠠᠭᠵᠢᠬᠤ᠂ ᠤᠷᠮ᠎ᠠ ᠵᠤᠷᠢᠬ ᠢᠶᠠᠨ ᠰᠡᠷᠬᠦᠭᠡᠬᠦ ᠰᠢᠨᠵᠢᠯᠡᠬᠦ ᠤᠬᠠᠭᠠᠨᠴᠢ ᠠᠷᠭ᠎ᠠ ᠪᠠᠷᠢᠯ ᠮᠦᠨ᠃ ᠤᠳᠤ ᠶᠢᠨ | ᠬᠡᠤᠬᠡᠳ ᠤᠨ ᠰᠤᠷᠤᠯᠭ᠎ᠠ ᠶᠢᠨ ᠲᠠᠷᠤᠭᠠᠰᠤ ᠬᠦᠨᠳᠤ᠂ ᠲᠠᠮᠢᠷ ᠤᠨ ᠬᠢᠴᠢᠶᠡᠯ ᠢ ᠯᠡ ᠭᠠᠷᠭᠠᠪᠠᠯ ︵ᠡᠨᠡ ᠬᠦ ᠬᠢᠴᠢᠶᠡᠯ ᠢ | ᠨᠢ ᠪᠠᠰᠠ ᠪᠤᠰᠤᠳ ᠬᠢᠴᠢᠶᠡᠯ ᠲᠦᠷᠢᠮᠡᠭᠡᠶᠢᠯᠡᠭᠡᠳ ᠪᠠᠶᠢᠳᠠᠭ︶ ᠬᠦᠳᠡᠯᠭᠡᠭᠡᠨ ᠬᠢᠬᠦ ᠴᠠᠭ ᠲᠠᠩᠴᠤ ᠤᠬᠤᠷ ᠲᠤᠯᠠ | ᠲᠠᠷᠭᠤᠨ ᠬᠡᠤᠬᠡᠳ᠂ ᠤᠢᠢᠷ᠎ᠠ ᠬᠠᠷᠠᠭ᠎ᠠ ᠲᠠᠢ ᠬᠡᠤᠬᠡᠳ ᠤᠯᠠᠰᠢᠷᠠᠵᠤ᠂ ᠬᠡᠤᠬᠡᠳ ᠤᠨ ᠪᠡᠶ᠎ᠠ ᠶᠢᠨ ᠲᠠᠮᠢᠷ ᠲᠡᠩᠭᠡᠭᠡ | ᠲᠤᠩ ᠮᠠᠭᠤᠳᠠᠭᠰᠠᠨ ᠪᠠᠶᠢᠨ᠎ᠠ᠃ ᠨᠢᠳᠤᠨᠤᠨ ᠪᠢ ᠲᠧᠯᠸᠢᠰ ᠲᠡᠭᠡᠷ᠎ᠠ ᠠᠴᠠ ᠶᠡᠭᠡ ᠰᠤᠷᠭᠠᠭᠤᠯᠢ ᠶᠢᠨ ᠰᠢᠨ᠎ᠠ | ᠤᠶᠤᠳᠠᠳ ᠨᠢᠭᠡ ᠯᠡ ᠭᠠᠷᠠᠭ ᠤᠨ ᠴᠡᠷᠢᠭ ᠤᠨ ᠪᠤᠯᠪᠠᠰᠤᠷᠠᠯ ᠢ ᠲᠠᠭᠠᠭᠠᠬᠤ ᠦᠭᠡᠢ ᠮᠠᠨᠠᠷᠠᠵᠤ ᠲᠦᠨᠡᠷᠡᠵᠤ ᠪᠠᠶᠢᠭ᠎ᠠ | ᠪᠠᠶᠢᠳᠠᠯ ᠢ ᠦᠵᠡᠵᠤ ᠢᠨᠢᠶᠡᠬᠦ ᠶᠢᠨ ᠴᠤ ᠠᠷᠭ᠎ᠠ ᠦᠭᠡᠢ᠂ ᠠᠭᠤᠷᠯᠠᠬᠤ ᠶᠢᠨ ᠴᠤ ᠠᠷᠭ᠎ᠠ ᠦᠭᠡᠢ ᠪᠤᠯᠵᠤ ᠪᠠᠭᠰᠢ | ᠪᠤᠯᠤᠭᠰᠠᠨ ᠳᠤ ᠪᠠᠨ ᠢᠴᠡᠩᠬᠦᠷᠡᠬᠦ ᠰᠢᠭ ᠰᠠᠨᠠᠭᠳᠠᠵᠤ ᠪᠢᠯᠡ᠃ | ᠦᠡᠭᠭᠡᠷᠡᠭᠰᠡᠨ ᠳᠤ ᠮᠠᠤ ᠲᠡᠷᠢᠬᠦᠯᠡᠭᠴᠢ ᠶᠢᠨ ︽ᠰᠡᠭᠡᠭᠡᠳᠡᠳ ᠬᠦᠳᠡᠭᠡ ᠪᠠᠭᠤᠬᠤ︾ ᠲᠦᠷᠤ ᠶᠢᠨ ᠪᠤᠳᠤᠯᠭ᠎ᠠ | ᠪᠠᠷ ᠮᠠᠰᠢ ᠤᠯᠠᠨ ᠰᠤᠶᠤᠯ ᠮᠡᠳᠡᠯᠭᠡ ᠲᠠᠢ ᠵᠠᠯᠠᠭᠤᠴᠤᠤᠨ ᠦᠨᠳᠤᠰᠤᠨ ᠱᠠᠳᠤᠨ ᠳᠤ ᠲᠠᠪᠳᠠᠭᠳᠠᠵᠤ᠂ | ᠬᠦᠳᠡᠯᠮᠤᠷᠢᠯᠡᠭᠰᠡᠨ ᠪᠢᠯᠡ᠃ ᠦᠪᠤᠷ ᠮᠤᠩᠭᠤᠯ ᠳᠤ ᠪᠠᠭᠤᠭᠰᠠᠨ ᠰᠡᠭᠡᠭᠡᠳᠡᠳ ᠦᠪᠤᠷ ᠮᠤᠩᠭᠤᠯ ᠤᠨ ᠲᠠᠯ᠎ᠠ | ᠨᠤᠳᠤᠭ ᠤᠨ ᠬᠦᠴᠢᠷ ᠪᠡᠷᠭᠡᠰᠢᠶᠡᠯ ᠲᠠᠢ ᠤᠷᠴᠢᠨ ᠲᠤᠭᠤᠷᠢᠨ ᠳᠤ ᠮᠠᠯᠴᠢᠳ ᠲᠠᠢ ᠬᠠᠮᠳᠤ ᠬᠦᠳᠡᠯᠮᠤᠷᠢᠯᠡᠵᠤ᠂ | ᠮᠡᠳᠡᠯᠭᠡ ᠮᠡᠷᠭᠡᠵᠢᠯ ᠰᠤᠷᠴᠤ ᠪᠡᠶ᠎ᠠ ᠰᠡᠳᠬᠢᠯ ᠢᠶᠠᠨ ᠲᠠᠪᠳᠠᠨ ᠪᠤᠯᠪᠠᠰᠤᠷᠠᠭᠤᠯᠤᠭᠰᠠᠨ ᠲᠡᠳᠤᠢ ᠦᠭᠡᠢ ᠡᠨᠡ ᠨᠤᠳᠤᠭ | ᠤᠰᠤ᠂ ᠬᠦᠮᠤᠨ ᠠᠷᠠᠳ ᠲᠠᠢ ᠨᠢ ᠡᠭᠡᠨᠡᠭᠰᠢᠨ ᠲᠠᠰᠤᠯᠴᠠᠵᠤ ᠬᠦᠨ ᠬᠠᠶᠢᠷᠠᠳᠠᠢ ᠪᠤᠯᠵᠤ᠂ ᠬᠤᠳᠠ ᠳᠤ ᠪᠤᠴᠠᠭᠰᠠᠨ | ᠴᠤ᠂ ᠦᠳᠡᠯᠵᠤ ᠬᠦᠭᠰᠢᠷᠡᠭᠰᠡᠨ ᠴᠤ ᠬᠤᠶᠠᠳᠤᠭᠠᠷ ᠡᠭᠡ ᠨᠤᠳᠤᠭ ᠢᠶᠠᠨ ᠪᠠᠶᠢᠨ ᠲᠠᠬᠢᠨ ᠡᠷᠬᠢᠵᠤ᠂ ᠰᠡᠳᠬᠢᠯ ᠵᠢᠷᠤᠭᠡ | ᠨᠢ ᠬᠦᠳᠡᠭᠡ ᠲᠠᠯ᠎ᠠ ᠵᠦᠭ ᠲᠡᠮᠡᠤᠯᠡᠵᠤ ᠦᠪᠤᠷ ᠮᠤᠩᠭᠤᠯ ᠤᠨ ᠬᠦᠮᠤᠨ ᠠᠷᠠᠳ᠂ ᠨᠤᠳᠤᠭ ᠤᠰᠤᠨ ᠤ ᠢᠷᠡᠭᠡᠳᠤᠢ | ᠶᠢᠨ ᠲᠦᠯᠤᠭᠡ ᠰᠠᠨᠠᠭᠠᠰᠢᠷᠠᠵᠤ᠂ ᠴᠢᠳᠠᠯ ᠤᠨ ᠢᠶᠠᠨ ᠬᠢᠷᠢ ᠪᠠᠷ ᠲᠠᠮᠵᠢᠵᠤ ᠪᠠᠶᠢᠳᠠᠭ ᠢ ᠲᠧᠯᠸᠢᠰ᠂ ᠷᠠᠳᠢᠤ᠋ ᠠᠴᠠ | ᠦᠵᠡᠵᠤ ᠰᠤᠨᠤᠰᠴᠤ᠂ ᠨᠤᠮ ᠰᠡᠳᠬᠦᠯ ᠠᠴᠠ ᠤᠡᠭᠰᠢᠯ᠎ᠠ᠃ ᠡᠨᠡ ᠶᠡᠭᠡ ᠬᠠᠶᠢᠷ᠎ᠠ᠂ ᠡᠨᠡ ᠪᠤᠳᠠᠳᠤ ᠠᠵᠢᠯᠯᠠᠭ᠎ᠠ ᠶᠢᠨ | ᠡᠬᠢ ᠤᠨᠳᠤᠷᠤᠯ ᠬᠠᠮᠢᠭ᠎ᠠ᠂ ᠭᠡᠵᠢᠶ᠎ᠠ ᠪᠤᠢ ᠪᠤᠯᠤᠭᠰᠠᠨ ᠪᠤᠢ ᠭᠡᠪᠡᠯ ᠲᠠᠷᠤᠢ ᠵᠠᠯᠠᠭᠤ ᠬᠠᠯᠠᠭᠤᠨ ᠨᠠᠰᠤᠨ ᠳᠤ | ᠦᠡᠭᠭᠡᠷᠡᠬᠦᠯᠦᠭᠰᠡᠨ ᠠᠮᠢᠳᠤᠷᠠᠯ ᠦᠢᠯᠡᠳᠤᠯᠭᠡ ᠶᠢᠨ ᠮᠠᠷᠳᠠᠭᠳᠠᠰᠢ ᠦᠭᠡᠢ ᠬᠠᠶᠢᠷ᠎ᠠ ᠶᠢᠨ ᠬᠢᠴᠢᠶᠡᠯ ᠠᠴᠠ ᠢᠷᠡᠭᠰᠡᠨ | ᠶᠤᠮ᠃ ᠤᠳᠤ ᠡᠨᠡ ᠬᠦ ᠮᠡᠷᠭᠡᠨ ᠲᠦᠷᠤ ᠶᠢᠨ ᠪᠤᠳᠤᠯᠭ᠎ᠠ ᠶᠠᠭ ᠲᠠᠬᠢᠨ ᠪᠡᠶᠡᠯᠡᠯ ᠢᠶᠠᠨ ᠤᠯᠵᠤ ᠪᠠᠶᠢᠨ᠎ᠠ᠃ ᠤᠯᠤᠰ | ᠠᠴᠠ ᠤᠶᠤᠳᠠᠳ ᠢ ᠶᠠᠳᠠᠭᠤ ᠬᠦᠴᠢᠷᠳᠠᠯᠳᠠᠢ ᠤᠷᠤᠨ᠂ ᠦᠨᠳᠤᠰᠤᠨ ᠱᠠᠳᠤᠨ ᠳᠤ ᠤᠴᠢᠬᠤ ᠶᠢ ᠵᠤᠷᠢᠬᠵᠢᠭᠤᠯᠵᠤ᠂ | ᠠᠯᠪᠠᠨ ᠪᠠᠶᠢᠭᠤᠯᠭ᠎ᠠ ᠬᠦᠮᠤᠨ ᠡᠯᠰᠡᠬᠦ ᠳᠤ ᠪᠠᠨ ᠠᠳᠠᠭ ᠲᠤ ᠪᠠᠨ ᠬᠤᠶᠠᠷ ᠵᠢᠯ ᠠᠵᠢᠯᠯᠠᠭᠰᠠᠨ ᠨᠡᠶᠢᠭᠡᠮ ᠤᠨ | ᠲᠤᠷᠰᠢᠯᠭ᠎ᠠ ᠲᠠᠢ ᠪᠠᠶᠢᠬᠤ ᠶᠢ ᠱᠠᠭᠠᠷᠳᠠᠬᠤ ᠪᠤᠯᠵᠠᠢ᠃ ᠨᠡᠶᠢᠭᠡᠮ ᠶᠠᠭᠠᠬᠢᠵᠤ ᠬᠦᠭᠵᠢᠭᠰᠡᠨ ᠴᠤ ᠰᠤᠷᠭᠠᠨ ᠬᠦᠮᠤᠵᠢᠯ | ᠨᠢ ᠲᠡᠷᠡ ᠴᠠᠭ ᠦᠶ᠎ᠠ ᠶᠢᠨ ᠭᠡᠷᠡᠭᠴᠡᠭᠡ ᠱᠠᠭᠠᠷᠳᠠᠯᠭ᠎ᠠ ᠳᠤ ᠲᠤᠬᠢᠷᠠᠭᠰᠠᠨ ᠬᠦᠳᠡᠯᠮᠤᠷᠢᠴᠢᠨ ᠢ ᠬᠦᠮᠤᠵᠢᠬᠦᠯᠬᠦ ᠪᠤᠯ | ᠵᠤᠷᠢᠯᠭ᠎ᠠ ᠭᠡᠳᠡᠭ ᠢ ᠮᠠᠷᠳᠠᠵᠤ ᠪᠤᠯᠬᠤ ᠦᠭᠡᠢ᠃ ᠢᠷᠡᠭᠡᠳᠤᠢ ᠳᠤ ᠠᠵᠢᠯ ᠤᠨ ᠬᠤᠪᠢᠶᠠᠷᠢᠯᠠᠯ ᠭᠡᠴᠢᠨᠡᠨ ᠨᠠᠷᠢᠨ ᠪᠤᠯᠵᠤ | ᠂ ᠮᠠᠰᠢᠨᠴᠢᠯᠠᠯᠳᠠ ᠶᠠᠭᠠᠬᠢᠵᠤ ᠬᠦᠭᠵᠢᠭᠰᠡᠨ ᠴᠤ ᠡᠩ ᠤᠨ ᠬᠦᠳᠡᠯᠮᠤᠷᠢ ᠶᠢᠨ ᠴᠢᠳᠠᠪᠤᠷᠢ ᠶᠢ ᠬᠦᠮᠤᠨ ᠪᠦᠬᠦᠨ | ᠪᠦᠷᠢᠯᠳᠤᠬᠦᠯᠬᠦ ᠶᠤᠰᠤᠳᠠᠢ᠃ ᠬᠠᠷᠠᠬᠠᠨ ᠪᠠᠭ᠎ᠠ ᠠᠴᠠ ᠪᠠᠨ ᠮᠠᠯᠵᠢᠯ᠂ ᠲᠠᠷᠢᠶᠠᠯᠠᠩ ᠤᠨ ᠬᠦᠳᠡᠯᠮᠤᠷᠢ ᠳᠤ | ᠲᠠᠪᠳᠠᠭᠳᠠᠵᠤ ᠦᠰᠦᠭᠰᠡᠨ ᠬᠡᠤᠬᠡᠳ ᠬᠦᠳᠡᠯᠮᠤᠷᠢ ᠳᠤ ᠬᠠᠶᠢᠷᠠᠳᠠᠢ᠂ ᠬᠦᠮᠤᠨ ᠳᠤ ᠡᠯᠢᠭᠡᠰᠡᠭ᠂ ᠬᠦᠴᠢᠷ ᠢ ᠮᠡᠳᠡᠳᠡᠭ᠂ | ᠲᠡᠰᠪᠤᠷᠢᠳᠠᠢ᠂ ᠶᠠᠭᠤᠮᠠᠨ ᠳᠤ ᠲᠦᠢᠳᠠᠢ᠂ ᠠᠮᠢᠳᠤᠷᠠᠯ ᠬᠦᠳᠡᠯᠮᠤᠷᠢ ᠳᠤ ᠠᠰᠢᠭᠳᠠᠢ ᠰᠢᠨ᠎ᠠ ᠶᠢ ᠡᠬᠦᠳᠬᠦ ᠬᠦᠰᠡᠯ ᠲᠠᠢ | ᠬᠦᠮᠤᠨ ᠪᠤᠯᠵᠤ ᠬᠦᠮᠤᠵᠢᠨᠠ᠃ ᠲᠤᠮᠤ ᠪᠤᠯᠤᠭᠠᠳ ᠶᠡᠭᠡ ᠬᠤᠳᠠ ᠶᠢᠨ ᠭᠠᠵᠠᠷ᠂ ᠦᠨᠳᠦᠷ ᠠᠰᠠᠷ ᠲᠤ ᠰᠠᠭᠤᠵᠤ | ᠠᠵᠢᠯᠯᠠᠵᠤ ᠠᠮᠢᠳᠤᠷᠠᠭᠰᠠᠨ ᠴᠤ ᠤᠨᠠᠭᠠᠨ ᠪᠠᠭ᠎ᠠ ᠨᠠᠰᠤᠨ ᠳᠤ ᠪᠠᠨ ᠪᠠᠶᠢᠭᠠᠯᠢ ᠲᠡᠯᠡᠭᠡᠢ ᠳᠤ ᠪᠠᠨ ᠪᠦᠪᠠᠶᠢᠯᠡᠭᠳᠡᠵᠤ | ᠦᠰᠦᠭᠰᠡᠨ ᠬᠦᠮᠤᠨ ᠤ ᠰᠠᠨᠠᠭ᠎ᠠ ᠠᠷᠢᠭᠤᠨ᠂ ᠰᠡᠳᠬᠢᠯ ᠪᠠᠶᠠᠨ᠂ ᠬᠠᠶᠢᠷ᠎ᠠ ᠨᠢᠩᠵᠢᠨ᠂ ︽ᠪᠠᠶᠢᠭᠠᠯᠢ ᠡᠵᠢ ᠮᠢᠨᠢ | ᠪᠢᠳᠡᠨ ᠢ ᠲᠡᠵᠢᠭᠡᠵᠤ ᠪᠠᠶᠢᠨ᠎ᠠ︾ ᠭᠡᠳᠡᠭ ᠢ ᠵᠢᠷᠤᠭᠡ ᠰᠡᠳᠬᠢᠯ ᠢᠶᠠᠷ ᠮᠡᠳᠡᠷᠡᠵᠤ᠂ ᠪᠠᠶᠢᠭᠠᠯᠢ ᠲᠡᠯᠡᠭᠡᠢ ᠶᠢ ᠬᠠᠶᠢᠷᠠᠯᠠᠬᠤ | ᠤᠬᠠᠮᠰᠠᠷ ᠬᠦᠨ ᠪᠠᠶᠢᠳᠠᠭ᠃ | ᠲᠦᠷᠪᠡ᠂ ᠮᠤᠩᠭᠤᠯ ᠬᠡᠯᠡ᠂ ᠰᠤᠶᠤᠯ ᠤᠨ ᠠᠰᠠᠭᠤᠳᠠᠯ ᠳᠤ᠄ | ︵1︶ ᠰᠤᠷᠭᠠᠨ ᠬᠦᠮᠤᠵᠢᠯ ᠨᠢ ᠠᠮᠢᠳᠤᠷᠠᠯ ᠠᠴᠠ ᠰᠠᠯᠤᠩᠬᠢᠷᠠᠭᠰᠠᠨ ᠠᠴᠠ ᠮᠤᠩᠭᠤᠯ ᠬᠡᠯᠡᠨ ᠤ ᠬᠢᠴᠢᠶᠡᠯ | ᠲᠤᠩ ᠬᠦᠴᠢᠷᠳᠠᠯ ᠳᠤ ᠤᠴᠠᠷᠠᠭᠰᠠᠨ ᠪᠠᠶᠢᠨ᠎ᠠ᠃ ᠵᠠᠷᠤᠳ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ | ᠲᠡᠳ᠋ ᠵᠠᠬᠢᠷᠤᠯ᠂ ᠬᠡᠯᠡ ᠪᠢᠴᠢᠭ ᠤᠨ ᠤᠨᠴᠠ ᠲᠡᠰ ᠤᠨ ᠪᠠᠭᠰᠢ ᠪᠦᠭᠡᠳᠡᠮᠦᠷ ᠠᠴᠠ ︽ᠮᠠᠯᠵᠢᠬᠤ ᠲᠠᠷᠢᠶᠠᠯᠠᠬᠤ | ᠤᠷᠤᠨ ᠤ ᠦᠢ ᠲᠦᠮᠡᠨ ᠬᠡᠤᠬᠡᠳ ᠪᠠᠭᠠᠴᠤᠤᠨ ᠢ ᠲᠡᠷᠡ ᠪᠡᠶ᠎ᠠ ᠪᠠᠷ ᠢᠶᠠᠨ ᠨᠢᠭᠡ ᠪᠤᠳᠢ ᠵᠢᠭᠠᠬᠤ ᠮᠠᠲ᠋ᠧᠷᠢᠶᠠᠯ ᠪᠤᠯᠬᠤ | ᠬᠦᠳᠡᠭᠡ ᠠᠴᠠ ᠨᠢ ᠬᠦᠨᠳᠡᠶᠢᠷᠡᠬᠦᠯᠦᠭᠰᠡᠨ ᠮᠤᠩᠭᠤᠯ ᠢᠵᠠᠭᠤᠷ ᠰᠤᠶᠤᠯ᠂ ᠮᠤᠩᠭᠤᠯ ᠵᠠᠩ ᠦᠢᠯᠡ ᠪᠠᠨ ᠤᠢᠢᠯᠭᠠᠬᠤ | ᠤᠤᠭᠠᠯ ᠬᠦᠷᠤᠰᠤ ᠰᠢᠷᠤᠢ ᠶᠢ ᠨᠢ ᠬᠤᠪᠬᠤᠯᠵᠤ ᠪᠠᠶᠢᠨ᠎ᠠ︾ ᠭᠡᠵᠤ ᠶᠠᠷᠢᠭᠰᠠᠨ ᠪᠠᠶᠢᠨ᠎ᠠ᠃ ᠡᠨᠡ ᠦᠨᠡᠭᠡᠷ | ᠶᠠᠰᠤᠨ ᠳᠤᠨᠢ ᠤᠷᠤᠳᠠᠯ᠎ᠠ ᠲᠠᠨᠢᠭᠰᠠᠨ ᠦᠭᠡ ᠪᠠᠶᠢᠨ᠎ᠠ᠃ ᠦᠡᠭᠭᠡᠷᠡᠭᠰᠡᠨ ᠳᠤ ᠮᠤᠩᠭᠤᠯ ᠬᠡᠯᠡ ᠰᠤᠷᠬᠤ ᠨᠢ ᠵᠦᠪᠭᠡᠨ | ᠦᠰᠦᠭ ᠪᠢᠴᠢᠭ ᠢ ᠰᠤᠷᠬᠤ ᠶᠠᠪᠤᠳᠠᠯ ᠪᠠᠶᠢᠭᠰᠠᠨ ᠪᠤᠯ ᠤᠳᠤ ᠮᠤᠩᠭᠤᠯ ᠬᠡᠯᠡ ᠰᠤᠷᠬᠤ ᠨᠢ ᠬᠡᠯᠡ᠂ ᠰᠤᠶᠤᠯ᠂ | ᠦᠰᠦᠭ ᠪᠢᠴᠢᠭ ᠰᠤᠷᠬᠤ ᠭᠤᠷᠮᠤᠰᠤᠨ ᠡᠬᠦᠷᠭᠡ ᠲᠠᠢ ᠪᠤᠯᠤᠭᠰᠠᠨ ᠪᠠᠶᠢᠨ᠎ᠠ᠃ ᠰᠤᠷᠤᠭᠴᠢᠳ ᠤᠨ ᠮᠤᠩᠭᠤᠯ ᠬᠡᠯᠡᠨ ᠤ | ᠰᠠᠭᠤᠷᠢ ᠴᠢᠳᠠᠪᠬᠢ ᠤᠯᠠᠮ ᠲᠤᠷᠤᠭᠰᠢᠯᠠᠵᠤ᠂ ᠮᠤᠩᠭᠤᠯ ᠬᠡᠯᠡᠨ ᠤ ᠬᠢᠴᠢᠶᠡᠯ ᠤᠨ ᠴᠠᠭ ᠤᠯᠠᠮ ᠴᠦᠭᠡᠷᠡᠵᠤ ᠪᠠᠶᠢᠭ᠎ᠠ | ᠪᠠᠶᠢᠳᠠᠯ ᠳᠤ ᠵᠢᠭᠠᠬᠤ ᠫᠷᠦᠭᠷᠠᠮ ᠤᠨ ᠱᠠᠭᠠᠷᠳᠠᠯᠭ᠎ᠠ ᠳᠤ ᠬᠦᠷᠳᠡᠯ᠎ᠠ ᠵᠢᠭᠠᠨ᠎ᠠ ᠭᠡᠳᠡᠭ ᠦᠨᠡᠭᠡᠷ ᠲᠤᠯᠤᠭᠠᠢ ᠡᠪᠡᠳᠭᠡᠮᠡᠷ | ᠠᠰᠠᠭᠤᠳᠠᠯ ᠪᠤᠯᠵᠠᠢ᠃ | ︵2︶ ᠦᠨᠳᠤᠰᠤᠳᠡᠨ ᠤ ᠦᠭᠡ ᠬᠡᠯᠡ᠂ ᠰᠤᠶᠤᠯ ᠢᠶᠠᠨ ᠬᠦᠨᠳᠤᠳᠭᠡᠬᠦ ᠲᠠᠨᠢᠯᠳᠠ ᠶᠢᠨ ᠠᠰᠠᠭᠤᠳᠠᠯ | ᠤᠷᠤᠰᠢᠵᠤ ᠪᠠᠶᠢᠨ᠎ᠠ᠃ ᠮᠤᠩᠭᠤᠯ ᠦᠭᠡ ᠬᠡᠯᠡ ᠪᠠᠨ ᠬᠦᠨᠳᠤᠳᠭᠡᠬᠦ ᠦᠭᠡᠢ᠂ ᠮᠤᠩᠭᠤᠯ ᠬᠦᠮᠤᠨ ᠪᠤᠯᠤᠭᠰᠠᠨ ᠳᠤ | ᠪᠠᠨ ᠭᠤᠳᠤᠷᠠᠬᠤ ᠦᠵᠡᠯ ᠨᠢᠭᠡ ᠦᠶ᠎ᠠ ᠭᠠᠵᠠᠷ ᠠᠪᠤᠭᠰᠠᠨ᠃ ᠤᠷᠴᠢᠮ ᠤᠨ ᠠᠷᠪᠠᠨ ᠵᠢᠯ ᠠᠴᠠ | ᠮᠤᠩᠭᠤᠯᠴᠤᠤᠨ ᠤᠨ ᠦᠪᠡᠷ ᠤᠨ ᠬᠡᠯᠡ ᠰᠤᠶᠤᠯ ᠢᠶᠠᠨ ᠬᠦᠨᠳᠤᠳᠭᠡᠵᠤ ᠬᠠᠶᠢᠷᠠᠯᠠᠵᠤ ᠪᠠᠭ᠋ᠠᠷᠬᠠᠨ ᠰᠤᠷᠴᠤ᠂ | ᠦᠨᠳᠤᠰᠤᠳᠡᠨ ᠤ ᠪᠠᠨ ᠬᠦᠭᠵᠢᠯ ᠮᠠᠨᠳᠤᠯ ᠤᠨ ᠲᠦᠯᠤᠭᠡ ᠴᠢᠷᠮᠠᠶᠢᠨ ᠠᠵᠢᠯᠯᠠᠵᠤ ᠰᠤᠷᠤᠯᠴᠠᠬᠤ ᠠᠭᠤᠷ ᠠᠮᠢᠰᠬᠤᠯ | ᠪᠠᠳᠠᠷᠠᠵᠤ ᠪᠠᠶᠢᠨ᠎ᠠ᠃ ᠮᠤᠩᠭᠤᠯᠴᠤᠤᠨ ᠬᠡᠤᠬᠡᠳ ᠢᠶᠠᠨ ᠮᠤᠩᠭᠤᠯ ᠰᠤᠷᠭᠠᠭᠤᠯᠢ ᠳᠤ ᠦᠭᠴᠤ᠂ ᠦᠨᠳᠤᠰᠤᠳᠡᠨ ᠤ | ᠰᠤᠷᠭᠠᠨ ᠬᠦᠮᠤᠵᠢᠯ ᠤᠨ ᠢᠷᠡᠭᠡᠳᠤᠢ ᠶᠢᠨ ᠲᠠᠷᠳᠠᠩ ᠵᠠᠮ ᠲᠤᠷᠠᠶᠢᠵᠤ ᠪᠠᠶᠢᠨ᠎ᠠ᠃ ᠭᠡᠳᠡᠯ᠎ᠠ ᠪᠤᠳᠠᠳᠠᠢ ᠠᠵᠢᠯᠯᠠᠭ᠎ᠠ | ᠲᠡᠭᠡᠷ᠎ᠠ ᠪᠠᠨ ᠰᠤᠷᠭᠠᠭᠤᠯᠢ ᠶᠢᠨ ᠤᠳᠤᠷᠢᠳᠤᠯᠭ᠎ᠠ ᠨᠢ ᠲᠡᠭᠡᠷᠡᠬᠢ ᠶᠢᠨ ᠵᠠᠷᠯᠢᠬ ᠢ ᠦᠬᠦᠮᠡᠯ ᠢᠶᠠᠷ ᠤᠯᠠᠮᠵᠢᠯᠠᠬᠤ᠂ | ᠬᠢᠴᠢᠶᠡᠯ ᠤᠨ ᠪᠠᠭᠰᠢ ᠨᠠᠷ ᠨᠢ ᠰᠤᠷᠤᠭᠴᠢ ᠲᠠᠢ ᠡᠳᠦᠷᠵᠢᠨ ᠬᠠᠮᠳᠤ ᠪᠠᠶᠢᠭ᠎ᠠ ᠪᠤᠯᠪᠠᠴᠤ ᠠᠰᠠᠭᠤᠳᠠᠯ ᠢ ᠢᠯᠡᠷᠡᠬᠦᠯᠵᠤ᠂ | ᠠᠰᠠᠭᠤᠳᠠᠯ ᠢ ᠰᠢᠢᠳᠪᠤᠷᠢᠯᠡᠬᠦ ᠦᠭᠡᠢ᠂ ᠰᠤᠷᠭᠠᠭᠤᠯᠢ ᠰᠤᠷᠤᠭᠴᠢ ᠠᠩᠬᠢᠳᠠ ᠰᠠᠯᠤᠩᠬᠢᠷᠠᠵᠤ ᠰᠤᠷᠭᠠᠨ | ᠬᠦᠮᠤᠵᠢᠯ ᠤᠨ ᠤᠬᠠᠭᠠᠨ ᠤ ᠦᠢᠯᠡᠳᠤᠯᠭᠡ ᠠᠴᠠ ᠤᠨᠤᠯ ᠳᠤ ᠬᠦᠷᠴᠤ᠂ ᠤᠨᠤᠯ ᠢᠶᠠᠷ ᠦᠢᠯᠡᠳᠤᠯᠭᠡ ᠪᠠᠨ | ᠵᠢᠯᠤᠭᠤᠳᠬᠤ ᠴᠢᠭᠯᠡᠯ ᠱᠤᠭᠤᠮ ᠲᠠᠢ ᠵᠦᠷᠢᠬᠦ ᠪᠤᠯᠵᠠᠢ᠃ ᠭᠡᠷ ᠤᠨ ᠠᠬᠠᠮᠠᠳ ᠨᠢ ᠴᠤ ᠬᠡᠤᠬᠡᠳ ᠤᠨ ᠢᠶᠠᠨ | ᠰᠤᠷᠤᠯᠭ᠎ᠠ ᠶᠢᠨ ᠪᠠᠶᠢᠳᠠᠯ ᠢ ᠠᠩᠬᠠᠷᠴᠤ ᠬᠠᠯᠠᠮᠵᠢᠯᠠᠬᠤ ᠦᠭᠡᠢ᠂ ᠠᠪᠢᠶᠠᠰ ᠪᠢᠯᠢᠭ ᠢ ᠨᠢ ᠵᠦᠪ ᠦᠨᠡᠯᠡᠬᠦ ᠦᠭᠡᠢ᠂ | ᠲᠤᠷ᠎ᠠ ᠰᠤᠨᠢᠷᠬᠠᠯ ᠢ ᠨᠢ ᠠᠩᠬᠠᠷᠬᠤ ᠦᠭᠡᠢ᠂ ᠬᠤᠷᠤᠭᠠᠨ ᠤ ᠡᠬᠦᠳᠡ ᠶᠢ ᠨᠡᠭᠡᠭᠡᠬᠦ ᠳᠤ ᠬᠤᠨᠢᠳ ᠨᠢᠭᠡ ᠨᠢ | ᠲᠦᠷᠤᠬᠦᠯᠡᠭᠡᠳ ᠭᠠᠷᠪᠠᠯ ᠪᠤᠰᠤᠳ ᠨᠢ ᠨᠢᠳᠤ ᠦᠭᠡᠢ ᠲᠡᠮᠡᠴᠡᠨ ᠲᠠᠭᠠᠬᠤ ᠰᠢᠬ ᠨᠢᠭᠡ ᠨᠢᠭᠡᠨ ᠢᠶᠠᠨ ᠲᠠᠭᠤᠷᠢᠶᠠᠵᠤ᠂ | ᠬᠡᠤᠬᠡᠳ ᠤᠨ ᠲᠤᠷᠠᠰᠢᠯ᠂ ᠠᠪᠢᠶᠠᠰ ᠪᠢᠯᠢᠭ ᠢ ᠨᠢ ᠮᠡᠳᠡᠬᠦ ᠦᠭᠡᠢ ᠪᠠᠷ ᠠᠩᠭ᠍ᠯᠢ ᠬᠡᠯᠡ᠂ ᠬᠦᠭᠵᠢᠮ᠂ ᠪᠦᠵᠢᠭ ᠤᠨ | ᠠᠩᠬᠢ ᠳᠤ ᠮᠦᠡᠭᠬᠦ ᠪᠠᠨ ᠴᠢᠳᠬᠤᠵᠤ ᠪᠠᠶᠢᠨ᠎ᠠ᠃ ᠮᠤᠩᠭᠤᠯ ᠬᠡᠯᠡ ᠨᠢ ᠭᠡᠴᠢᠨᠡᠨ ᠴᠢᠬᠤᠯᠠ᠂ ᠭᠡᠴᠢᠨᠡᠨ | ᠬᠦᠴᠢᠷᠳᠡᠯ ᠳᠤ ᠤᠴᠠᠷᠠᠵᠤ ᠪᠠᠶᠢᠭ᠎ᠠ ᠶᠢ ᠲᠡᠳᠡ ᠰᠡᠷᠡᠵᠤ ᠮᠡᠳᠡᠬᠦ ᠦᠭᠡᠢ ᠲᠠᠶᠢᠪᠤᠡᠭ ᠰᠠᠭᠤᠵᠤ ᠯᠡ ᠪᠠᠶᠢᠨ᠎ᠠ᠃ | ᠲᠠᠪᠤ᠂ ᠲᠦᠢᠯᠰᠢᠷᠠᠯ ᠤᠨ ᠠᠰᠠᠭᠤᠳᠠᠯ ᠤᠷᠤᠰᠢᠵᠤ ᠪᠠᠶᠢᠨ᠎ᠠ᠃ ᠰᠤᠷᠭᠠᠨ ᠬᠦᠮᠤᠵᠢᠯ ᠪᠤᠯ ᠨᠢᠭᠡ ᠤᠯᠤᠰ | ᠦᠨᠳᠤᠰᠤᠳᠡᠨ ᠤ ᠮᠠᠨᠳᠤᠯ ᠮᠦᠬᠦᠯ ᠲᠠᠢ ᠬᠤᠯᠪᠤᠭᠳᠠᠬᠤ ᠴᠢᠬᠤᠯᠠ ᠠᠰᠠᠭᠤᠳᠠᠯ ᠮᠦᠨ᠃ ᠰᠤᠷᠭᠠᠨ ᠬᠦᠮᠤᠵᠢᠯ ᠤᠨ | ᠪᠤᠳᠤᠯᠭ᠎ᠠ ᠳᠤ ᠯᠠᠪᠳᠠᠭᠤᠨ ᠬᠠᠨᠳᠤᠬᠤ ᠭᠡᠷᠡᠭᠳᠠᠢ᠃ ᠭᠡᠳᠡᠯ᠎ᠠ ᠤᠳᠤ ᠰᠤᠷᠭᠠᠨ ᠬᠦᠮᠤᠵᠢᠯ ᠳᠤ᠂ ᠨᠡᠩ ᠴᠤ | ᠮᠤᠩᠭᠤᠯᠴᠤᠤᠨ ᠤᠨ ᠰᠤᠷᠭᠠᠭᠤᠯᠢ ᠶᠢᠨ ᠰᠤᠷᠭᠠᠨ ᠬᠦᠮᠤᠵᠢᠯ ᠳᠤ ᠪᠤᠰᠤᠳ ᠢ ᠲᠠᠭᠠᠵᠤ ᠲᠡᠷᠪᠡᠬᠦ ᠭᠡᠳᠦᠷᠡᠮᠡᠭᠡᠢ | ᠲᠦᠢᠯᠰᠢᠷᠠᠯ ᠤᠨ ᠠᠰᠠᠭᠤᠳᠠᠯ ᠤᠷᠤᠰᠢᠵᠤ ᠪᠠᠶᠢᠨ᠎ᠠ᠃ ᠠᠮᠢᠳᠠᠨ ᠠᠷᠢᠶᠠᠳᠠᠨ ᠬᠦᠷᠳᠡᠯ᠎ᠠ ᠦᠷ᠎ᠠ ᠵᠤᠯᠵᠠᠭ᠎ᠠ ᠪᠠᠨ | ᠰᠤᠷᠭᠠᠨ ᠲᠠᠰᠬᠠᠵᠢᠭᠤᠯᠬᠤ ᠦᠪᠡᠷ ᠤᠨ ᠠᠷᠭ᠎ᠠ ᠪᠠᠷᠢᠯ ᠪᠠᠶᠢᠳᠠᠭ ᠪᠠᠶᠢᠬᠤ ᠳᠤ᠂ ᠭᠡᠴᠢᠨᠡᠨ ᠮᠢᠩᠭᠠᠨ ᠵᠢᠯ ᠤᠨ | ᠤᠶᠤᠨ ᠤ ᠬᠤᠷᠠᠮᠳᠤᠯ ᠢᠶᠠᠷ ᠪᠤᠢ ᠪᠤᠯᠤᠭᠰᠠᠨ ᠰᠤᠷᠭᠠᠨ ᠬᠦᠮᠤᠵᠢᠯ ᠢ ᠨᠡᠩ ᠶᠠᠭᠤᠨ ᠦᠬᠦᠯᠡᠬᠦ ᠠᠵᠠᠢ᠃ ᠪᠢᠳᠡ ᠡᠨᠡ | ᠬᠦ ᠵᠢᠮ᠎ᠠ ᠶᠤᠰᠤ ᠪᠠᠷ ᠰᠤᠷᠭᠠᠨ ᠬᠦᠮᠤᠵᠢᠯ ᠢᠶᠠᠨ ᠲᠠᠰᠤᠷᠠᠯᠳᠠ ᠦᠭᠡᠢ ᠰᠤᠳᠤᠯᠵᠤ᠂ ᠦᠭᠡᠷᠡᠴᠢᠯᠡᠵᠤ᠂ ᠬᠦᠭᠵᠢᠬᠦᠯᠬᠦ | ᠭᠡᠷᠡᠭᠳᠠᠢ᠃ ᠲᠡᠭᠡᠬᠦ ᠳᠡᠭᠡᠨ ᠵᠠᠪᠠᠯ ᠦᠪᠡᠷ ᠤᠨ ᠰᠤᠷᠭᠠᠨ ᠬᠦᠮᠤᠵᠢᠯ ᠢᠶᠠᠨ ᠵᠦᠪ ᠵᠠᠳᠠᠯᠵᠤ᠂ ᠵᠦᠪ ᠰᠢᠢᠳᠪᠤᠷᠢᠯᠡᠵᠤ | ᠯᠠᠪᠳᠠᠭᠤᠨ ᠬᠠᠨᠳᠤᠬᠤ ᠭᠡᠷᠡᠭᠳᠠᠢ᠃ ᠭᠡᠳᠡᠯ᠎ᠠ ᠤᠳᠤ ᠵᠢᠭᠠᠬᠤ ᠶᠢ ᠰᠤᠳᠤᠯᠬᠤ ᠭᠠᠵᠠᠷ ᠤᠨ ᠰᠤᠳᠤᠯᠤᠬᠴᠢᠳ ᠪᠤᠶᠤ | ᠰᠤᠷᠭᠠᠭᠤᠯᠢ ᠶᠢᠨ ᠵᠠᠬᠢᠷᠤᠯ ᠨᠢ ᠶᠠᠮᠠᠷ ᠨᠢᠭᠡᠨ ᠬᠤᠷᠠᠯ ᠴᠤᠭᠯᠠᠭᠠᠨ ᠳᠤ ᠤᠴᠢᠵᠤ᠂ ᠰᠢᠨ᠎ᠠ ᠪᠠᠷ ᠦᠷᠨᠢᠵᠤ ᠪᠠᠶᠢᠭ᠎ᠠ | ᠵᠢᠭᠠᠬᠤ ᠠᠷᠭ᠎ᠠ ᠠᠪᠴᠠᠯ ᠤᠨ ᠲᠤᠬᠠᠢ ᠰᠤᠨᠤᠰᠴᠤ ᠰᠤᠷᠤᠯᠴᠠᠵᠤ ᠢᠷᠡᠮᠡᠭᠴᠡ᠂ ᠲᠤᠰ ᠭᠠᠵᠠᠷ ᠤᠨ ᠢᠶᠠᠨ ᠪᠠᠭᠰᠢ | ᠨᠠᠷ ᠢ ᠵᠠᠪᠠᠯ ᠲᠡᠷᠡ ᠬᠦ ᠠᠷᠭ᠎ᠠ ᠪᠠᠷ ᠬᠢᠴᠢᠶᠡᠯᠯᠡᠬᠦᠯᠬᠦ ᠭᠡᠵᠤ ᠠᠯᠪᠠᠳᠠᠨ᠂ ᠤᠷᠤᠯᠳᠤᠭᠠᠨ ᠮᠦᠷᠦ᠋ᠢᠴᠡᠭᠡᠨ ᠳᠤ ᠲᠡᠷᠡ | ᠬᠦ ᠠᠷᠭ᠎ᠠ ᠪᠠᠷ ᠬᠢᠴᠢᠶᠡᠯᠯᠡᠭᠰᠡᠳ ᠢ ᠰᠢᠯᠢᠳᠡᠭ ᠲᠤ ᠲᠤᠳᠤᠷᠠᠭᠤᠯᠵᠤ᠂ ᠪᠤᠰᠤᠳ ᠨᠢ ᠰᠢᠭᠰᠢᠭᠳᠡᠳᠡᠭ ᠪᠠᠶᠢᠨ᠎ᠠ᠃ | ᠮᠠᠨ ᠤ ᠵᠢᠭᠠᠬᠤ ᠺᠤᠨ᠋ᠰᠫᠧᠺᠲ ᠢ ᠬᠦᠷᠳᠡᠯ᠎ᠠ ᠬᠦᠰᠦᠨᠦᠭᠵᠢᠬᠦᠯᠵᠤ ᠵᠠᠪᠠᠯ ᠡᠨᠡ ᠬᠦ ᠵᠠᠭᠪᠤᠷ ᠢᠶᠠᠷ ᠪᠢᠴᠢᠬᠦᠯᠵᠤ ᠪᠠᠶᠢᠭ᠎ᠠ | ᠶᠠᠪᠤᠳᠠᠯ ᠤᠳᠤ ᠴᠤ ᠪᠠᠶᠢᠨ᠎ᠠ᠃ ᠰᠤᠷᠭᠠᠨ ᠬᠦᠮᠤᠵᠢᠯ ᠪᠤᠯ ᠲᠡᠯᠭᠡᠷᠡᠮᠡᠯ ᠬᠤᠪᠴᠠᠰᠤ ᠪᠢᠰᠢ᠂ ᠪᠠᠭᠰᠢ ᠶᠢᠨ | ᠬᠦᠳᠡᠯᠮᠤᠷᠢ ᠪᠤᠯ ᠲᠦᠢᠯ ᠤᠨ ᠪᠦᠳᠤᠭᠡᠯᠴᠢ ᠬᠦᠳᠡᠯᠮᠤᠷᠢ ᠮᠦᠨ᠃ ᠶᠠᠮᠠᠷ ᠬᠢᠴᠢᠶᠡᠯ ᠢ ᠶᠠᠭᠠᠬᠢᠵᠤ ᠵᠢᠭᠠᠬᠤ ᠳᠤ ᠶᠠᠮᠠᠷ | ᠴᠤ ᠲᠤᠭᠳᠠᠭᠰᠠᠨ ᠭᠡᠪ ᠵᠠᠭᠪᠤᠷ ᠪᠠᠶᠢᠵᠤ ᠪᠤᠯᠬᠤ ᠦᠭᠡᠢ᠃ ᠶᠠᠮᠠᠷ ᠨᠢᠭᠡᠨ ᠭᠡᠪ ᠵᠠᠭᠪᠤᠷ ᠢ ᠪᠠᠭᠰᠢ ᠵᠦᠪᠭᠡᠨ ᠯᠠᠪᠯᠠᠯᠳᠠ | ᠪᠤᠯᠭᠠᠵᠤ ᠴᠢᠯᠤᠭᠡᠳᠠᠢ ᠰᠡᠳᠬᠢᠵᠤ᠂ ᠪᠦᠳᠤᠭᠡᠯᠴᠢ ᠪᠠᠷ ᠦᠪᠡᠷ ᠤᠨ ᠵᠢᠭᠠᠬᠤ ᠠᠵᠢᠯ ᠳᠠᠭᠠᠨ ᠭᠡᠷᠡᠭᠯᠡᠵᠤ᠂ ᠵᠢᠭᠠᠬᠤ | ᠬᠠᠷᠠᠯᠳᠠ ᠳᠤ ᠪᠠᠨ ᠬᠦᠷᠦᠭᠰᠡᠨ ᠪᠠᠶᠢᠪᠠᠯ ᠪᠤᠯᠴᠢᠬᠠᠨ᠎ᠠ᠃ ᠶᠠᠮᠠᠷ ᠨᠢᠭᠡᠨ ᠵᠢᠭᠠᠬᠤ ᠠᠷᠭ᠎ᠠ ᠳᠤ ︽ᠪᠦᠷᠢᠮᠤᠰᠤᠨ ᠰᠠᠶᠢᠨ | ᠂ ᠪᠦᠷᠢᠮᠤᠰᠤᠨ ᠮᠠᠭᠤ︾ ᠭᠡᠵᠤ ᠪᠠᠶᠢᠬᠤ ᠦᠭᠡᠢ ᠡᠷᠭᠡᠪᠰᠢ ᠬᠤᠶᠠᠷᠯᠠᠬᠤ ᠦᠵᠡᠯ ᠢᠶᠠᠷ ᠦᠵᠡᠬᠦ ᠭᠡᠷᠡᠭᠳᠠᠢ᠃ ᠤᠷᠴᠢᠮ | ᠲᠧᠯᠸᠢᠰ ᠲᠡᠭᠡᠷ᠎ᠠ ︽ᠮᠤᠩᠭᠤᠯ ᠬᠡᠯᠡᠨ ᠤ ᠬᠢᠴᠢᠶᠡᠯ ᠤᠨ ᠪᠢᠴᠢᠭ ᠤᠨ ᠨᠠᠶᠢᠷᠠᠭᠤᠯᠭ᠎ᠠ ᠳᠤ ᠠᠰᠠᠭᠤᠳᠠᠯ ᠤᠷᠤᠰᠢᠵᠤ | ᠪᠠᠶᠢᠨ᠎ᠠ᠃ ᠰᠤᠷᠬᠤ ᠪᠢᠴᠢᠭ ᠢ ᠨᠠᠶᠢᠷᠠᠭᠤᠯᠤᠭᠰᠠᠨ ᠬᠦᠮᠤᠰ ᠲᠤ ᠭᠤᠤᠯ ᠠᠰᠠᠭᠤᠳᠠᠯ ᠤᠷᠤᠰᠢᠵᠤ ᠪᠠᠶᠢᠭ᠎ᠠ ᠤᠴᠢᠷ | ᠤᠳᠤ ᠶᠢᠨ ᠮᠤᠩᠭᠤᠯ ᠬᠡᠯᠡᠨ ᠤ ᠰᠤᠷᠭᠠᠨ ᠬᠦᠮᠤᠵᠢᠯ ᠤᠨ ᠶᠠᠰᠤ ᠴᠢᠨᠠᠷ ᠲᠤᠤᠷ᠎ᠠ ᠪᠠᠶᠢᠨ᠎ᠠ︾ ᠭᠡᠵᠤ ᠭᠡᠰᠡᠭ | ᠲᠤᠭᠠᠨ ᠤ ᠪᠠᠭᠰᠢ ᠨᠠᠷ ᠶᠠᠷᠢᠭᠰᠠᠨ ᠪᠠᠶᠢᠨ᠎ᠠ᠃ ᠰᠤᠷᠬᠤ ᠪᠢᠴᠢᠭ ᠤᠨ ᠨᠠᠶᠢᠷᠠᠭᠤᠯᠭ᠎ᠠ ᠳᠤ ᠦᠨᠡᠭᠡᠷ ᠠᠰᠠᠭᠤᠳᠠᠯ | ᠤᠷᠤᠰᠢᠵᠤ ᠪᠠᠶᠢᠨ᠎ᠠ᠃ ᠭᠡᠳᠡᠯ᠎ᠠ ᠡᠨᠡ ᠪᠤᠯ ᠭᠤᠤᠯ ᠠᠰᠠᠭᠤᠳᠠᠯ ᠪᠢᠰᠢ᠃ ᠰᠤᠷᠭᠠᠨ ᠬᠦᠮᠤᠵᠢᠯ ᠪᠤᠯ ᠲᠠᠪᠬᠤᠷᠭ᠎ᠠ | ᠮᠦᠨ᠃ ᠠᠵᠤ ᠠᠬᠤᠢ ᠶᠢᠨ ᠰᠠᠭᠤᠷᠢ ᠨᠢ ᠲᠠᠪᠬᠤᠷᠭ᠎ᠠ ᠶᠢ ᠲᠤᠭᠳᠠᠭᠠᠳᠠᠭ ᠠᠴᠠ ᠤᠳᠤ ᠶᠢᠨ ᠬᠤᠳᠠ | ᠪᠠᠯᠭᠠᠰᠤᠵᠢᠯᠳᠠ᠂ ᠰᠤᠷᠭᠠᠭᠤᠯᠢ ᠶᠢ ᠲᠦᠪᠯᠡᠷᠡᠬᠦᠯᠵᠤ᠂ ᠮᠤᠩᠭᠤᠯ ᠠᠮᠢᠳᠤᠷᠠᠯ ᠠᠴᠠ ᠰᠠᠯᠭᠠᠭᠰᠠᠨ ᠶᠠᠪᠤᠳᠠᠯ ᠪᠤᠯ | ᠰᠠᠶ᠋ᠢ ᠦᠨᠳᠤᠰᠤᠨ ᠮᠦᠨ ᠴᠢᠨᠠᠷ ᠤᠨ ᠠᠰᠠᠭᠤᠳᠠᠯ ᠮᠦᠨ᠃ | ᠲᠡᠭᠡᠷ᠎ᠠ ᠪᠢ ᠤᠳᠤᠬᠠᠨ ᠤ ᠰᠤᠷᠭᠠᠭᠤᠯᠢ ᠶᠢ ᠲᠦᠪᠯᠡᠷᠡᠬᠦᠯᠦᠭᠰᠡᠨ ᠪᠠᠶᠢᠳᠠᠯ ᠲᠤᠤᠷᠠᠬᠢ ᠮᠤᠩᠭᠤᠯ ᠰᠤᠷᠤᠭᠴᠢ᠂ | ᠮᠤᠩᠭᠤᠯ ᠬᠡᠯᠡᠨ ᠤ ᠰᠤᠷᠭᠠᠨ ᠬᠦᠮᠤᠵᠢᠯ ᠤᠨ ᠠᠰᠠᠭᠤᠳᠠᠯ ᠤᠨ ᠲᠤᠬᠠᠢ ᠶᠠᠷᠢᠯ᠎ᠠ᠃ ᠲᠡᠭᠡᠪᠡᠯ ᠡᠨᠡ ᠬᠦ ᠠᠰᠠᠭᠤᠳᠠᠯ ᠢ | ᠶᠠᠭᠠᠬᠢᠵᠤ ᠰᠢᠢᠳᠪᠤᠷᠢᠯᠡᠪᠡᠯ ᠵᠤᠬᠢᠬᠤ ᠪᠤᠢ ᠬᠤᠳᠠ ᠪᠠᠯᠭᠠᠰᠤᠵᠢᠯᠳᠠ ᠶᠢᠨ ᠡᠷᠢᠨ ᠳᠤ ᠨᠢᠭᠡᠨᠳᠡ ᠰᠤᠷᠭᠠᠭᠤᠯᠢ ᠶᠢ | ᠲᠦᠪᠯᠡᠷᠡᠬᠦᠯᠦᠭᠰᠡᠨ ᠪᠠᠶᠢᠳᠠᠯ ᠳᠤ ᠶᠠᠭᠠᠬᠢᠪᠠᠯ ᠵᠤᠬᠢᠬᠤ ᠦᠪᠡᠷ ᠤᠨ ᠦᠵᠡᠯᠳᠡ ᠪᠠᠨ ᠶᠠᠷᠢᠶ᠎ᠠ | 1. ᠮᠤᠩᠭᠤᠯ ᠬᠡᠯᠡᠨ ᠤ ᠬᠢᠴᠢᠶᠡᠯ ᠢ ᠲᠦᠢᠯ ᠢᠶᠠᠷ ᠬᠦᠨᠳᠤᠳᠭᠡᠪᠡᠯ ᠵᠤᠬᠢᠨ᠎ᠠ᠃ ᠮᠤᠩᠭᠤᠯ ᠬᠡᠯᠡᠨ ᠤ | ᠬᠢᠴᠢᠶᠡᠯ ᠤᠨ ᠴᠠᠭ ᠢ ᠬᠠᠰᠤᠵᠤ ᠪᠤᠯᠬᠤ ᠦᠭᠡᠢ᠃ ᠰᠤᠷᠭᠠᠭᠤᠯᠢ ᠶᠢᠨ ᠬᠦᠷᠢᠶᠡᠨ ᠳᠤ ᠮᠤᠩᠭᠤᠯ ᠢᠶᠠᠷ ᠶᠠᠷᠢᠬᠤ ᠶᠢ | ᠱᠠᠭᠠᠷᠳᠠᠬᠤ᠂ ᠡᠷᠳᠡ ᠶᠢᠨ ᠤᠡᠭᠰᠢᠯᠭ᠎ᠠ ᠲᠤᠬᠢᠷᠠᠭᠤᠯᠬᠤ᠂ ᠨᠤᠮ ᠤᠡᠭᠰᠢᠬᠤ ᠠᠵᠢᠯᠯᠠᠭᠠᠨ᠂ ᠰᠢᠯᠦᠭ ᠵᠤᠬᠢᠶᠠᠯ᠂ | ᠦᠯᠢᠭᠡᠷ ᠶᠠᠷᠢᠬᠤ ᠤᠷᠤᠯᠳᠤᠭᠠᠨ ᠁ ᠮᠡᠳᠤ ᠶᠢᠨ ᠠᠯᠢ ᠤᠯᠠᠨ ᠪᠦᠳᠤᠮᠵᠢᠳᠠᠢ ᠠᠷᠭ᠎ᠠ ᠶᠢ ᠰᠦᠪᠡᠭᠴᠢᠯᠡᠵᠤ᠂ | ᠰᠤᠷᠭᠠᠭᠤᠯᠢ ᠶᠢᠨ ᠪᠠᠶᠢᠳᠠᠯ ᠳᠤ ᠪᠠᠨ ᠲᠤᠬᠢᠷᠠᠭᠤᠯᠤᠨ ᠦᠷᠨᠢᠬᠦᠯᠵᠤ ᠮᠤᠩᠭᠤᠯ ᠬᠡᠯᠡ ᠶᠢ ᠲᠡᠷᠢᠬᠦᠨ ᠪᠠᠶᠢᠷᠢᠨ ᠳᠤ | ᠲᠠᠯᠪᠢᠬᠤ ᠭᠡᠷᠡᠭᠳᠠᠢ᠃ | 2. ᠮᠤᠩᠭᠤᠯ ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠠᠪᠴᠢᠷᠠᠬᠤ ᠭᠡᠷᠡᠭᠳᠠᠢ᠃ ᠬᠡᠯᠡ ᠪᠤᠯ | ᠰᠤᠶᠤᠯ ᠤᠨ ᠨᠢᠭᠡ ᠲᠦᠷᠤᠯ ᠵᠠᠨᠠᠷ᠂ ᠬᠡᠯᠡ ᠪᠡ ᠰᠤᠶᠤᠯ ᠨᠢ ᠬᠠᠷᠢᠯᠴᠠᠨ ᠠᠬᠢᠭᠤᠯᠵᠤ᠂ ᠬᠠᠷᠢᠯᠴᠠᠨ ᠨᠦᠯᠤᠭᠡᠯᠡᠨ᠎ᠠ᠃ | ᠰᠤᠷᠤᠭᠴᠢᠳ ᠲᠤ ᠮᠤᠩᠭᠤᠯ ᠰᠤᠶᠤᠯ ᠢᠶᠠᠨ ᠤᠯᠠᠮᠵᠢᠯᠠᠶ᠎ᠠ ᠭᠡᠪᠡᠯ᠂ ᠭᠠᠭᠴᠠ ᠬᠦ ᠮᠤᠩᠭᠤᠯ ᠬᠡᠯᠡᠨ ᠤ ᠬᠢᠴᠢᠶᠡᠯ ᠤᠨ | ᠪᠢᠴᠢᠭ ᠲᠤ ᠪᠠᠷᠢᠬᠳᠠᠭᠠᠳ ᠪᠤᠯᠬᠤ ᠦᠭᠡᠢ᠃ ᠪᠤᠯᠤᠮᠵᠢ ᠶᠢᠨ ᠨᠦᠬᠦᠴᠡᠯ ᠢ ᠠᠰᠢᠭᠯᠠᠵᠤ᠂ ᠮᠤᠩᠭᠤᠯ ᠰᠤᠶᠤᠯ ᠢ | ᠰᠤᠷᠭᠠᠭᠤᠯᠢ ᠶᠢᠨ ᠬᠦᠷᠢᠶᠡᠨ ᠳᠤ ᠤᠷᠤᠯᠠᠭᠤᠯᠬᠤ ᠭᠡᠷᠡᠭᠳᠠᠢ᠃ ᠡᠨᠡ ᠲᠠᠯ᠎ᠠ ᠪᠠᠷ ᠵᠠᠷᠢᠮ ᠭᠠᠵᠠᠷ ᠨᠡᠯᠢᠶᠡᠳ ᠪᠦᠳᠤᠮᠵᠢ | ᠲᠠᠢ ᠤᠷᠤᠯᠳᠤᠯᠭ᠎ᠠ ᠬᠢᠵᠤ ᠪᠠᠶᠢᠭ᠎ᠠ ᠶᠤᠮ᠃ ᠵᠢᠱᠢᠶᠡᠯᠡᠪᠡᠯ᠄ ᠰᠤᠷᠭᠠᠭᠤᠯᠢ ᠶᠢᠨ ᠬᠦᠷᠢᠶᠡᠨ ᠳᠤ ᠮᠤᠩᠭᠤᠯ | ᠦᠨᠳᠤᠰᠤᠳᠡᠨ ᠤ ᠭᠡᠷᠡᠭᠰᠡᠯ ᠤᠨ ᠮᠦᠽᠸᠢ ᠪᠠᠶᠢᠭᠤᠯᠵᠤ᠂ ᠰᠤᠷᠤᠭᠴᠢᠳ ᠲᠤ ᠦᠨᠳᠤᠰᠤᠳᠡᠨ ᠤ ᠤᠷᠠᠯᠠᠯ ᠭᠡᠷᠡᠭᠰᠡᠯ ᠢ | ᠲᠠᠨᠢᠭᠤᠯᠵᠤ᠂ ᠭᠡᠷᠬᠢᠨ ᠭᠡᠷᠡᠭᠯᠡᠬᠦ ᠶᠢ ᠵᠢᠭᠠᠬᠤ᠂ ᠦᠨᠳᠤᠰᠤᠳᠡᠨ ᠤ ᠭᠠᠷ ᠤᠷᠠᠯᠠᠯ᠂ ᠤᠶᠤᠳᠠᠯ ᠬᠢᠳᠠᠯ ᠤᠨ ᠬᠢᠴᠢᠶᠡᠯ | ᠤᠷᠤᠬᠤ᠂ ᠦᠨᠳᠤᠰᠤᠳᠡᠨ ᠤ ᠰᠤᠶᠤᠯ ᠲᠡᠤᠭᠡ ᠶᠢᠨ ᠬᠢᠴᠢᠶᠡᠯ ᠤᠷᠤᠬᠤ᠂ ᠤᠷᠤᠨ ᠨᠤᠳᠤᠭ ᠤᠨ ᠬᠢᠴᠢᠶᠡᠯ ᠤᠨ | ᠪᠢᠴᠢᠭ ᠨᠠᠶᠢᠷᠠᠭᠤᠯᠵᠤ ᠵᠢᠭᠠᠬᠤ᠂ ᠱᠠᠭ᠎ᠠ᠂ ᠵᠢᠷᠬᠢᠭᠡ᠂ ᠰᠢᠳᠠᠷ᠎ᠠ ᠁ ᠮᠡᠳᠤ ᠶᠢᠨ ᠲᠤᠭᠯᠠᠭᠠᠮ ᠤᠨ ᠬᠢᠴᠢᠶᠡᠯ᠂ | ᠮᠤᠷᠢᠨ ᠬᠤᠭᠤᠷ᠂ ᠤᠷᠳᠤ ᠶᠢᠨ ᠲᠠᠭᠤᠤ ᠵᠡᠷᠭᠡ ᠦᠨᠳᠤᠰᠤᠳᠡᠨ ᠤ ᠬᠦᠭᠵᠢᠮ ᠲᠠᠭᠤᠨ ᠤ ᠬᠢᠴᠢᠶᠡᠯ᠂ ᠮᠤᠩᠭᠤᠯ | ᠪᠦᠭᠡ ᠵᠡᠷᠭᠡ ᠦᠨᠳᠤᠰᠤᠳᠡᠨ ᠤ ᠲᠠᠮᠢᠷ ᠤᠨ ᠬᠢᠴᠢᠶᠡᠯ ᠁ ᠮᠡᠳᠤ ᠶᠢᠨ ᠦᠷᠭᠡᠨ ᠠᠭᠤᠯᠭ᠎ᠠ ᠪᠠᠷ | ᠦᠨᠳᠤᠰᠤᠳᠡᠨ ᠤ ᠪᠠᠨ ᠰᠤᠶᠤᠯ ᠲᠡᠤᠭᠡ ᠶᠢ ᠰᠤᠷᠤᠭᠴᠢᠳ ᠲᠤ ᠮᠡᠳᠡᠬᠦᠯᠵᠤ᠂ ᠦᠨᠳᠤᠰᠤᠳᠡᠨ ᠤ ᠪᠠᠨ ᠠᠵᠢᠯ | ᠬᠦᠳᠡᠯᠮᠤᠷᠢ᠂ ᠤᠷᠠᠯᠢᠬ᠂ ᠲᠠᠮᠢᠷ᠂ ᠨᠠᠭᠠᠳᠤᠮ ᠴᠡᠩᠭᠡᠭᠡᠨ ᠤ ᠰᠤᠶᠤᠯ ᠢ ᠮᠡᠳᠡᠬᠦ᠂ ᠬᠢᠵᠤ ᠤᠷᠤᠯᠳᠤᠬᠤ᠂ ᠤᠷᠤᠯᠴᠠᠵᠤ | ᠲᠡᠶᠢᠯᠬᠦ ᠴᠢᠳᠠᠪᠤᠷᠢ ᠲᠠᠢ ᠪᠤᠯᠭᠠᠨ ᠬᠦᠮᠤᠵᠢᠬᠦᠯᠵᠤ ᠪᠠᠶᠢᠨ᠎ᠠ᠃ ᠡᠨᠡ ᠦᠨᠡᠭᠡᠷ ᠪᠠᠶᠠᠷᠯᠠᠭᠤᠰᠢᠳᠠᠢ ᠶᠠᠪᠤᠳᠠᠯ᠃ | ᠦᠨᠳᠤᠰᠤᠳᠡᠨ ᠤ ᠪᠠᠨ ᠰᠤᠶᠤᠯ ᠢ ᠰᠠᠶᠢᠨ ᠮᠠᠳᠠᠮᠠᠨᠵᠢᠨ ᠵᠢᠩᠬᠢᠨᠢ ᠮᠤᠩᠭᠤᠯ ᠬᠦᠮᠤᠨ ᠪᠤᠯᠵᠤ ᠬᠦᠮᠤᠵᠢᠵᠤ ᠴᠢᠳᠠᠨ᠎ᠠ | 3. ᠲᠠᠨᠢᠯᠳᠠ ᠪᠠᠨ ᠲᠡᠭᠡᠭᠰᠢᠯᠡᠬᠦᠯᠬᠦ ᠭᠡᠷᠡᠭᠳᠠᠢ᠃ ᠦᠨᠳᠤᠰᠤᠳᠡᠨ ᠤ ᠦᠭᠡ ᠬᠡᠯᠡ᠂ ᠦᠰᠦᠭ ᠪᠢᠴᠢᠭ ᠨᠢ | ᠦᠨᠳᠤᠰᠤᠳᠡᠨ ᠤ ᠮᠠᠨᠳᠤᠯ ᠮᠦᠬᠦᠯ ᠲᠠᠢ ᠬᠤᠯᠪᠤᠭᠳᠠᠬᠤ ᠠᠰᠠᠭᠤᠳᠠᠯ ᠶᠤᠮ᠃ ᠮᠤᠩᠭᠤᠯ ᠢᠶᠠᠷ ᠰᠤᠷᠬᠤ ᠶᠢᠨ | ᠲᠠᠪᠠᠭᠤᠯᠢᠬ ᠴᠢᠬᠤᠯᠠ ᠴᠢᠨᠠᠷ ᠢ ᠰᠤᠷᠤᠭᠴᠢ᠂ ᠭᠡᠷ ᠤᠨ ᠠᠬᠠᠮᠠᠳ ᠲᠤ ᠦᠷᠭᠡᠨ ᠢᠶᠠᠷ ᠤᠬᠠᠭᠤᠯᠬᠤ ᠭᠡᠷᠡᠭᠳᠠᠢ᠃ | ᠬᠡᠤᠬᠡᠳ ᠢᠶᠠᠨ ᠮᠤᠩᠭᠤᠯ ᠰᠤᠷᠭᠠᠭᠤᠯᠢ ᠳᠤ ᠰᠠᠭᠤᠯᠭᠠᠭᠰᠠᠨ ᠯᠡ ᠪᠤᠯ ᠮᠤᠩᠭᠤᠯ ᠬᠡᠯᠡ ᠶᠢ ᠤᠷᠤᠢ ᠶᠢᠨ ᠰᠢᠳᠤᠭᠡᠨ | ᠪᠤᠯᠭᠠᠬᠤ ᠭᠡᠷᠡᠭᠳᠠᠢ᠃ ᠮᠤᠩᠭᠤᠯ ᠬᠡᠯᠡ ᠨᠢ ᠮᠤᠩᠭᠤᠯ ᠢᠶᠠᠷ ᠰᠤᠷᠴᠤ ᠪᠠᠶᠢᠭ᠎ᠠ ᠬᠡᠤᠬᠡᠳ ᠤᠨ ᠪᠤᠰᠤᠳ ᠬᠢᠴᠢᠶᠡᠯ ᠢ | ᠰᠤᠷᠬᠤ ᠪᠠᠭᠠᠵᠢ ᠪᠤᠯᠬᠤᠷ ᠲᠡᠬᠦᠨ ᠤ ᠰᠠᠭᠤᠷᠢ ᠨᠢ ᠪᠤᠰᠤᠳ ᠬᠢᠴᠢᠶᠡᠯ ᠲᠦᠷᠤᠯ ᠢ ᠰᠢᠭᠤᠳ ᠨᠦᠯᠤᠭᠡᠯᠡᠨ᠎ᠠ᠃ | ᠠᠯᠳᠠᠨᠴᠢᠯᠠᠭᠤ ᠪᠠᠭᠰᠢ ︽ᠡᠭᠡ ᠬᠡᠯᠡᠨ ᠤ ᠬᠢᠴᠢᠶᠡᠯ ᠬᠦᠮᠤᠵᠢᠯ ᠳᠠᠬᠢ ᠦᠢᠯᠡᠳᠤᠯ ᠢ ᠪᠠᠳᠠᠷᠠᠭᠤᠯᠰᠤᠭᠠᠢ︾ ᠭᠡᠬᠦ | ᠵᠤᠬᠢᠶᠠᠯ ᠳᠤ ᠪᠠᠨ ︽ᠮᠠᠨ ᠤ ᠰᠤᠷᠭᠠᠭᠤᠯᠢ ᠶᠢᠨ ᠡᠩ ᠤᠨ ᠪᠠᠶᠢᠭᠠᠯᠢ ᠶᠢᠨ ᠠᠩᠬᠢ ᠪᠡ ᠲᠤᠷᠰᠢᠯᠳᠠ ᠶᠢᠨ ᠪᠠᠶᠢᠭᠠᠯᠢ | ᠶᠢᠨ ᠠᠩᠬᠢ ᠶᠢ ᠲᠤᠰ ᠲᠤᠰ ᠤᠯᠠᠨ ᠤᠳᠠᠭ᠎ᠠ ᠤᠨᠴᠠ ᠰᠢᠯᠢᠳᠡᠭ ᠪᠦᠳᠤᠮᠵᠢ ᠪᠠᠷ ᠲᠡᠬᠦᠰᠦᠭᠰᠡᠨ ᠹᠢᠽᠢᠺ ᠤᠨ | ᠤᠨᠴᠠ ᠲᠡᠰ ᠤᠨ ᠵᠠᠯᠠᠭᠤ ᠪᠠᠭᠰᠢ ᠮᠦᠡᠭᠬᠦᠨᠪᠠᠭᠠᠨᠠ ᠶᠢᠨ ᠤᠯᠠᠨ ᠠᠴᠠ ᠤᠷᠦ᠋ᠢᠯᠠᠬᠤ ᠪᠢᠯᠢᠭ ᠴᠤᠭᠤᠷᠠᠭᠰᠠᠨ | ᠰᠤᠷᠤᠭᠴᠢ ᠶᠢ ᠬᠦᠮᠤᠵᠢᠬᠦᠯᠬᠦ᠂ ᠬᠠᠮᠤᠭ ᠤᠨ ᠢᠳᠡᠭᠡᠯᠳᠠᠢ ᠪᠦᠳᠤᠮᠵᠢᠳᠤ ᠲᠤᠷᠰᠢᠯᠭ᠎ᠠ ᠪᠤᠶᠤ ᠰᠤᠷᠤᠭᠴᠢᠳ ᠢᠶᠠᠨ | ᠪᠦᠬᠦᠨ ᠢ ᠨᠢ ᠰᠢᠯᠢᠳᠡᠭ ᠬᠢᠷᠢ ᠪᠦᠳᠤᠮᠵᠢ ᠪᠠᠷ ᠰᠢᠯᠭᠠᠭᠤᠯᠬᠤ ᠤᠨᠴᠠᠭᠠᠢ ᠠᠷᠭ᠎ᠠ ᠭᠡᠪᠡᠯ᠂ ᠰᠤᠷᠤᠭᠴᠢᠳ ᠢᠶᠠᠨ | ᠲᠡᠭᠡᠳᠤ ᠨᠢᠭᠡ ᠳᠤ ᠨᠢ ᠲᠤᠰᠴᠤ ᠠᠪᠤᠩᠭᠤᠳᠠ ᠮᠤᠩᠭᠤᠯ ᠬᠡᠯᠡᠨ ᠤ ᠰᠠᠭᠤᠷᠢ ᠮᠡᠳᠡᠯᠭᠡ᠂ ᠦᠨᠳᠤᠰᠤᠨ ᠪᠤᠯᠪᠠᠰᠤᠷᠠᠯ᠂ | ᠮᠤᠩᠭᠤᠯ ᠬᠡᠯᠡᠨ ᠤ ᠮᠡᠳᠡᠷᠡᠮᠵᠢ᠂ ᠭᠡᠷᠡᠭᠯᠡᠭᠡᠨ ᠤ ᠴᠢᠳᠠᠪᠤᠷᠢ ᠶᠢ ᠨᠢ ᠬᠢᠴᠢᠶᠡᠯ ᠲᠠᠪᠳᠠᠯᠭ᠎ᠠ᠂ ᠲᠠᠰᠬᠠᠯ ᠲᠠᠭᠠᠭᠠᠯᠭᠠᠪᠤᠷᠢ | ᠶᠢᠨ ᠪᠤᠳᠠᠳᠤ ᠪᠠᠶᠢᠳᠠᠯ ᠠᠴᠠ ᠨᠢ ᠠᠵᠢᠭᠯᠠᠨ ᠰᠢᠨᠵᠢᠵᠤ᠂ ᠰᠤᠷᠭᠠᠭᠤᠯᠢ ᠶᠢᠨ ᠲᠤᠬᠢᠷᠠᠭᠤᠯᠤᠭᠰᠠᠨ ᠬᠢᠴᠢᠶᠡᠯ | ᠵᠢᠯᠤᠭᠤᠳᠤᠯᠭ᠎ᠠ ᠠᠴᠠ ᠭᠠᠳᠠᠨ᠎ᠠ ᠭᠠᠷᠠᠭ ᠲᠤ ᠲᠤᠰᠬᠠᠢ ᠨᠢᠭᠡ ᠪᠤᠶᠤ ᠬᠤᠶᠠᠷ ᠴᠠᠭ ᠭᠠᠷᠭᠠᠭᠠᠳ ᠮᠤᠩᠭᠤᠯ ᠬᠡᠯᠡᠨ ᠤ | ᠤᠡᠭᠰᠢᠯᠭ᠎ᠠ ᠬᠢᠯᠭᠡᠨ᠎ᠠ᠃ ᠶᠡᠷᠤ ᠶᠢᠨ ᠴᠠᠭ ᠲᠤ ᠡᠯ᠎ᠠ ᠬᠢᠴᠢᠶᠡᠯ ᠲᠦᠷᠤᠯ ᠤᠨ ᠬᠡᠯᠡᠨ ᠤ ᠮᠠᠲ᠋ᠧᠷᠢᠶᠠᠯ ᠢ ᠠᠰᠢᠭᠯᠠᠨ | ᠠᠰᠠᠭᠤᠳᠠᠯ ᠢ ᠰᠡᠳᠬᠢᠨ ᠤᠯᠤᠯᠳᠠ ᠪᠠᠨ ᠢᠯᠡᠳᠭᠡᠵᠤ᠂ ᠮᠤᠩᠭᠤᠯ ᠨᠤᠮ ᠤᠡᠭᠰᠢᠭ᠌ᠰᠠᠨ ᠲᠦᠷᠦᠭᠳᠡᠯ ᠢᠶᠠᠨ ᠮᠤᠩᠭᠤᠯ | ᠬᠡᠯᠡ ᠪᠠᠷ ᠶᠠᠷᠢᠵᠤ᠂ ᠮᠤᠩᠭᠤᠯ ᠪᠢᠴᠢᠭ ᠢᠶᠠᠷ ᠢᠯᠡᠳᠭᠡᠬᠦ ᠪᠤᠯᠪᠠᠰᠤᠷᠠᠯ ᠬᠢᠯᠭᠡᠨ᠎ᠠ᠃ ᠲᠠᠰᠬᠠᠯ ᠪᠤᠯᠪᠠᠰᠤᠷᠠᠯ ᠤᠨ | ᠲᠤᠮᠳᠠ ᠰᠤᠷᠤᠭᠴᠢᠳ ᠡᠭᠡ ᠬᠡᠯᠡᠨ ᠤ ᠪᠠᠨ ᠴᠢᠳᠠᠮᠵᠢ ᠶᠢ ᠬᠦᠡᠭᠭᠡᠪᠴᠢᠯᠡᠨ ᠤᠮᠳᠤᠭᠠᠢᠢᠯᠠᠭᠰᠠᠨ ᠬᠠᠷᠠᠮᠰᠠᠯ | ᠭᠤᠳᠤᠮᠰᠢᠬ ᠲᠦᠷᠤᠵᠤ᠂ ᠲᠦᠷᠤᠯᠬᠢ ᠬᠡᠯᠡ ᠪᠠᠨ ᠰᠠᠶᠢᠨ ᠰᠤᠷᠴᠤ᠂ ᠡᠭᠡ ᠬᠡᠯᠡ ᠪᠠᠷ ᠢᠶᠠᠨ ᠴᠡᠪᠡᠷ ᠰᠡᠳᠬᠢᠵᠤ᠂ | ᠪᠦᠬᠦ ᠬᠢᠴᠢᠶᠡᠯ ᠲᠦᠷᠤᠯ ᠢᠶᠠᠨ ᠤᠯᠠᠮ ᠬᠦᠨᠵᠡᠭᠡᠢ ᠨᠠᠷᠢᠯᠢᠬ ᠡᠵᠡᠮᠰᠢᠵᠤ᠂ ᠮᠤᠩᠭᠤᠯ ᠬᠡᠯᠡᠨ ᠤ ᠭᠡᠪ ᠪᠤᠯᠪᠠᠰᠤᠷᠠᠯ | ᠢᠶᠠᠨ ᠲᠠᠰᠤᠷᠠᠯ ᠦᠭᠡᠢ ᠲᠡᠭᠡᠭᠰᠢᠯᠡᠬᠦᠯᠬᠦ ᠬᠦᠴᠤᠨ ᠴᠢᠳᠠᠯ ᠤᠷᠬᠢᠯᠤᠨ ᠪᠠᠳᠠᠷᠠᠵᠤ᠂ ᠡᠭᠡ ᠬᠡᠯᠡ ᠪᠠᠨ ᠲᠡᠭᠡᠳᠤᠯᠡᠵᠤ | ᠬᠠᠶᠢᠷᠠᠯᠠᠬᠤ ᠰᠡᠳᠬᠢᠭᠳᠡᠯ ᠲᠠᠢ ᠪᠤᠯᠳᠠᠭ ᠪᠠᠶᠢᠨ᠎ᠠ᠃ ᠢᠡᠭᠬᠢᠪᠡᠯ ᠰᠠᠶ᠋ᠢ ᠡᠭᠡ ᠬᠡᠯᠡᠨ ᠤ ᠪᠠᠨ ᠬᠦᠮᠤᠵᠢᠯ ᠢᠶᠠᠷ | ᠰᠤᠷᠭᠠᠭᠤᠯᠢ ᠰᠤᠶᠤᠯ ᠤᠨ ᠮᠦᠷ ᠢ ᠬᠦᠭᠡᠭᠡᠭᠰᠡᠨ ᠰᠤᠷᠤᠭᠴᠢᠳ ᠤᠨ ᠲᠦᠷᠤᠯᠬᠢ ᠠᠪᠢᠶᠠᠰ ᠴᠢᠳᠠᠪᠤᠷᠢ ᠨᠢ ᠪᠠᠳᠠᠷᠠᠵᠤ᠂ | ᠰᠡᠳᠬᠢᠬᠦᠢ ᠨᠢ ᠲᠡᠯᠡᠭᠳᠡᠭᠡᠳ ᠪᠤᠳᠠᠭᠠᠯᠢ ᠴᠢᠨᠠᠷ ᠤᠨ ᠬᠦᠭᠵᠢᠯᠳᠡ ᠪᠠᠨ ᠡᠯᠬᠦᠵᠤ ᠰᠤᠷᠤᠯᠴᠠᠯᠭ᠎ᠠ ᠶᠢᠨ ᠲᠤᠮᠳᠠᠬᠢ | ᠰᠠᠨᠠᠭᠠᠨ ᠠᠴᠠ ᠭᠠᠳᠠᠭᠤᠷ ᠬᠦᠴᠢᠷ ᠪᠡᠷᠭᠡᠰᠢᠶᠡᠯ᠂ ᠶᠠᠷᠰᠢᠬ ᠪᠤᠳᠤᠯᠢᠶᠠᠨ ᠢ ᠰᠠᠨᠠᠭ᠎ᠠ ᠪᠠᠷ ᠢᠶᠠᠨ ᠰᠢᠢᠳᠪᠤᠷᠢᠯᠡᠵᠤ᠂ | ᠬᠦᠨ ᠤᠬᠠᠭᠠᠯᠢᠬ ᠵᠦᠢᠯᠡᠰ ᠢ ᠬᠢᠯᠪᠠᠷᠬᠠᠨ ᠤᠢᠢᠯᠠᠭᠠᠨ᠂ ᠬᠦᠨᠳᠤ ᠠᠭᠤᠯᠭ᠎ᠠ ᠶᠢ ᠬᠦᠡᠭᠭᠡᠨ ᠬᠦᠯᠢᠶᠡᠬᠦ ᠶᠡᠷᠤ ᠪᠤᠰᠤ | ᠶᠢᠨ ᠴᠢᠳᠠᠪᠬᠢᠵᠢᠵᠤ ᠢᠷᠡᠳᠡᠭ ᠪᠠᠶᠢᠨ᠎ᠠ︾ ᠭᠡᠵᠤ ᠶᠠᠷᠢᠭᠰᠠᠨ ᠪᠠᠶᠢᠨ᠎ᠠ᠃ ᠡᠨᠡ ᠦᠨᠡᠭᠡᠷ ᠤᠶᠤᠨ ᠤᠬᠠᠭᠠᠨ ᠳᠤ ᠭᠡᠭᠡ | ᠲᠤᠰᠬᠠᠭᠰᠠᠨ ᠮᠠᠭᠳᠠᠭᠤᠰᠢᠳᠠᠢ᠂ ᠪᠢᠰᠢᠷᠡᠬᠦᠰᠢᠳᠠᠢ ᠠᠵᠢᠯᠯᠠᠭ᠎ᠠ ᠮᠦᠨ᠃ | 4. ᠲᠡᠩᠳᠡᠬᠦᠤ ᠡᠷᠳᠡ ᠬᠠᠷᠢ ᠬᠡᠯᠡ ᠰᠤᠷᠬᠤ ᠶᠢ ᠬᠠᠯᠠᠮᠰᠢᠯ ᠪᠤᠯᠭᠠᠨ ᠬᠦᠭᠡᠭᠡᠴᠡᠯᠳᠤᠵᠤ ᠪᠤᠯᠬᠤ ᠦᠭᠡᠢ᠃ | ᠤᠳᠤ ᠪᠠᠭ᠎ᠠ ᠰᠤᠷᠭᠠᠭᠤᠯᠢ ᠳᠤ ᠬᠤᠶᠠᠳᠤᠭᠠᠷ ᠤᠨ ᠠᠴᠠ ᠬᠢᠳᠠᠳ ᠬᠡᠯᠡ᠂ ᠭᠤᠷᠪᠠᠳᠤᠭᠠᠷ ᠤᠨ ᠠᠴᠠ ᠠᠩᠭ᠍ᠯᠢ ᠬᠡᠯᠡ | ᠵᠢᠭᠠᠵᠤ ᠪᠠᠶᠢᠨ᠎ᠠ᠃ ᠬᠦᠮᠤᠨ ᠤ ᠰᠡᠳᠬᠢᠬᠦᠢ ᠬᠡᠯᠡ ᠪᠠᠷ ᠲᠠᠮᠵᠢᠵᠤ ᠢᠯᠡᠷᠡᠳᠡᠭ᠃ ᠨᠢᠭᠡ ᠵᠦᠢᠯ ᠤᠨ ᠬᠡᠯᠡ ᠳᠤ | ᠴᠠᠭᠠᠷᠠᠬᠤ ᠠᠴᠠ ᠡᠮᠤᠨ᠎ᠠ ᠪᠤᠰᠤᠳ ᠬᠡᠯᠡ ᠶᠢ ᠰᠤᠷᠤᠨ᠎ᠠ ᠭᠡᠳᠡᠭ ᠰᠡᠳᠬᠢᠬᠦᠢ ᠶᠢᠨ ᠡᠭᠡᠳᠡᠷᠡᠯ᠂ ᠰᠠᠭᠠᠷᠮᠠᠭᠵᠢᠯ ᠢ | ᠡᠬᠦᠰᠭᠡᠨ᠎ᠠ᠃ ᠪᠢᠯᠢᠬᠦᠨ ᠶᠡᠭᠡ ᠨᠤᠮᠴᠢ ᠪ᠊ ᠊ ᠷᠢᠨᠴᠢᠨ ︽ᠡᠬᠢᠯᠡᠭᠡᠳ ᠡᠭᠡ ᠬᠡᠯᠡ ᠪᠠᠨ ᠲᠠᠭᠠᠭᠠᠮᠠᠭᠠᠢ ᠰᠤᠷ᠂ ᠤᠢ | ᠤᠷᠤᠬᠤ ᠪᠠᠷ ᠨᠢ ᠤᠷᠤᠰ ᠬᠡᠯᠡ ᠶᠢ ᠲᠠᠷᠠᠭ᠎ᠠ ᠪᠠᠷ ᠨᠢ ᠰᠤᠷ︾ ᠭᠡᠵᠤ ᠬᠡᠯᠡᠭᠰᠡᠨ ᠪᠢᠰᠢᠤ ᠰᠤᠷᠭᠠᠭᠤᠯᠢ ᠠᠴᠠ | ᠭᠡᠷ ᠤᠨ ᠠᠬᠠᠮᠠᠳ ᠤᠨ ᠬᠤᠷᠠᠯ ᠰᠤᠷᠤᠯᠴᠠᠯᠭ᠎ᠠ ᠶᠢ ᠴᠢᠩᠭᠠᠳᠬᠠᠵᠤ᠂ ᠰᠤᠷᠬᠤ ᠨᠠᠰᠤᠨ ᠠᠴᠠ ᠡᠮᠤᠨᠡᠬᠢ ᠬᠡᠤᠬᠡᠳ᠂ | ᠴᠡᠴᠡᠷᠯᠢᠭ ᠤᠨ ᠬᠡᠤᠬᠡᠳ᠂ ᠲᠤᠤᠷ᠎ᠠ ᠤᠷᠤᠨ ᠤ ᠬᠡᠤᠬᠡᠳ ᠢ ᠮᠤᠩᠭᠤᠯ ᠢᠶᠠᠷ ᠴᠡᠪᠡᠷ ᠶᠠᠷᠢᠬᠤ᠂ ᠭᠡᠷ ᠤᠨ ᠠᠬᠠᠮᠠᠳ ᠢ | ᠭᠡᠷ ᠲᠤ ᠪᠠᠨ ᠮᠤᠩᠭᠤᠯ ᠢᠶᠠᠷ ᠶᠠᠷᠢᠵᠤ ᠪᠠᠶᠢᠬᠤ ᠶᠢ ᠱᠠᠭᠠᠷᠳᠠᠬᠤ ᠭᠡᠷᠡᠭᠳᠠᠢ᠃ | ᠰᠤᠷᠬᠠᠨ ︽ᠮᠤᠩᠭᠤᠯ ᠬᠡᠯᠡᠨ ᠤ ᠨᠡᠶᠢᠭᠡᠮ ᠤᠨ ᠭᠡᠷᠡᠭᠯᠡᠭᠡ ᠶᠢ ᠠᠬᠢᠭᠤᠯᠬᠤ ᠳᠤ ᠮᠤᠩᠭᠤᠯᠴᠤᠤᠨ ᠦᠪᠡᠰᠤᠪᠡᠨ | ᠬᠦᠳᠡᠯᠤᠩᠬᠦᠢ ᠪᠠᠶᠢᠬᠤ ᠭᠡᠷᠡᠭᠳᠠᠢ︾ ᠭᠡᠬᠦ ᠵᠤᠬᠢᠶᠠᠯ ᠳᠤ ᠪᠠᠨ ︽ᠬᠢᠳᠠᠳ ᠬᠡᠯᠡ ᠮᠡᠳᠡᠬᠦ ᠨᠢ ᠨᠡᠶᠢᠭᠡᠮ ᠤᠨ | ᠬᠠᠷᠢᠯᠴᠠᠭᠠᠨ ᠤ ᠠᠷᠭ᠎ᠠ ᠵᠠᠮ ᠲᠡᠳᠤᠢ ᠪᠤᠯᠬᠤ ᠠᠴᠠ ᠪᠢᠰᠢ ᠶᠠᠮᠠᠷ ᠨᠢᠭᠡᠨ ᠡᠷᠳᠡᠮ ᠴᠢᠳᠠᠪᠤᠷᠢ ᠭᠡᠵᠤ ᠮᠠᠵᠤᠤᠯᠠᠬᠤ | ᠶᠠᠪᠤᠳᠠᠯ ᠭᠡᠳᠦ᠋ᠢᠨᠡᠢ ᠪᠢᠰᠢ ᠪᠤᠯᠤᠭᠰᠠᠨ ᠭᠡᠳᠡᠭ ᠢ ᠪᠢᠳᠡ ᠨᠠᠷ ᠮᠡᠳᠡᠬᠦᠰᠢᠳᠠᠢ ᠁ ᠦᠪᠡᠷ ᠤᠨ ᠦᠭᠡ ᠬᠡᠯᠡ᠂ | ᠦᠪ ᠰᠤᠶᠤᠯ ᠢᠶᠠᠨ ᠬᠦᠨᠳᠤᠳᠭᠡᠬᠦ ᠦᠭᠡᠢ ᠨᠢ ᠦᠪᠡᠷ ᠤᠨ ᠦᠨᠳᠤᠰᠤᠳᠡᠨ ᠢᠶᠠᠨ ᠬᠦᠨᠳᠦᠳᠭᠡᠬᠦ ᠦᠭᠡᠢ ᠪᠠᠶᠢᠭ᠎ᠠ | ᠶᠢᠨ ᠰᠢᠭᠤᠳ ᠢᠯᠡᠷᠡᠯ ᠮᠦᠨ᠃ ᠦᠪᠡᠷ ᠤᠨ ᠦᠨᠳᠤᠰᠤᠳᠡᠨ ᠢᠶᠠᠨ ᠬᠦᠨᠳᠤᠳᠭᠡᠬᠦ ᠦᠭᠡᠢ ᠬᠦᠮᠤᠨ ᠦᠪᠡᠷ ᠤᠨ | ᠪᠡᠶ᠎ᠠ ᠳᠤ ᠪᠠᠨ ᠢᠳᠡᠭᠡᠯ ᠦᠭᠡᠢ ᠪᠤᠯᠤᠨ᠎ᠠ᠃ ᠦᠪᠡᠷ ᠤᠨ ᠪᠡᠶ᠎ᠠ ᠳᠤ ᠪᠠᠨ ᠢᠳᠡᠭᠡᠯ ᠦᠭᠡᠢ ᠬᠦᠮᠤᠨ ᠦᠷᠤᠭᠡᠯ ᠤᠨ | ᠪᠦᠭᠰᠡ ᠶᠢ ᠲᠠᠭᠠᠨ ᠬᠦᠶᠤᠬᠦ ᠵᠠᠶᠠᠭ᠎ᠠ ᠠᠴᠠ ᠮᠤᠯᠳᠤᠷᠴᠤ ᠴᠢᠳᠠᠬᠤ ᠦᠭᠡᠢ︾ ᠭᠡᠵᠡᠢ᠃ | 5. ᠠᠮᠠᠷᠠᠯᠳᠠ ᠶᠢ ᠵᠦᠪ ᠠᠰᠢᠭᠯᠠᠬᠤ ᠭᠡᠷᠡᠭᠳᠠᠢ᠃ ᠡᠪᠤᠯ ᠤᠨ ᠠᠮᠠᠷᠠᠯᠳᠠ᠂ ᠵᠤᠨ ᠤ ᠠᠮᠠᠷᠠᠯᠳᠠ ᠪᠤᠯ | ᠨᠡᠯᠢᠶᠡᠳ ᠤᠷᠳᠤ ᠬᠤᠭᠤᠴᠠᠭ᠎ᠠ ᠪᠦᠭᠡᠳ ᠰᠤᠷᠤᠭᠴᠢᠳ ᠤᠨ ᠪᠦᠷᠢᠨ ᠡᠷᠭᠡᠳᠤ ᠴᠢᠯᠤᠭᠡᠳᠤ ᠤᠷᠤᠨ ᠵᠠᠢ ᠪᠤᠯᠤᠨ᠎ᠠ᠃ | ᠰᠤᠷᠤᠭᠴᠢᠳ ᠤᠨ ᠪᠠᠶᠢᠭᠠᠯᠢ ᠲᠠᠢ ᠤᠢᠢᠷᠠᠳᠤᠬᠤ᠂ ᠨᠡᠶᠢᠭᠡᠮ ᠲᠠᠢ ᠤᠢᠢᠷᠠᠳᠤᠬᠤ᠂ ᠠᠵᠤ ᠠᠮᠢᠳᠤᠷᠠᠯ ᠳᠤ ᠤᠷᠤᠯᠴᠠᠵᠤ | ᠰᠤᠷᠤᠯᠴᠠᠬᠤ ᠲᠡᠯᠭᠡᠷ ᠬᠢᠴᠢᠶᠡᠯ ᠪᠤᠯᠤᠨ᠎ᠠ᠃ ᠡᠶᠢᠮᠤ ᠠᠴᠠ ᠪᠠᠭᠰᠢ ᠨᠠᠷ ᠠᠮᠠᠷᠠᠯᠳᠠ ᠶᠢᠨ ᠲᠠᠰᠬᠠᠯ ᠤᠨ ᠠᠭᠤᠯᠭ᠎ᠠ ᠶᠢ | ᠡᠨᠡ ᠬᠦ ᠵᠤᠷᠢᠯᠭ᠎ᠠ ᠳᠤ ᠬᠠᠨᠳᠤᠭᠤᠯᠤᠨ ᠲᠤᠬᠢᠷᠠᠭᠤᠯᠵᠤ᠂ ᠤᠤᠯ ᠤᠨ ᠵᠢᠭᠠᠭᠰᠠᠨ ᠠᠭᠤᠯᠭ᠎ᠠ ᠪᠠᠨ ᠪᠠᠳᠤᠳᠬᠠᠬᠤ | ᠲᠠᠰᠬᠠᠯ ᠢ ᠴᠦᠭᠡᠳᠭᠡᠬᠦ ᠭᠡᠷᠡᠭᠳᠠᠢ᠃ ᠭᠡᠷ ᠤᠨ ᠠᠬᠠᠮᠠᠳ ᠲᠤ ᠠᠮᠠᠷᠠᠯᠳᠠ ᠶᠢᠨ ᠬᠤᠭᠤᠴᠠᠭᠠᠨ ᠤ ᠰᠤᠷᠤᠭᠴᠢ ᠶᠢᠨ | ᠠᠮᠢᠳᠤᠷᠠᠯ ᠢ ᠭᠡᠷᠬᠢᠨ ᠲᠤᠬᠢᠷᠠᠭᠤᠯᠬᠤ ᠲᠤᠬᠠᠢ ᠰᠠᠨᠠᠯ ᠵᠦᠪᠯᠡᠯᠭᠡ ᠦᠭᠬᠦᠨ᠎ᠠ᠃ ᠰᠤᠷᠤᠭᠴᠢᠳ ᠵᠤᠷᠢᠯᠭ᠎ᠠ | ᠲᠦᠯᠤᠪᠯᠡᠭᠡ ᠲᠠᠢ ᠪᠠᠷ ᠪᠠᠶᠢᠭᠠᠯᠢ ᠶᠢᠨ ᠰᠠᠶᠢᠬᠠᠨ ᠳᠤ ᠲᠤᠭᠤᠷᠢᠨ ᠵᠤᠭᠠᠴᠠᠵᠤ᠂ ᠪᠠᠶᠢᠭᠠᠯᠢ ᠲᠡᠯᠡᠭᠡᠢ ᠶᠢᠨ ᠭᠤᠸ᠎ᠠ | ᠰᠠᠶᠢᠬᠠᠨ ᠢ ᠮᠡᠳᠡᠷᠡᠬᠦ᠂ ᠠᠬᠠᠰ ᠵᠠᠬᠠᠰ ᠠᠴᠠ ᠪᠠᠨ ᠮᠤᠩᠭᠤᠯ ᠶᠤᠰᠤ ᠵᠠᠩᠰᠢᠯ ᠢ ᠰᠤᠷᠬᠤ᠂ ᠦᠯᠢᠭᠡᠷ ᠲᠡᠤᠭᠡ | ᠠᠰᠠᠭᠤᠨ ᠰᠤᠷᠠᠵᠤ ᠴᠡᠭᠡᠵᠢᠯᠡᠬᠦ᠂ ᠠᠵᠢᠯ ᠬᠦᠳᠡᠯᠮᠤᠷᠢ ᠳᠤ ᠢᠳᠡᠪᠬᠢᠳᠠᠢ ᠤᠷᠤᠯᠴᠠᠵᠤ᠂ ᠪᠡᠶ᠎ᠠ ᠰᠡᠳᠬᠢᠯ ᠢᠶᠠᠨ | ᠲᠠᠪᠳᠠᠨ ᠪᠤᠯᠪᠠᠰᠤᠷᠠᠭᠤᠯᠵᠤ᠂ ᠬᠦᠳᠡᠯᠮᠤᠷᠢ ᠶᠢᠨ ᠤᠷ᠎ᠠ ᠲᠠᠮ ᠢ ᠡᠵᠡᠮᠰᠢᠵᠤ᠂ ᠡᠴᠢᠭᠡ ᠡᠭᠡ ᠳᠤ ᠪᠠᠨ ᠠᠴᠢᠯᠠᠯ | ᠵᠢᠷᠤᠮ ᠢ ᠬᠦᠢᠴᠡᠳᠭᠡᠪᠡᠯ ᠵᠤᠬᠢᠨ᠎ᠠ᠃ | ᠶᠡᠷᠤᠩᠭᠡᠶᠢᠯᠡᠭᠡᠳ ᠬᠡᠯᠡᠪᠡᠯ᠂ ᠰᠤᠷᠭᠠᠭᠤᠯᠢ ᠶᠢ ᠲᠦᠪᠯᠡᠷᠡᠬᠦᠯᠦᠭᠰᠡᠨ ᠨᠢ ᠰᠤᠷᠭᠠᠨ ᠬᠦᠮᠤᠵᠢᠯ ᠳᠤ ᠰᠢᠨ᠎ᠠ | ᠤᠷᠴᠢᠨ ᠠᠬᠤᠢ ᠶᠢ ᠠᠪᠴᠢᠷᠠᠵᠤ ᠦᠭᠬᠦᠭᠰᠡᠨ ᠶᠤᠮ᠃ ᠡᠶᠢᠮᠤ ᠠᠴᠠ ᠰᠤᠷᠭᠠᠭᠤᠯᠢ ᠶᠢᠨ ᠤᠳᠤᠷᠢᠳᠤᠯᠭ᠎ᠠ᠂ ᠪᠠᠭᠰᠢ | ᠨᠠᠷ ᠡᠨᠡ ᠬᠦ ᠪᠠᠶᠢᠳᠠᠯ ᠢ ᠰᠡᠷᠭᠡᠭ ᠢᠶᠠᠷ ᠲᠠᠨᠢᠵᠤ᠂ ᠰᠢᠨ᠎ᠠ ᠤᠷᠴᠢᠨ ᠳᠤ ᠵᠤᠬᠢᠴᠠᠵᠤ᠂ ᠦᠨᠳᠤᠰᠤᠳᠡᠨ ᠤ ᠰᠤᠶᠤᠯ | ᠢᠶᠠᠨ ᠬᠦᠭᠵᠢᠬᠦᠯᠬᠦ ᠮᠡᠷᠭᠡᠨ ᠪᠤᠳᠤᠯᠭ᠎ᠠ ᠶᠢ ᠰᠦᠪᠡᠭᠴᠢᠯᠡᠪᠡᠯ ᠵᠤᠬᠢᠨ᠎ᠠ᠃ ᠨᠡᠶᠢᠭᠡᠮ ᠤᠨ ᠬᠦᠭᠵᠢᠯ ᠬᠤᠪᠢᠷᠠᠯ ᠪᠤᠯ | ᠵᠠᠶᠢᠯᠠᠰᠢ ᠦᠭᠡᠢ ᠶᠤᠮ᠃ ᠨᠠᠮ ᠲᠦᠷᠤ ᠶᠢᠨ ᠬᠠᠶᠢᠷ᠎ᠠ ᠬᠠᠯᠠᠮᠵᠢ ᠶᠢᠨ ᠲᠤᠤᠷ᠎ᠠ᠂ ᠰᠤᠷᠭᠠᠭᠤᠯᠢ᠂ ᠨᠡᠶᠢᠭᠡᠮ᠂ ᠭᠡᠷ ᠤᠨ | ᠠᠬᠠᠮᠠᠳ ᠤᠨ ᠭᠤᠷᠮᠤᠰᠤᠨ ᠬᠦᠴᠤ ᠪᠠᠷ ᠬᠠᠷᠠᠯᠳᠠ ᠲᠠᠢ᠂ ᠲᠦᠯᠤᠪᠯᠡᠭᠡ ᠲᠠᠢ᠂ ᠪᠤᠳᠤᠯᠭ᠎ᠠ ᠲᠠᠢ ᠪᠠᠷ ᠨᠡᠶᠢᠭᠡᠮ ᠤᠨ | ᠤᠷᠴᠢᠨ᠂ ᠴᠠᠭ ᠦᠶ᠎ᠠ ᠳᠤ ᠤᠷᠭᠠᠨᠢᠭ ᠢᠶᠠᠷ ᠵᠤᠬᠢᠴᠠᠭᠤᠯᠵᠤ ᠴᠢᠷᠮᠠᠶᠢᠨ ᠠᠵᠢᠯᠯᠠᠳᠠᠭ ᠯᠡ ᠶᠤᠮ ᠪᠤᠯ ᠮᠠᠨ ᠤ | ᠦᠨᠳᠤᠰᠤᠳᠡᠨ ᠤ ᠰᠤᠷᠭᠠᠨ ᠬᠦᠮᠤᠵᠢᠯ ᠦᠭᠡᠳᠡᠯᠡᠨ ᠲᠡᠭᠵᠢᠷᠡᠬᠦ ᠨᠢ ᠯᠠᠪᠳᠠᠢ ᠶᠤᠮ᠃ | | ᠬᠠᠶ᠋ᠢᠭ᠄ ᠭᠡᠰᠢᠭᠳᠡᠨ ᠬᠤᠰᠢᠭᠤᠨ ᠤ ᠦᠨᠳᠤᠰᠤᠳᠡᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠲᠤᠪᠴᠢᠶ᠎ᠠ | |