ᠢᠷᠤᠭᠡᠯ ᠪᠠ ᠵᠦᠡᠭᠨᠡᠯ ᠤᠨ ᠲᠤᠬᠠᠢ ᠤᠴᠢᠷᠯᠠᠬᠤᠢ
ᠨᠡᠶᠢᠲᠡᠯᠡᠭᠰᠡᠨ ᠴᠠᠭ᠄
2015/3/25
        ᠬᠡᠳᠤᠨ ᠡᠳᠤᠷ ᠤᠨ ᠡᠮᠤᠨ᠎ᠠ᠂ ᠪᠢ ᠰᠠᠳᠤᠨ ᠤ ᠪᠠᠨ ᠬᠡᠤᠭᠡᠳ ᠤᠨ ᠬᠤᠷᠢᠮ ᠳᠤ ᠤᠷᠤᠯᠴᠠᠯ᠎ᠠ᠃ ᠬᠤᠷᠢᠮ ᠨᠠᠶᠢᠷ ᠴᠤ ᠲᠠᠭᠤᠤ ᠲᠠᠢ᠂ ᠭᠦᠭᠵᠢᠶᠡᠨᠳᠠᠢ ᠭᠦᠮᠤᠨ ᠤ ᠰᠡᠳᠭᠢᠯ ᠳᠤ ᠲᠠᠭᠠᠷᠠᠬᠰᠠᠨ ᠰᠠᠶᠢᠬᠠᠨ ᠨᠠᠶᠢᠷ ᠪᠤᠯᠵᠤ ᠦᠨᠳᠤᠷᠯᠡᠯ᠎ᠠ᠃ ᠬᠠᠷᠢᠨ ᠬᠤᠷᠢᠮ ᠤᠨ ᠲᠠᠭᠤᠴᠢᠨ ᠢᠶᠠᠷ ᠵᠠᠯᠠᠬᠳᠠᠵᠤ ᠢᠷᠡᠭᠰᠡᠨ ᠬᠤᠷᠢᠭᠠᠳ ᠨᠠᠰᠤᠨ ᠤ ᠬᠡᠤᠭᠡᠨ ᠲᠠᠭᠤᠤ ᠡᠷᠭᠦᠭᠦ ᠪᠦᠷᠢ︽ᠪᠢ ᠡᠨᠡ ᠲᠠᠭᠤᠤ ᠪᠠᠨ ᠶᠠᠭᠤ ᠶᠠᠭᠤᠨ ᠳᠤ ᠵᠤᠷᠢᠭᠤᠯᠵᠤ᠂ ᠲᠠ ᠨᠠᠷ ᠤᠨ ᠰᠠᠶᠢᠨ ᠰᠠᠶᠢᠬᠠᠨ ᠢ ᠢᠷᠤᠭᠡᠶ᠎ᠠ︾ ᠬᠡᠵᠤ ᠲᠠᠭᠢᠨ ᠲᠠᠪᠳᠠᠨ ᠶᠠᠷᠢᠭᠠᠳ ᠯᠠ ᠪᠠᠶᠢᠬᠰᠠᠨ ᠨᠢ ᠨᠠᠳᠠᠳᠤ ᠲᠠᠶᠢᠮᠤ ᠴᠤ ᠲᠠᠭᠠᠯᠠᠮᠵᠢᠳᠠᠢ ᠰᠠᠨᠠᠬᠳᠠᠬᠰᠠᠨ ᠦᠭᠡᠢ᠃ ᠬᠤᠷᠢᠮ ᠤᠨ ᠰᠢᠷᠡᠭᠡᠨ ᠳᠤ ᠰᠠᠭᠠᠳᠠᠬᠰᠠᠨ ᠤᠯᠠᠨ ᠭᠦᠮᠤᠨ ᠤ ᠲᠤᠳᠤᠷ᠎ᠠ ᠲᠡᠭᠦᠨ ᠠᠴᠠ ᠨᠠᠰᠤ ᠪᠠᠷ ᠠᠬᠠᠮᠠᠳ ᠭᠦᠮᠤᠨ ᠤᠯᠠᠨ ᠪᠠᠶᠢᠨ᠎ᠠ᠃ ᠮᠤᠩᠭᠤᠯ ᠵᠠᠩ ᠦᠢᠯᠠ ᠳᠤ ᠵᠠᠯᠠᠭᠤ ᠭᠦᠮᠤᠨ ᠠᠬᠠᠮᠠᠳ ᠭᠦᠮᠤᠨ ᠤ ᠪᠠᠨ ᠦᠭᠡᠳᠠ ︽ᠢᠷᠤᠭᠡᠯ︾ ᠬᠠᠶᠢᠷᠠᠯᠠᠳᠠᠭ ᠦᠭᠡᠢ᠃       ᠶᠡᠷᠤᠨᠢ ᠮᠤᠩᠭᠤᠯ ᠦᠭᠡᠨ ᠤ ︽ᠢᠷᠤᠭᠡᠯ︾ ᠪᠠ ︽ᠵᠦᠡᠭᠨᠡᠯ︾᠎ ᠨᠢ ᠪᠦᠷ ᠢᠷᠡᠭᠡᠳᠤᠢ ᠳᠤ ᠬᠠᠨᠳᠤᠬᠰᠠᠨ᠂ ᠰᠠᠶᠢᠨ ᠰᠠᠶᠢᠬᠠᠨ ᠢ ᠪᠡᠯᠭᠡᠳᠡᠭᠰᠡᠨ ᠪᠦᠭᠡᠳ ᠤᠳᠬ᠎ᠠ ᠶᠢᠨ ᠲᠠᠯ᠎ᠠ ᠳᠤ ᠮᠠᠰᠢ ᠤᠢᠢᠷᠠᠯᠴᠠᠭ᠎ᠠ ᠴᠤ ᠬᠡᠷᠡᠭᠯᠡᠭᠡᠨ ᠤ ᠲᠠᠯ᠎ᠠ ᠳᠤ ᠵᠦᠷᠢᠶ᠎ᠠ ᠲᠠᠢ ᠪᠠᠶᠢᠳᠠᠭ᠃ ︽ᠢᠷᠤᠭᠡᠯ︾ ᠬᠡᠳᠡᠭ ᠨᠢ ᠠᠬᠠᠮᠡᠳ ᠨᠠᠰᠤᠳᠠᠶᠢᠴᠤᠳ ᠦᠷ᠎ᠠ ᠬᠡᠤᠭᠡᠳ ᠪᠤᠯᠬᠤ ᠭᠦᠮᠤᠨ ᠳᠡᠭᠡᠨ ᠬᠡᠯᠡᠳᠡᠭ ᠪᠤᠯ ︽ᠵᠦᠡᠭᠨᠡᠯ︾ ᠬᠡᠳᠡᠭ ᠨᠢ ᠦᠶ᠎ᠠ ᠵᠡᠷᠭᠡ ᠶᠢᠨ ᠪᠤᠶᠤ ᠦᠪᠡᠷ ᠠᠴᠠ ᠠᠬᠠᠮᠡᠳ ᠭᠦᠮᠤᠨ ᠳᠤ ᠬᠡᠯᠡᠳᠡᠭ ᠦᠭᠡ ᠶᠤᠮ᠃ ᠡᠨᠡ ᠨᠢ ᠡᠷᠳᠠᠨ ᠠᠴᠠ ᠪᠠᠨ ᠠᠪᠤᠭᠠᠳ ᠢᠡᠭᠭᠢᠵᠤ ᠯᠠ ᠬᠡᠪᠰᠢᠵᠤ ᠬᠡᠷᠡᠭᠯᠠᠵᠤ ᠢᠷᠡᠭᠰᠡᠨ ᠶᠤᠮ᠃ ᠮᠤᠩᠭᠤᠯᠴᠤᠳ ᠴᠤ ᠲᠡᠯᠡᠭᠡᠢ ᠳᠤ ᠢᠷᠤᠭᠡᠯᠴᠢ ᠦᠨᠳᠤᠰᠤᠳᠠᠨ ᠬᠡᠳᠡᠭ ᠪᠠᠰᠠ ᠨᠢᠭᠡ ᠰᠠᠶᠢᠬᠠᠨ ᠠᠯᠳᠠᠷ ᠲᠠᠢ ᠶᠤᠮ᠃       ᠮᠤᠩᠭᠤᠯ ᠠᠷᠠᠳ ᠤᠨ ᠦᠭᠡᠨ ᠳᠤ ︽ᠠᠮᠠᠨ ᠪᠠᠯᠭᠡ ᠬᠠᠮᠢᠭᠠᠰᠢ ᠪᠠᠨ ᠪᠤᠯ ᠠᠰᠢᠳᠠ ᠶᠢᠨ ᠪᠡᠯᠭᠡ ᠲᠠᠶᠢᠰᠢ ᠪᠠᠨ︾ ᠬᠡᠭᠦ ᠦᠭᠡ ᠪᠠᠶᠢᠳᠠᠭ᠃ ᠦᠨᠡᠭᠡᠷ ᠴᠤ ᠮᠤᠩᠭᠤᠯᠴᠤᠳ ᠪᠡᠯᠭᠡ ᠲᠠᠢ ᠦᠭᠡ ᠶᠢ ᠡᠷᠭᠢᠮᠯᠠᠨ ᠲᠡᠭᠡᠳᠤᠯᠡᠵᠤ᠂ ᠦᠭᠡᠨ ᠤ ᠲᠦᠷᠦᠭᠦᠨ ᠳᠤ ᠬᠡᠯᠡᠵᠤ ᠦᠢᠯᠠ ᠤᠴᠢᠷ ᠦᠭᠡᠳᠠ ᠡᠰᠡᠷᠡᠭ ᠪᠤᠯᠬᠤ ᠶᠢ ᠵᠦᠡᠭᠨᠡᠨ ᠪᠡᠯᠭᠡᠳᠡᠳᠡᠭ ᠰᠠᠨ᠃       ᠬᠡᠳᠡᠯ᠎ᠠ ᠤᠳᠤ ᠪᠤᠯᠬᠤ ᠳᠤ ᠭᠦᠮᠤᠨ ᠪᠤᠯᠭᠠᠨ ᠢᠷᠤᠭᠡᠯ ᠬᠠᠶᠢᠷᠠᠯᠠᠬᠤ ᠪᠤᠯᠵᠠᠢ᠃ ᠲᠠᠶᠢᠰᠠᠨ ᠲᠡᠭᠡᠷ᠎ᠠ ᠲᠠᠭᠤᠴᠢᠳ ᠢᠷᠤᠭᠡᠯ ᠬᠠᠶᠢᠷᠠᠯᠠᠨ᠎ᠠ᠃ ᠲᠧᠯᠸᠢᠰ ᠭᠦᠰᠢᠭᠡ ᠪᠠᠷ ᠭᠦᠳᠦᠯᠦᠭᠴᠢᠳ ᠢᠷᠤᠭᠡᠯ ᠬᠠᠶᠢᠷᠠᠯᠠᠨ᠎ᠠ᠂ ᠰᠤᠷᠤᠬᠴᠢ ᠨᠢ ᠪᠠᠭᠰᠢ ᠳᠠᠭᠠᠨ ᠢᠷᠤᠭᠡᠯ ᠬᠠᠶᠢᠷᠠᠯᠠᠨ᠎ᠠ᠂ ᠦᠷ᠎ᠠ ᠬᠡᠤᠭᠡᠳ ᠨᠢ ᠠᠬᠠᠮᠠᠳ ᠪᠤᠭᠤᠷᠤᠯ ᠳᠠᠭᠠᠨ ᠢᠷᠤᠭᠡᠯ ᠬᠠᠶᠢᠷᠠᠯᠠᠨ᠎ᠠ᠃       ᠦᠭᠡ ᠬᠡᠯᠡ ᠬᠡᠳᠡᠭ ᠤᠨ ᠲᠤᠰ ᠪᠡᠶ᠎ᠠ ᠨᠢ ᠲᠠᠷᠤᠢ ᠤᠷᠠᠯᠢᠭ ᠶᠤᠮ᠂ ᠦᠭᠡ ᠬᠡᠯᠡᠨ᠎ᠠ ᠬᠡᠳᠡᠭ ᠨᠢ ᠤᠷᠠᠯᠢᠭ ᠢ ᠡᠭᠦᠳᠤᠨ ᠪᠦᠳᠦᠭᠡᠵᠤ ᠪᠠᠶᠢᠭ᠎ᠠ ᠶᠠᠪᠤᠳᠠᠯ᠃ ᠶᠠᠮᠠᠷ ᠤᠷᠴᠢᠨ ᠳᠤ ᠶᠠᠮᠠᠷ ᠦᠭᠡ ᠶᠢ ᠬᠡᠯᠡᠭᠦ ᠨᠢ ᠶᠤᠰᠤ ᠰᠤᠷᠳᠠᠬᠤᠨ ᠤ ᠬᠤᠪᠢ ᠳᠤ ᠨᠢᠭᠡ ᠭᠦᠮᠤᠨ ᠤ ᠬᠡᠪ ᠰᠤᠷᠳᠠᠯ ᠭᠢᠭᠡᠳ ᠰᠤᠶᠤᠯ ᠪᠤᠯᠪᠠᠰᠤᠷᠠᠯ ᠢ ᠢᠯᠡᠷᠡᠭᠦᠯᠳᠡᠭ᠃       ᠦᠨᠤᠳᠤᠷ ᠮᠤᠩᠭᠤᠯᠴᠤᠳ ᠢᠵᠠᠭᠤᠷ ᠰᠤᠶᠤᠯ ᠠᠴᠠ ᠪᠠᠨ ᠤᠯᠠᠮ ᠢᠶᠠᠷ ᠵᠠᠶᠢᠳᠠᠵᠤ᠂ ᠦᠭᠡ ᠬᠡᠯᠡᠨ ᠤ ᠪᠠᠨ ᠤᠳᠬ᠎ᠠ ᠶᠢ ᠴᠤ ᠵᠦᠪ ᠬᠡᠷᠡᠭᠯᠡᠵᠤ ᠲᠠᠶᠢᠯᠭᠦ ᠦᠭᠡᠢ ᠪᠤᠯᠤᠬᠰᠠᠨ ᠶᠠᠪᠤᠳᠠᠯ ᠵᠦᠡᠭᠳᠡᠭᠡᠨ᠃ ᠢᠷᠤᠭᠡᠯ ᠮᠠᠬᠳᠠᠭᠠᠯ ᠤᠨ ᠰᠤᠶᠤᠯ ᠴᠤ ᠦᠪᠡᠷᠳᠡᠭᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠲᠤ ᠤᠷᠤᠬᠰᠠᠨ ᠪᠠᠶᠢᠨ᠎ᠠ᠃       ᠵᠦᠪ ᠤᠷᠴᠢᠨ ᠳᠤ ᠵᠦᠪ ᠦᠭᠡ ᠬᠡᠯᠡᠵᠤ᠂ ᠦᠪᠡᠷ ᠤᠨ ᠰᠤᠶᠤᠯ ᠢᠶᠠᠨ ᠵᠦᠪ ᠢᠶᠠᠷ ᠦᠢᠯᠠᠭᠠᠵᠤ᠂ ᠵᠦᠪ ᠢᠶᠠᠷ ᠤᠯᠠᠮᠵᠢᠯᠠᠬᠤ ᠪᠤᠯ ᠵᠠᠯᠠᠭᠤ ᠨᠢᠭᠡ ᠦᠶ᠎ᠠ ᠶᠢᠨ ᠬᠢᠨ ᠤ ᠲᠠᠷᠬᠠᠨ ᠡᠭᠦᠷᠭᠡ ᠮᠦᠨ᠃  
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号