ᠰᠤᠯᠤᠩᠭ᠎ᠠ ︵ᠲᠡᠬᠦᠰᠭᠡᠯ︶
ᠨᠡᠶᠢᠲᠡᠯᠡᠭᠰᠡᠨ ᠴᠠᠭ᠄
2015/3/25
     ᠶᠡᠷᠦ ᠨᠢ ᠲᠡᠭᠡᠭᠡᠳ ᠤᠨᠤᠭᠠᠳ ᠶᠠᠪᠤᠶ᠎ᠠ ᠬᠡᠰᠡᠨ ᠪᠤᠯ ᠦᠨᠡᠨᠳᠡᠭᠡᠨ ᠨᠠᠳᠠᠳᠤ ᠪᠠᠷᠢᠭᠠᠳ ᠦᠭᠬᠦ ᠮᠡᠳᠡᠯ ᠦᠭᠡᠢ ᠪᠠᠶᠢᠭᠰᠠᠨ ᠰᠢᠤ ᠳ᠋ᠧ᠃ ᠠᠪᠤ ᠮᠢᠨᠢ ᠨᠠᠭᠠᠳᠤᠮ ᠤᠨ ᠬᠦᠨᠡᠰᠤ ᠬᠡᠵᠤ ᠰᠦᠷᠦᠩ ᠪᠢᠳᠠ ᠬᠤᠶᠠᠷ ᠲᠤ ᠨᠢᠭᠡ ᠨᠢᠭᠡ ᠲᠦᠬᠦᠷᠢᠭ ᠦᠭᠪᠡ᠃ ᠵᠠ ᠢᠩᠬᠢᠭᠡᠳ ᠪᠢᠳᠠ ᠭᠤᠷᠪᠠ ᠰᠢᠨ᠎ᠠ ᠲᠡᠪᠡᠯ ᠡᠮᠦᠰᠴᠤ᠂ ᠰᠠᠶᠢᠬᠠᠨ ᠮᠤᠷᠢ ᠤᠨᠤᠭᠠᠳ ᠨᠠᠭᠠᠳᠤᠮ ᠤᠷᠤᠭᠤ ᠶᠠᠪᠤᠬᠤ ᠳᠤ ᠡᠨᠡ ᠬᠡᠪ ᠢᠶᠠᠷ ᠢᠶᠠᠨ ᠶᠢᠷᠳᠢᠨᠴᠤ ᠶᠢᠨ ᠬᠢᠵᠠᠭᠠᠷ ᠲᠤ ᠴᠤ ᠬᠦᠷᠴᠤ ᠴᠢᠳᠠᠮᠠᠷ ᠰᠠᠨᠠᠭᠳᠠᠵᠤ ᠪᠢᠯᠨ᠃      ᠲᠡᠭᠷᠢ ᠳᠤ ᠨᠢᠭᠡ ᠴᠤ ᠡᠬᠦᠯᠨ ᠦᠭᠡᠢ ᠪᠦᠭᠡᠳ ᠬᠠᠮᠢᠭᠠᠰᠢ ᠯᠡ ᠬᠠᠷᠠᠪᠠᠯ ᠨᠤᠭᠤᠭᠠᠨ ᠮᠠᠩᠨᠤᠭ ᠲᠡᠯᠭᠡᠭᠰᠡᠨ ᠶᠤᠮ ᠰᠢᠭ᠋ ᠭᠠᠵᠠᠷ ᠬᠠᠷᠠᠭᠳᠠᠭᠠᠳ ᠤᠯᠠᠨ ᠶᠠᠩᠵᠤ ᠶᠢᠨ ᠰᠠᠶᠢᠬᠠᠨ ᠦᠨᠦᠷ ᠬᠠᠮᠠᠷ ᠤᠷᠤᠭᠤ ᠴᠤᠷᠬᠢᠵᠤ ᠪᠠᠶᠢᠯ᠎ᠠ᠃ ᠶᠢᠷᠳᠢᠨᠴᠤ ᠪᠠᠶᠠᠰᠤᠨ ᠮᠦᠰᠢᠶᠡᠵᠤ᠂ ᠬᠡᠦᠭᠡᠳ ᠲᠠᠢ ᠪᠠᠨ ᠲᠤᠭᠯᠠᠵᠤ ᠪᠠᠶᠢᠭ᠎ᠠ ᠵᠠᠯᠠᠭᠤ ᠡᠬᠡ ᠰᠢᠭ ᠬᠠᠷᠠᠭᠳᠠᠵᠤ ᠪᠠᠶᠢᠯ᠎ᠠ᠃ ᠤᠳᠠᠯ ᠦᠭᠡᠢ ᠪᠢᠳᠠ ᠬᠠᠷᠭᠠᠨᠠᠳᠤ ᠶᠢᠨ ᠭᠤᠤᠯ ᠤᠨ ᠪᠤᠷᠭᠠᠰᠤ ᠤᠷᠤᠭᠤ ᠤᠷᠤᠪᠠ᠃ ᠤᠯᠢᠶᠠᠰᠤ ᠮᠤᠨᠤᠰᠤᠨ ᠤ ᠱᠤᠤᠬᠢᠬᠤ ᠲᠠᠭᠤᠨ ᠡᠯᠳᠡᠪ ᠤᠨ ᠰᠢᠪᠠᠭᠤᠨ ᠤ ᠵᠢᠷᠬᠢᠬᠦ ᠲᠠᠭᠤ᠂ ᠭᠤᠤᠯ ᠤᠨ ᠤᠷᠤᠰᠬᠤ ᠱᠤᠤᠬᠢᠶᠠᠨ ᠎ ᠲᠠᠢ ᠬᠤᠤᠰᠯᠠᠨ ᠪᠠᠶᠢᠭᠠᠯᠢ ᠪᠢᠳᠡᠨ ᠳᠤ ᠰᠠᠶᠢᠬᠠᠨ ᠢᠶᠠᠨ ᠭᠠᠶᠢᠬᠠᠭᠤᠯᠬᠤ ᠬᠡᠰᠡᠨ ᠰᠢᠭ ᠪᠠᠶᠢᠪᠠ᠃      ᠰᠦᠷᠦᠩ ᠪᠢᠳᠠ ᠬᠤᠶᠠᠷ ᠠᠮᠠ ᠪᠤᠯᠢᠶᠠᠯᠳᠤᠨ ᠨᠤᠳᠤᠭ ᠤᠨ ᠢᠶᠠᠨ ᠰᠠᠶᠢᠬᠠᠨ ᠢ ᠮᠠᠭᠳᠠᠪᠠ᠃ ︽ᠢᠩᠬᠢᠭᠡᠳ ᠵᠢᠮᠢᠰ ᠪᠦᠬᠦᠨ ᠪᠤᠯᠬᠤ ᠴᠠᠭ ᠲᠤ ᠶᠠᠮᠠᠷ ᠰᠠᠶᠢᠬᠠᠨ ᠬᠡᠵᠤ ᠪᠤᠳᠤᠨ᠎ᠠ︾ ᠬᠡᠵᠤ ᠨᠠᠮᠠᠢᠢ ᠬᠡᠯᠡᠬᠦ ᠳᠤ᠄ ︽ᠲᠡᠬᠦᠨ ᠢ ᠪᠤᠳᠤᠬᠤ ᠲᠠᠢ ᠵᠡᠷᠭᠡ ᠯᠡ ᠠᠷᠠᠭᠠᠨ ᠤ ᠰᠢᠯᠦᠰᠤ ᠭᠠᠷᠳᠠᠭ ᠶᠤᠮ︾ ᠬᠡᠵᠤ ᠰᠦᠷᠦᠩ ᠬᠡᠯᠡᠭᠡᠳ ᠦᠨᠡᠭᠡᠷ ᠴᠤ ᠰᠢᠯᠦᠰᠤ ᠨᠢ ᠭᠠᠷᠤᠭᠰᠠᠨ ᠪᠤᠯᠤᠯᠳᠠᠢ ᠵᠠᠯᠬᠢᠪᠠ᠃      ︽ᠲᠠᠨ ᠤ ᠠᠳᠡᠬᠢ ᠶᠢᠨ ᠪᠠᠶᠢᠭᠠᠯᠢ ᠴᠤ ᠰᠠᠶᠢᠬᠠᠨ ᠶᠤᠮ᠃ ᠬᠡᠬᠦ ᠳᠡᠭᠡᠨ ᠲᠤᠰᠨ ᠦᠭᠡᠢ ᠶᠠᠭᠤᠮ᠎ᠠ ᠶᠡᠭᠡ ᠪᠠᠶᠢᠨ᠎ᠠ︾ ᠬᠡᠵᠤ ᠰᠤᠯᠤᠩᠭ᠎ᠠ ᠬᠡᠯᠡᠬᠦ ᠳᠤ ᠪᠢ ᠤᠭᠳᠤᠨ ᠠᠪᠴᠤ᠄ ︽ᠵᠢᠱᠢᠶ᠎ᠠ ᠨᠢ︖︾ ᠬᠡᠵᠤ ᠠᠰᠠᠭᠤᠪᠠ᠃      ︽ᠲᠠᠨ ᠤ ᠠᠳᠠ ᠪᠤᠯ ᠦᠷᠬᠦᠯᠵᠢ ᠯᠡ ᠠᠳᠤᠭᠤ ᠪᠠᠨ ᠮᠠᠨᠠᠬᠤ ᠶᠤᠮ᠃ ᠮᠠᠨ ᠤ ᠨᠤᠳᠤᠭ ᠲᠤ ᠪᠤᠯ ᠤᠭᠳᠤ ᠮᠠᠨᠠᠳᠠᠭ ᠦᠭᠡᠢ︾ ᠬᠡᠵᠤ ᠰᠤᠯᠤᠩᠭ᠎ᠠ ᠶᠢᠨ ᠬᠡᠯᠡᠬᠦ ᠳᠤ ᠰᠦᠷᠦᠩ᠄ ︽ᠪᠤᠤᠬᠠᠢ ᠭᠤᠸᠠᠢ ᠬᠠᠮᠢᠭ᠎ᠠ ᠤᠴᠢᠭᠰᠠᠨ ᠭᠠᠵᠠᠷ ᠪᠤᠢ︖︾ ᠬᠡᠵᠤ ᠠᠰᠠᠭᠤᠪᠠ᠃      ︽ᠮᠠᠨ ᠤ ᠲᠠᠯ᠎ᠠ ᠨᠤᠳᠤᠭ ᠤᠨ ᠬᠢᠨ ᠬᠠᠩᠭᠠᠢ ᠶᠢᠨ ᠬᠢᠨ ᠲᠠᠢ ᠠᠳᠠᠯᠢ ᠴᠢᠨ᠋ᠸ᠎ᠠ ᠲᠠᠬᠢᠵᠤ ᠪᠠᠶᠢᠳᠠᠭ ᠦᠭᠡᠢ᠂ ᠬᠠᠷᠢᠨ ᠬᠠᠪᠤᠷ ᠬᠦᠯᠦᠭᠡᠯᠡᠬᠦ ᠦᠶ᠎ᠠ ᠳᠤᠨᠢ ᠲᠠᠯ᠎ᠠ ᠶᠢ ᠲᠠᠮᠤ᠂ ᠠᠭᠤᠯᠨ ᠶᠢ ᠲᠠᠯ᠎ᠠ ᠪᠤᠯᠳᠠᠯ᠎ᠠ ᠨᠢ ᠬᠦᠭᠡᠭᠡᠵᠤ ᠪᠠᠶᠢᠭᠠᠳ ᠤᠰᠠᠳᠬᠠᠵᠤ ᠤᠷᠬᠢᠳᠠᠭ︾ ᠬᠡᠵᠤ ᠰᠤᠯᠤᠩᠭ᠎ᠠ ᠬᠤᠱᠤᠩᠨᠠᠨ ᠬᠡᠯᠡᠪᠡ᠃      ᠡᠨᠡ ᠦᠭᠡᠨ ᠳᠤ ᠦᠨᠡᠨ ᠤ ᠬᠤᠪᠢ ᠠᠷᠭ᠎ᠠ ᠦᠭᠡᠢ ᠯᠡ ᠪᠠᠶᠢᠭᠰᠠᠨ ᠲᠤᠯᠨ ᠪᠢ ᠰᠤᠯᠤᠩᠭ᠎ᠠ ᠲᠠᠢ ᠮᠠᠷᠭᠤᠵᠤ ᠴᠢᠳᠠᠭᠰᠠᠨ ᠦᠭᠡᠢ᠃ ᠮᠠᠨ ᠤ ᠬᠠᠩᠭᠠᠢ ᠶᠢᠨ ᠬᠢᠨ ᠴᠢᠨ᠋ᠸ᠎ᠠ ᠪᠠᠨ ᠡᠷᠬᠡᠯᠡᠬᠦᠯᠦᠭᠰᠡᠭᠡᠷ ᠪᠠᠶᠢᠭᠠᠳ ᠡᠴᠦᠰ ᠲᠤᠨᠢ ᠲᠡᠳᠠ ᠡᠪᠤᠷ ᠲᠠᠬᠢ ᠶᠠᠭᠤᠮ᠎ᠠ ᠶᠢ ᠮᠢᠨᠢ ᠪᠤᠯᠢᠶᠠᠵᠤ ᠠᠪᠬᠤ ᠳᠤ ᠬᠦᠷᠴᠤ ᠪᠠᠶᠢᠭ᠎ᠠ ᠪᠢᠯᠨ᠃ ᠢᠩᠬᠢᠭᠡᠳ ᠪᠠᠭ᠎ᠠ ᠵᠠᠯᠬᠠᠭᠤ ᠎ ᠠᠴᠠ ᠶᠡᠭᠡ ᠵᠠᠯᠬᠠᠭᠤ ᠬᠡᠭᠴᠢ ᠪᠠᠷ ᠰᠦᠨᠢ ᠪᠦᠬᠦᠨ ᠠᠳᠤᠭᠤ ᠪᠠᠨ ᠮᠠᠨᠠᠵᠤ ᠡᠳᠦᠷ ᠪᠦᠬᠦᠨ ᠬᠤᠨᠢ ᠪᠠᠨ ᠲᠠᠭᠠᠵᠤ ᠶᠠᠪᠤᠳᠠᠭ ᠨᠢ ᠦᠨᠡᠨ᠃      ︽ᠬᠡᠬᠦ ᠳᠡᠭᠡᠨ ᠯᠡ ᠮᠠᠨ ᠤ ᠨᠤᠳᠤᠭ ᠰᠠᠶᠢᠬᠠᠨ ᠳ᠋ᠠ︾ ᠬᠡᠵᠤ ᠰᠦᠷᠦᠩ ᠤᠨ ᠬᠡᠯᠡᠬᠦ ᠳᠤ ᠰᠤᠯᠤᠩᠭ᠎ᠠ ᠲᠤᠯᠤᠭᠠᠢ ᠶᠢ ᠨᠢ ᠢᠯᠪᠢᠨ ᠦᠬᠦᠭᠡᠷᠳᠦᠨ ᠢᠨᠢᠶᠡᠮᠰᠦᠭᠯᠡᠵᠤ᠄ ︽ᠲᠦᠷᠦᠭᠰᠡᠨ ᠭᠠᠵᠠᠷ ᠤᠨ ᠬᠠᠶᠢᠷᠭᠤ ᠵᠦᠭᠡᠯᠡᠨ︾ ᠬᠡᠪᠡ᠃      ᠪᠢᠳᠠ ᠭᠤᠷᠪᠠ ᠬᠠᠷᠭᠠᠨᠠᠳᠤ ᠶᠢᠨ ᠭᠤᠤᠯ ᠢ ᠭᠠᠳᠤᠯᠬᠤ ᠪᠤᠯᠪᠠ᠃ ᠤᠭ ᠠᠴᠠ ᠪᠠᠨ ᠲᠠᠯ᠎ᠠ ᠭᠠᠵᠠᠷ ᠦᠰᠴᠤ ᠡᠶᠢᠮᠤ ᠶᠡᠭᠡ ᠤᠰᠤ ᠦᠵᠡᠭᠡ ᠦᠭᠡᠢ ᠰᠤᠯᠤᠩᠭ᠎ᠠ ᠤᠰᠤ ᠭᠠᠳᠤᠯᠬᠤ ᠠᠴᠠ ᠠᠶᠤᠭᠰᠨ ᠲᠤᠯᠨ ᠰᠦᠷᠦᠩ ᠪᠢᠳᠠ ᠬᠤᠶᠠᠷ ᠲᠤᠮᠳᠠ ᠪᠠᠨ ᠬᠢᠵᠤ ᠭᠤᠤᠯ ᠤᠷᠤᠭᠤ ᠤᠷᠤᠯ᠎ᠠ᠃ ᠰᠤᠯᠤᠩᠭ᠎ᠠ ᠶᠢᠨ ᠮᠤᠷᠢ ᠪᠦᠭᠡᠷᠡᠩᠭᠡᠢ ᠴᠢᠯᠠᠭᠤᠨ ᠲᠡᠭᠡᠷ᠎ᠠ ᠬᠢᠰᠬᠢᠭᠡᠳ ᠬᠠᠯᠳᠤᠷᠢᠬᠤ ᠳᠤ ᠲᠡᠷᠨ ᠨᠠᠳᠠ ᠠᠴᠠ ᠪᠠᠷᠢᠵᠤ ᠠᠪᠬᠤ ᠳᠤ ᠪᠢ ᠲᠡᠬᠦᠨ ᠢ ᠴᠢᠩᠭ᠎ᠠ ᠲᠡᠪᠡᠷᠢᠪᠡ᠃ ᠰᠡᠬᠦᠯ ᠎ ᠳᠤᠨᠢ ᠪᠢᠳᠠ ᠬᠤᠶᠠᠭᠤᠯᠨ ᠪᠠᠨ ᠲᠡᠪᠡᠷᠢᠯᠳᠦᠭᠰᠡᠨ ᠳᠡᠭᠡᠨ ᠪᠤᠯᠵᠤ ᠢᠴᠢᠪᠡ᠃      ᠭᠤᠤᠯ ᠭᠠᠷᠤᠭᠠᠳ ᠪᠢᠳᠠ ᠲᠠᠪᠬᠢᠯ᠎ᠠ᠃ ᠡᠷᠬᠢᠵᠤ ᠬᠠᠷᠠᠬᠤ ᠳᠤ ᠬᠡᠳᠦᠨ ᠡᠳᠦᠷ ᠤᠨ ᠬᠤᠷᠴᠨ ᠨᠠᠷᠠᠨ ᠳᠤ ᠬᠠᠳᠠᠭᠰᠠᠨ ᠬᠠᠭᠤᠷᠠᠢ ᠭᠠᠵᠠᠷ ᠮᠤᠷᠢᠨ ᠤ ᠬᠦᠯ ᠳᠤ ᠤᠩᠬᠢᠯᠠᠭᠳᠠᠨ ᠲᠤᠭᠤᠰᠤ ᠲᠠᠳᠠᠭᠠᠳ᠂ ᠪᠢᠳᠡᠨ ᠢ ᠬᠦᠢᠴᠡᠵᠤ ᠶᠠᠳᠠᠭᠰᠠᠨ ᠳᠠᠭᠠᠨ ᠬᠤᠷᠤᠰᠤᠭᠠᠳ ᠦᠪᠡᠷ ᠬᠤᠭᠤᠷᠤᠨᠳᠤ ᠪᠠᠨ ᠵᠤᠳᠤᠯᠳᠤᠵᠤ ᠪᠠᠶᠢᠭ᠎ᠠ ᠮᠡᠳᠤ ᠪᠤᠵᠢᠬᠢᠨᠠᠨ ᠪᠠᠶᠢᠪᠠ᠃ ᠢᠩᠬᠢᠵᠤ ᠶᠠᠪᠤᠭᠰᠠᠭᠠᠷ ᠤᠳᠠᠯ ᠦᠭᠡᠢ ᠪᠢᠳᠠ ᠨᠠᠭᠠᠳᠤᠮ ᠲᠡᠭᠡᠷ᠎ᠠ ᠤᠴᠢᠪᠠ᠃      ᠬᠦᠭᠡ᠂ ᠨᠤᠭᠤᠭᠠᠨ᠂ ᠤᠯᠠᠭᠠᠨ ᠵᠡᠷᠭᠡ ᠶᠠᠩᠵᠤ ᠪᠦᠷᠢ ᠶᠢᠨ ᠬᠤᠷᠴᠨ ᠲᠤᠳᠤ ᠦᠩᠭᠡ ᠲᠠᠢ ᠲᠡᠪᠡᠯ ᠢᠶᠠᠨ ᠡᠮᠦᠰᠦᠭᠡᠳ ᠦᠩᠭᠡ ᠪᠦᠷᠢ ᠶᠢᠨ ᠵᠢᠰᠦᠮ ᠤᠨ ᠲᠠᠷᠭᠤᠨ ᠰᠠᠶᠢᠬᠠᠨ ᠮᠤᠷᠢᠳ ᠢᠶᠠᠨ ᠤᠨᠤᠭᠠᠳ ᠤᠯᠠᠨ ᠢᠶᠠᠷ ᠢᠶᠠᠨ ᠴᠤᠭᠯᠠᠭᠠᠳ ᠪᠠᠶᠢᠬᠤ ᠳᠤ ᠲᠠᠯ᠎ᠠ ᠶᠢᠨ ᠴᠡᠴᠡᠭ ᠤᠨ ᠦᠩᠭᠡ ᠭᠤᠯᠤᠭᠳᠠᠨ ᠬᠠᠷᠠᠭᠳᠠᠳᠠᠭ᠃      ᠨᠠᠭᠠᠳᠤᠮ ᠤᠨ ᠲᠠᠯᠠᠪᠠᠢ ᠪᠤᠯ ᠶᠠᠭ ᠯᠡ ᠡᠶᠢᠮᠤ ᠲᠠᠯ᠎ᠠ ᠶᠢᠨ ᠴᠡᠴᠡᠭ ᠲᠠᠢ ᠦᠩᠭᠡ ᠪᠤᠯᠢᠶᠠᠯᠳᠤᠭᠰᠠᠨ ᠭᠠᠵᠠᠷ ᠪᠠᠶᠢᠪᠠ᠃ ᠰᠤᠮᠤ ᠶᠢᠨ ᠨᠠᠭᠠᠳᠤᠮ ᠪᠤᠯᠬᠤ ᠳᠤ ᠪᠠᠭ ᠪᠦᠷᠢ ᠲᠤᠮᠤ ᠮᠠᠶᠢᠬᠠᠨ ᠪᠠᠷᠢᠵᠤ᠂ ᠢᠰᠡᠭᠡᠢ ᠲᠡᠪᠢᠰᠦᠭᠡᠳ ᠠᠶᠢᠷᠠᠭ ᠰᠦᠩᠨᠡᠵᠤ᠂ ᠲᠡᠷᠨ ᠪᠠᠭ ᠤᠨ ᠠᠷᠠᠳ ᠤᠳ ᠲᠡᠨᠳᠠ ᠪᠠᠨ ᠤᠴᠢᠵᠤ ᠲᠤᠮᠤ ᠬᠤᠯᠤ ᠲᠠᠢ ᠠᠶᠢᠷᠠᠭ ᠢᠶᠠᠨ ᠰᠢᠮᠡᠨ ᠤᠤᠭᠤᠵᠤ ᠠᠵᠤ ᠠᠮᠢᠳᠤᠷᠠᠯ᠂ ᠠᠯᠢᠪᠠ ᠨᠢᠭᠡᠨ ᠵᠦᠢᠯ ᠤᠨ ᠲᠤᠬᠠᠢ ᠬᠦᠭᠡᠷᠦᠯᠳᠦᠨ ᠶᠠᠷᠢᠯᠴᠠᠳᠠᠭ᠃ ᠪᠢᠳᠠ ᠭᠤᠷᠪᠠ ᠶᠠᠭᠤᠨ ᠤ ᠤᠷᠢᠳ ᠪᠠᠭ ᠤᠨ ᠢᠶᠠᠨ ᠲᠤᠮᠤ ᠡᠷᠢᠶᠡᠨ ᠮᠠᠶᠢᠬᠠᠨ ᠳᠤ ᠤᠴᠢᠵᠤ ᠠᠶᠢᠷᠠᠭ ᠤᠤᠭᠤᠪᠠ᠃      ᠪᠢ ᠰᠤᠯᠤᠩᠭ᠎ᠠ ᠲᠡᠬᠦᠤ ᠬᠤᠶᠠᠷ ᠢᠶᠠᠨ ᠨᠠᠭᠠᠳᠤᠮ ᠤᠷᠤᠭᠤ ᠶᠠᠪᠤᠭᠤᠯᠤᠭᠠᠳ᠂ ᠦᠪᠡᠷ ᠢᠶᠠᠨ ᠬᠦᠮᠦᠨ ᠬᠠᠷ᠎ᠠ ᠎ ᠲᠠᠢ ᠠᠭᠤᠯᠵᠠᠵᠤ ᠠᠵᠢᠯ ᠲᠦᠷᠦᠯ ᠶᠠᠷᠢᠯᠴᠠᠬᠤ ᠬᠡᠷᠡᠭᠳᠠᠢ ᠬᠡᠵᠤ ᠰᠠᠯᠵᠤ ᠨᠢᠭᠡᠳᠦᠯ ᠤᠨ ᠭᠤᠸᠠᠨᠵᠠᠨ ᠳᠤ ᠤᠷᠤᠪᠠ᠃ ᠲᠡᠭᠡᠭᠡᠳ ᠭᠤᠸᠠᠨᠵᠠᠨ ᠤ ᠠᠬᠠᠯᠠᠭᠴᠢ ᠨᠢ ᠠᠪᠤ ᠶᠢᠨ ᠨᠠᠶᠢᠵᠠ ᠬᠦᠮᠦᠨ ᠪᠠᠶᠢᠭᠰᠠᠨ ᠲᠤᠯᠨ ᠬᠤᠶᠠᠷ ᠴᠠᠭ ᠭᠠᠷᠤᠢ ᠠᠳᠠ ᠪᠠᠶᠢᠵᠤ ᠲᠠᠪᠤᠨ ᠵᠠᠭᠤ ᠭᠠᠷᠤᠢ ᠬᠤᠱᠤᠤᠷ ᠴᠢᠮᠬᠢᠵᠤ ᠤᠷᠬᠢᠭᠠᠳ ᠱᠠᠩ ᠳᠤᠨᠢ ᠦᠳᠡ ᠠᠴᠠ ᠬᠤᠶᠢᠰᠢ ᠢᠷᠡᠵᠤ ᠠᠷᠪᠠᠨ ᠲᠠᠪᠤᠨ ᠬᠤᠱᠤᠤᠷ ᠢᠳᠡ ᠬᠡᠵᠤ ᠬᠡᠯᠡᠬᠦᠯᠦᠭᠡᠳ ᠶᠠᠪᠤᠪᠠ᠃      ᠨᠦᠭᠦᠭᠡ ᠬᠤᠶᠠᠷ ᠢᠶᠠᠨ ᠡᠷᠢᠵᠤ ᠶᠠᠪᠤᠳᠠᠯ᠎ᠠ ᠤᠯᠠᠭᠠᠨ ᠪᠤᠯᠤᠩ ᠤᠨ ᠡᠮᠦᠨ᠎ᠠ ᠤᠯᠠᠨ ᠬᠦᠮᠦᠨ ᠴᠤᠭᠯᠠᠷᠠᠭᠠᠳ ᠠᠯᠠᠭ᠎ᠠ ᠲᠠᠰᠢᠵᠤ ᠪᠠᠶᠢᠪᠠ᠃ ᠤᠴᠢᠵᠤ ᠬᠠᠷᠠᠪᠠᠯ ᠰᠤᠯᠤᠩᠭ᠎ᠠ ᠱᠤᠳᠤᠷᠭᠤ ᠬᠦᠭᠵᠢᠮ ᠢᠶᠠᠷ ᠤᠴᠢᠷ ᠲᠠᠢ ᠭᠤᠷᠪᠠᠨ ᠲᠤᠯᠤᠭᠠᠢ ᠶᠢᠨ ᠶᠦᠩᠳᠡᠩ᠂ ᠨᠠᠩᠰᠠᠯᠮ᠎ᠠ ᠬᠤᠶᠠᠷ ᠤᠨ ᠬᠤᠤᠰ ᠲᠠᠭᠤᠨ ᠤ ᠠᠶᠠᠯᠭᠤ ᠶᠢ ᠮᠠᠰᠢ ᠴᠢᠳᠠᠮᠠᠭᠠᠢ ᠲᠠᠷᠤᠵᠤ ᠲᠤᠭᠤᠷᠢᠭᠰᠨ ᠪᠦᠬᠦᠨ ᠱᠠᠭᠰᠢᠨ ᠮᠠᠭᠳᠠᠵᠤ ᠪᠠᠶᠢᠯ᠎ᠠ᠃ ᠪᠡᠶ᠎ᠡ ᠪᠠᠨ ᠦᠯᠤ ᠮᠡᠳᠡᠭ ᠭᠠᠩᠬᠤᠭᠤᠯᠤᠨ ᠵᠡᠬᠦᠨ ᠭᠠᠷ ᠢᠶᠠᠨ ᠲᠡᠭᠡᠭᠰᠢ ᠲᠤᠷᠤᠭᠰᠢ ᠨᠢ ᠰᠠᠯᠬᠢᠨ ᠰᠢᠭ᠋ ᠬᠤᠷᠳᠤᠨ ᠬᠦᠳᠡᠯᠭᠡᠨ ᠲᠤᠭᠯᠠᠵᠤ ᠪᠠᠶᠢᠭ᠎ᠠ ᠰᠤᠯᠤᠩᠭ᠎ᠠ ᠠᠴᠠ ᠨᠢᠳᠤ ᠪᠠᠨ ᠰᠠᠯᠭᠠᠵᠤ ᠴᠢᠳᠠᠬᠤ ᠪᠤᠯᠢᠭᠰᠠᠨ ᠮᠠᠨ ᠤ ᠰᠤᠮᠤᠨ ᠤ ᠵᠠᠯᠠᠭᠤᠴᠤᠳ ᠪᠡᠶ᠎ᠠ ᠪᠡᠶᠠᠨ ᠠᠴᠠ ᠪᠠᠨ ᠡᠨᠡ ᠰᠤᠭᠤ ᠬᠠᠮᠢᠭ᠎ᠠ ᠎ ᠠᠴᠠ ᠭᠠᠷᠤᠭᠠᠳ ᠢᠷᠡᠪᠡ︖ ᠬᠡᠨ ᠬᠡᠳᠡᠭ ᠶᠤᠮ ᠪᠤᠢ︖ ᠬᠡᠵᠤ ᠠᠰᠠᠭᠤᠵᠤ ᠪᠠᠶᠢᠪᠠ᠃      ᠪᠢ ᠴᠤ ᠬᠡᠰᠡᠨ ᠨᠢᠭᠡ ᠬᠡᠰᠡᠭ ᠬᠤᠷᠸ᠎ᠠ ᠲᠡᠭᠡᠷ᠎ᠠ ᠱᠤᠳᠤᠷᠭᠤ ᠬᠦᠭᠵᠢᠮ ᠪᠠᠷᠢᠭᠰᠠᠨ ᠰᠤᠯᠤᠩᠭ᠎ᠠ ᠠᠴᠠ ᠦᠭᠡᠷ᠎ᠠ ᠶᠠᠭᠤᠮ᠎ᠠ ᠪᠠᠶᠢᠳᠠᠭ ᠢ ᠮᠠᠷᠳᠠᠵᠤ ᠬᠦᠯᠢᠷᠡᠨ ᠵᠤᠭᠰᠤᠪᠠ᠃ ᠰᠤᠯᠤᠩᠭ᠎ᠠ ᠬᠦᠭᠵᠢᠮ ᠤᠨ ᠠᠶᠠᠯᠭᠤ ᠶᠢ ᠨᠠᠮ ᠪᠤᠯᠭᠠᠵᠤ ᠨᠢᠳᠤ ᠪᠠᠨ ᠲᠤᠷᠮᠤᠯᠵᠠᠭᠤᠯᠤᠨ ᠢᠨᠢᠶᠡᠮᠰᠦᠭᠯᠡᠭᠡᠳ᠄      ︽ᠰᠡᠳᠬᠢᠯ ᠤᠨ ᠠᠮᠠᠷᠠᠭ ᠬᠡᠳᠡᠭ ᠴᠢᠨᠢ      ᠰᠢᠵᠢᠷ ᠠᠯᠳᠠᠨ ᠠᠴᠠ ᠦᠨᠡᠳᠠᠢ      ᠰᠢᠯᠢᠵᠤ ᠲᠡᠬᠦᠨ ᠢ ᠤᠯᠬᠤ ᠳᠤ      ᠰᠢᠢᠳᠪᠤᠷᠢ ᠵᠤᠷᠢᠭ ᠬᠡᠷᠡᠭᠳᠠᠢ︾ ᠭᠡᠳ ᠲᠠᠭᠤᠯᠠᠵᠤ ᠡᠬᠢᠯᠡᠪᠡ᠃ ᠲᠤᠭᠤᠷᠢᠨ ᠰᠤᠨᠢᠷᠬᠠᠭᠴᠢᠳ ᠨᠢᠭᠡ ᠬᠡᠰᠡᠭ ᠨᠠᠮ ᠪᠤᠯᠤᠭᠰᠠᠨ ᠢᠶᠠᠨ ᠦᠨᠳᠦᠷ ᠨᠠᠮ ᠪᠦᠳᠦᠬᠦᠨ ᠨᠠᠷᠢᠨ ᠬᠤᠭᠤᠯᠠᠢ ᠪᠠᠷ᠄      ︽ᠢᠵᠢᠯᠢ ᠬᠤᠶᠠᠷ ᠰᠢᠪᠠᠭᠤ ᠰᠢᠭ᠋      ᠢᠵᠢᠯᠢᠳᠦᠭᠡᠳ ᠬᠤᠶᠠᠭᠤᠯᠨ ᠪᠠᠨ ᠶᠠᠪᠤᠶ᠎ᠠ ᠳ᠋ᠠ ᠬᠦ᠋      ᠢᠩᠬᠢᠵᠤ ᠨᠡᠶᠢᠯᠡᠬᠦ ᠠᠴᠠ ᠢᠯᠡᠬᠦᠤ      ᠵᠢᠷᠭᠠᠯ ᠬᠠᠮᠢᠭ᠎ᠠ ᠠᠴᠠ ᠪᠠᠶᠢᠳᠠᠭ ᠶᠤᠮ ᠪᠤᠢ︖︾ ᠬᠡᠳ ᠲᠠᠭᠤᠯᠠᠵᠤ ᠭᠠᠷᠤᠯ᠎ᠠ᠃ ᠪᠢ ᠴᠤ ᠪᠠᠰᠠ ᠠᠶᠠᠷᠬᠠᠨ ᠬᠤᠭᠤᠯᠠᠢ ᠪᠠᠷ ᠰᠡᠮᠭᠡᠨ ᠲᠠᠭᠤᠯᠠᠪᠠ᠃      ᠲᠠᠭᠤᠤ ᠲᠠᠭᠤᠯᠠᠭᠰᠠᠨ ᠤ ᠲᠠᠷᠠᠭ᠎ᠠ ᠬᠡᠰᠡᠭ ᠵᠠᠭᠤᠷ᠎ᠠ ᠶᠠᠮᠠᠷ ᠴᠤ ᠴᠢᠮᠡᠭᠡ ᠦᠭᠡᠢ ᠪᠤᠯᠤᠭᠰᠠᠨ ᠢᠶᠠᠨ ᠬᠡᠨᠡᠳᠳᠠ ᠨᠢᠵᠢᠬᠢᠨᠡᠨ ᠠᠯᠠᠭ᠎ᠠ ᠲᠠᠰᠢᠵᠤ ᠬᠦᠭᠵᠢᠮ ᠢᠶᠠᠨ ᠲᠠᠯᠪᠢᠭᠠᠳ ᠪᠤᠰᠤᠭᠰᠠᠨ ᠰᠤᠯᠤᠩᠭ᠎ᠠ ᠶᠢ ᠲᠠᠬᠢᠨ ᠲᠠᠭᠤᠯᠠᠭᠤᠯᠪᠠ᠃ ᠬᠦᠮᠦᠰ ᠤᠯᠠᠮ ᠨᠡᠮᠡᠵᠤ ᠢᠷᠡᠭᠰᠡᠭᠡᠷ ᠯᠡ ᠪᠠᠶᠢᠪᠠ᠃ ᠶᠡᠷᠦ ᠨᠢ ᠢᠩᠬᠢᠭᠡᠳ ᠪᠠᠶᠢᠪᠠᠯ ᠬᠡᠵᠢᠶ᠎ᠠ ᠴᠤ ᠠᠳᠠ ᠠᠴᠠ ᠶᠠᠪᠤᠵᠤ ᠴᠢᠳᠠᠬᠤ ᠦᠭᠡᠢ᠂ ᠮᠤᠷᠢ ᠪᠦᠬᠡ ᠬᠠᠷᠠᠵᠤ ᠴᠤ ᠴᠢᠳᠠᠬᠤ ᠦᠭᠡᠢ ᠲᠤᠯᠨ ᠪᠢ ᠤᠯᠠᠨ ᠤ ᠲᠤᠮᠳᠠᠭᠤᠷ ᠵᠦᠰᠦᠨ ᠤᠷᠤᠵᠤ ᠲᠡᠷᠨ ᠬᠤᠶᠠᠷ ᠤᠨ ᠲᠡᠷᠭᠡᠳᠠ ᠤᠴᠢᠭᠠᠳ᠄ ︽ᠶᠠᠪᠤᠵᠤ ᠶᠡᠭᠡ ᠨᠠᠰᠤᠨ ᠤ ᠮᠤᠷᠢᠳ ᠦᠵᠡᠬᠦ ᠦᠦ︖︾ ᠬᠡᠰᠡᠨ ᠳᠤ ᠰᠤᠯᠤᠩᠭ᠎ᠠ ᠡᠬᠢᠯᠡᠭᠰᠡᠨ ᠲᠠᠭᠤᠤ ᠪᠠᠨ ᠲᠠᠭᠤᠰᠬᠠᠵᠤ ᠬᠦᠭᠵᠢᠮ ᠢᠶᠠᠨ ᠲᠠᠯᠪᠢᠭᠠᠳ ᠪᠤᠰᠬᠤ ᠳᠤᠨᠢ ᠬᠦᠮᠦᠰ ᠨᠢᠵᠢᠬᠢᠨᠡᠬᠦᠯᠦᠨ ᠠᠯᠠᠭ᠎ᠠ ᠲᠠᠰᠢᠵᠤ ᠪᠠᠶᠢᠪᠠ᠃      ᠵᠠᠯᠠᠭᠤᠴᠤᠳ ᠤᠨ ᠠᠳᠠᠭᠠᠷᠬᠠᠭᠰᠠᠨ ᠨᠢᠳᠤ ᠨᠠᠳᠠ ᠲᠡᠭᠡᠷ᠎ᠠ ᠲᠤᠰᠴᠤ ᠪᠢ ᠶᠤᠰᠤᠳᠠᠢ ᠯᠡ ᠬᠢᠰᠬᠢᠬᠦ ᠭᠠᠵᠠᠷ ᠎ ᠢᠶᠠᠨ ᠤᠯᠬᠤ ᠦᠭᠡᠢ ᠶᠠᠪᠤᠵᠤ ᠪᠢᠯᠨ᠃ ᠪᠢᠳᠠ ᠭᠤᠷᠪᠠ ᠮᠤᠷᠢᠳᠠᠭᠠᠳ ᠵᠡᠷᠭᠡᠴᠡᠨ ᠶᠠᠪᠤᠵᠤ ᠪᠠᠶᠢᠳᠠᠯ᠎ᠠ ᠮᠠᠨ ᠤ ᠪᠠᠭ ᠎ ᠤᠨ ᠲᠠᠮᠳᠢᠨ ᠬᠡᠳᠡᠭ ᠵᠠᠯᠠᠭᠤ ᠲᠠᠪᠬᠢᠨ ᠢᠷᠡᠵᠤ ᠰᠤᠯᠤᠩᠭ᠎ᠠ ᠶᠢᠨ ᠬᠠᠵᠠᠭᠤᠳᠠ ᠵᠡᠷᠭᠡᠴᠡᠨ᠄ ︽ᠲᠠ ᠴᠢᠨᠢ ᠠᠯᠳᠠᠨ ᠭᠤᠷᠭᠤᠤᠯᠳᠠᠢ ᠰᠢᠭ᠋ ᠲᠠᠭᠤᠯᠠᠳᠠᠭ ᠦᠬᠢᠨ ᠶᠤᠮ ᠪᠠᠶᠢᠨ᠎ᠠ ᠰᠢᠤ᠃ ᠲᠠᠨᠢᠯᠴᠠᠶ᠎ᠠ᠂ ᠮᠢᠨᠤ ᠨᠡᠷ᠎ᠠ ᠶᠢ ᠲᠠᠮᠳᠢᠨ ᠬᠡᠳᠡᠭ︾ ᠬᠡᠳ ᠭᠠᠷ ᠢᠶᠠᠨ ᠦᠭᠬᠦ ᠳᠤᠨᠢ ᠰᠤᠯᠤᠩᠭ᠎ᠠ ᠦᠯᠤ ᠮᠡᠳᠡᠭ ᠢᠨᠢᠶᠡᠮᠰᠦᠭᠯᠡᠨ ᠭᠠᠷ ᠢᠶᠠᠨ ᠦᠭᠴᠤ᠄ ︽ᠮᠢᠨᠤ ᠨᠡᠷ᠎ᠠ ᠰᠤᠯᠤᠩᠭ᠎ᠠ︾ ᠬᠡᠪᠡ᠃      ︽ᠶᠠᠭᠠᠬᠢᠭᠰᠠᠨ ᠰᠠᠶᠢᠬᠠᠨ ᠨᠡᠷ᠎ᠠ ᠪᠤᠢ︖ ᠪᠢ ᠲᠠᠨ ᠢ ᠲᠠᠬᠢᠭᠠᠳ ᠬᠠᠷᠠᠵᠤ ᠴᠢᠳᠠᠬᠤ ᠦᠭᠡᠢ ᠰᠠᠶᠢᠬᠠᠨ ᠵᠡᠬᠦᠳᠤ ᠰᠢᠭ ᠠᠯᠳᠠᠬᠤ ᠨᠢ ᠦᠦ ᠬᠡᠵᠤ ᠰᠠᠨᠠᠭᠳᠠᠯ᠎ᠠ ᠰᠢᠤ︾ ᠬᠡᠵᠤ ᠲᠠᠮᠳᠢᠨ ᠬᠡᠯᠡᠵᠤ᠂ ᠦᠪᠡᠷ ᠢᠶᠠᠨ ᠦᠪᠡᠷ ᠤᠨ ᠎ ᠢᠶᠠᠨ ᠦᠭᠡᠨ ᠳᠤ ᠪᠠᠶᠠᠷᠯᠠᠨ ᠴᠢᠩᠭ᠎ᠠ ᠢᠨᠢᠶᠡᠭᠰᠡᠨ ᠢᠶᠠᠨ ᠰᠤᠯᠤᠩᠭ᠎ᠠ ᠶᠢᠨ ᠨᠤᠳᠤᠭ ᠤᠰᠤ᠂ ᠶᠠᠮᠠᠷ ᠬᠡᠷᠡᠭ ᠢᠶᠠᠷ ᠮᠠᠨ ᠎ ᠤ ᠨᠤᠳᠤᠭ ᠲᠤ ᠢᠷᠡᠭᠰᠡᠨ ᠢ ᠨᠢ ᠠᠰᠠᠭᠤᠪᠠ᠃      ᠰᠤᠯᠤᠩᠭ᠎ᠠ ᠠᠴᠠ ᠲᠤᠷᠵᠢ ᠭᠤᠸᠠᠢ ᠶᠢᠨ ᠬᠢ ᠶᠢ ᠨᠡᠬᠦᠯᠭᠡᠬᠦ ᠪᠠᠷ ᠢᠷᠡᠭᠰᠡᠨ ᠢ ᠨᠢ ᠮᠡᠳᠡᠭᠡᠳ᠄ ︽ᠴᠢᠨᠢ ᠴᠢᠨᠢ ᠭᠠᠶᠢᠳᠠᠢ ᠬᠦᠮᠦᠨ ᠪᠠᠶᠢᠨ᠎ᠠ ᠳ᠋ᠠ︾ ᠬᠡᠬᠦ ᠳᠤᠨᠢ ᠰᠤᠯᠤᠩᠭ᠎ᠠ᠄ ︽ᠶᠠᠭᠠᠬᠢᠭᠠᠳ︖︾ ᠬᠡᠪᠡ᠃ ︽ᠶᠠᠭᠠᠬᠢᠬᠤ ᠶᠠᠭᠤ ᠪᠠᠶᠢᠬᠤᠪᠠ ᠳ᠋ᠧ᠂ ᠦᠪᠡᠷ ᠢᠶᠠᠨ ᠶᠤᠰᠤᠳᠠᠢ ᠯᠡ ᠰᠤᠯᠤᠩᠭ᠎ᠠ ᠰᠢᠭ᠋ ᠦᠵᠡᠭᠳᠡᠵᠤ ᠠᠯᠠᠭ᠎ᠠ ᠪᠤᠯᠤᠨ ᠰᠡᠳᠬᠢᠯ ᠲᠤᠭᠳᠤᠯᠤᠭᠤᠯᠬᠤ ᠳᠠᠭᠠᠨ ᠪᠠᠰᠠ ᠮᠠᠨ ᠤ ᠨᠢᠭᠡ ᠨᠢᠳᠤ ᠬᠤᠵᠢᠷᠯᠠᠳᠠᠭ ᠬᠦᠮᠦᠨ ᠢ ᠠᠪᠤᠭᠠᠳ ᠶᠠᠪᠤᠴᠢᠬᠠᠬᠤ ᠨᠢ ᠪᠠᠶᠢᠨ᠎ᠠ ᠰᠢᠤ ᠳ᠋ᠧ︾ ᠬᠡᠵᠤ ᠬᠡᠯᠡᠭᠡᠳ ᠯᠡ ᠲᠠᠰ ᠲᠠᠰ ᠢᠨᠢᠶᠡᠪᠡ᠃ ᠶᠡᠭᠡ ᠨᠠᠰᠤᠨ ᠤ ᠮᠤᠷᠢᠳ ᠦᠵᠡᠭᠰᠡᠨ ᠤ ᠲᠠᠷᠠᠭ᠎ᠠ ᠪᠢᠳᠠ ᠪᠦᠬᠡ ᠶᠢᠨ ᠲᠠᠯᠠᠪᠠᠢ ᠲᠡᠭᠡᠷ᠎ᠠ ᠢᠷᠡᠵᠤ ᠨᠡᠯᠢᠶᠡᠳ ᠵᠤᠭᠰᠤᠪᠠ᠃      ︽ᠰᠤᠯᠤᠩᠭ᠎ᠠ︕ ᠮᠠᠨ ᠤ ᠬᠢ ᠲᠡᠷᠨ ᠬᠠᠷᠠᠭᠳᠠᠵᠤ ᠪᠠᠶᠢᠭ᠎ᠠ ᠡᠷᠢᠶᠡᠨ ᠮᠠᠶᠢᠬᠠᠨ᠂ ᠦᠨᠤ ᠤᠷᠤᠢ ᠪᠢᠳᠠ ᠬᠡᠳᠦᠨ ᠵᠠᠯᠠᠭᠤᠴᠤᠳ ᠱᠠᠭᠠᠢ ᠰᠢᠬᠦᠷᠴᠤ ᠲᠤᠭᠯᠠᠨ᠎ᠠ᠃ ᠴᠢ ᠤᠴᠢᠭᠠᠷᠠᠢ᠂ ᠲᠡᠷᠨ ᠮᠠᠨ ᠤ ᠬᠢ ᠰᠢᠤ︾ ᠬᠡᠵᠤ ᠲᠠᠮᠳᠢᠨ ᠢ ᠬᠡᠯᠡᠬᠦ ᠳᠤᠨᠢ ᠪᠢ ᠲᠡᠬᠦᠨ ᠲᠠᠢ ᠪᠠᠷᠢᠯᠴᠠᠭᠠᠳ ᠯᠡ ᠠᠪᠤᠮᠠᠷ ᠰᠠᠨᠠᠭᠳᠠᠵᠤ ᠪᠠᠶᠢᠯ᠎ᠠ᠃      ︽ᠪᠢ ᠤᠴᠢᠵᠤ ᠴᠢᠳᠠᠬᠤ ᠦᠭᠡᠢ︾ ᠬᠡᠵᠤ ᠰᠤᠯᠤᠩᠭ᠎ᠠ ᠬᠡᠯᠡᠪᠡ᠃      ︽ᠲᠡᠭᠡᠵᠤ ᠲᠠᠨᠢᠬᠤ ᠦᠭᠡᠢ ᠠᠶᠢᠯ ᠢᠶᠠᠷ ᠲᠡᠨᠤᠵᠤ ᠶᠠᠪᠤᠳᠠᠭ ᠡᠬᠡᠴᠢ ᠪᠢᠰᠢ︕︾ ᠬᠡᠵᠤ ᠰᠦᠷᠦᠩ ᠤᠨ ᠬᠡᠯᠡᠬᠦ ᠳᠤ ᠲᠠᠮᠳᠢᠨ ᠢᠨᠴᠠᠭᠯᠠᠨ ᠬᠦᠬᠦᠷᠡᠵᠤ᠄ ︽ᠰᠦᠷᠦᠩ ᠴᠢᠨᠢ ᠶᠠᠭᠠᠬᠢᠭᠰᠠᠨ ᠲᠤᠮᠤ ᠦᠭᠡ ᠲᠠᠢ ᠪᠤᠯᠴᠢᠬᠠᠪᠠ ᠳ᠋ᠧ᠂ ᠨᠢᠯᠬ᠎ᠠ ᠬᠡᠦᠭᠡᠳ ᠢᠩᠬᠢᠵᠤ ᠲᠤᠮᠤ ᠤᠯᠤᠰ ᠤᠨ ᠬᠡᠷᠡᠭ ᠲᠤ ᠤᠷᠤᠵᠤ ᠪᠤᠯᠳᠠᠭ ᠦᠭᠡᠢ ᠶᠤᠮ︾ ᠬᠡᠪᠡ᠃      ︽ᠴᠢ ᠲᠤᠮᠤ ᠬᠦᠮᠦᠨ ᠶᠤᠮ ᠦᠦ︖ ᠲᠡᠭᠡᠪᠡᠯ ᠲᠤᠮᠤ ᠬᠦᠮᠦᠨ ᠴᠢᠨᠢ ᠲᠤᠮᠤᠭ᠎ᠠ ᠲᠠᠢ ᠪᠠᠶᠢᠳᠠᠭ ᠶᠤᠮ ᠰᠢᠤ︾ ᠰᠦᠷᠦᠩ ᠤᠨ ᠬᠡᠯᠡᠬᠦ ᠳᠤ ᠰᠤᠯᠤᠩᠭ᠎ᠠ ᠪᠢᠳᠠ ᠬᠤᠶᠠᠷ ᠪᠠᠭ᠋ᠠᠳᠤᠨ ᠢᠨᠢᠶᠡᠪᠡ᠃ ︽ᠠᠶᠢᠬᠤᠪᠳᠤᠷ ᠬᠡᠦᠭᠡᠳ ᠪᠤᠢ︾ ᠬᠡᠳ ᠲᠠᠮᠳᠢᠨ ᠲᠤᠭᠤᠢ ᠪᠤᠯᠪᠠ᠃      ᠪᠢ ᠰᠤᠯᠤᠩᠭ᠎ᠠ ᠰᠦᠷᠦᠩ ᠬᠤᠶᠠᠷ ᠲᠤ ᠶᠠᠪᠤᠵᠤ ᠬᠤᠭᠤᠯᠨ ᠢᠳᠡᠶ᠎ᠠ ᠬᠡᠰᠡᠨ ᠢ ᠲᠡᠷᠨ ᠬᠤᠶᠠᠷ ᠵᠦᠪᠰᠢᠶᠡᠷᠡᠪᠡ᠃ ᠬᠡᠳᠡᠯ᠎ᠠ ᠨᠦᠬᠦᠭᠡ ᠨᠤᠶᠢᠳᠠᠨ ᠬᠠᠮᠠᠭᠤ ᠰᠢᠭ᠋ ᠲᠠᠮᠳᠢᠨ ᠪᠠᠰᠠ ᠯᠡ ᠰᠠᠯᠤᠭᠰᠠᠨ ᠦᠭᠡᠢ ᠬᠠᠮᠳᠤ ᠶᠠᠪᠤᠯ᠎ᠠ᠃ ᠵᠠᠮ ᠳᠠᠭᠠᠨ ᠰᠤᠯᠤᠩᠭ᠎ᠠ ᠮᠢᠨᠤ ᠴᠢᠬᠢᠨ ᠳᠤ᠄ ︽ᠪᠢ ᠬᠤᠶᠠᠷ ᠲᠦᠬᠦᠷᠢᠭ ᠲᠠᠢ᠂ ᠪᠢᠳᠠ ᠬᠤᠭᠤᠯᠨ ᠢᠳᠡᠵᠤ ᠬᠦᠷᠬᠦ ᠦᠦ︖︾ ᠰᠢᠪᠡᠨᠡᠨ ᠠᠰᠠᠭᠤᠭᠰᠠᠨ ᠳᠤ᠄ ︽ᠵᠦᠭᠡᠷ ᠮᠦᠩᠬᠦ ᠬᠡᠷᠡᠭ ᠦᠭᠡᠢ᠂ ᠪᠢ ᠵᠠᠬᠢᠴᠢᠬᠠᠭᠰᠠᠨ ︾ ᠬᠡᠵᠤ ᠬᠠᠷᠢᠭᠤ ᠰᠢᠪᠡᠨᠡᠪᠡ᠃ ᠪᠢᠳᠠ ᠵᠡᠯ᠎ᠠ ᠤᠶᠠᠭᠠᠨ ᠠᠴᠠ ᠮᠤᠷᠢ ᠪᠠᠨ ᠤᠶᠠᠭᠠᠳ ᠭᠤᠸᠠᠨᠵᠠᠨ ᠤ ᠬᠤᠭᠤᠯᠨ ᠢᠳᠡᠬᠦ ᠭᠠᠵᠠᠷ ᠨᠢ ᠪᠤᠯᠵᠤ ᠪᠠᠶᠢᠭᠰᠠᠨ ᠲᠤᠮᠤ ᠡᠷᠢᠶᠡᠨ ᠮᠠᠶᠢᠬᠠᠨ ᠳᠤ ᠤᠷᠤᠵᠤ ᠠᠶᠠᠳᠠᠶᠢᠬᠠᠨ ᠭᠠᠵᠠᠷ ᠡᠵᠡᠯᠡᠨ ᠰᠠᠭᠤᠪᠠ᠃      ︽ᠨᠦᠬᠦᠭᠡ ᠬᠤᠱᠤᠤᠷ ᠢᠶᠠᠨ ᠦᠭᠬᠦᠭᠡᠷᠡᠢ︾ ᠬᠡᠵᠤ ᠪᠢ ᠶᠡᠭᠡ ᠮᠦᠩᠬᠦ ᠲᠠᠢ ᠬᠦᠮᠦᠨ ᠭᠤᠸᠠᠨᠵᠠᠨ ᠳᠤ ᠤᠷᠤᠭᠠᠳ ᠬᠠᠮᠤᠭ ᠤᠨ ᠲᠡᠭᠡᠳᠤ ᠵᠡᠷᠭᠡ ᠶᠢᠨ ᠬᠤᠭᠤᠯᠨ ᠵᠠᠬᠢᠶᠠᠯᠠᠵᠤ ᠪᠠᠶᠢᠭ᠎ᠠ ᠶᠤᠮ ᠰᠢᠭ᠋ ᠲᠠᠭᠤ ᠪᠠᠷ ᠬᠡᠯᠡᠭᠰᠡᠨ ᠳᠤ ᠤᠳᠠᠭᠰᠠᠨ ᠴᠤ ᠦᠭᠡᠢ ᠲᠤᠰᠤ ᠨᠢ ᠲᠠᠭᠠᠭᠠᠪᠤᠷᠢᠯᠠᠨ ᠬᠢᠯᠠᠯᠵᠠᠭᠰᠠᠨ ᠠᠷᠪᠠᠨ ᠲᠠᠪᠤᠨ ᠲᠤᠮᠤ ᠬᠤᠱᠤᠤᠷ ᠲᠠᠢ ᠲᠠᠪᠠᠭ ᠪᠢᠳᠡᠨ ᠤ ᠡᠮᠦᠨ᠎ᠠ ᠪᠤᠢ ᠪᠤᠯᠪᠠ᠃      ︽ᠠᠪᠤ ᠶᠢᠨ ᠦᠭᠬᠦᠭᠰᠡᠨ ᠨᠢᠭᠡ ᠲᠦᠬᠦᠷᠢᠭ ᠴᠢᠨᠢ ᠡᠶᠢᠮᠤ ᠤᠯᠠᠨ ᠬᠤᠱᠤᠤᠷ ᠪᠤᠯᠳᠠᠭ ᠶᠤᠮ ᠦᠦ︖︾ ᠬᠡᠵᠤ ᠰᠦᠷᠦᠩ ᠠᠰᠠᠭᠤᠬᠤ ᠳᠤᠨᠢ ᠪᠢ᠄ ︽ᠮᠢᠨᠤ ᠲᠡᠬᠦᠤ ᠵᠦᠭᠡᠷ ᠯᠡ ᠢᠳᠠ︾ ᠬᠡᠪᠡ᠃      ᠲᠠᠮᠳᠢᠨ ᠪᠢᠳᠡᠨ ᠲᠠᠢ ᠵᠡᠷᠭᠡᠴᠡᠵᠤ ᠰᠠᠭᠤᠭᠠᠳ ᠬᠡᠳᠦᠨ ᠬᠤᠱᠤᠤᠷ ᠠᠪᠴᠤ ᠮᠥᠨ ᠯᠡ ᠨᠦᠬᠦᠭᠡ ᠶᠠᠷᠢᠶ᠎ᠠ ᠪᠠᠨ ᠦᠷᠬᠦᠯᠵᠢᠯᠡᠬᠦᠯᠦᠭᠰᠡᠭᠡᠷ ᠢᠳᠡᠵᠤ ᠪᠠᠶᠢᠪᠠ᠃ ᠰᠤᠯᠤᠩᠭ᠎ᠠ ᠰᠦᠷᠦᠩ ᠬᠤᠶᠠᠷ᠂ ᠭᠤᠷᠪᠠ ᠭᠤᠷᠪᠠ ᠶᠢ ᠢᠳᠡᠭᠡᠳ ᠴᠠᠳᠤᠪᠠ᠃ ᠡᠨᠠ ᠲᠤᠮᠤ ᠬᠤᠱᠤᠤᠷ ᠠᠴᠠ ᠭᠤᠷᠪᠠ ᠶᠢ ᠢᠳᠡᠨ᠎ᠠ ᠬᠡᠳᠡᠭ ᠰᠠᠶᠢᠨ ᠢᠳᠡᠵᠤ ᠪᠠᠶᠢᠭ᠎ᠠ ᠬᠡᠷᠡᠭ ᠪᠢᠯᠨ᠃ ᠢᠩᠬᠢᠭᠡᠳ ᠪᠦᠬᠦ ᠶᠠᠭᠤᠮ᠎ᠠ ᠰᠠᠶᠢᠬᠠᠨ ᠲᠠᠭᠤᠰᠴᠤ ᠪᠠᠶᠢᠳᠠᠯ᠎ᠠ ᠪᠠᠯᠠᠭ ᠪᠤᠯᠵᠤ ᠭᠤᠸᠠᠨᠵᠠᠨ ᠤ ᠠᠬᠠᠯᠠᠭᠴᠢ ᠤᠷᠤᠵᠤ ᠢᠷᠡᠭᠡᠳ ᠨᠠᠮᠠᠢᠢ ᠬᠠᠷᠠᠭᠰᠠᠨ ᠢᠶᠠᠨ᠄ ︽ᠮᠠᠨ ᠤ ᠬᠦᠮᠦᠨ ᠬᠡᠳᠦᠨ ᠵᠠᠭᠤᠨ ᠬᠤᠱᠤᠤᠷ ᠴᠢᠮᠬᠢᠵᠤ᠂ ᠤᠯᠤᠭᠰᠠᠨ ᠤᠯᠵᠠ ᠪᠠᠷ ᠢᠶᠠᠨ ᠬᠦᠮᠦᠨ ᠲᠠᠶᠢᠯᠠᠭᠠᠳ ᠲᠤᠬᠢ ᠰᠠᠭᠤᠵᠤ ᠪᠠᠶᠢᠬᠤ ᠰᠢᠪ ᠳ᠋ᠧ᠂ ᠰᠠᠶᠢᠨ ᠪᠠᠶᠢᠨ᠎ᠠ᠂ ᠡᠷ᠎ᠠ ᠬᠦᠮᠦᠨ︕︾ ᠬᠡᠵᠤ ᠬᠡᠯᠡᠭᠰᠡᠨ ᠳᠤ ᠲᠠᠮᠳᠢᠨ ᠴᠢᠩᠭ᠎ᠠ ᠢᠨᠢᠶᠡᠵᠤ᠄ ︽ᠨᠠᠶᠢᠵᠠ ᠬᠤᠳᠠᠯᠳᠤᠵᠤ ᠠᠪᠤᠭᠰᠠᠨ ᠶᠤᠮ ᠰᠢᠭ᠋ ᠯᠡ ᠬᠠᠰᠬᠢᠷᠤᠭᠠᠳ ᠪᠠᠶᠢᠭᠰᠠᠨ᠂ ᠬᠤᠷᠤᠭᠤ ᠪᠠᠨ ᠡᠯᠡᠭᠳᠡᠳᠡᠯ᠎ᠠ ᠬᠤᠱᠤᠤᠷ ᠬᠢᠵᠤ ᠪᠠᠶᠢᠮᠠᠨ ᠤᠯᠤᠭᠰᠠᠨ ᠬᠡᠷᠡᠭ ᠰᠢᠪ ᠳ᠋ᠧ︾ ᠬᠡᠪᠡ᠃      ᠨᠢᠭᠤᠷ ᠠᠴᠠ ᠮᠢᠨᠢ ᠭᠠᠯ ᠪᠤᠳᠠᠷᠠᠬᠤ ᠰᠢᠭ᠋ ᠪᠤᠯᠵᠤ ᠪᠦᠬᠦ ᠪᠡᠶ᠎ᠠ ᠮᠢᠨᠢ ᠪᠠᠳᠠᠶᠢᠷᠠᠭᠠᠳ ᠪᠢ ᠪᠤᠯᠳᠠᠭ ᠰᠠᠨ ᠪᠤᠯ ᠭᠠᠵᠠᠷ ᠤᠷᠤᠭᠤ ᠴᠦᠮᠦᠷᠡᠨ ᠤᠷᠤᠮᠠᠷ ᠰᠠᠨᠠᠭᠳᠠᠵᠤ ᠪᠠᠶᠢᠪᠠ᠃      ︽ᠬᠠᠷᠢᠨ ᠰᠠᠶᠢᠬᠠᠨ ᠪᠠᠶᠢᠬᠤ ᠦᠭᠡᠢ ᠦᠦ᠃ ᠠᠵᠢᠯ ᠬᠢᠵᠤ ᠤᠯᠤᠭᠰᠠᠨ ᠶᠠᠭᠤᠮ᠎ᠠ ᠠᠮᠳᠠᠳᠠᠢ ᠬᠡᠵᠤ ᠠᠪᠤ ᠬᠡᠯᠡᠳᠡᠭ ᠶᠤᠮ︾ ᠬᠡᠵᠤ ᠲᠡᠬᠦᠤ ᠮᠢᠨᠢ ᠬᠡᠯᠡᠭᠰᠡᠨ ᠳᠤ᠄ ︽ᠶᠤᠰᠤᠳᠠᠢ ᠳ᠋ᠤᠤ᠂ ᠬᠦᠯ ᠢᠶᠠᠷ ᠢᠶᠠᠨ ᠶᠠᠪᠤᠵᠤ᠂ ᠬᠦᠯᠦᠰᠤ ᠎ ᠪᠠᠨ ᠢᠳᠡᠵᠤ ᠪᠠᠶᠢᠬᠤ ᠦᠭᠡᠢ ᠦᠦ︾ ᠬᠡᠳ ᠰᠤᠯᠤᠩᠭ᠎ᠠ ᠪᠦᠬᠦᠶᠢᠵᠤ ᠲᠠᠪᠠᠭ ᠲᠠᠢ ᠬᠤᠱᠤᠤᠷ ᠠᠴᠠ ᠠᠪᠤᠭᠠᠳ ᠤᠯᠠᠮ ᠴᠤ ᠠᠮᠳᠠᠷᠬᠠᠨ ᠢᠳᠡᠯ᠎ᠠ᠃ ᠤᠳᠤ ᠲᠠᠮᠳᠢᠨ ᠭᠤᠩᠰᠤᠶᠢᠵᠤ᠂ ᠪᠢ ᠢᠨᠢᠶᠡᠬᠦ ᠴᠠᠭ ᠪᠤᠯᠤᠭᠰᠠᠨ ᠠᠪᠠᠴᠤ ᠢᠨᠢᠶᠡᠭᠰᠡᠨ ᠦᠭᠡᠢ᠃ ᠬᠠᠷᠢᠨ ᠨᠢᠭᠡ ᠰᠠᠶᠢᠨ ᠰᠢᠷᠪᠢᠵᠤ ᠤᠷᠬᠢᠪᠠ᠃ ᠪᠢᠳᠠ ᠭᠤᠷᠪᠠ ᠬᠤᠱᠤᠤᠷ ᠢᠶᠠᠨ ᠪᠠᠷᠠᠭᠰᠠᠨ ᠦᠭᠡᠢ᠃ ᠲᠡᠬᠦᠨ ᠢ ᠰᠦᠷᠦᠩ ᠡᠵᠢ ᠳᠡᠭᠡᠨ ᠦᠭᠬᠦᠨ᠎ᠠ ᠬᠡᠳ ᠠᠯᠴᠢᠭᠤᠷ ᠲᠠᠭᠠᠨ ᠪᠤᠭᠤᠵᠤ ᠲᠡᠨᠳᠠ ᠠᠴᠠ ᠪᠠᠨ ᠮᠤᠷᠳᠠᠵᠤ ᠪᠠᠭ ᠤᠨ ᠢᠶᠠᠨ ᠮᠠᠶᠢᠬᠠᠨ ᠳᠤ ᠤᠴᠢᠵᠤ ᠠᠶᠢᠷᠠᠭ ᠤᠤᠭᠤᠵᠤ ᠠᠮᠠᠷᠠᠵᠠᠭᠠᠪᠠ᠃ ᠢᠩᠬᠢᠵᠤ ᠪᠠᠶᠢᠬᠤ ᠳᠤ ᠲᠠᠮᠳᠢᠨ ᠡᠯᠳᠡᠪ ᠤᠨ ᠶᠠᠭᠤᠮ᠎ᠠ ᠴᠠᠯᠴᠢᠵᠤ᠂ ᠵᠠᠷᠢᠮ ᠳᠠᠭᠠᠨ ᠰᠤᠯᠤᠩᠭ᠎ᠠ ᠶᠢ  ᠬᠡᠳᠡᠭᠡᠯᠡᠬᠦ ᠬᠡᠵᠤ ᠤᠷᠤᠯᠳᠤᠨ᠂ ᠵᠠᠷᠢᠮ ᠎ ᠳᠠᠭᠠᠨ ᠪᠦᠳᠦᠬᠦᠨ ᠬᠠᠷ᠎ᠠ ᠭᠡᠵᠢᠭᠡᠨ ᠠᠴᠠ ᠨᠢ ᠲᠠᠳᠠᠯᠠᠨ ᠪᠠᠶᠢᠬᠤ ᠳᠤ ᠮᠢᠨᠤ ᠠᠭᠤᠷ ᠴᠡᠭᠡᠵᠢᠨ ᠳᠡᠭᠡᠨ ᠪᠠᠭᠳᠠᠬᠤ ᠦᠭᠡᠢ ᠪᠤᠯᠵᠤ ᠪᠠᠶᠢᠪᠠ᠃ ᠬᠡᠷᠪᠡ ᠰᠤᠯᠤᠩᠭ᠎ᠠ ᠪᠠᠶᠢᠭ᠎ᠠ ᠦᠭᠡᠢ ᠪᠤᠯ ᠪᠢ ᠲᠠᠮᠳᠢᠨ ᠲᠠᠢ ᠠᠯᠢ ᠬᠡᠳᠦᠶᠢᠨ ᠪᠠᠷᠢᠯᠴᠠᠨ ᠠᠪᠬᠤ ᠪᠠᠶᠢᠭᠰᠠᠨ᠃ ︽ᠵᠠ ᠨᠠᠭᠠᠳᠤᠮ ᠤᠷᠤᠭᠤ ᠶᠠᠪᠤᠶ᠎ᠠ︾ ᠬᠡᠳ ᠰᠤᠯᠤᠩᠭ᠎ᠠ ᠶᠢᠨ ᠪᠤᠰᠬᠤ ᠳᠤ ᠪᠢᠳᠠ ᠴᠦᠮ ᠪᠤᠰᠪᠠ᠃ ᠬᠡᠳᠡᠯ᠎ᠠ ᠲᠠᠮᠳᠢᠨ ᠲᠡᠬᠦᠨ ᠤ ᠭᠠᠷ ᠲᠡᠭᠡᠷ᠎ᠠ ᠠᠴᠠ ᠨᠢ ᠪᠠᠷᠢᠵᠤ ᠠᠪᠬᠤ ᠬᠡᠵᠤ ᠤᠬᠤᠰᠬᠢᠭᠰᠠᠨ ᠳᠤᠨᠢ ᠮᠢᠨᠤ ᠠᠭᠤᠷ ᠲᠡᠯᠪᠡᠷᠡᠵᠤ᠂ ᠲᠡᠬᠦᠨ ᠤ ᠮᠦᠷᠦᠨ ᠲᠡᠭᠡᠷ᠎ᠠ ᠠᠴᠠ ᠰᠢᠬᠦᠷᠦᠨ ᠠᠪᠤᠪᠠ᠃ ᠪᠢᠳᠠ ᠬᠤᠶᠠᠷ ᠢ ᠢᠩᠬᠢᠵᠤ ᠪᠠᠶᠢᠬᠤ ᠎ ᠳᠤ ᠰᠦᠷᠦᠩ ᠰᠤᠯᠤᠩᠭ᠎ᠠ ᠬᠤᠶᠠᠷ ᠮᠠᠶᠢᠬᠠᠨ ᠠᠴᠠ ᠭᠠᠷᠤᠭᠠᠳ ᠲᠠᠯᠳᠠ ᠤᠷᠤᠵᠠᠢ᠃      ︽ᠶᠠᠭᠠᠬᠢᠭᠰᠠᠨ ᠲᠠᠩᠬᠠᠢ ᠠᠮᠢᠳᠠᠨ ᠪᠤᠢ︖︾ ᠬᠡᠵᠤ ᠮᠢᠨᠤ ᠬᠡᠯᠡᠬᠦ ᠳᠤ ᠲᠠᠮᠳᠢᠨ ᠬᠦᠢᠳᠡᠨ ᠢᠶᠠᠷ ᠢᠨᠢᠶᠡᠮᠰᠦᠭᠯᠡᠭᠰᠡᠨ ᠢᠶᠠᠨ᠄ ︽ᠴᠢ ᠬᠠᠷᠠᠳᠠᠵᠤ ᠪᠠᠶᠢᠨ᠎ᠠ ᠦᠦ︖︾ ᠬᠡᠪᠡ᠃ ᠤᠳᠤ ᠪᠤᠳᠤᠬᠤ ᠳᠤ ᠨᠠᠳᠠᠳᠤ ᠰᠤᠯᠤᠩᠭ᠎ᠠ ᠶᠢ ᠬᠠᠷᠠᠮᠯᠠᠬᠤ ᠰᠡᠳᠬᠢᠯ ᠪᠠᠶᠢᠭᠰᠠᠨ ᠪᠢᠵᠠ ᠡ᠃ ᠬᠡᠪᠡᠴᠤ ᠲᠡᠷᠨ ᠦᠶ᠎ᠠ ᠳᠤ ᠪᠢ ᠲᠡᠬᠦᠨ ᠢ ᠪᠠᠨ ᠦᠪᠡᠷ ᠢᠶᠠᠨ ᠮᠡᠳᠡᠭᠡ ᠦᠭᠡᠢ ᠪᠠᠶᠢᠭᠰᠠᠨ᠃ ᠪᠠᠰᠠ ᠲᠡᠭᠡᠭᠡᠳ ᠬᠠᠷᠠᠮᠯᠠᠬᠤ᠂ ᠬᠠᠷᠠᠳᠠᠬᠤ ᠬᠤᠶᠠᠷ ᠱᠠᠯ ᠦᠭᠡᠷ᠎ᠠ ᠰᠢᠤ ᠳ᠋ᠧ᠃ ᠬᠠᠷᠢᠨ ᠲᠠᠩᠬᠠᠢ ᠬᠦᠮᠦᠨ ᠳᠤ ᠰᠤᠯᠤᠩᠭ᠎ᠠ ᠶᠢ ᠲᠤᠷᠤᠮᠵᠢᠯᠠᠭᠤᠯᠵᠤ ᠶᠠᠭᠠᠬᠢᠭᠰᠠᠨ ᠴᠤ ᠴᠢᠳᠠᠬᠤ ᠦᠭᠡᠢ ᠪᠠᠶᠢᠭᠰᠠᠨ ᠨᠢ ᠦᠨᠡᠨ ᠶᠤᠮ᠃ ᠡᠨᠡ ᠤᠴᠢᠷ ᠠᠴᠠ ᠲᠠᠮᠳᠢᠨ ᠤ ᠦᠭᠡ ᠰᠤᠯᠤᠩᠭ᠎ᠠ ᠶᠢ᠂ ᠰᠤᠯᠤᠩᠭ᠎ᠠ ᠲᠠᠢ ᠬᠤᠯᠪᠤᠭᠳᠠᠭᠰᠠᠨ ᠰᠡᠳᠬᠢᠯ ᠢ ᠮᠢᠨᠢ ᠲᠤᠷᠤᠮᠵᠢᠯᠠᠭᠰᠠᠨ ᠬᠠᠮᠤᠭ ᠤᠨ ᠮᠠᠭᠤᠬᠠᠢ ᠲᠤᠷᠤᠮᠵᠢᠯᠠᠯ ᠮᠡᠳᠤ ᠰᠠᠨᠠᠭᠳᠠᠪᠠ᠃      ︽ᠴᠢᠬᠢ ᠦᠭᠡᠢ ᠦᠦ ᠴᠢ︕︾ ᠬᠡᠵᠤ ᠬᠡᠯᠡᠬᠦ ᠳᠤ ᠲᠠᠮᠳᠢᠨ ᠤ ᠨᠢᠭᠤᠷ ᠤᠷᠤᠭᠤ ᠪᠦᠬᠦ ᠬᠦᠴᠤ ᠪᠠᠷ ᠢᠶᠠᠨ ᠬᠤᠶᠠᠷ  ᠲᠡᠯᠡᠰᠦᠭᠡᠳ ᠭᠤᠷᠪᠠ ᠲᠠᠬᠢᠭᠠᠳ ᠴᠤᠬᠢᠬᠤ ᠬᠡᠳᠡᠯ᠎ᠠ ᠮᠠᠨ ᠤ ᠪᠠᠭ ᠤᠨ ᠡᠪᠤᠭᠡᠨ ᠴᠢᠯᠠᠭᠤᠨ ᠤᠷᠤᠵᠤ ᠢᠷᠡᠭᠰᠡᠨ ᠳᠤ ᠲᠡᠬᠦᠨ ᠢ ᠤᠷᠬᠢᠵᠤ ᠮᠠᠶᠢᠬᠠᠨ ᠠᠴᠠ ᠬᠦᠶᠦᠨ ᠭᠠᠷᠤᠯ᠎ᠠ᠃      ᠪᠢᠳᠠ ᠭᠤᠷᠪᠠ ᠤᠷᠤᠢ ᠪᠤᠴᠠᠬᠤ ᠳᠠᠭᠠᠨ ᠬᠤᠷᠰᠢᠶᠠᠨ ᠳᠤ ᠤᠴᠢᠵᠤ ᠨᠠᠶᠢᠮᠠᠭ᠎ᠠ ᠬᠢᠯ᠎ᠠ᠃ ᠲᠡᠷᠨ ᠬᠤᠶᠠᠷ ᠲᠤᠤᠷ᠎ᠠ ᠨᠢ ᠬᠦᠨᠳᠤ ᠲᠤᠭᠤᠯᠭ᠎ᠠ ᠴᠢᠳᠬᠤᠭᠰᠠᠨ ᠬᠠᠮᠢᠭᠠᠰᠢ ᠨᠢ ᠬᠠᠷᠠᠭᠤᠯᠤᠨ ᠲᠠᠯᠪᠢᠪᠠᠴᠤ ᠵᠠᠪᠠᠯ ᠲᠡᠭᠡᠭᠰᠢ ᠬᠠᠷᠠᠵᠤ ᠵᠤᠭᠰᠤᠳᠠᠭ ᠮᠤᠳᠤᠨ ᠬᠡᠦᠭᠡᠳ ᠬᠤᠶᠠᠷ ᠢ ᠠᠪᠤᠯ᠎ᠠ᠃ ᠪᠤᠰᠤᠳ ᠦᠯᠡᠳᠡᠭᠰᠡᠨ ᠮᠦᠩᠬᠦ ᠪᠠᠷ ᠢᠶᠠᠨ ᠠᠷᠪᠠᠨ ᠬᠤᠶᠠᠷ ᠰᠢᠬᠢᠷ ᠠᠪᠤᠭᠠᠳ ᠬᠡᠷ ᠲᠤ ᠦᠯᠡᠳᠡᠭᠰᠡᠨ ᠬᠦᠮᠦᠰ ᠲᠡᠭᠡᠨ ᠦᠭᠬᠦ ᠪᠠᠷ ᠵᠢᠷᠭᠤᠭᠠᠨ ᠰᠢᠬᠢᠷ ᠦᠯᠡᠳᠡᠭᠡᠭᠡᠳ ᠪᠤᠰᠤᠳ ᠢ ᠎ ᠨᠢ ᠦᠪᠡᠷᠰᠡᠳ ᠢᠶᠠᠨ ᠢᠳᠡᠪᠡ᠃      ᠭᠤᠷᠪᠠ      ᠨᠢᠰᠦᠭᠰᠡᠨ ᠰᠢᠪᠠᠭᠤ ᠢᠷᠡᠳᠡᠭ᠂ ᠢᠷᠡᠭᠰᠡᠨ ᠬᠡᠶᠢᠴᠢᠨ ᠪᠤᠴᠠᠳᠠᠭ ᠬᠡᠵᠤ ᠦᠭᠡ ᠪᠠᠶᠢᠳᠠᠭ ᠪᠢᠯᠨ᠃ ᠤᠳᠠᠭᠰᠠᠨ ᠴᠤ ᠦᠭᠡᠢ ᠰᠤᠯᠤᠩᠭ᠎ᠠ ᠶᠢᠨ ᠠᠪᠤ ᠷᠠᠰᠢᠶᠠᠨ ᠠᠴᠠ ᠪᠤᠴᠠᠵᠤ ᠢᠷᠡᠭᠡᠳ᠂ ᠲᠤᠷᠵᠢ ᠭᠤᠸᠠᠢ ᠶᠢᠨ ᠬᠢ ᠨᠡᠬᠦᠬᠦ ᠪᠠᠷ ᠪᠡᠯᠡᠳᠭᠡᠵᠤ ᠡᠬᠢᠯᠡᠪᠡ᠃ ᠰᠤᠯᠤᠩᠭ᠎ᠠ ᠮᠢᠨᠢ ᠶᠠᠪᠤᠨ᠎ᠠ ᠬᠡᠵᠤ ᠪᠤᠳᠤᠬᠤ ᠳᠤ ᠬᠤᠭᠤᠯᠠᠢ ᠲᠡᠭᠡᠷ᠎ᠠ ᠪᠦᠭᠡᠮ ᠬᠠᠷ᠎ᠠ ᠶᠠᠭᠤᠮ᠎ᠠ ᠵᠠᠩᠬᠢᠷᠠᠭᠠᠳ ᠦᠩᠭᠡᠷᠡᠬᠦᠯᠦᠭᠰᠡᠨ ᠨᠢᠭᠡ ᠰᠠᠷ᠎ᠠ ᠶᠢᠨ ᠰᠠᠶᠢᠬᠠᠨ ᠶᠠᠪᠤᠳᠠᠯ ᠵᠡᠬᠦᠳᠤ ᠮᠡᠳᠤ ᠪᠤᠳᠤᠭᠳᠠᠵᠤ᠂ ᠵᠠᠷᠢᠮ ᠳᠠᠭᠠᠨ ᠪᠠᠴᠢᠮᠳᠠᠨ ᠠᠭᠤᠷ ᠬᠦᠷᠬᠦ ᠮᠡᠳᠤ ᠪᠤᠯᠪᠠᠴᠤ ᠰᠤᠯᠤᠩᠭ᠎ᠠ ᠶᠢ ᠬᠠᠷᠠᠭᠠᠳ ᠪᠦᠬᠦ ᠠᠭᠤᠷ ᠰᠠᠷᠨᠢᠳᠠᠭ ᠪᠠᠶᠢᠪᠠ᠃ ᠰᠠᠯᠬᠤ ᠶᠢᠨ ᠶᠤᠰᠤ ᠬᠢᠵᠤ ᠰᠠᠶᠢᠬᠠᠨ ᠡᠪᠳᠠᠢ ᠪᠠᠶᠢᠭᠰᠠᠨ ᠢᠶᠠᠨ ᠲᠤᠷᠠᠰᠤᠨ ᠶᠠᠷᠢᠵᠤ ᠮᠠᠨ ᠤ ᠬᠤᠶᠠᠷ ᠬᠡᠷ ᠪᠡᠶ᠎ᠠ ᠪᠡᠶ᠎ᠠ ᠪᠠᠨ ᠤᠷᠢᠵᠤ ᠲᠠᠶᠢᠯᠠᠪᠠ᠃      ᠢᠩᠬᠢᠭᠡᠳ ᠲᠤᠷᠵᠢ ᠭᠤᠸᠠᠢ ᠶᠢᠨ ᠬᠢ ᠮᠠᠷᠭᠠᠰᠢ ᠦᠷᠯᠦᠭᠡ ᠡᠷᠳᠠ ᠠᠴᠢᠶᠠᠯᠠᠬᠤ ᠪᠤᠯᠵᠤ ᠬᠡᠷ ᠢᠶᠠᠨ ᠪᠠᠭᠤᠯᠭᠠᠨ ᠮᠠᠶᠢᠬᠠᠨ ᠢᠶᠠᠨ ᠪᠠᠷᠢᠪᠠ᠃ ᠲᠡᠷᠨ ᠡᠳᠦᠷ ᠤᠭᠳᠤ ᠡᠪᠡᠳᠦᠳᠡᠭ ᠦᠭᠡᠢ ᠠᠪᠤ ᠮᠢᠨᠢ ᠬᠡᠨᠡᠳᠳᠠ ᠬᠠᠯᠠᠭᠤᠷᠠᠵᠤ ᠦᠷᠯᠦᠭᠡᠨ ᠠᠴᠠ ᠡᠬᠢᠯᠡᠨ ᠬᠡᠪᠳᠡᠵᠤ ᠪᠠᠶᠢᠪᠠ᠃ ᠠᠪᠤ ᠮᠢᠨᠢ ᠲᠦᠷᠭᠡᠨ ᠠᠮᠢᠰᠬᠤᠭ᠎ᠠ ᠠᠪᠴᠤ ᠪᠠᠶᠢᠨ ᠪᠠᠶᠢᠨ ᠴᠠᠢ ᠨᠡᠬᠡᠵᠤ ᠤᠤᠭᠤᠨ᠎ᠠ᠃ ᠨᠡᠯᠢᠶᠡᠳ ᠬᠦᠨᠳᠤ ᠪᠤᠯᠤᠯᠳᠠᠢ ᠪᠠᠶᠢᠯ᠎ᠠ᠃      ᠲᠡᠷᠨ ᠤᠷᠤᠢ ᠠᠳᠤᠭᠤ ᠮᠠᠨᠠᠬᠤ ᠡᠭᠡᠯᠵᠢ ᠮᠢᠨᠤᠬᠢ ᠪᠠᠶᠢᠭᠰᠠᠨ ᠲᠤᠯᠨ ᠬᠡᠳᠦᠢ ᠪᠤᠬᠢᠮᠳᠠᠪᠠᠴᠤ ᠠᠷᠭ᠎ᠠ ᠦᠭᠡᠢ ᠪᠤᠯᠵᠤ᠂ ᠤᠷᠤᠢ ᠬᠡᠬᠦᠤ ᠲᠠᠯᠪᠢᠭᠰᠠᠨ ᠤ ᠲᠠᠷᠠᠭ᠎ᠠ ᠴᠤᠪᠠ ᠢᠶᠠᠨ ᠠᠪᠤᠨ ᠭᠠᠷᠬᠤ ᠬᠡᠳᠡᠯ᠎ᠠ ᠠᠪᠤ ᠮᠢᠨᠢ ᠦᠨᠳᠡᠶᠢᠵᠤ᠄ ︽ᠪᠢ ᠦᠨᠦᠳᠦᠷ ᠦᠪᠡᠷ ᠢᠶᠠᠨ ᠠᠳᠤᠭᠤ ᠮᠠᠨᠠᠨ᠎ᠠ︾ ᠬᠡᠵᠤ ᠬᠡᠯᠡᠭᠡᠳ ᠬᠦᠴᠦᠯᠡᠨ ᠪᠤᠰᠤᠭᠠᠳ ᠲᠤᠯᠭ᠎ᠠ ᠶᠢᠨ ᠬᠠᠵᠠᠭᠤ ᠳᠤ ᠪᠠᠶᠢᠭᠰᠠᠨ ᠲᠠᠩᠬᠤ ᠲᠠᠢ ᠬᠠᠯᠠᠭᠤᠨ ᠴᠠᠢ ᠠᠴᠠ ᠬᠢᠵᠤ ᠤᠤᠭᠤᠭᠠᠳ ᠬᠤᠶᠢᠨ᠎ᠠ ᠠᠴᠠ ᠨᠢ ᠬᠤᠶᠠᠷ ᠠᠶᠠᠭ᠎ᠠ ᠲᠠᠷᠠᠭ ᠢᠳᠡᠪᠡ᠃      ᠠᠪᠦ‍ ᠨᠢᠭᠡ ᠦᠭᠡ ᠲᠤᠭᠤᠯᠭᠠᠪᠠᠯ ᠲᠡᠬᠦᠨ ᠠᠴᠠ ᠪᠠᠨ ᠪᠤᠴᠠᠳᠠᠭ ᠦᠭᠡᠢ ᠶᠢ ᠪᠢ ᠰᠠᠶᠢᠨ ᠮᠡᠳᠡᠵᠤ ᠪᠠᠶᠢᠭᠰᠠᠨ ᠠᠪᠠᠴᠤ ᠲᠡᠰᠦᠭᠰᠡᠨ ᠦᠭᠡᠢ᠃      ︽ᠠᠪᠤ ᠡ︕ ᠲᠠᠨ ᠤ ᠪᠡᠶ᠎ᠠ ᠮᠠᠭᠤ ᠪᠠᠶᠢᠨ᠎ᠠ ᠰᠢᠤ ᠳ᠋ᠧ︾ ᠬᠡᠵᠤ ᠬᠡᠯᠡᠭᠰᠡᠨ ᠳᠤ ᠠᠪᠤ ᠮᠠᠨᠢ ᠬᠠᠷᠢᠭᠤᠯᠤᠯ ᠦᠭᠡᠢ ᠪᠤᠰᠤᠭᠠᠳ᠄ ︽ᠠᠯᠢ ᠲᠡᠷᠨ ᠴᠤᠪᠠ︕︾ ᠬᠡᠵᠤ ᠮᠢᠨᠤ ᠪᠠᠷᠢᠵᠤ ᠪᠠᠶᠢᠭᠰᠠᠨ ᠴᠤᠪᠠ ᠶᠢ ᠠᠪᠤᠭᠠᠳ ᠭᠠᠷᠬᠤ ᠎ ᠳᠤᠨᠢ ᠦᠨᠢᠶ᠎ᠠ ᠪᠠᠨ ᠰᠠᠭᠠᠭᠠᠳ ᠰᠦ ᠪᠠᠨ ᠪᠠᠷᠢᠨ ᠢᠷᠡᠭᠰᠡᠨ ᠡᠵᠢ᠄ ︽ᠦᠭᠡᠢ ᠴᠢ ᠴᠢᠨᠢ ᠬᠡᠪᠳᠡᠬᠦ ᠦᠭᠡᠢ ᠬᠠᠮᠢᠭ᠎ᠠ ᠤᠴᠢᠬᠤ ᠨᠢ ᠪᠤᠢ︖︾ ᠬᠡᠬᠦ ᠳᠤᠨᠢ᠄ ︽ᠬᠡᠭᠡᠷ᠎ᠠ ᠠᠳᠤᠭᠤᠨ ᠲᠡᠭᠡᠷ᠎ᠠ ᠬᠤᠨᠤᠪᠠᠯ ᠪᠡᠶ᠎ᠠ ᠳᠤ ᠮᠢᠨᠢ ᠲᠡᠭᠡᠷ᠎ᠠ ᠪᠠᠶᠢᠬᠤ ︾ ᠬᠡᠳ ᠮᠤᠷᠢᠨ ᠳᠠᠭᠠᠨ ᠤᠷᠭ᠎ᠠ ᠲᠤᠯᠵᠤ ᠮᠤᠷᠳᠠᠬᠤ ᠬᠡᠰᠡᠨ ᠢᠶᠠᠨ ︽ᠶᠤᠤ︾ ᠬᠡᠵᠤ ᠲᠠᠭᠤ ᠠᠯᠳᠠᠭᠰᠠᠨ ᠪᠤᠯᠪᠠᠴᠤ ᠪᠢᠳᠡᠨ ᠢ ᠲᠤᠭᠤᠯᠬᠤ ᠪᠤᠢ ᠬᠡᠰᠡᠨ ᠪᠤᠯᠤᠯᠳᠠᠢ ᠡᠷᠬᠢᠵᠤ ᠬᠠᠷᠠᠭᠠᠳ᠂ ᠬᠦᠴᠦᠯᠡᠨ ᠲᠦᠷᠭᠡᠨ ᠬᠡᠭᠴᠢ ᠨᠢ ᠮᠤᠷᠳᠠᠭᠠᠳ ᠬᠠᠳᠠᠷᠢᠭᠤᠯᠤᠨ ᠠᠯᠠᠭ᠎ᠠ ᠪᠤᠯᠪᠠ᠃ ᠪᠢᠳᠠ ᠭᠤᠷᠪᠠ ᠬᠡᠷ ᠤᠨ ᠢᠶᠠᠨ ᠡᠬᠦᠳᠡᠨ ᠲᠡᠭᠡᠷ᠎ᠠ ᠵᠡᠷᠭᠡᠴᠡᠨ ᠵᠤᠭᠰᠤᠭᠠᠳ ᠠᠪᠤ ᠎ ᠶᠢᠨ ᠢᠶᠠᠨ ᠬᠤᠶᠢᠨ᠎ᠠ ᠠᠴᠠ ᠲᠠᠯᠳᠠ ᠤᠷᠤᠳᠠᠯ᠎ᠠ ᠨᠢ ᠬᠠᠷᠠᠯ᠎ᠠ᠃ ᠲᠡᠷᠨ ᠤᠷᠤᠢ ᠮᠠᠨ ᠤ ᠬᠡᠷ ᠲᠤ ᠰᠦᠷᠦᠩ᠂ ᠰᠤᠯᠤᠩᠭ᠎ᠠ ᠪᠢᠳᠠ ᠭᠤᠷᠪᠠ ᠤᠷᠤᠢ ᠪᠤᠯᠳᠠᠯ᠎ᠠ ᠱᠠᠭᠠᠢ ᠲᠤᠭᠯᠠᠭᠰᠠᠨ ᠪᠢᠯᠨ᠃ ᠬᠡᠳᠡᠯ᠎ᠠ ᠰᠦᠨᠢ ᠲᠤᠮᠳᠠᠬᠢ ᠶᠢᠨ ᠡᠮᠦᠨᠡᠭᠡᠨ ᠰᠦᠷᠦᠩ ᠤᠨᠳᠠᠵᠤ ᠪᠢᠳᠠ ᠬᠤᠶᠠᠷ ᠭᠠᠷᠤᠯ᠎ᠠ᠃ ᠬᠡᠪᠳᠡᠭᠰᠡᠨ ᠬᠤᠨᠢ᠂ ᠦᠭᠡᠷ ᠰᠢᠳᠤ ᠪᠠᠨ ᠬᠠᠪᠢᠷᠤᠨ ᠬᠡᠪᠢᠵᠤ᠂ ᠮᠦᠩᠬᠦᠨ ᠰᠠᠷ᠎ᠠ ᠲᠡᠭᠡᠷ᠎ᠠ ᠠᠴᠠ ᠬᠡᠷᠡᠯᠳᠦᠬᠦᠯᠦᠨ ᠲᠡᠷᠳᠡᠭᠡ ᠰᠠᠭᠠᠬᠠᠯᠳᠠ ᠶᠢᠨ ᠠᠶᠢᠯ ᠤᠨ ᠨᠤᠬᠠᠢ ᠶᠢᠨ ᠲᠠᠭᠤ ᠴᠢᠬᠢᠨ ᠤ ᠦᠵᠦᠬᠦᠷ ᠲᠤ ᠶᠠᠩ ᠶᠠᠩ ᠬᠡᠵᠤ ᠪᠠᠶᠢᠪᠠ᠃ ᠪᠢᠳᠠ ᠬᠤᠶᠠᠷ ᠬᠤᠷᠠᠭᠠᠨ ᠤ ᠬᠠᠰᠢᠶ᠎ᠠ ᠲᠦᠰᠢᠵᠤ ᠨᠡᠯᠢᠶᠡᠳ ᠲᠠᠭᠤ ᠦᠭᠡᠢ ᠵᠤᠭᠰᠤᠬᠤ ᠵᠠᠭᠤᠷ᠎ᠠ ᠪᠢ ᠲᠡᠬᠦᠨ ᠤ ᠭᠠᠷ ᠢ ᠴᠢᠩᠭ᠎ᠠ ᠠᠳᠬᠤᠵᠤ ᠪᠠᠶᠢᠪᠠ᠃      ︽ᠰᠤᠯᠤᠩᠭ᠎ᠠ ᠡ︕ ᠴᠢ ᠨᠠᠮᠠᠢᠢ ᠮᠠᠷᠳᠠᠬᠤ ᠦᠦ︖︾ ᠬᠡᠵᠤ ᠪᠢ ᠠᠰᠠᠭᠤᠭᠰᠠᠨ ᠳᠤ ᠰᠤᠯᠤᠩᠭ᠎ᠠ᠄ ︽ᠦᠭᠡᠢ᠂ ᠬᠡᠵᠢᠶ᠎ᠠ ᠴᠤ ᠦᠭᠡᠢ︾ ᠬᠡᠵᠤ ᠰᠢᠪᠡᠨᠡᠨ ᠬᠡᠯᠡᠬᠦ ᠵᠠᠭᠤᠷ᠎ᠠ ᠲᠤᠯᠤᠭᠠᠢ ᠪᠠᠨ ᠠᠯᠭᠤᠷ ᠰᠡᠭᠰᠦᠷᠪᠡ᠃      ᠪᠢᠳᠠ ᠬᠤᠶᠠᠷ ᠪᠠᠰᠠ ᠯᠡ ᠬᠡᠰᠡᠭ ᠵᠠᠭᠤᠷ᠎ᠠ ᠲᠠᠭᠤ ᠦᠭᠡᠢ ᠪᠠᠶᠢᠪᠠ᠃ ᠡᠨᠡ ᠬᠤᠭᠤᠷᠤᠨᠳᠤ ᠰᠤᠯᠤᠩᠭ᠎ᠠ ᠶᠠᠭᠤ ᠪᠤᠳᠤᠵᠤ ᠪᠠᠶᠢᠭᠰᠠᠨ ᠢ ᠮᠡᠳᠡᠬᠦ ᠦᠭᠡᠢ᠃ ᠬᠠᠷᠢᠨ ᠪᠢ ᠶᠠᠮᠠᠷ ᠠᠷᠭ᠎ᠠ ᠬᠡᠷᠡᠭᠯᠡᠵᠤ ᠪᠠᠶᠢᠭᠠᠳ ᠰᠤᠯᠤᠩᠭ᠎ᠠ ᠶᠢᠨ ᠨᠤᠳᠤᠭ ᠎ ᠲᠤ ᠤᠴᠢᠬᠤ ᠪᠤᠢ ᠬᠡᠵᠤ ᠲᠦᠮᠡᠨ ᠶᠠᠭᠤᠮ᠎ᠠ ᠰᠦᠪᠡᠭᠴᠢᠯᠡᠨ ᠪᠤᠳᠤᠵᠤ ᠪᠠᠶᠢᠳᠠᠯ᠎ᠠ ᠨᠢᠭᠡ ᠰᠠᠶᠢᠨ ᠠᠷᠭ᠎ᠠ ᠤᠷᠤᠵᠤ ᠢᠷᠡᠯ᠎ᠠ᠃      ︽ᠰᠤᠯᠤᠩᠭ᠎ᠠ ᠡ︕ ᠪᠢ ᠤᠳᠤᠷ ᠤᠨ ᠠᠳᠤᠭᠤ ᠠᠪᠤᠭᠠᠳ ᠯᠡ ᠲᠠᠨ ᠤ ᠨᠤᠳᠤᠭ ᠲᠤ ᠤᠴᠢᠨ᠎ᠠ᠃ ᠶᠠᠭ ᠲᠤᠷᠵᠢ ᠭᠤᠸᠠᠢ ᠶᠢᠨ ᠬᠢ ᠰᠢᠭ᠋ ᠯᠡ︾ ᠬᠡᠵᠤ ᠬᠡᠯᠡᠭᠰᠡᠨ ᠳᠤ ᠰᠤᠯᠤᠩᠭ᠎ᠠ ᠨᠠᠳᠠ ᠤᠷᠤᠭᠤ ᠬᠠᠷᠠᠵᠤ ᠢᠨᠢᠶᠡᠮᠰᠦᠭᠯᠡᠬᠦ ᠮᠡᠳᠤ ᠪᠤᠯᠤᠭᠠᠳ᠄ ︽ᠲᠡᠭᠡᠪᠡᠯ ᠪᠢ ᠪᠠᠶᠢᠵᠤ ᠯᠡ ᠪᠠᠶᠢᠨ᠎ᠠ︾ ᠬᠡᠵᠤ ᠬᠡᠯᠡᠭᠡᠳ ᠲᠡᠭᠡᠭᠰᠢ ᠬᠠᠷᠠᠭᠰᠠᠨ ᠢᠶᠠᠨ᠄ ︽ᠠᠯᠳᠠ ᠭᠠᠳᠠᠰᠤ︾ ᠬᠡᠪᠡ᠃      ᠪᠢ ᠬᠠᠷᠢᠭᠤ ᠲᠤᠤᠭᠠᠷᠤᠭᠰᠠᠨ ᠦᠭᠡᠢ᠃ ᠰᠤᠯᠤᠩᠭ᠎ᠠ ᠲᠤᠯᠤᠭᠠᠢ ᠪᠠᠨ ᠮᠢᠨᠤ ᠮᠦᠷᠦᠨ ᠲᠡᠭᠡᠷ᠎ᠠ ᠲᠡᠷᠡᠯᠡᠨ ᠲᠠᠯᠪᠢᠭᠠᠳ ᠪᠢᠳᠠ ᠬᠤᠶᠠᠷ ᠬᠦᠳᠡᠯᠬᠦ ᠦᠭᠡᠢ ᠤᠳᠠᠭᠠᠨ ᠵᠤᠭᠰᠤᠪᠠ᠃      ︽ᠦᠦᠷ ᠴᠠᠶᠢᠵᠤ ᠪᠠᠶᠢᠨ᠎ᠠ︾ ᠬᠡᠵᠤ ᠰᠤᠯᠤᠩᠭ᠎ᠠ ᠰᠢᠪᠡᠨᠡᠨ ᠬᠡᠯᠡᠭᠡᠳ ᠮᠢᠨᠤ ᠭᠠᠷ ᠲᠤ ᠪᠠᠶᠢᠭᠰᠠᠨ ᠭᠠᠷ ᠢᠶᠠᠨ ᠠᠯᠭᠤᠷᠬᠠᠨ ᠲᠠᠳᠠᠵᠤ ᠠᠪᠤᠭᠠᠳ᠄ ︽ᠵᠠ᠂ ᠤᠷᠤᠵᠤ ᠤᠨᠳᠠᠶ᠎ᠠ᠂ ᠪᠠᠶᠠᠷᠳᠠᠢ︾ ᠬᠡᠳ ᠲᠦᠷᠭᠡᠨ ᠡᠷᠬᠢᠵᠤ ᠮᠠᠶᠢᠬᠠᠨ ᠎ ᠳᠠᠭᠠᠨ ᠤᠷᠤᠯ᠎ᠠ᠃      ᠪᠢ ᠭᠡᠷ ᠲᠡᠭᠡᠨ ᠤᠷᠤᠵᠤ ᠬᠡᠪᠳᠡᠭᠰᠡᠨ ᠪᠤᠯᠪᠠᠴᠤ ᠤᠨᠳᠠᠭᠰᠠᠨ ᠦᠭᠡᠢ᠃ ᠤᠳᠠᠯ ᠦᠭᠡᠢ ᠡᠵᠢ ᠮᠢᠨᠢ ᠪᠤᠰᠴᠤ ᠲᠤᠭᠤᠭ᠎ᠠ ᠰᠢᠨᠠᠭ᠎ᠠ ᠪᠠᠨ ᠬᠠᠩᠬᠢᠨᠠᠭᠤᠯᠵᠤ ᠡᠬᠢᠯᠡᠪᠡ᠃ ᠪᠠᠰᠠ ᠲᠤᠷᠵᠢ ᠭᠤᠸᠠᠢ ᠶᠢᠨ ᠬᠢ ᠴᠤ ᠪᠤᠰᠴᠠᠭᠠᠵᠤ ᠡᠬᠢᠯᠡᠪᠡ ᠪᠤᠯᠤᠯᠳᠠᠢ᠃      ᠪᠢ ᠪᠤᠰᠤᠭᠠᠳ ᠬᠡᠷ ᠤᠨ ᠬᠠᠶᠠᠭᠠᠨ ᠳᠤ ᠰᠠᠭᠤᠵᠤ ᠨᠢᠭᠤᠷ ᠭᠠᠷ ᠢᠶᠠᠨ ᠤᠬᠢᠶᠠᠵᠤ ᠪᠠᠶᠢᠳᠠᠯ᠎ᠠ ᠠᠪᠤ ᠮᠢᠨᠢ ᠢᠷᠡᠯ᠎ᠠ᠃ ᠲᠡᠬᠦᠨ ᠤ ᠪᠡᠶ᠎ᠠ ᠤᠯᠠᠮ ᠬᠦᠨᠳᠦᠷᠡᠭᠰᠡᠨ ᠪᠤᠯᠤᠯᠳᠠᠢ᠃ ᠠᠷᠠᠢ ᠶᠠᠳᠠᠨ ᠶᠠᠪᠤᠵᠤ ᠬᠡᠷ ᠲᠤ ᠤᠷᠤᠭᠠᠳ ᠡᠵᠢ ᠎ ᠪᠠᠷ ᠤᠷᠤ ᠪᠠᠨ ᠵᠠᠰᠠᠭᠤᠯᠤᠨ ᠬᠡᠪᠳᠡᠭᠡᠳ᠄ ︽ᠴᠢ ᠲᠤᠷᠵᠢ ᠶᠢᠨ ᠬᠢᠨ ᠳᠤ ᠲᠤᠰᠠᠯᠠᠵᠤ᠂ ᠮᠠᠯ ᠢ ᠨᠢ ᠢᠯᠭᠠᠵᠤ ᠦᠭᠬᠦᠭᠡᠳ ᠪᠠᠰᠠ ᠬᠠᠮᠳᠤ ᠶᠠᠪᠤᠵᠤ ᠭᠤᠤᠯ ᠭᠠᠷᠭᠠᠵᠤ ᠦᠭ᠂ ᠪᠤᠴᠠᠬᠤ ᠳᠠᠭᠠᠨ ᠰᠤᠮᠤ ᠶᠢᠨ ᠡᠮᠴᠢ ᠶᠢ ᠤᠷᠢᠭᠠᠳ ᠢᠷᠡᠭᠡᠷᠠᠢ︾ ᠬᠡᠵᠤ ᠨᠠᠳᠠᠳᠤ ᠬᠡᠯᠡᠬᠦ ᠳᠤ ᠨᠢ ᠪᠢ ᠨᠠᠮᠤᠭᠤᠬᠠᠨ ᠪᠤᠯᠪᠠᠴᠤ ᠲᠤᠳᠤ ᠲᠠᠭᠤ ᠪᠠᠷ᠄ ︽ᠠᠪᠤ ᠡ᠂ ᠲᠠᠨ ᠤ ᠪᠡᠶ᠎ᠠ ᠮᠠᠭᠤ ᠪᠠᠶᠢᠭ᠎ᠠ ᠪᠤᠯ ᠁︾ ᠬᠡᠳᠡᠯ᠎ᠠ ᠠᠪᠤ ᠮᠢᠨᠢ᠄ ︽ᠵᠦᠭᠡᠷ᠂ ᠵᠦᠭᠡᠷ᠃ ᠴᠢ ᠬᠡᠯᠡᠭᠰᠡᠨ ᠢᠶᠠᠷ ᠶᠠᠪᠤᠭᠠᠳ ᠯᠡ ᠢᠷ᠎ᠡ︾ ᠬᠡᠵᠤ ᠬᠡᠯᠡᠭᠡᠳ ᠦᠭᠡᠷ᠎ᠠ ᠶᠠᠷᠢᠶ᠎ᠠ ᠪᠠᠶᠢᠬᠤ ᠦᠭᠡᠢ ᠬᠡᠰᠡᠨ ᠪᠤᠯᠤᠯᠳᠠᠢ ᠬᠠᠨ᠎ᠠ ᠤᠷᠤᠭᠤ ᠡᠷᠬᠢᠪᠡ᠃      ᠬᠡᠳᠦᠨ ᠵᠢᠯ ᠤᠨ ᠲᠤᠷᠰᠢ ᠢᠵᠢᠯᠢᠳᠦᠭᠰᠡᠨ ᠮᠠᠯ ᠢ ᠢᠯᠭᠠᠬᠤ ᠬᠡᠳᠡᠭ ᠬᠡᠴᠡᠬᠦᠤ ᠠᠵᠢᠯ ᠪᠢᠯᠨ᠃ ᠪᠢ ᠰᠠᠯᠬᠤ ᠎ ᠶᠢᠨ ᠭᠠᠰᠢᠭᠤᠳᠠᠯ ᠢ ᠦᠪᠡᠷ ᠢᠶᠠᠨ ᠪᠡᠶ᠎ᠠ ᠪᠠᠷ ᠢᠶᠠᠨ ᠦᠵᠡᠵᠤ ᠪᠠᠶᠢᠭ᠎ᠠ ᠪᠤᠯᠬᠤᠷ ᠮᠠᠯ ᠰᠠᠯᠭᠠᠬᠤ ᠳᠤ ᠶᠡᠭᠡ ᠬᠦᠴᠦᠳᠠᠢ ᠤᠷᠤᠵᠤ ᠴᠢᠳᠠᠭᠰᠠᠨ ᠦᠭᠡᠢ᠃ ᠬᠡᠪᠡᠴᠤ ᠲᠤᠷᠵᠢ ᠭᠤᠸᠠᠢ ᠬᠠᠳᠠᠮ ᠠᠪᠤ ᠲᠠᠢ ᠪᠠᠨ ᠤᠷᠳᠤ ᠰᠢᠯᠪᠢᠬᠦᠷ ᠎ ᠢᠶᠠᠷ ᠵᠠᠳᠠ ᠤᠷᠢᠶᠠᠯᠭᠠᠵᠤ ᠪᠠᠶᠢᠭᠠᠳ ᠰᠠᠯᠭᠠᠵᠤ ᠤᠷᠬᠢᠪᠠ᠃ ᠢᠩᠬᠢᠭᠡᠳ ᠠᠴᠢᠶ᠎ᠠ ᠬᠦᠳᠡᠯᠬᠦ ᠳᠤ ᠪᠢ ᠰᠤᠯᠤᠩᠭ᠎ᠠ ᠎ ᠲᠠᠢ ᠠᠳᠤᠭᠤ ᠲᠠᠭᠤᠪᠠ᠃ ᠶᠠᠭᠠᠬᠢᠬᠤ ᠶᠠᠭᠠᠬᠢᠬᠤ ᠶᠢᠨ ᠵᠠᠪᠳᠤᠯ ᠦᠭᠡᠢ ᠬᠠᠷᠭᠠᠨᠠᠳᠤ ᠶᠢᠨ ᠭᠤᠤᠯ ᠤᠨ ᠡᠷᠬᠢ ᠲᠡᠭᠡᠷ᠎ᠠ ᠤᠴᠢᠭᠠᠳ ᠮᠠᠯ ᠰᠢᠬᠠᠵᠤ ᠭᠠᠷᠭᠠᠬᠤ ᠬᠡᠵᠤ ᠶᠡᠭᠡ ᠠᠵᠢᠯ ᠪᠤᠯᠪᠠ᠃ ᠰᠤᠮᠤ ᠨᠡᠯᠢᠶᠡᠳ ᠦᠩᠭᠡᠷᠡᠭᠡᠳ ᠪᠢ ᠠᠷᠭ᠎ᠠ ᠦᠭᠡᠢ ᠬᠤᠴᠤᠷᠬᠤ ᠪᠤᠯᠵᠤ᠂ ᠪᠢᠳᠠ ᠮᠤᠷᠢᠨ ᠠᠴᠠ ᠪᠠᠭᠤᠨ ᠡᠮᠦᠨ᠎ᠠ ᠡᠮᠦᠨ᠎ᠠ ᠠᠴᠠ ᠪᠠᠨ ᠬᠠᠷᠠᠯᠴᠠᠨ ᠵᠤᠭᠰᠤᠪᠠ᠃      ︽ᠵᠠ ᠲᠠ ᠨᠠᠷ ᠰᠠᠶᠢᠨ ᠰᠠᠭᠤᠵᠤ ᠪᠠᠶᠢᠭᠠᠷᠠᠢ︾ ᠬᠡᠳ ᠰᠤᠯᠤᠩᠭ᠎ᠠ ᠲᠦᠷᠭᠡᠨ ᠡᠷᠬᠢᠵᠤ ᠮᠤᠷᠢᠨ ᠳᠠᠭᠠᠨ ᠮᠤᠷᠳᠠᠬᠤ ᠬᠡᠰᠡᠨ ᠢᠶᠠᠨ ᠡᠪᠤᠷ ᠠᠴᠠ ᠪᠠᠨ ᠨᠦᠬᠦᠭᠡ ᠨᠠᠭᠠᠳᠤᠮ ᠲᠡᠭᠡᠷ᠎ᠠ ᠠᠴᠠ ᠬᠤᠳᠠᠯᠳᠤᠵᠤ ᠠᠪᠤᠭᠰᠠᠨ ᠮᠤᠳᠤᠨ ᠬᠡᠦᠭᠡᠳ ᠢᠶᠠᠨ ᠭᠠᠷᠭᠠᠵᠤ ᠨᠠᠳᠠ ᠦᠭᠬᠦᠭᠡᠳ ᠤᠷᠳᠤ ᠭᠡᠭᠴᠢ ᠶᠢᠨ ᠰᠠᠨᠠᠭ᠎ᠠ ᠠᠯᠳᠠᠨ ᠪᠠᠶᠠᠷᠯᠠᠵᠤ᠂ ᠤᠬᠢᠯᠠᠬᠤ ᠬᠤᠶᠠᠷ ᠬᠤᠯᠢᠯᠳᠤᠭᠰᠠᠨ ᠨᠢᠳᠤ ᠪᠠᠷ ᠬᠠᠷᠠᠵᠤ ᠵᠠ ᠪᠠᠶᠠᠷᠳᠠᠢ ᠭᠡᠳ ᠮᠤᠷᠳᠠᠨ ᠲᠠᠪᠬᠢᠨ ᠶᠠᠪᠤᠬᠤ ᠳᠤᠨᠢ ᠪᠢ᠄ ︽ᠰᠠᠶᠢᠨ ᠶᠠᠪᠤᠭᠠᠷᠠᠢ︾ ᠬᠡᠵᠤ ᠵᠠᠩᠬᠢᠷᠠᠭᠰᠠᠨ ᠲᠠᠭᠤ ᠪᠠᠷ ᠬᠡᠯᠡᠪᠡ᠃ ᠰᠤᠯᠤᠩᠭ᠎ᠠ ᠶᠠᠪᠤᠳᠠᠯ ᠲᠤᠮᠳᠠ ᠪᠠᠨ ᠨᠢᠭᠡ ᠡᠷᠬᠢᠵᠤ ᠬᠠᠷᠠᠨ ᠢᠨᠢᠶᠡᠮᠰᠦᠭᠯᠡᠬᠦ ᠮᠡᠳᠤ ᠪᠤᠯᠤᠭᠰᠠᠨ ᠢᠶᠠᠨ ᠮᠤᠷᠢᠨ ᠳᠠᠭᠠᠨ ᠲᠠᠰᠢᠭᠤᠷ ᠦᠭᠴᠤ ᠤᠯᠠᠮ ᠬᠤᠷᠳᠤᠯᠠᠪᠠ᠃ ᠡᠮᠦᠨ᠎ᠠ ᠵᠦᠭ ᠶᠠᠭᠠᠷᠠᠨ ᠨᠡᠬᠦᠵᠤ ᠪᠠᠶᠢᠭ᠎ᠠ ᠬᠡᠰᠡᠭ ᠡᠬᠦᠯᠡᠨ ᠤ ᠰᠡᠬᠦᠳᠡᠷ ᠰᠤᠯᠤᠩᠭ᠎ᠠ ᠶᠢ ᠨᠠᠳᠠ ᠠᠴᠠ ᠨᠢᠭᠤᠬᠤ ᠬᠡᠰᠡᠨ ᠶᠤᠮ ᠰᠢᠭ᠋ ᠪᠢᠳᠠ ᠬᠤᠶᠠᠷ ᠤᠨ ᠲᠤᠮᠳᠠᠭᠤᠷ ᠤᠷᠤᠯ᠎ᠠ᠃      ︽ᠶᠠᠪᠤᠴᠢᠬᠠᠯ᠎ᠠ︾ ᠬᠡᠵᠤ ᠪᠢ ᠰᠢᠪᠡᠨᠡᠨ ᠬᠡᠯᠡᠭᠡᠳ ᠮᠤᠷᠢ ᠤᠷᠤᠭᠤ ᠪᠠᠨ ᠬᠠᠷᠠᠬᠤ ᠳᠤ᠂ ᠲᠡᠶᠢᠮᠤ ᠶᠠᠪᠤᠴᠢᠬᠠᠯ᠎ᠠ ᠬᠡᠰᠡᠨ ᠰᠢᠭ ᠲᠤᠯᠤᠭᠠᠢ ᠪᠠᠨ ᠬᠠᠶᠠᠯᠠᠵᠤ ᠪᠠᠶᠢᠪᠠ᠃             ︵ww.biirbeh.mn᠎ ᠠᠴᠠ ᠬᠦᠷᠪᠡᠬᠦᠯᠪᠡ︶
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号