| ᠨᠢᠭᠡ | ᠰᠦᠨᠢ ᠲᠤᠮᠳᠠ ᠠᠴᠠ ᠬᠤᠶᠢᠰᠢ ᠬᠡᠨᠡᠳᠳᠠ ᠠᠭᠠᠳᠠᠷ ᠪᠤᠷᠤᠭ᠎ᠠ ᠤᠷᠤᠵᠤ᠂ ᠪᠠᠶᠢᠨ ᠪᠠᠶᠢᠨ ᠬᠤᠷᠴᠨ | ᠴᠠᠬᠢᠯᠭᠠᠨ ᠴᠠᠬᠢᠯᠤᠨ ᠲᠡᠭᠷᠢ ᠨᠢᠵᠢᠬᠢᠨᠡᠵᠤ ᠰᠠᠶ᠋ᠢᠬᠠᠨ ᠪᠠᠷᠢᠭᠳᠠᠵᠤ ᠲᠤᠤᠷᠠᠨ ᠳᠤ ᠤᠷᠤᠭᠰᠠᠨ ᠪᠦᠷᠬᠦᠳ ᠰᠢᠭ | ᠠᠭᠤᠷᠯᠠᠭᠰᠠᠨ ᠪᠠᠶᠢᠭᠠᠯᠢ ᠰᠦᠷᠳᠠᠢ ᠴᠤ ᠠᠶᠤᠮᠰᠢᠭᠳᠠᠢ ᠴᠤ ᠪᠠᠶᠢᠪᠠ᠃ | ᠠᠳᠤᠭᠤ ᠮᠢᠨᠢ ᠬᠠᠪᠴᠢᠭᠠᠨᠠᠨ ᠤᠭᠳᠤ ᠲᠤᠭᠳᠠᠵᠤ ᠦᠭᠬᠦ ᠦᠭᠡᠢ᠂ ᠵᠠᠷᠢᠮ ᠳᠠᠭᠠᠨ ᠬᠤᠶᠢᠯᠠᠷᠠᠨ ᠦᠷᠬᠦᠬᠦ ᠳᠤ | ᠪᠢ ᠴᠤ ᠠᠶᠤᠬᠤ ᠰᠢᠭ᠋ ᠪᠤᠯᠤᠭᠠᠳ᠂ ᠬᠠᠰᠬᠢᠷᠬᠤ ᠳᠤ ᠲᠠᠭᠤ ᠮᠢᠨᠢ ᠴᠡᠴᠡᠷᠡᠨ ᠲᠠᠰᠤᠯᠳᠠᠵᠤ ᠪᠠᠶᠢᠯ᠎ᠠ᠃ ᠬᠡᠳᠦᠨ | ᠡᠳᠦᠷ ᠤᠨ ᠵᠦᠰᠡᠷ ᠪᠤᠷᠤᠭ᠎ᠠ ᠶᠢ ᠲᠠᠵᠢᠬᠦᠢ ᠲᠠᠪᠠᠳᠠᠭ ᠠᠪᠤ ᠶᠢᠨ ᠮᠢᠨᠢ ᠤᠳᠤᠨᠴᠤᠤ ᠴᠤᠪᠠ ᠬᠦᠷᠳᠡᠯ᠎ᠠ ᠬᠤᠪᠢᠩ ᠢᠶᠠᠷ | ᠠᠰᠬᠠᠵᠤ ᠪᠠᠶᠢᠭ᠎ᠠ ᠶᠤᠮ ᠰᠢᠭ᠋ ᠴᠢᠳᠬᠤᠯᠠᠭᠰᠠᠨ ᠡᠨᠡ ᠤᠰᠤ ᠶᠢ ᠪᠠᠷᠢᠵᠤ ᠴᠢᠳᠠᠯᠬᠦᠢ ᠨᠡᠪᠳᠡᠷᠡᠭᠡᠳ ᠪᠢ ᠤᠰᠤᠨ ᠳᠤ | ᠤᠷᠤᠭᠰᠠᠨ ᠵᠤᠷᠠᠮ᠎ᠠ ᠰᠢᠭ᠋ ᠱᠠᠯᠠᠪ ᠴᠤᠬᠢᠭᠤᠯᠵᠤ᠂ ᠰᠢᠳᠤ ᠮᠢᠨᠢ ᠲᠠᠭᠵᠢᠨ ᠦᠪᠡᠷ ᠤᠨ ᠡᠷᠭᠡ ᠦᠭᠡᠢ ᠵᠤᠳᠤᠯᠳᠤᠵᠤ | ᠪᠠᠶᠢᠪᠠ᠃ ᠬᠠᠷᠢᠨ ᠡᠨᠡ ᠰᠦᠨᠢ ᠶᠢᠨ ᠭᠠᠭᠴᠨ ᠰᠠᠶᠢᠨ ᠶᠠᠭᠤᠮ᠎ᠠ ᠬᠡᠪᠡᠯ ᠦᠶ᠎ᠠ ᠦᠶ᠎ᠠ ᠴᠠᠬᠢᠯᠵᠤ ᠪᠠᠶᠢᠭ᠎ᠠ ᠴᠠᠬᠢᠯᠭᠠᠨ | ᠳᠤ ᠠᠳᠤᠭᠤ ᠮᠢᠨᠢ ᠪᠠᠶᠢᠨ ᠪᠠᠶᠢᠨ ᠲᠤᠳᠤᠷᠠᠵᠤ ᠪᠠᠶᠢᠭᠰᠠᠨ ᠲᠤᠯᠨ ᠪᠢ ᠲᠠᠰᠤᠷᠠᠭᠰᠠᠨ ᠬᠡᠰᠡᠭ ᠢ ᠨᠢ ᠲᠤᠤᠷ᠎ᠠ ᠨᠢ | ᠨᠡᠶᠢᠯᠡᠬᠦᠯᠵᠤ ᠪᠠᠶᠢᠪᠠ᠃ ᠦᠦᠷ ᠰᠦᠨᠢ ᠬᠠᠭᠠᠴᠠᠬᠤ ᠶᠢᠨ ᠡᠮᠦᠨᠡᠭᠡᠨ ᠪᠤᠷᠤᠭ᠎ᠠ ᠬᠡᠨᠡᠳᠳᠠ ᠤᠷᠤᠭᠰᠠᠨ ᠲᠠᠢ ᠪᠠᠨ | ᠠᠳᠠᠯᠢ ᠬᠡᠨᠡᠳᠳᠠ ᠠᠷᠢᠯᠵᠤ ᠤᠳᠠᠯ ᠦᠭᠡᠢ ᠪᠦᠬᠦᠨ ᠢ ᠲᠠᠭᠯᠠᠭᠰᠠᠨ ᠵᠤᠵᠠᠭᠠᠨ ᠬᠠᠷ᠎ᠠ ᠡᠬᠦᠯᠨ ᠲᠤᠨᠢᠯᠤᠨ ᠲᠡᠭᠷᠢ | ᠴᠡᠯᠮᠡᠭᠡᠳ ᠦᠷᠯᠦᠭᠡ ᠶᠢᠨ ᠨᠠᠷᠠ ᠤᠬᠢᠶᠠᠭᠰᠠᠨ ᠶᠢᠷᠳᠢᠨᠴᠤ ᠶᠢ ᠮᠡᠨᠳᠦᠯᠡᠨ ᠠᠭᠤᠯᠨ ᠶᠢᠨ ᠲᠤᠯᠤᠭᠠᠢ ᠳᠤ ᠠᠯᠳᠠᠨ | ᠮᠠᠯᠠᠭᠠᠢ ᠡᠮᠦᠰᠭᠡᠬᠦ ᠳᠤ ᠠᠭᠤᠯᠨ ᠨᠤᠭᠤᠳ ᠮᠠᠯᠢᠯᠵᠠᠨ ᠢᠨᠢᠶᠡᠵᠤ ᠪᠠᠶᠢᠭ᠎ᠠ ᠰᠠᠶᠢᠬᠠᠨ ᠰᠡᠳᠬᠢᠯ ᠲᠠᠢ ᠲᠠᠷᠭᠤᠨ ᠰᠢᠷ᠎ᠠ | ᠬᠦᠮᠦᠨ ᠰᠢᠭ᠋ ᠬᠠᠷᠠᠭᠳᠠᠵᠤ ᠪᠠᠶᠢᠯ᠎ᠠ᠃ ᠪᠢ ᠠᠳᠤᠭᠤ ᠪᠠᠨ ᠬᠡᠷ ᠤᠨ ᠵᠦᠭ ᠠᠯᠭᠤᠷᠬᠠᠨ ᠲᠠᠭᠤᠪᠠ᠃ ᠨᠠᠷᠠ ᠵᠡᠬᠦᠨ | ᠲᠠᠯ᠎ᠠ ᠶᠢᠨ ᠤᠷᠤᠢ ᠠᠴᠠ ᠰᠠᠯᠵᠤ ᠶᠠᠳᠠᠨ ᠪᠠᠶᠢᠬᠤ ᠳᠤ ᠪᠢ ᠠᠳᠤᠭᠤ ᠪᠠᠨ ᠭᠡᠷ ᠤᠨ ᠭᠠᠳᠠᠨ᠎ᠠ ᠠᠪᠴᠢᠷᠠᠭᠰᠠᠨ | ᠪᠦᠭᠡᠳ ᠲᠤᠷᠵᠢ ᠭᠤᠸᠠᠢ ᠶᠢᠨ ᠭᠡᠷ ᠤᠨ ᠴᠠᠭᠠᠨ᠎ᠠ ᠬᠤᠤᠰ ᠬᠤᠤᠰ ᠢᠶᠠᠷ ᠨᠢ ᠬᠡᠷᠦᠭᠰᠡᠨ ᠪᠤᠯᠤᠯᠳᠠᠢ ᠦᠯᠤ ᠲᠠᠨᠢᠬᠤ | ᠲᠦᠷᠪᠡᠨ ᠮᠤᠷᠢ ᠢᠳᠡᠵᠤ ᠪᠠᠶᠢᠭ᠎ᠠ ᠬᠠᠷᠠᠭᠳᠠᠪᠠ᠃ | ᠠᠳᠤᠭᠤᠨ ᠤ ᠲᠦᠷᠦᠬᠦᠤ ᠵᠡᠯᠡᠨ ᠲᠡᠭᠡᠷ᠎ᠠ ᠤᠴᠢᠭᠠᠳ ᠵᠤᠭᠰᠤᠬᠤ ᠳᠤ ᠠᠪᠤ ᠮᠢᠨᠢ ᠬᠠᠵᠠᠭᠠᠷ ᠢᠶᠠᠨ ᠪᠠᠷᠢᠨ | ᠲᠤᠮᠤ ᠲᠤᠮᠤ ᠠᠯᠬᠤᠯᠠᠵᠤ ᠢᠷᠡᠭᠡᠳ᠄ ︽ᠵᠠ ᠤᠷᠤᠵᠤ ᠲᠤᠯᠠᠭᠠᠴᠨ᠃ ᠪᠢ ᠤᠨᠠᠭ᠎ᠠ ᠪᠠᠷᠢᠭᠠᠳ ᠤᠶᠠᠴᠢᠬᠠᠶᠠ︾ | ᠬᠡᠪᠡ᠃ ᠡᠨᠡ ᠰᠦᠨᠢ ᠠᠳᠤᠭᠤ ᠮᠠᠨᠠᠭᠰᠠᠨ ᠮᠢᠨᠢ ᠨᠠᠳᠠᠳᠤ ᠮᠤᠨᠳᠠᠭ ᠪᠠᠭᠠᠳᠤᠷᠯᠢᠭ ᠬᠡᠷᠡᠭ ᠰᠠᠨᠠᠭᠳᠠᠵᠤ ᠪᠠᠶᠢᠵᠤ ᠪᠢᠯᠨ᠃ | ᠭᠡᠪᠡᠴᠤ ᠠᠪᠤ ᠮᠢᠨᠢ ᠨᠠᠮᠠᠢᠢ ᠰᠠᠶᠢᠰᠢᠶᠠᠭᠰᠠᠨ ᠦᠭᠡᠢ᠃ ᠪᠤᠳᠤᠪᠠᠯ ᠦᠩᠭᠡᠷᠡᠬᠦᠯᠦᠭᠰᠡᠨ ᠠᠮᠢᠳᠤᠷᠠᠯ ᠳᠤᠨᠢ ᠡᠨᠡ | ᠪᠠᠶᠢᠳᠤᠭᠠᠢ ᠡᠬᠦᠨ ᠠᠴᠠ ᠬᠡᠳᠤ ᠲᠠᠬᠢᠨ ᠬᠡᠴᠡᠬᠦᠤ ᠰᠦᠨᠢ ᠠᠳᠤᠭᠤ ᠮᠠᠨᠠᠬᠤ ᠶᠠᠪᠤᠳᠠᠯ ᠪᠢᠰᠢᠬᠦᠢ ᠲᠤᠬᠢᠶᠠᠯᠳᠤᠭᠰᠠᠨ | ᠲᠤᠯᠨ ᠮᠢᠨᠤ ᠡᠨᠡ ᠠᠵᠢᠯ ᠲᠡᠬᠦᠨ ᠳᠤ ᠮᠠᠯᠴᠢᠨ ᠬᠦᠮᠦᠨ ᠤ ᠠᠮᠢᠳᠤᠷᠠᠯ ᠤᠨ ᠵᠢᠷ ᠤᠨ ᠬᠡᠷᠡᠭ ᠪᠠᠶᠢᠭᠰᠠᠨ ᠪᠢᠵᠠ᠃ | ᠨᠠᠮᠠᠢᠢ ᠬᠡᠷ ᠲᠤ ᠤᠷᠤᠬᠤ ᠳᠤ ᠡᠵᠢ ᠮᠢᠨᠢ ᠬᠠᠴᠠᠷᠳᠠᠨ ᠠᠰᠠᠵᠤ᠂ ᠦᠰᠦᠭᠡᠢ ᠪᠠᠨ ᠡᠷᠬᠦᠨ ᠦᠯᠢᠢᠵᠤ ᠮᠠᠩᠨᠠᠢ | ᠲᠡᠭᠡᠷ᠎ᠠ ᠮᠢᠨᠢ ᠦᠨᠦᠰᠦᠭᠡᠳ ᠬᠡᠢ ᠯᠡ ᠰᠦᠨᠢ ᠶᠢᠨ ᠲᠤᠷᠰᠢ ᠨᠢᠭᠡ ᠴᠤ ᠠᠮᠢᠰᠬᠤᠯ ᠠᠪᠤᠭ᠎ᠠ ᠦᠭᠡᠢ ᠶᠤᠮ ᠰᠢᠭ᠋ | ᠴᠡᠭᠡᠵᠢ ᠲᠦᠬᠦᠷᠡᠩ ᠠᠭᠠᠷ ᠲᠠᠳᠠᠭᠰᠠᠨ ᠢᠶᠠᠨ᠄ ︽ᠠᠢ ᠪᠤᠷᠬᠠᠨ ᠮᠢᠨᠢ᠂ ᠬᠦᠤ ᠮᠢᠨᠢ ᠠᠮᠢᠳᠤ ᠢᠷᠡᠯ᠎ᠠ︾ ᠬᠡᠵᠤ | ᠬᠤᠶᠢᠮᠤᠷ ᠪᠠᠶᠢᠭ᠎ᠠ ᠪᠤᠷᠬᠠᠨ ᠤ ᠵᠦᠭ ᠮᠢᠨᠤ ᠢᠷᠡᠭᠰᠡᠨ ᠢ ᠮᠡᠳᠡᠭᠳᠡᠵᠤ ᠪᠠᠶᠢᠭ᠎ᠠ ᠶᠤᠮ ᠰᠢᠭ᠋ ᠬᠡᠯᠡᠪᠡ᠃ | ᠡᠵᠢ ᠶᠢᠨ ᠮᠢᠨᠢ ᠬᠦᠨ ᠬᠠᠶᠢᠷ᠎ᠠ ᠬᠡᠷᠡᠯᠳᠦᠭᠰᠡᠨ ᠨᠢᠳᠤ᠂ ᠠᠵᠢᠯ ᠨᠠᠰᠤ ᠬᠤᠶᠠᠷ ᠤᠨ ᠲᠡᠮᠳᠡᠭ ᠪᠤᠯᠤᠭᠰᠠᠨ | ᠨᠢᠭᠤᠷ ᠤᠨ ᠦᠷᠴᠢᠯᠡᠭᠡ ᠪᠦᠬᠦᠨ ᠳᠤ ᠨᠤᠶᠢᠷ ᠦᠭᠡᠢ ᠬᠤᠨᠤᠭᠰᠠᠨ ᠤ ᠶᠠᠳᠠᠷᠠᠯ ᠤᠨ ᠰᠢᠨᠵᠢ ᠲᠤᠳᠤᠬᠠᠨ ᠬᠠᠷᠠᠭᠳᠠᠵᠤ | ᠪᠠᠶᠢᠯ᠎ᠠ᠃ | ᠪᠢ ᠬᠤᠪᠴᠠᠰᠤ ᠪᠠᠨ ᠰᠤᠯᠢᠵᠤ ᠡᠮᠦᠰᠬᠦ ᠵᠠᠭᠤᠷ᠎ᠠ ᠲᠤᠷᠵᠢ ᠭᠤᠸᠠᠢ ᠶᠢᠨ ᠲᠠᠯᠪᠢᠭᠰᠠᠨ ᠦᠯᠤ ᠲᠠᠨᠢᠬᠤ | ᠮᠤᠷᠢᠳ ᠤᠨ ᠲᠤᠬᠠᠢ ᠠᠰᠠᠭᠤᠬᠤ ᠳᠤ᠄ ︽ᠨᠠᠪᠴᠢ ᠶᠢᠨ ᠡᠴᠢᠭᠡ ᠨᠢ ᠲᠡᠬᠦᠤ ᠦᠬᠢᠨ ᠲᠠᠢ ᠨᠢ ᠢᠷᠡᠭᠰᠡᠨ᠃ ᠵᠠ | ᠬᠦᠤ ᠮᠢᠨᠢ ᠴᠠᠢ ᠪᠠᠨ ᠤᠤᠭᠤ︕︾ ᠬᠡᠵᠤ ᠡᠵᠢ ᠮᠢᠨᠢ ᠬᠡᠯᠡᠬᠦ ᠵᠠᠭᠤᠷ᠎ᠠ ᠠᠶᠠᠭ᠎ᠠ ᠲᠦᠬᠦᠷᠡᠩ ᠰᠢᠨᠡᠭᠡᠨ ᠦᠷᠦᠮ᠎ᠠ | ᠲᠡᠭᠡᠷ᠎ᠠ ᠴᠠᠢ ᠬᠢᠭᠡᠳ ᠦᠭᠬᠦᠯ᠎ᠠ᠃ ᠪᠢ ᠲᠤᠷᠵᠢ ᠭᠤᠸᠠᠢ ᠶᠢᠨ ᠳᠤ ᠢᠷᠡᠭᠰᠡᠨ ᠵᠤᠴᠢᠳ ᠤᠨ ᠲᠤᠬᠠᠢ ᠠᠰᠠᠭᠤᠬᠤ | ᠭᠡᠳ ᠯᠡ᠂ ᠬᠠᠭᠤᠷᠠᠢ ᠬᠤᠪᠴᠠᠰᠤ ᠡᠮᠦᠰᠦᠭᠡᠳ ᠬᠠᠯᠠᠭᠤᠨ ᠴᠠᠢ ᠤᠤᠭᠤᠭᠰᠠᠨ ᠢᠶᠠᠷ ᠮᠠᠷᠳᠠᠭᠳᠠᠵᠤ ᠡᠬᠢᠯᠡᠭᠰᠡᠨ | ᠰᠦᠨᠢ ᠶᠢᠨ ᠶᠠᠪᠤᠳᠠᠯ ᠢ ᠡᠵᠢ ᠮᠢᠨᠢ ᠠᠰᠠᠭᠤᠵᠤ ᠰᠡᠳᠬᠢᠯ ᠢᠶᠠᠨ ᠵᠤᠪᠠᠭᠠᠬᠤ ᠬᠡᠳ ᠯᠡ ᠪᠢᠳᠠ ᠬᠤᠶᠠᠷ ᠤᠨ ᠬᠦᠰᠡᠯ | ᠵᠦᠷᠢᠵᠤ ᠶᠠᠷᠢᠶ᠎ᠠ ᠮᠠᠨᠢ ᠤᠯᠢᠭ ᠲᠠᠢ ᠪᠤᠯᠤᠭᠰᠠᠨ ᠦᠭᠡᠢ᠃ | ᠦᠷᠦᠮ᠎ᠠ ᠢᠳᠡᠵᠤ᠂ ᠴᠠᠢ ᠤᠤᠭᠤᠵᠤ ᠰᠠᠭᠤᠬᠤ ᠳᠤ ᠲᠤᠷᠵᠢ ᠭᠤᠸᠠᠢ ᠶᠢᠨ ᠳᠤ ᠶᠠᠮᠠᠷ ᠵᠤᠴᠢᠳ ᠶᠠᠭᠠᠬᠢᠬᠤ | ᠬᠡᠵᠤ ᠢᠷᠡᠭᠰᠡᠨ ᠶᠤᠮ ᠪᠤᠯ︖ ᠶᠠᠮᠠᠷ ᠰᠢᠤ ᠬᠦᠮᠦᠰ ᠪᠠᠶᠢᠭ᠎ᠠ ᠪᠤᠯ︖ ᠬᠡᠬᠦ ᠵᠡᠷᠭᠡ ᠡᠳᠦᠢ ᠲᠡᠳᠦᠢ ᠬᠠᠷᠢᠭᠤ | ᠨᠡᠭᠡᠭᠰᠡᠨ ᠠᠰᠠᠭᠤᠳᠠᠯ ᠰᠡᠳᠬᠢᠯ ᠳᠤ ᠮᠢᠨᠢ ᠡᠷᠬᠢᠯᠳᠦᠵᠤ ᠪᠠᠶᠢᠯ᠎ᠠ᠃ | ᠪᠢ ᠴᠠᠢ ᠤᠤᠭᠤᠭᠰᠠᠨ ᠤ ᠲᠠᠷᠠᠭ᠎ᠠ ᠬᠡᠷ ᠠᠴᠠ ᠪᠠᠨ ᠭᠠᠷᠴᠤ ᠰᠢᠬᠢᠷ ᠪᠤᠤᠪᠤ ᠭᠤᠷᠢᠳᠠᠭᠰᠠᠨ ᠬᠡᠦᠭᠡᠳ ᠵᠠᠩ | ᠳᠤ ᠠᠪᠳᠠᠭᠳᠠᠨ ᠲᠤᠷᠵᠢ ᠭᠤᠸᠠᠢ ᠶᠢᠨ ᠭᠡᠷ ᠤᠷᠤᠭᠤ ᠬᠠᠷᠠᠵᠤ ᠬᠡᠰᠡᠭ ᠵᠤᠭᠰᠤᠭᠰᠠᠨ ᠢᠶᠠᠨ ᠬᠡᠨᠡᠳᠳᠠ ᠬᠠᠩᠬᠠᠷ | ᠡᠷ᠎ᠠ ᠪᠤᠯᠤᠭᠰᠠᠨ ᠢᠶᠠᠨ ᠰᠠᠨᠠᠵᠤ ᠬᠡᠬᠦᠤ ᠶᠢᠨ ᠵᠡᠯ᠎ᠠ ᠤᠷᠤᠭᠤ ᠲᠦᠷᠭᠡᠨ ᠠᠯᠬᠤᠪᠠ᠃ ᠬᠡᠳᠡᠯ᠎ᠠ ᠠᠷᠤ ᠠᠴᠠ ᠮᠢᠨᠢ | ᠨᠠᠪᠴᠢ ᠭᠤᠸᠠᠢ ᠲᠠᠭᠤᠳᠠᠬᠤ ᠳᠤ ᠦᠪᠡᠷ ᠤᠨ ᠡᠷᠭᠡ ᠦᠭᠡᠢ ᠪᠠᠶᠠᠷᠯᠠᠨ ᠡᠷᠬᠢᠵᠤ ᠲᠤᠷᠵᠢ ᠭᠤᠸᠠᠢ ᠶᠢᠨ ᠤᠷᠤᠭᠤ | ᠰᠢᠬᠢᠷ ᠪᠤᠳᠤᠭᠰᠠᠨ ᠠᠴᠠ ᠦᠭᠡᠷ᠎ᠠ ᠶᠠᠭᠤ ᠴᠤ ᠪᠤᠳᠤᠭᠰᠠᠨ ᠦᠭᠡᠢ ᠶᠠᠪᠤᠪᠠ᠃ ᠲᠤᠷᠵᠢ ᠭᠤᠸᠠᠢ ᠶᠢᠨ ᠳᠤ ᠤᠷᠤᠬᠤ | ᠳᠤ ᠲᠠᠪᠢ ᠭᠠᠷᠤᠢ ᠨᠠᠰᠤᠨ ᠤ ᠡᠷᠡᠭᠳᠠᠢ ᠬᠦᠮᠦᠨ ᠬᠤᠶᠢᠮᠤᠷ ᠨᠢ ᠨᠦᠮᠦᠭᠡᠨ ᠰᠠᠭᠤᠭᠠᠳ ᠴᠠᠢ ᠤᠤᠭᠤᠵᠤ ᠪᠠᠶᠢᠪᠠ᠃ | ᠨᠢᠭᠡ ᠪᠦᠰᠡᠬᠦᠢ ᠬᠦᠮᠦᠨ ᠴᠠᠰᠢ ᠬᠠᠷᠠᠭᠠᠳ ᠪᠠᠷᠠᠭᠤᠨ ᠬᠤᠶᠢᠳᠤ ᠠᠪᠳᠠᠷ᠎ᠠ ᠤᠷᠤᠭᠤ ᠶᠠᠮᠠᠷ ᠨᠢᠭᠡ ᠶᠠᠭᠤᠮ᠎ᠠ ᠬᠢᠵᠤ | ᠪᠠᠶᠢᠪᠠ᠃ ᠪᠢ ᠲᠤᠮᠤ ᠬᠦᠮᠦᠨ ᠤ ᠰᠢᠬᠠᠮᠠᠯ ᠪᠦᠳᠦᠭᠦᠨ ᠲᠠᠭᠤ ᠪᠠᠷ ᠬᠤᠶᠢᠮᠤᠷ ᠰᠠᠭᠤᠵᠤ ᠪᠠᠶᠢᠭ᠎ᠠ ᠬᠦᠮᠦᠨ ᠤ ᠠᠮᠤᠷ | ᠮᠡᠨᠳᠤ ᠶᠢ ᠠᠰᠠᠭᠤᠪᠠ᠃ | ᠨᠠᠪᠴᠢ ᠭᠤᠸᠠᠢ ᠰᠢᠷᠭᠤᠤᠯ ᠠᠴᠠ ᠪᠠᠨ ᠠᠳᠬᠤ ᠲᠦᠬᠦᠷᠡᠩ ᠰᠢᠬᠢᠷ ᠪᠤᠤᠪᠤ ᠠᠪᠴᠤ ᠨᠠᠳᠠᠳᠤ ᠦᠭᠭᠦᠭᠰᠡᠨ | ᠳᠤ ᠪᠢ ᠬᠤᠶᠠᠷ ᠭᠠᠷ ᠢᠶᠠᠷ ᠢᠶᠠᠨ ᠲᠤᠰᠴᠤ ᠠᠪᠤᠭᠠᠳ ᠲᠠᠬᠢᠮ ᠢᠶᠠᠨ ᠦᠯᠤ ᠮᠡᠳᠡᠭ ᠨᠤᠭᠤᠯᠤᠨ ᠶᠤᠰᠤᠯᠠᠳᠠᠯᠠ ︵ | ᠬᠦᠮᠦᠨ ᠶᠠᠭᠤᠮ᠎ᠠ ᠦᠭᠬᠦ ᠳᠤ ᠮᠤᠩᠭᠤᠯ ᠬᠦᠮᠦᠨ ᠬᠤᠶᠠᠷ ᠭᠠᠷ ᠢᠶᠠᠷ ᠢᠶᠠᠨ ᠲᠤᠰᠴᠤ ᠠᠪᠤᠭᠠᠳ ᠲᠠᠬᠢᠮ ᠢᠶᠠᠨ | ᠨᠤᠭᠤᠯᠤᠨ ᠶᠤᠰᠤᠯᠠᠳᠠᠭ ᠶᠤᠮ ᠬᠡᠵᠤ ᠪᠠᠭ᠎ᠠ ᠳᠤ ᠮᠢᠨᠢ ᠡᠵᠢ ᠵᠢᠭᠠᠵᠤ ᠦᠭᠴᠤ ᠪᠢᠯᠨ︶ ᠠᠪᠳᠠᠷ᠎ᠠ ᠲᠤ ᠶᠠᠭᠤᠮ᠎ᠠ | ᠬᠢᠵᠤ ᠪᠠᠶᠢᠭᠰᠠᠨ ᠬᠡᠦᠭᠡᠨ ᠡᠷᠬᠢᠵᠤ ᠬᠠᠷᠠᠯ᠎ᠠ᠃ | ᠨᠢᠳᠤ ᠮᠢᠨᠢ ᠲᠡᠬᠦᠨ ᠤ ᠡᠬᠡ ᠪᠠᠨ ᠬᠠᠷᠠᠭᠰᠠᠨ ᠪᠤᠳᠤᠭᠤᠨ ᠤ ᠨᠢᠳᠤ ᠰᠢᠭ ᠲᠤᠷᠮᠤᠯᠵᠠᠵᠤ ᠪᠠᠶᠢᠭ᠎ᠠ ᠨᠢᠳᠤᠨ | ᠠᠴᠠ ᠰᠠᠯᠵᠤ ᠴᠢᠳᠠᠬᠤ ᠦᠭᠡᠢ ᠪᠤᠯᠤᠨ ᠭᠠᠷ ᠲᠠᠭᠠᠨ ᠪᠠᠶᠢᠭ᠎ᠠ ᠪᠤᠤᠪᠤ ᠰᠢᠬᠢᠷ ᠢᠶᠠᠨ ᠠᠯᠢ ᠬᠡᠳᠦᠶᠢᠨ ᠮᠠᠷᠳᠠᠭᠠᠳ᠂ | ᠲᠡᠬᠦᠨ ᠤ ᠵᠠᠷᠢᠮ ᠨᠢ ᠤᠨᠠᠵᠤ ᠪᠠᠶᠢᠬᠤ ᠶᠢ ᠴᠤ ᠮᠡᠳᠡᠭᠰᠡᠨ ᠦᠭᠡᠢ᠃ ᠲᠡᠭᠡᠭᠡᠳ ᠦᠪᠡᠷ ᠤᠨ ᠡᠪ ᠦᠭᠡᠢ ᠪᠠᠶᠢᠳᠠᠯ ᠢ | ᠮᠡᠳᠡᠮᠡᠭᠴᠨ ᠢᠴᠢᠵᠤ ᠵᠤᠪᠠᠭ᠋ᠤ ᠶᠢᠨ ᠲᠤᠶᠢᠯ ᠳᠤ ᠬᠦᠷᠴᠤ ᠶᠠᠭᠠᠬᠢᠬᠤ ᠪᠠᠨ ᠮᠡᠳᠡᠬᠦ ᠦᠭᠡᠢ ᠪᠤᠯᠤᠭᠠᠳ ᠠᠷᠭ᠎ᠠ ᠪᠠᠨ | ᠪᠠᠷᠠᠬᠤ ᠳᠠᠭᠠᠨ᠄ ︽ᠲᠠ ᠰᠠᠶᠢᠨ ᠪᠠᠶᠢᠨ᠎ᠠ ᠦᠦ︖︾ ᠬᠡᠵᠤ ᠬᠡᠦᠭᠡᠨ ᠠᠴᠠ ᠠᠰᠠᠭᠤᠪᠠ᠃ ᠮᠢᠨᠤ ᠮᠡᠨᠳᠤᠴᠢᠯᠡᠯ ᠤᠨ | ᠬᠠᠷᠢᠭᠤ ᠳᠤ ᠲᠡᠷᠨ ᠬᠡᠦᠭᠡᠨ ᠶᠠᠭᠠᠬᠢᠭᠰᠠᠨ᠂ ᠶᠠᠭᠤ ᠬᠡᠵᠤ ᠬᠡᠯᠡᠭᠰᠡᠨ ᠢ ᠪᠢ ᠮᠡᠳᠡᠬᠦ ᠦᠭᠡᠢ᠃ ᠬᠠᠷᠢᠨ ᠱᠠᠯᠠᠪᠬᠠᠨ | ᠰᠢᠬᠢᠷ ᠪᠤᠤᠪᠤ ᠪᠠᠨ ᠡᠪᠤᠷᠳᠦᠯᠡᠭᠡᠳ ᠡᠷᠬᠢᠵᠤ ᠭᠠᠷᠤᠨ ᠬᠡᠬᠦᠤ ᠶᠢᠨ ᠵᠡᠯ᠎ᠠ ᠤᠷᠤᠭᠤ ᠶᠠᠪᠤᠵᠤ ᠪᠢᠯᠨ᠃ | ᠶᠠᠪᠤᠵᠤ ᠪᠠᠶᠢᠬᠤ ᠳᠤ ᠮᠢᠨᠢ ᠲᠡᠷᠨ ᠬᠡᠦᠭᠡᠨ ᠤ ᠵᠤᠨ ᠤ ᠨᠠᠷᠨ ᠠᠯᠤᠰ ᠤᠨ ᠵᠠᠮ ᠬᠤᠶᠠᠷ ᠭᠠᠩᠳᠠᠭᠠᠵᠤ | ᠴᠢᠳᠠᠭ᠎ᠠ ᠦᠭᠡᠢ ᠴᠢᠷᠠᠢ᠂ ᠲᠤᠷᠮᠤᠯᠵᠠᠨ ᠠᠯᠠᠭᠯᠠᠭᠰᠠᠨ ᠬᠤᠶᠠᠷ ᠨᠢᠳᠤ᠂ ᠤᠷᠳᠤ ᠤᠷᠳᠤ ᠴᠠᠭᠠᠨ ᠰᠢᠳᠤ᠂ | ᠭᠠᠩᠳᠠᠭᠰᠠᠨ ᠴᠡᠩᠭᠡᠷ ᠲᠡᠪᠡᠯ ᠤᠨ ᠠᠷᠤ ᠤᠷᠤᠭᠤ ᠮᠤᠰᠬᠢᠷᠠᠨ ᠤᠨᠵᠠᠶᠢᠵᠤ ᠪᠠᠶᠢᠭᠰᠠᠨ ᠪᠦᠳᠦᠬᠦᠨ ᠬᠠᠷ᠎ᠠ ᠬᠡᠵᠢᠭᠡ ᠨᠢ | ᠰᠡᠳᠬᠢᠯ ᠠᠴᠠ ᠮᠢᠨᠢ ᠵᠠᠶᠢᠯᠠᠬᠤ ᠪᠠᠨ ᠪᠤᠯᠢᠭᠠᠳ᠂ ᠲᠠᠬᠢᠨ ᠬᠠᠷᠠᠬᠤ ᠬᠡᠰᠡᠨ ᠬᠦᠰᠡᠯ ᠨᠠᠮᠠᠢᠢ ᠦᠪᠡᠷ ᠤᠨ ᠡᠷᠭᠡ | ᠦᠭᠡᠢ ᠬᠡᠳᠤ ᠲᠠᠬᠢᠨ ᠡᠷᠬᠢᠬᠦᠯᠵᠤ᠂ ᠲᠤᠷᠵᠢ ᠭᠤᠸᠠᠢ ᠶᠢᠨ ᠭᠡᠷ ᠤᠷᠤᠭᠤ ᠬᠠᠷᠠᠭᠤᠯᠪᠠ᠃ | ᠠᠷᠪᠠᠨ ᠵᠢᠷᠭᠤᠭ᠎ᠠ ᠲᠤᠯᠤᠭ᠎ᠠ ᠤᠷᠴᠢᠮ ᠨᠠᠰᠤᠳᠠᠢ ᠪᠤᠯᠪᠠ ᠦᠦ ᠬᠡᠮᠡᠷ ᠲᠡᠷᠨ ᠬᠡᠦᠭᠡᠨ ᠤ ᠲᠤᠬᠠᠢ ᠪᠤᠳᠤᠵᠤ | ᠶᠠᠪᠤᠬᠤ ᠳᠤ ᠤᠴᠢᠷ ᠨᠢ ᠦᠯᠤ ᠮᠡᠳᠡᠭᠳᠡᠬᠦ ᠪᠠᠶᠠᠷ ᠪᠠᠶᠠᠰᠬᠤᠯᠠᠩ ᠲᠤᠳᠤᠷ᠎ᠠ ᠮᠢᠨᠢ ᠪᠠᠭᠳᠠᠨ ᠶᠠᠳᠠᠵᠤ᠂ ᠰᠡᠳᠬᠢᠯ ᠤᠨ | ᠮᠢᠨᠢ ᠲᠤᠳᠤᠷ᠎ᠠ ᠬᠦᠭᠵᠢᠮ ᠲᠤᠤᠭᠠᠷᠬᠤ ᠮᠡᠳᠤ ᠪᠤᠯᠵᠤ ᠪᠠᠶᠢᠯ᠎ᠠ᠃ ᠠᠪᠤ ᠲᠤᠷᠵᠢ ᠭᠤᠸᠠᠢ ᠬᠤᠶᠠᠷ ᠤᠨᠠᠭ᠎ᠠ ᠪᠠᠨ | ᠤᠶᠠᠵᠤ᠂ ᠤᠨᠤᠬᠤ ᠮᠤᠷᠢᠳ ᠢᠶᠠᠨ ᠪᠠᠷᠢᠵᠤ ᠠᠪᠤᠭᠠᠳ ᠵᠡᠷᠭᠡᠴᠡᠨ ᠰᠠᠭᠤᠵᠤ ᠲᠠᠮᠠᠬᠢ ᠲᠠᠳᠠᠨ ᠶᠠᠷᠢᠵᠤ ᠪᠠᠶᠢᠭᠰᠠᠨ | ᠲᠤᠯᠨ ᠪᠢ ᠤᠴᠢᠵᠤ ᠬᠠᠵᠠᠭᠤᠳᠠ ᠨᠢ ᠰᠠᠭᠤᠪᠠ᠃ ᠲᠡᠷᠨ ᠬᠤᠶᠠᠷ ᠤᠨ ᠶᠠᠷᠢᠶᠠᠨ ᠠᠴᠠ ᠬᠠᠳᠠᠮ ᠡᠴᠢᠭᠡ ᠨᠢ ᠲᠤᠷᠵᠢ | ᠭᠤᠸᠠᠢ ᠶᠢᠨ ᠬᠢ ᠶᠢ ᠨᠡᠬᠦᠯᠭᠡᠵᠤ ᠠᠪᠠᠴᠢᠬᠤ ᠬᠡᠵᠤ ᠢᠷᠡᠭᠰᠡᠨ᠂ ᠲᠡᠭᠡᠬᠦ ᠳᠡᠭᠡᠨ ᠲᠤᠷᠵᠢ ᠭᠤᠸᠠᠢ ᠶᠢᠨ ᠬᠢ ᠰᠠᠷ᠎ᠠ | ᠭᠠᠷᠤᠢ ᠪᠤᠯᠤᠭᠠᠳ ᠨᠡᠬᠦᠬᠦ ᠰᠠᠨᠠᠭᠠᠳᠠᠢ᠂ ᠢᠩᠬᠢᠵᠤ ᠤᠳᠠᠬᠤ ᠶᠢᠨ ᠰᠢᠯᠳᠠᠭᠠᠨ ᠪᠤᠯ ᠨᠢᠭᠡ ᠳᠤ ᠰᠠᠶ᠋ᠢᠬᠠᠨ | ᠠᠮᠤᠷᠵᠢᠭᠰᠠᠨ ᠨᠠᠪᠴᠢ ᠭᠤᠸᠠᠢ ᠶᠢᠨ ᠪᠡᠶ᠎ᠠ ᠶᠢ ᠪᠦᠷᠢᠨ ᠲᠠᠮᠢᠷᠵᠢᠭᠤᠯᠬᠤ᠂ ᠬᠤᠶᠠᠷ ᠲᠤ ᠬᠠᠳᠠᠮ ᠡᠴᠢᠭᠡ ᠨᠢ | ᠬᠤᠶᠠᠩ ᠰᠢᠷ᠎ᠠ ᠤᠰᠤᠨ ᠤ ᠡᠪᠡᠳᠴᠢᠨ ᠲᠠᠢ ᠲᠤᠯᠨ ᠮᠠᠨ ᠤ ᠰᠤᠮᠤ ᠶᠢᠨ ᠡᠮᠦᠨ᠎ᠠ ᠵᠠᠬ᠎ᠠ ᠳᠤ ᠪᠠᠶᠢᠳᠠᠭ ᠬᠠᠯᠠᠭᠤᠨ | ᠷᠠᠰᠢᠶᠠᠨ ᠳᠤ ᠤᠴᠢᠵᠤ ᠤᠷᠤᠬᠤ ᠪᠠᠷ ᠢᠷᠡᠭᠰᠡᠨ ᠠᠴᠠ ᠪᠤᠯᠵᠠᠢ᠃ ᠬᠠᠷᠢᠨ ᠬᠠᠳᠠᠮ ᠨᠢ ᠪᠤᠴᠠᠵᠤ ᠢᠷᠡᠳᠡᠯ᠎ᠠ ᠨᠠᠪᠴᠢ | ᠭᠤᠸᠠᠢ ᠶᠢᠨ ᠲᠡᠬᠦᠤ ᠨᠢ ᠲᠤᠷᠵᠢ ᠭᠤᠸᠠᠢ ᠶᠢᠨ ᠠᠵᠢᠯ ᠳᠤ ᠲᠤᠰᠠᠯᠠᠯᠴᠠᠵᠤ ᠪᠠᠶᠢᠬᠤ ᠠᠵᠠᠢ᠃ | ᠢᠵᠢᠯᠢ ᠲᠠᠰᠤᠯ ᠪᠤᠯᠤᠭᠰᠠᠨ ᠲᠤᠷᠵᠢ ᠭᠤᠸᠠᠢ᠂ ᠨᠠᠪᠴᠢ ᠭᠤᠸᠠᠢ ᠬᠤᠶᠠᠷ ᠮᠢᠨᠢ ᠠᠯᠤᠰ ᠬᠤᠯᠨ ᠨᠡᠬᠦᠨᠠ | ᠬᠡᠳᠡᠭ ᠨᠠᠳᠠᠳᠤ ᠶᠡᠭᠡ ᠭᠠᠰᠢᠭᠤᠳᠠᠯᠳᠠᠢ ᠪᠠᠶᠢᠪᠠ᠃ ᠬᠡᠪᠡᠴᠤ ᠡᠨᠡ ᠤᠶᠢᠳᠬᠠᠷ ᠢ ᠲᠤᠷᠵᠢ ᠭᠤᠸᠠᠢ ᠶᠢᠨ ᠳᠤ | ᠰᠠᠶ᠋ᠢᠬᠠᠨ ᠦᠵᠡᠭᠰᠡᠨ ᠬᠡᠦᠭᠡᠨ ᠪᠠᠶᠢᠨ᠎ᠠ ᠬᠡᠳᠡᠭ ᠶᠡᠭᠡ ᠪᠠᠶᠠᠷ ᠰᠠᠷᠨᠢᠭᠤᠯᠤᠨ ᠲᠤᠤᠷ᠎ᠠ ᠨᠢ ᠮᠠᠷᠳᠠᠭᠤᠯᠪᠠ᠃ ᠠᠪᠤ | ᠬᠤᠶᠠᠷ ᠬᠡᠷ ᠤᠨ ᠰᠦ ᠶᠢ ᠵᠠᠪᠤᠳ᠋ ᠳᠤ ᠠᠪᠠᠴᠢᠵᠤ ᠦᠭᠬᠦ ᠪᠠᠷ ᠲᠤᠷᠵᠢ ᠭᠤᠸᠠᠢ ᠰᠤᠪᠠᠢ ᠠᠳᠤᠭᠤ ᠪᠠᠨ ᠬᠡᠯᠢᠬᠦ ᠪᠠᠷ | ᠮᠤᠷᠳᠠᠪᠠ᠃ ᠪᠢ ᠲᠤᠷᠵᠢ ᠭᠤᠸᠠᠢ ᠶᠢᠨ ᠳᠤ ᠤᠷᠤᠬᠤ ᠦᠦ᠂ ᠪᠠᠶᠢᠬᠤ ᠦᠦ︖ ᠬᠡᠰᠡᠨ ᠰᠡᠳᠬᠢᠯ ᠤᠨ ᠵᠦᠷᠢᠯᠳᠦᠭᠡᠨ | ᠳᠤ ᠶᠠᠭᠤᠮ᠎ᠠ ᠡᠷᠢᠭᠰᠡᠨ ᠬᠦᠮᠦᠨ ᠰᠢᠭ ᠡᠶᠢᠰᠢ ᠲᠡᠶᠢᠰᠢ ᠨᠠᠶᠢᠭᠤᠨ ᠶᠠᠪᠤᠭᠰᠠᠭᠠᠷ ᠬᠡᠷ ᠲᠡᠭᠡᠨ ᠤᠷᠤᠵᠤ ᠢᠷᠡᠬᠦ ᠳᠤ | ᠮᠢᠨᠢ᠄ ︽ᠬᠦᠤ ᠮᠢᠨᠢ ᠲᠤᠭ ᠬᠢᠭᠡᠳ ᠠᠪᠬᠤ ᠦᠭᠡᠢ ᠦᠦ︖︾ ᠬᠡᠵᠤ ᠡᠵᠢ ᠮᠢᠨᠢ ᠬᠡᠯᠡᠪᠡ᠃ ᠮᠢᠨᠤ ᠬᠤᠪᠢ ᠳᠤ | ᠰᠦᠨᠢ ᠶᠢᠨ ᠶᠠᠪᠤᠳᠠᠯ ᠠᠯᠢ ᠡᠷᠳᠠ ᠪᠠᠯᠠᠷ ᠤᠨ ᠶᠤᠮ ᠰᠢᠭ᠋ ᠮᠠᠷᠳᠠᠭᠳᠠᠭᠠᠳ᠂ ᠶᠠᠳᠠᠷᠠᠬᠤ ᠬᠡᠳᠡᠭ ᠬᠡᠳᠦᠶᠢᠨ ᠤᠷᠤ | ᠰᠤᠷᠠᠭ ᠦᠭᠡᠢ ᠠᠯᠠᠭ᠎ᠠ ᠪᠤᠯᠤᠭᠰᠠᠨ ᠲᠤᠯᠨ ᠪᠢ ᠲᠤᠯᠤᠭᠠᠢ ᠪᠠᠨ ᠰᠡᠭᠰᠦᠷᠪᠡ᠃ | ᠬᠡᠬᠦᠤ ᠰᠠᠭᠠᠬᠤ ᠪᠤᠯᠪᠠ᠃ ᠮᠠᠨ ᠤ ᠬᠤᠶᠠᠷ ᠬᠡᠷ ᠨᠡᠶᠢᠯᠡᠭᠡᠳ ᠠᠷᠪᠠᠨ ᠬᠤᠶᠠᠷ ᠬᠡᠬᠦᠤ ᠰᠠᠭᠠᠳᠠᠭ ᠲᠤᠯᠨ ᠬᠡᠨ | ᠤᠷᠢᠳᠠᠵᠤ ᠭᠠᠷᠤᠭᠰᠠᠨ ᠨᠢ ᠨᠦᠬᠦᠭᠡ ᠶᠢᠨ ᠢᠶᠠᠨ ᠬᠤᠪᠢᠩ ᠢ ᠠᠪᠤᠭᠠᠳ ᠬᠡᠬᠦᠤ ᠶᠢ ᠨᠢ ᠰᠠᠭᠠᠵᠤ ᠰᠠᠭᠠᠮ᠎ᠠ ᠶᠢ ᠨᠢ | ᠤᠷᠤᠭᠤᠯᠵᠤ ᠦᠭᠬᠦᠳᠡᠭ ᠵᠠᠩᠰᠢᠯ ᠲᠠᠢ ᠪᠢᠯᠨ᠃ ᠲᠤᠷᠵᠢ ᠭᠤᠸᠠᠢ ᠮᠠᠨ ᠤ ᠳᠤ ᠤᠷᠤᠵᠤ ᠢᠷᠡᠭᠡᠳ ᠬᠦᠬᠦᠷ ᠤᠨ | ᠡᠮᠦᠨ᠎ᠠ ᠪᠠᠶᠢᠳᠠᠭ ᠬᠤᠪᠢᠩ ᠢ ᠠᠪᠤᠭᠠᠳ ᠭᠠᠷᠬᠤ ᠳᠤᠨᠢ ᠪᠢ ᠬᠦᠯᠳᠡᠵᠤ ᠪᠠᠶᠢᠭᠠᠳ ᠬᠡᠨᠡᠳᠳᠠ ᠬᠡᠰᠡᠭᠰᠡᠨ ᠶᠤᠮ ᠰᠢᠭ᠋ | ᠦᠰᠦᠷᠦᠨ ᠪᠤᠰᠴᠤ ᠬᠤᠶᠢᠨ᠎ᠠ ᠠᠴᠠ ᠨᠢ ᠲᠠᠭᠠᠵᠤ ᠬᠦᠶᠦᠨ ᠭᠠᠷᠤᠯ᠎ᠠ᠃ ᠬᠡᠬᠦᠤ ᠶᠢᠨ ᠵᠡᠯᠡᠨ ᠵᠦᠭ ᠬᠤᠶᠠᠷ ᠭᠠᠷ | ᠲᠠᠭᠠᠨ ᠬᠤᠪᠢᠩ ᠪᠠᠷᠢᠭᠠᠳ ᠠᠭᠠᠵᠢᠮᠬᠠᠨ ᠶᠠᠪᠤᠵᠤ ᠪᠠᠶᠢᠭ᠎ᠠ ᠬᠡᠦᠭᠡᠨ ᠤ ᠪᠦᠳᠦᠬᠦᠨ ᠬᠠᠷ᠎ᠠ ᠬᠡᠵᠢᠭᠡ ᠨᠢᠳᠤᠨ ᠳᠤ | ᠮᠢᠨᠢ ᠲᠤᠰᠬᠤ ᠳᠤ ᠰᠡᠳᠬᠢᠯ ᠳᠤ ᠮᠢᠨᠢ ᠪᠠᠶᠠᠷᠯᠠᠬᠤ ᠰᠠᠨᠳᠤᠷᠬᠤ ᠬᠤᠳᠬᠤᠯᠳᠤᠵᠤ᠄ ︽ᠲᠤᠷᠵᠢ ᠭᠤᠸᠠᠢ︕︾ | ᠬᠡᠵᠤ ᠪᠠᠷᠬᠢᠷᠠᠪᠠ᠃ | ᠨᠠᠳᠠ ᠠᠴᠠ ᠬᠤᠶᠠᠷ ᠠᠯᠬᠤᠮ ᠤᠨ ᠡᠮᠦᠨ᠎ᠠ ᠬᠤᠪᠢᠩ ᠪᠠᠷᠢᠭᠠᠳ ᠶᠠᠪᠤᠵᠤ ᠪᠠᠶᠢᠭᠰᠠᠨ ᠲᠤᠷᠵᠢ ᠭᠤᠸᠠᠢ | ᠰᠤᠴᠢᠨ ᠡᠷᠬᠢᠵᠤ ᠵᠤᠭᠰᠤᠭᠠᠳ ᠨᠠᠮᠠᠢᠢ ᠭᠠᠶᠢᠬᠠᠨ ᠬᠠᠷᠠᠯ᠎ᠠ᠃ ᠪᠢ ᠬᠡᠰᠡᠭ ᠵᠠᠭᠤᠷ᠎ᠠ ᠶᠠᠭᠤ ᠴᠤ ᠲᠤᠤᠭᠠᠷᠴᠤ | ᠴᠢᠳᠠᠬᠤ ᠦᠭᠡᠢ ᠵᠤᠭᠰᠤᠭᠰᠠᠨ ᠢᠶᠠᠨ ᠬᠡᠨᠡᠳᠳᠠ ᠬᠦᠳᠡᠯᠵᠤ ᠲᠤᠷᠵᠢ ᠭᠤᠸᠠᠢ ᠶᠢᠨ ᠪᠠᠷᠢᠵᠤ ᠶᠠᠪᠤᠭᠰᠠᠨ ᠬᠤᠪᠢᠩ ᠢ | ᠰᠢᠪᠳᠤ ᠲᠠᠳᠠᠨ ᠠᠪᠤᠭᠠᠳ᠄ ︽ᠲᠤᠷᠵᠢ ᠭᠤᠸᠠᠢ ᠁ ᠪᠢ ᠤᠴᠢᠶ᠎ᠠ ᠁ ᠲᠠ ᠬᠠᠷᠢᠵᠤ ᠠᠮᠠᠷᠠ︾ ᠬᠡᠳ | ᠲᠡᠬᠦᠨ ᠤᠷᠤᠭᠤ ᠬᠠᠷᠠᠬᠤ ᠬᠡᠰᠡᠨ ᠴᠢᠨᠢ ᠴᠢᠳᠠᠭᠰᠠᠨ ᠦᠭᠡᠢ ᠲᠠᠯᠳᠠᠷᠢᠪᠠ᠃ | ᠲᠤᠷᠵᠢ ᠭᠤᠸᠠᠢ ᠶᠢᠨ ᠬᠦᠷᠡᠩ ᠴᠢᠷᠠᠢ ᠳᠤ ᠰᠠᠶᠢᠬᠠᠨ ᠰᠡᠳᠬᠢᠯ ᠤᠨ ᠢᠨᠢᠶᠡᠮᠰᠦᠭᠯᠡᠯ ᠲᠤᠳᠤᠷᠠᠭᠠᠳ ᠮᠢᠨᠤ | ᠨᠢᠷᠤᠭᠤ ᠤᠷᠤᠭᠤ ᠠᠶᠠᠷᠬᠠᠨ ᠠᠯᠠᠭᠠᠳᠠᠭᠰᠠᠨ ᠢᠶᠠᠨ ᠲᠤᠮᠤ ᠬᠠᠷ᠎ᠠ ᠨᠢᠳᠤ ᠪᠠᠨ ᠢᠷᠮᠡᠵᠤ᠄ ︽ᠶᠠᠪᠤ ᠶᠠᠪᠤ᠂ ᠪᠢ | ᠬᠠᠷᠢᠯ᠎ᠠ︾ ᠬᠡᠳ ᠡᠷᠬᠢᠪᠡ᠃ | ︽ᠵᠠ ᠪᠠᠯᠠᠷᠠᠭᠰᠠᠨ ᠬᠡᠷᠡᠭ ᠪᠤᠯᠤᠯ᠎ᠠ᠃ ᠮᠢᠨᠤ ᠪᠦᠬᠦ ᠪᠤᠳᠤᠯ ᠢ ᠡᠨᠡ ᠲᠤᠷᠵᠢ ᠭᠤᠸᠠᠢ ᠮᠡᠳᠡᠵᠤ ᠤᠷᠬᠢᠯ᠎ᠠ᠃ | ᠲᠡᠭᠡᠭᠡᠳ ᠨᠠᠪᠴᠢ ᠭᠤᠸᠠᠢ ᠳᠤ ᠬᠡᠯᠡᠨ᠎ᠠ᠃ ᠨᠠᠪᠴᠢ ᠭᠤᠸᠠᠢ ᠡᠵᠢ ᠳᠤ ᠬᠡᠯᠡᠨ᠎ᠠ᠃ ᠡᠵᠢ ᠠᠪᠤ ᠳᠤ ᠬᠡᠯᠡᠨ᠎ᠡ︾ ᠬᠡᠵᠤ | ᠪᠤᠳᠤᠭᠳᠠᠭᠠᠳ ᠢᠴᠢᠬᠦ ᠠᠶᠤᠬᠤ ᠰᠢᠭ᠋ ᠪᠤᠯᠪᠠ᠃ ᠦᠭᠡᠢ ᠲᠡᠭᠡᠭᠡᠳ ᠪᠢ ᠶᠠᠭᠤ ᠪᠤᠳᠤᠭᠰᠠᠨ ᠢ ᠲᠤᠷᠵᠢ ᠭᠤᠸᠠᠢ | ᠮᠡᠳᠡᠭᠰᠡᠨ ᠬᠡᠷᠡᠭ ᠬᠡᠵᠤ ᠪᠤᠳᠤᠬᠤ ᠳᠤ᠂ ᠶᠠᠭᠤ ᠪᠤᠳᠤᠭᠰᠠᠨ ᠢᠶᠠᠨ ᠦᠪᠡᠷ ᠢᠶᠠᠨ ᠮᠡᠳᠡᠬᠦ ᠦᠭᠡᠢ ᠪᠠᠶᠢᠪᠠ᠃ ᠬᠡᠬᠦᠤ | ᠶᠢᠨ ᠵᠡᠯᠡᠨ ᠤ ᠨᠠᠭᠠᠨ᠎ᠠ ᠬᠤᠪᠢᠩ ᠢᠶᠠᠨ ᠲᠠᠯᠪᠢᠭᠠᠳ ᠡᠷᠬᠢᠵᠤ ᠬᠠᠷᠠᠨ ᠵᠤᠭᠰᠤᠵᠤ ᠪᠠᠶᠢᠭ᠎ᠠ ᠬᠡᠦᠭᠡᠨ ᠨᠢᠳᠤᠨ ᠳᠤ | ᠮᠢᠨᠢ ᠲᠤᠰᠤᠮᠠᠭᠴᠨ ᠪᠦᠬᠦ ᠶᠠᠭᠤᠮ᠎ᠠ ᠮᠠᠷᠳᠠᠭᠳᠠᠵᠤ ᠪᠠᠷᠤᠭ ᠯᠡ ᠬᠦᠶᠦᠬᠦ ᠰᠢᠬᠠᠮ ᠲᠡᠷᠨ ᠵᠦᠭ ᠠᠯᠬᠤᠪᠠ᠃ ᠬᠡᠦᠭᠡᠨ | ᠤ ᠲᠡᠷᠭᠡᠳᠠ ᠤᠴᠢᠭᠠᠳ ᠬᠤᠪᠢᠩ ᠢᠶᠠᠨ ᠲᠠᠯᠪᠢᠬᠤ ᠵᠠᠭᠤᠷ᠎ᠠ᠄ ︽ᠲᠠ ᠬᠡᠬᠦᠤ ᠰᠠᠭᠠᠬᠤ ᠦᠦ︖︾ ᠬᠡᠵᠤ | ᠠᠰᠠᠭᠤᠵᠤ ᠤᠷᠬᠢᠭᠠᠳ ᠶᠠᠭᠤᠨ ᠳᠤ ᠢᠩᠬᠢᠵᠤ ᠮᠡᠳᠡᠭᠰᠡᠭᠡᠷ ᠬᠡᠷᠡᠭ ᠢ ᠠᠰᠠᠭᠤᠪᠠ ᠳ᠋ᠠ ᠬᠡᠵᠤ ᠦᠪᠡᠷ ᠢ ᠪᠠᠨ | ᠵᠢᠮᠡᠯᠡᠪᠡ᠃ ᠬᠡᠦᠭᠡᠨ ᠲᠤᠮᠤ ᠴᠠᠭᠠᠨ ᠰᠢᠳᠤ ᠪᠠᠨ ᠢᠷᠡᠯᠵᠠᠭᠤᠯᠤᠨ ᠲᠦᠮᠡᠨ ᠲᠦᠮᠡᠨ ᠲᠠᠭᠠᠪᠤᠷᠢ ᠶᠢᠨ ᠡᠬᠢ | ᠪᠤᠯᠤᠭᠰᠠᠨ ᠨᠢᠳᠤ ᠪᠠᠷ ᠢᠶᠠᠨ ᠢᠨᠢᠶᠡᠮᠰᠦᠭᠯᠡᠵᠤ ᠴᠢᠷᠠᠢ ᠳᠤᠨᠢ ᠤᠯᠠᠪᠢᠷ ᠶᠠᠭᠠᠨ ᠲᠤᠶᠠᠭ᠎ᠠ ᠲᠤᠳᠤᠷᠠᠨ ᠤᠯᠠᠮ ᠴᠤ | ᠰᠠᠶᠢᠬᠠᠨ ᠪᠤᠯᠤᠭᠠᠳ᠄ ︽ᠲᠡᠶᠢᠮᠤ᠂ ᠪᠢ ᠰᠠᠭᠠᠨ᠎ᠠ︾ ᠬᠡᠪᠡ᠃ | ᠤᠨᠠᠭ᠎ᠠ ᠪᠠᠷᠢᠭᠠᠳ ᠵᠤᠭᠰᠤᠵᠤ ᠪᠠᠶᠢᠬᠤ ᠳᠠᠭᠠᠨ ᠶᠠᠭᠤ ᠠᠰᠠᠭᠤᠭᠠᠳ ᠶᠠᠷᠢᠶ᠎ᠠ ᠪᠠᠨ ᠡᠬᠢᠯᠡᠶᠠ ᠳ᠋ᠧ ᠬᠡᠵᠤ | ᠲᠦᠮᠡᠨ ᠠᠰᠠᠭᠤᠳᠠᠯ ᠪᠤᠯᠤᠭᠠᠳ ᠪᠠᠶᠢᠳᠠᠯ᠎ᠠ ᠨᠦᠬᠦᠭᠡ ᠰᠦᠷᠦᠩ ᠭᠠᠶᠢᠬᠠᠯ ᠰᠢᠨ᠎ᠠ ᠡᠬᠡᠴᠢ ᠶᠢᠨ ᠬᠡᠬᠦᠤ ᠰᠠᠭᠠᠬᠤ ᠶᠢ | ᠦᠵᠡᠶ᠎ᠠ ᠬᠡᠵᠤ ᠬᠠᠰᠬᠢᠷᠦᠨ ᠬᠦᠶᠦᠵᠤ ᠢᠷᠡᠭᠡᠳ ᠡᠭᠡᠭᠡ ᠯᠡ ᠵᠤᠷᠠᠮ᠎ᠠ ᠶᠢᠨ ᠨᠦᠭᠡᠨ ᠲᠡᠭᠡᠷ᠎ᠠ ᠰᠠᠭᠤᠵᠤ ᠪᠠᠶᠢᠭ᠎ᠠ | ᠴᠤᠭᠴᠠᠬᠢ ᠰᠢᠭ᠋ ᠮᠢᠩᠭᠠᠨ ᠵᠦᠢᠯ ᠤᠨ ᠶᠠᠭᠤᠮ᠎ᠠ ᠲᠤᠩᠭᠤᠰᠴᠤ ᠭᠠᠷᠤᠯ᠎ᠠ᠃ | ︽ᠮᠢᠨᠤ ᠲᠡᠬᠦᠤ︕ ᠲᠡᠷᠨ ᠲᠤᠭᠤᠯ ᠤᠳ ᠡᠬᠡ ᠤᠷᠤᠭᠤ ᠪᠠᠨ ᠶᠠᠪᠤᠴᠢᠬᠠᠯ᠎ᠠ᠂ ᠮᠢᠨᠤ ᠮᠤᠷᠢ ᠪᠠᠷ | ᠮᠤᠷᠳᠠᠭᠠᠳ ᠡᠷᠬᠢᠬᠦᠯ︕︾ ᠬᠡᠵᠤ ᠬᠡᠯᠡᠭᠰᠡᠨ ᠳᠤ ᠰᠦᠷᠦᠩ ᠲᠡᠷᠨ ᠵᠦᠭ ᠲᠤᠷ᠎ᠠ ᠦᠭᠡᠢ ᠨᠢ ᠬᠦᠷᠦᠭᠰᠡᠨ | ᠪᠤᠯᠤᠯᠳᠠᠢ ᠢᠷᠪᠠᠶᠢᠨ ᠬᠠᠷᠠᠭᠰᠠᠨ ᠢᠶᠠᠨ᠄ ︽ᠠᠬ᠎ᠠ ᠲᠠ ᠬᠤᠶᠠᠷ ᠢ ᠬᠡᠬᠦᠤ ᠰᠠᠭᠠᠵᠤ ᠬᠦᠢᠴᠡᠭᠰᠡᠨ ᠤ ᠲᠠᠷᠠᠭ᠎ᠠ | ᠶᠠᠪᠤᠶ᠎ᠠ︾ ᠬᠡᠪᠡ᠃ | ︽ᠲᠡᠭᠡᠪᠡᠯ ᠵᠢᠮᠢᠰᠦᠨ ᠳᠤ ᠲᠠᠭᠠᠭᠤᠯᠵᠤ ᠶᠠᠪᠤᠬᠤ ᠦᠭᠡᠢ ᠰᠢᠤ︾ ᠬᠡᠵᠤ ᠪᠢ ᠰᠡᠬᠦᠯ ᠤᠨ ᠠᠷᠭ᠎ᠠ ᠪᠠᠨ | ᠬᠡᠷᠡᠭᠯᠡᠨ ᠬᠡᠯᠡᠭᠰᠡᠨ ᠳᠤ ᠮᠠᠨ ᠤ ᠬᠦᠮᠦᠨ ᠤᠶᠠᠭᠠᠨ ᠤ ᠵᠦᠭ ᠲᠤᠷᠠᠳᠠᠢ ᠲᠤᠷ᠎ᠠ ᠦᠭᠡᠢ ᠬᠡᠯᠳᠦᠷᠢᠨ ᠶᠠᠪᠤᠪᠠ᠃ | ᠬᠡᠦᠭᠡᠨ ᠬᠡᠬᠦᠤ ᠢᠪᠢᠯᠬᠦ ᠵᠠᠭᠤᠷ᠎ᠠ ᠲᠤᠯᠤᠭᠠᠢ ᠪᠠᠨ ᠬᠠᠶᠠᠯᠠᠨ ᠬᠡᠯᠳᠦᠷᠢᠨ ᠶᠠᠪᠤᠭ᠎ᠠ ᠰᠦᠷᠦᠩ ᠢ ᠦᠬᠦᠭᠡᠷᠳᠦᠨ | ᠬᠠᠷᠠᠵᠤ ᠪᠠᠶᠢᠭᠰᠠᠨ ᠢᠶᠠᠨ᠄ ︽ᠠᠬ᠎ᠠ ᠲᠠᠢ ᠪᠠᠨ ᠵᠢᠮᠢᠰ ᠲᠡᠬᠦᠬᠦ ᠬᠦᠰᠡᠯ ᠶᠡᠭᠡ ᠪᠤᠯᠬᠤ ᠪᠠᠷ ᠠᠷᠭ᠎ᠠ ᠦᠭᠡᠢ ᠶᠢᠨ | ᠡᠷᠭᠡᠨ ᠳᠤ ᠯᠡ ᠶᠠᠪᠤᠯ᠎ᠠ ᠳ᠋ᠠ᠃ ᠲᠤᠷ᠎ᠠ ᠦᠭᠡᠢ ᠳᠤ ᠬᠦᠴᠤ ᠦᠭᠡᠢ ᠬᠡᠵᠤ ᠮᠠᠨ ᠤ ᠬᠦᠮᠦᠨ ᠤ ᠶᠠᠪᠤᠵᠤ ᠪᠠᠶᠢᠭ᠎ᠠ ᠶᠢ | ︾ ᠬᠡᠵᠤ ᠬᠡᠯᠡᠭᠡᠳ ᠢᠨᠢᠶᠡᠮᠰᠦᠭᠯᠡᠬᠦ ᠳᠤ ᠪᠢ ᠴᠤ ᠪᠠᠰᠠ ᠢᠨᠢᠶᠡᠮᠰᠦᠭᠯᠡᠪᠡ᠃ | ᠢᠩᠬᠢᠭᠡᠳ ᠪᠢᠳᠠ ᠬᠤᠶᠠᠷ ᠤᠨ ᠶᠠᠷᠢᠶ᠎ᠠ ᠰᠦᠷᠦᠩ ᠤᠨ ᠬᠦᠴᠤ ᠪᠠᠷ ᠡᠬᠢᠯᠡᠵᠤ ᠪᠢ ᠶᠠᠭᠤᠨ ᠤ ᠡᠮᠦᠨ᠎ᠠ ᠨᠡᠷ᠎ᠠ | ᠶᠢ ᠨᠢ ᠠᠰᠠᠭᠤᠵᠤ ᠠᠪᠤᠯ᠎ᠠ᠃ ᠲᠡᠬᠦᠨ ᠤ ᠨᠡᠷ᠎ᠠ ᠶᠢ ᠰᠤᠯᠤᠩᠭ᠎ᠠ ᠬᠡᠳᠡᠭ ᠠᠵᠠᠢ᠃ ᠪᠠᠰᠠ ᠬᠡᠷ ᠠᠴᠠ ᠪᠠᠨ | ᠭᠠᠷᠤᠭᠠᠳ ᠵᠢᠷᠭᠤᠭ᠎ᠠ ᠬᠤᠨᠤᠵᠤ ᠢᠷᠡᠭᠰᠡᠨ᠃ ᠨᠤᠳᠤᠭ ᠨᠢ ᠮᠠᠨ ᠤ ᠨᠤᠳᠤᠭ ᠰᠢᠭ᠋ ᠡᠶᠢᠮᠤ ᠠᠭᠤᠯᠨ ᠤᠰᠤ ᠲᠠᠢ | ᠪᠢᠰᠢ᠂ ᠬᠠᠮᠢᠭᠠᠰᠢ ᠪᠠᠨ ᠯᠡ ᠬᠠᠷᠠᠪᠠᠯ ᠨᠢᠳᠤ ᠠᠯᠳᠠᠮ᠎ᠠ ᠦᠷᠭᠡᠨ ᠲᠠᠯ᠎ᠠ ᠪᠠᠶᠢᠳᠠᠭ ᠬᠡᠵᠤ ᠶᠠᠷᠢᠯ᠎ᠠ᠃ ᠮᠠᠨᠠᠶᠢᠬᠢᠨ | ᠬᠡᠬᠦᠤ ᠪᠠᠨ ᠡᠳᠦᠷ ᠲᠤ ᠲᠠᠪᠤ ᠰᠠᠭᠠᠳᠠᠭ ᠪᠠᠶᠢᠭᠰᠠᠨ᠃ ᠬᠡᠪᠡᠴᠤ ᠲᠡᠷᠨ ᠡᠳᠦᠷ ᠪᠢ ᠬᠠᠯᠠᠭᠤᠨ ᠳᠤ ᠤᠨᠠᠭ᠎ᠠ | ᠴᠠᠩᠭᠠᠵᠤ ᠮᠠᠭᠠᠳ ᠬᠡᠳᠡᠭ ᠨᠡᠷ᠎ᠠ ᠪᠠᠷ ᠲᠤᠯᠤᠭᠠᠨ ᠤᠳᠠᠭ᠎ᠠ ᠭᠠᠷᠴᠤ ᠰᠤᠯᠤᠩᠭ᠎ᠠ ᠲᠠᠢ ᠬᠠᠮᠳᠤ ᠬᠡᠬᠦᠤ ᠰᠠᠭᠠᠭᠰᠠᠨ | ᠶᠤᠮᠰᠠᠨ᠃ | ᠬᠠᠯᠠᠭᠤᠨ ᠡᠳᠦᠷ ᠰᠢᠷ᠎ᠠ ᠬᠡᠳᠡᠭᠡᠨᠠ᠂ ᠬᠦᠭᠡ ᠲᠦᠷᠦᠬᠦᠤ ᠲᠠᠢ ᠵᠤᠳᠤᠯᠳᠤᠨ ᠬᠡᠬᠦᠤ ᠰᠠᠭᠠᠬᠤ ᠬᠡᠳᠡᠭ ᠶᠠᠭ | ᠦᠭᠡᠢ ᠠᠵᠢᠯ ᠪᠠᠶᠢᠳᠠᠭ ᠰᠠᠨ᠃ ᠬᠡᠳᠡᠯ᠎ᠠ ᠲᠡᠷᠨ ᠡᠳᠦᠷ ᠬᠡᠬᠦᠤ ᠰᠠᠭᠠᠬᠤ ᠠᠴᠠ ᠰᠠᠶᠢᠬᠠᠨ ᠠᠵᠢᠯ ᠪᠠᠶᠢᠳᠠᠭ ᠦᠭᠡᠢ | ᠮᠡᠳᠤ ᠪᠠᠶᠢᠵᠤ ᠪᠢᠯᠨ᠃ | ᠬᠤᠶᠠᠷ | ᠭᠤᠷᠪᠠ ᠬᠤᠨᠤᠭ ᠤᠨ ᠲᠠᠷᠠᠭ᠎ᠠ ᠠᠪᠤ ᠨᠢ ᠷᠠᠰᠢᠶᠠᠨ ᠳᠤ ᠶᠠᠪᠤᠬᠤ ᠳᠤ ᠲᠤᠷᠵᠢ ᠭᠤᠸᠠᠢ ᠬᠦᠷᠭᠡᠵᠤ ᠦᠭᠬᠦ ᠪᠠᠷ | ᠬᠠᠮᠳᠤ ᠶᠠᠪᠤᠯ᠎ᠠ᠃ ᠡᠨᠡ ᠬᠤᠭᠤᠷᠤᠨᠳᠤ ᠰᠤᠯᠤᠩᠭ᠎ᠠ ᠪᠢᠳᠠ ᠬᠤᠶᠠᠷ ᠰᠠᠶᠢᠨ ᠲᠠᠨᠢᠯᠴᠠᠵᠤ ᠨᠢᠭᠡ ᠤᠷᠤᠢ ᠨᠠᠪᠴᠢ | ᠭᠤᠸᠠᠢ ᠰᠦᠷᠦᠩ ᠬᠤᠶᠠᠷ ᠨᠢᠭᠡ ᠲᠠᠯ᠎ᠠ᠂ ᠰᠤᠯᠤᠩᠭ᠎ᠠ ᠪᠢᠳᠠ ᠬᠤᠶᠠᠷ ᠨᠢᠭᠡ ᠲᠠᠯ᠎ᠠ ᠪᠤᠯᠵᠤ ᠮᠡᠯᠡᠭᠡᠢ ᠲᠤᠭᠯᠠᠨ | ᠱᠠᠭᠠᠢ ᠰᠢᠬᠦᠷᠡᠪᠡ᠃ ᠰᠤᠯᠤᠩᠭ᠎ᠠ ᠲᠠᠢ ᠠᠭᠤᠯᠵᠠᠭᠰᠠᠨ ᠡᠳᠦᠷ ᠠᠴᠠ ᠬᠤᠶᠢᠰᠢ ᠮᠢᠨᠤ ᠰᠡᠳᠬᠢᠯ ᠦᠷᠬᠦᠯᠵᠢ ᠬᠦᠭᠵᠢᠯ | ᠪᠠᠶᠠᠷ ᠢᠶᠠᠷ ᠲᠦᠬᠦᠷᠡᠩ ᠪᠤᠯᠵᠤ ᠰᠠᠪ ᠯᠡ ᠬᠢᠪᠡᠯ ᠲᠠᠭᠤᠤ ᠲᠠᠭᠤᠯᠠᠳᠠᠭ ᠪᠠᠰᠠ ᠭᠤᠶᠤᠬᠤ ᠲᠡᠭᠵᠢᠷᠬᠡᠬᠦ ᠲᠤᠷᠠᠳᠠᠢ | ᠪᠤᠯᠤᠭᠰᠠᠨ ᠪᠢᠯᠨ᠃ | ᠨᠢᠭᠡᠨ ᠤᠳᠠᠭ᠎ᠠ ᠰᠤᠯᠤᠩᠭ᠎ᠠ ᠲᠠᠢ ᠲᠦᠯᠡᠰᠢ ᠲᠡᠬᠦᠬᠦ ᠪᠠᠷ ᠬᠠᠮᠳᠤ ᠶᠠᠪᠤᠵᠤ᠂ ᠵᠠᠮ ᠳᠠᠭᠠᠨ ᠰᠤᠯᠤᠩᠭ᠎ᠠ ᠳᠤ | ᠪᠠᠭ᠎ᠠ ᠳᠠᠭᠠᠨ ᠦᠷᠦᠵᠤ ᠲᠤᠭᠯᠠᠵᠤ ᠪᠠᠶᠢᠭᠰᠠᠨ ᠴᠢᠯᠠᠭᠤᠨ ᠬᠡᠷ ᠢᠶᠠᠨ ᠦᠵᠡᠬᠦᠯᠵᠤ᠂ ᠪᠢᠳᠠ ᠬᠤᠶᠠᠷ ᠲᠡᠬᠦᠨ ᠢ | ᠵᠠᠰᠠᠵᠤ ᠰᠡᠯᠪᠢᠭᠡᠳ ᠶᠠᠭ ᠯᠡ ᠬᠡᠦᠭᠡᠳ ᠰᠢᠭ ᠲᠤᠭᠯᠠᠵᠤ ᠪᠢᠯᠨ᠃ | ᠪᠢᠳᠠ ᠬᠤᠶᠠᠷ ᠤᠨ ᠬᠤᠭᠤᠷᠤᠨᠳᠤ ᠰᠠᠶᠢᠬᠠᠨ ᠦᠶᠡᠷᠭᠡᠯ ᠪᠤᠢ ᠪᠤᠯᠪᠠ᠃ ᠡᠨᠡ ᠦᠶᠡᠷᠭᠡᠯ ᠤᠨ ᠭᠤᠤᠯ | ᠵᠠᠯᠠᠭᠤᠷ ᠨᠢ ᠪᠢᠳᠠ ᠬᠤᠶᠠᠷ ᠤᠨ ᠰᠡᠳᠬᠢᠯ ᠳᠤ ᠬᠦᠨ ᠪᠠᠳᠤ ᠤᠷᠤᠰᠢᠵᠤ ᠪᠠᠶᠢᠭᠰᠠᠨ ᠬᠡᠦᠭᠡᠳ ᠤᠨ ᠠᠷᠢᠭᠤᠨ | ᠴᠠᠭᠠᠨ ᠰᠡᠳᠬᠢᠯ ᠪᠠᠶᠢᠯ᠎ᠠ᠃ ᠨᠢᠭᠡ ᠦᠷᠯᠦᠭᠡ ᠪᠢ ᠡᠮᠨᠢᠭ ᠬᠢᠵᠠᠭᠠᠯᠠᠩ ᠦᠷᠢᠶ᠎ᠠ ᠤᠨᠤᠬᠤ ᠪᠤᠯᠪᠠ᠃ ᠪᠢ ᠡᠮᠨᠢᠭ | ᠤᠨᠤᠬᠤ ᠳᠠᠭᠠᠨ ᠮᠠᠭᠤ ᠦᠭᠡᠢ ᠶᠤᠮᠰᠠᠨ᠃ ᠠᠪᠤ᠂ ᠲᠤᠷᠵᠢ ᠭᠤᠸᠠᠢ ᠬᠤᠶᠠᠷ ᠡᠮᠡᠭᠡᠯᠯᠡᠬᠦ ᠳᠤ ᠮᠢᠨᠢ ᠲᠤᠰᠠᠯᠠᠵᠤ | ᠦᠭᠬᠦᠪᠡ᠃ ᠲᠡᠭᠡᠭᠡᠳ ᠲᠡᠷᠨ ᠬᠤᠶᠠᠷ ᠢᠶᠠᠷ ᠪᠠᠷᠢᠭᠤᠯᠵᠤ ᠪᠠᠶᠢᠭᠠᠳ ᠮᠤᠷᠳᠠᠵᠤ᠂ ᠵᠢᠯᠤᠭᠤ ᠴᠤᠯᠪᠤᠭᠤᠷ ᠢᠶᠠᠨ | ᠬᠤᠮᠢᠵᠤ ᠠᠪᠤᠭᠠᠳ ᠭᠤᠶᠠᠳᠠᠵᠤ ᠤᠷᠬᠢᠭᠰᠠᠨ ᠴᠢᠨᠢ ᠤᠭᠯᠤ ᠦᠰᠦᠷᠦᠨ ᠪᠤᠬᠠᠵᠤ ᠭᠠᠷᠤᠯ᠎ᠠ᠃ ᠤᠮᠤᠭᠯᠠᠩ | ᠦᠷᠢᠶᠡᠨ ᠤ ᠤᠮᠤᠭ ᠨᠢ ᠤᠳᠠᠬᠤ ᠦᠭᠡᠢ ᠯᠡ ᠲᠠᠷᠤᠭᠳᠠᠬᠤ ᠪᠠᠶᠢᠪᠠ᠃ ᠬᠡᠳᠡᠯ᠎ᠠ ᠭᠠᠶᠢᠬᠠᠭᠤᠯᠬᠤ ᠬᠡᠵᠤ ᠪᠠᠶᠢᠵᠤ | ᠭᠠᠢ ᠲᠠᠭᠠᠷᠢᠬᠤ ᠰᠢᠬᠠᠵᠤ ᠪᠢᠯᠨ᠃ | ᠶᠡᠷᠦ ᠠᠴᠠ ᠪᠠᠨ ᠮᠤᠷᠢ ᠬᠤᠶᠠᠷ ᠶᠠᠩᠵᠤ ᠪᠤᠯᠬᠢᠳᠠᠭ᠃ ᠵᠠᠷᠢᠮ ᠮᠤᠷᠢ ᠡᠷᠬᠢᠯᠳᠦᠨ ᠪᠤᠯᠳᠠᠵᠤ ᠪᠤᠯᠬᠢᠳᠠᠭ᠃ | ᠡᠶᠢᠮᠤ ᠮᠤᠷᠢᠨ ᠲᠡᠭᠡᠷ᠎ᠠ ᠲᠤᠭᠳᠠᠬᠤ ᠳᠤ ᠬᠡᠴᠡᠬᠦᠤ᠃ ᠵᠠᠷᠢᠮ ᠮᠤᠷᠢ ᠲᠤᠤᠷ᠎ᠠ ᠪᠠᠨ ᠶᠤᠮ ᠦᠦ ᠨᠢᠭᠡ ᠱᠤᠭᠤᠮ ᠢᠶᠠᠷ | ᠪᠤᠬᠠᠵᠤ ᠵᠢᠭᠳᠡ ᠪᠤᠯᠬᠢᠳᠠᠭ᠃ ᠡᠶᠢᠮᠤ ᠮᠤᠷᠢ ᠬᠠᠷᠠᠬᠤ ᠳᠤ ᠰᠦᠷᠳᠠᠢ ᠪᠤᠯᠪᠠᠴᠤ ᠲᠤᠭᠳᠠᠬᠤ ᠳᠤ ᠠᠮᠠᠷ ᠪᠠᠶᠢᠳᠠᠭ ᠶᠤᠮ | ᠃ ᠮᠢᠨᠤ ᠤᠨᠤᠭᠰᠠᠨ ᠬᠢᠵᠠᠭᠠᠯᠠᠩ ᠪᠤᠯ ᠵᠢᠭᠳᠡ ᠪᠤᠬᠠᠵᠤ ᠪᠤᠯᠬᠢᠭᠰᠠᠨ ᠲᠤᠯᠨ ᠰᠠᠯᠬᠢ ᠰᠦᠷᠴᠢᠬᠢᠨᠡᠨ ᠪᠡᠶ᠎ᠠ ᠮᠢᠨᠢ | ᠤᠷᠤᠭᠰᠢ ᠬᠤᠶᠢᠰᠢ ᠪᠠᠨ ᠲᠡᠩᠴᠡᠬᠦᠷᠢ ᠪᠠᠨ ᠤᠯᠤᠨ᠂ ᠰᠠᠶᠢᠬᠠᠨ ᠴᠤ ᠪᠠᠬ᠎ᠠ ᠲᠠᠢ ᠴᠤ ᠪᠠᠶᠢᠭᠰᠠᠨ ᠶᠤᠮᠰᠠᠨ᠃ | ᠰᠤᠯᠤᠩᠭ᠎ᠠ ᠯᠠᠪ ᠯᠡ ᠬᠡᠷ ᠤᠨ ᠢᠶᠠᠨ ᠡᠬᠦᠳᠡᠨ ᠳᠤ ᠵᠤᠭᠰᠤᠭᠠᠳ ᠨᠠᠮᠠᠢᠢ ᠬᠠᠷᠠᠨ ᠪᠠᠭ᠋ᠠᠳᠤᠨ ᠪᠠᠶᠢᠭ᠎ᠠ ᠳ᠋ᠠ ᠬᠡᠵᠤ | ᠪᠤᠳᠤᠭᠳᠠᠭᠠᠳ ᠡᠷᠬᠢᠵᠤ ᠬᠠᠷᠠᠯ᠎ᠠ᠃ | ᠲᠤᠷᠵᠢ ᠭᠤᠸᠠᠢ ᠶᠢᠨ ᠬᠡᠷ ᠤᠨ ᠡᠬᠦᠳᠠᠨ ᠲᠡᠭᠡᠷ᠎ᠠ ᠨᠠᠪᠴᠢ ᠭᠤᠸᠠᠢ ᠲᠠᠢ ᠵᠡᠷᠭᠡᠴᠡᠵᠤ ᠵᠤᠭᠰᠤᠵᠤ ᠪᠠᠶᠢᠭ᠎ᠠ | ᠰᠤᠯᠤᠩᠭ᠎ᠠ ᠶᠢ ᠬᠠᠷᠠᠮᠠᠭᠴᠨ ᠪᠦᠬᠦ ᠶᠠᠭᠤᠮ᠎ᠠ ᠨᠢᠭᠡᠨ ᠮᠦᠴᠨ ᠳᠤ ᠮᠠᠷᠳᠠᠭᠳᠠᠨ᠂ ᠲᠦᠷᠦᠭᠡ ᠪᠠᠨ ᠠᠯᠳᠠᠵᠤ᠂ | ᠦᠷᠢᠶᠡᠨ ᠤ ᠪᠤᠷᠤᠭᠤ ᠲᠠᠯ᠎ᠠ ᠤᠷᠤᠭᠤ ᠬᠡᠶᠢᠰᠦᠨ ᠤᠨᠠᠯ᠎ᠠ᠃ ᠪᠢ ᠤᠨᠠᠬᠤ ᠳᠤ ᠪᠠᠨ ᠴᠤᠯᠪᠤᠭᠤᠷ ᠢᠶᠠᠨ ᠲᠠᠯᠪᠢᠭ᠎ᠠ | ᠦᠭᠡᠢ ᠲᠤᠯᠨ ᠬᠡᠰᠡᠭ ᠴᠢᠷᠦᠭᠳᠡᠵᠤ ᠪᠠᠶᠢᠭᠠᠳ ᠲᠤᠷᠵᠢ ᠭᠤᠸᠠᠢ ᠶᠢᠨ ᠭᠡᠷ ᠤᠨ ᠤᠶᠢᠷ᠎ᠠ ᠤᠴᠢᠭᠠᠳ ᠵᠤᠭᠰᠤᠪᠠ᠃ | ᠪᠦᠬᠦᠨ ᠤ ᠲᠦᠷᠦᠬᠦᠨ ᠳᠤ ᠰᠤᠯᠤᠩᠭ᠎ᠠ ᠬᠦᠶᠦᠵᠤ ᠢᠷᠡᠭᠡᠳ ᠴᠡᠴᠡᠷᠡᠨ ᠲᠤᠭᠳᠤᠯᠤᠭᠰᠠᠨ ᠬᠤᠭᠤᠯᠠᠢ ᠪᠠᠷ᠄ ︽ | ᠵᠦᠭᠡᠷ ᠦᠦ︖︾ ᠬᠡᠵᠤ ᠠᠰᠠᠭᠤᠭᠠᠳ ᠨᠠᠮᠠᠢᠢ ᠲᠠᠳᠠᠵᠤ ᠪᠤᠰᠬᠠᠭᠰᠠᠨ ᠢᠶᠠᠨ ᠰᠠᠨᠳᠤᠷᠤᠭᠰᠠᠨ ᠢᠶᠠᠨ ᠪᠤᠳᠤᠵᠤ | ᠵᠤᠪᠠᠭᠰᠠᠨ ᠪᠤᠯᠤᠯᠳᠠᠢ ᠨᠢᠭᠤᠷ ᠨᠢ ᠤᠯᠠᠶᠢᠭᠠᠳ ᠲᠦᠷᠭᠡᠨ ᠡᠷᠬᠢᠵᠤ ᠬᠡᠷ ᠤᠨ ᠢᠶᠠᠨ ᠵᠦᠭ ᠬᠦᠶᠦᠪᠡ᠃ | ︽ᠠᠬ᠎ᠠ ᠶᠡᠷᠦ ᠨᠢ ᠤᠶᠢᠴᠢᠳᠠᠭ ᠦᠭᠡᠢ ᠶᠤᠮᠰᠠᠨ᠂ ᠶᠠᠭᠠᠬᠢᠴᠢᠬᠠᠪᠠ ᠳ᠋ᠧ᠃ ᠮᠠᠭᠤ ᠦᠷᠢᠶ᠎ᠠ ᠨᠢ ᠪᠤᠯᠬᠢᠵᠤ | ᠴᠢᠳᠠᠭᠰᠠᠨ ᠦᠭᠡᠢ ᠳ᠋ᠠ︾ ᠬᠡᠵᠤ ᠰᠦᠷᠦᠩ ᠤᠨ ᠬᠠᠰᠬᠢᠷᠬᠤ ᠲᠠᠭᠤ ᠰᠤᠨᠤᠰᠤᠭᠳᠠᠪᠠ᠃ | ᠪᠢᠳᠠ ᠲᠤᠷᠵᠢ ᠭᠤᠸᠠᠢ ᠪᠠᠷ ᠪᠠᠷᠢᠭᠤᠯᠵᠤ ᠪᠠᠶᠢᠭᠠᠳ ᠲᠠᠬᠢᠵᠤ ᠮᠤᠷᠳᠠᠬᠤ ᠳᠤ ᠡᠪᠤᠳᠤᠭ᠌ ᠮᠢᠨᠢ ᠴᠡᠴᠡᠷᠵᠤ | ᠪᠠᠶᠢᠵᠤ ᠪᠢᠯᠨ᠃ ᠦᠷᠢᠶ᠎ᠠ ᠤᠷᠢᠳᠠᠬᠢ ᠠᠳᠠᠯᠢ ᠤᠷᠢᠳᠤ ᠬᠤᠶᠠᠷ ᠬᠦᠯ ᠤᠨ ᠢᠶᠠᠨ ᠬᠤᠭᠤᠷᠤᠨᠳᠤ ᠲᠤᠯᠤᠭᠠᠢ ᠪᠠᠨ | ᠬᠢᠵᠤ ᠪᠠᠶᠢᠭᠠᠳ ᠪᠤᠬᠠᠵᠤ ᠭᠠᠷᠤᠯ᠎ᠠ᠃ ᠪᠢ ᠠᠮᠠᠨ ᠳᠠᠭᠠᠨ ᠵᠦᠭᠡᠷ ᠵᠦᠭᠡᠷ ᠬᠡᠵᠤ ᠪᠠᠶᠢᠨ ᠪᠠᠶᠢᠨ ᠰᠢᠪᠡᠨᠡᠵᠤ ᠶᠠᠪᠤᠬᠤ | ᠳᠤ ᠦᠷᠦᠭᠡᠰᠦᠨ ᠮᠦᠷᠦᠨ ᠲᠡᠭᠡᠷ᠎ᠠ ᠠᠴᠠ ᠮᠢᠨᠢ ᠲᠠᠳᠠᠵᠤ ᠪᠤᠰᠬᠠᠭᠰᠠᠨ ᠰᠤᠯᠤᠩᠭ᠎ᠠ ᠶᠢᠨ ᠭᠠᠷ ᠬᠡᠪ ᠢᠶᠠᠷ ᠢᠶᠠᠨ | ᠪᠠᠶᠢᠬᠤ ᠰᠢᠭ᠋ ᠰᠠᠨᠠᠭᠳᠠᠭᠠᠳ ︽ᠪᠢᠳᠠᠬᠢ ᠤᠨᠠᠭᠠᠷᠠᠢ︾ ᠬᠡᠵᠤ ᠲᠤᠭᠳᠤᠯᠤᠭᠰᠠᠨ ᠬᠤᠭᠤᠯᠠᠢ ᠪᠠᠷ ᠲᠠᠬᠢᠨ ᠲᠠᠬᠢᠨ | ᠬᠡᠯᠡᠵᠤ ᠪᠠᠶᠢᠬᠤ ᠰᠢᠭ᠋ ᠰᠠᠨᠠᠭᠳᠠᠵᠤ ᠪᠠᠶᠢᠯ᠎ᠠ᠃ | ᠪᠢ ᠠᠳᠤᠭᠤ ᠦᠭᠡᠷ ᠲᠤ ᠶᠠᠪᠤᠬᠤ ᠳᠠᠭᠠᠨ ᠤᠯᠠᠯᠵᠠᠭᠠᠨᠠ᠂ ᠬᠦᠵᠡᠯᠵᠡᠭᠡᠨ᠎ᠠ ᠲᠡᠬᠦᠵᠤ ᠢᠷᠡᠭᠡᠳ ᠰᠦᠷᠦᠩ | ᠲᠠᠢ ᠠᠷᠠᠢ ᠬᠢᠵᠤ ᠲᠠᠩᠰᠠ ᠪᠠᠨ ᠪᠤᠳᠤᠭᠰᠠᠨ ᠤ ᠲᠠᠷᠠᠭ᠎ᠠ ᠲᠤᠷᠵᠢ ᠭᠤᠸᠠᠢ ᠶᠢᠨ ᠳᠤ ᠤᠷᠤᠵᠤ ᠨᠠᠪᠴᠢ ᠭᠤᠸᠠᠢ | ᠳᠠᠭᠠᠨ ᠵᠢᠭᠠᠬᠠᠨ ᠦᠭᠬᠦᠳᠡᠭ᠃ ᠲᠠᠷᠠᠭ᠎ᠠ ᠨᠢ ᠶᠡᠬᠡᠩᠭᠢ ᠶᠢ ᠨᠢ ᠰᠤᠯᠤᠩᠭ᠎ᠠ ᠳᠤ ᠦᠭᠬᠦᠳᠡᠭ ᠪᠠᠶᠢᠪᠠ᠃ ᠢᠩᠬᠢᠵᠤ | ᠦᠨᠡᠨᠳᠡᠭᠡᠨ ᠰᠤᠯᠤᠩᠭ᠎ᠠ ᠶᠢᠨ ᠬᠠᠵᠠᠭᠤ ᠪᠠᠷ ᠨᠠᠪᠴᠢ ᠭᠤᠸᠠᠢ ᠵᠠᠪᠰᠢᠵᠤ ᠶᠤᠰᠤᠳᠠᠢ ᠯᠡ ᠮᠤᠷᠢᠳᠤ ᠶᠢᠨ ᠬᠡᠰᠢᠭ | ᠶᠠᠪᠠᠭᠠᠨ ᠳᠤ ᠬᠡᠳᠡᠭ ᠪᠤᠯᠳᠠᠭ ᠪᠠᠶᠢᠪᠠ᠃ ᠰᠤᠯᠤᠩᠭ᠎ᠠ ᠶᠢᠨ ᠨᠤᠳᠤᠭ ᠪᠤᠯ ᠵᠢᠮᠢᠰ ᠦᠭᠡᠢ ᠲᠠᠯ᠎ᠠ ᠭᠠᠵᠠᠷ ᠲᠤᠯᠨ ᠮᠢᠨᠤ | ᠠᠪᠴᠢᠷᠠᠭᠰᠠᠨ ᠵᠢᠮᠢᠰ ᠢ ᠲᠡᠷᠨ ᠶᠡᠭᠡ ᠰᠤᠨᠢᠷᠬᠠᠵᠤ ᠶᠠᠭᠤᠨ ᠤ ᠡᠮᠦᠨ᠎ᠠ ᠨᠡᠷ᠎ᠠ ᠶᠢ ᠨᠢ ᠠᠰᠠᠭᠤᠭᠠᠳ ᠲᠠᠷᠠᠭ᠎ᠠ ᠨᠢ | ᠬᠠᠮᠢᠭ᠎ᠠ ᠪᠠᠶᠢᠳᠠᠭ ᠢ ᠠᠰᠠᠭᠤᠵᠤ ᠠᠮᠳᠠᠷᠬᠠᠨ ᠢᠳᠡᠬᠦ ᠳᠤᠨᠢ ᠶᠢᠷᠳᠢᠨᠴᠤ ᠶᠢᠨ ᠵᠢᠷᠭᠠᠯ ᠤᠨ ᠲᠡᠭᠡᠳᠤ ᠶᠢ ᠡᠳ᠋ᠯᠡᠵᠤ | ᠪᠠᠶᠢᠳᠠᠭ ᠰᠠᠨ᠃ | ᠰᠤᠯᠤᠩᠭ᠎ᠠ᠂ ᠰᠦᠷᠦᠩ ᠪᠢᠳᠠ ᠭᠤᠷᠪᠠ ᠶᠠᠪᠤᠵᠤ ᠤᠯᠠᠯᠵᠠᠭᠠᠨᠠ ᠲᠡᠬᠦᠭᠰᠡᠨ ᠨᠢ ᠰᠤᠯᠤᠩᠭ᠎ᠠ ᠶᠢᠨ ᠰᠡᠳᠬᠢᠯ | ᠳᠤ ᠲᠠᠭᠠᠯᠠᠯ ᠲᠠᠢ ᠪᠤᠯᠤᠭᠠᠳ ᠲᠠᠬᠢᠨ ᠬᠡᠳᠦᠨ ᠤᠳᠠᠭ᠎ᠠ ᠵᠢᠮᠢᠰᠦᠨ ᠳᠤ ᠶᠠᠪᠤᠭᠰᠠᠨ᠃ ᠢᠩᠬᠢᠵᠤ ᠪᠠᠶᠢᠳᠠᠯ᠎ᠠ ᠰᠤᠮᠤ | ᠶᠢᠨ ᠨᠠᠭᠠᠳᠤᠮ ᠪᠤᠯᠪᠠ᠃ ᠮᠠᠨ ᠤ ᠰᠤᠮᠤ ᠶᠢᠨ ᠨᠠᠭᠠᠳᠤᠮ ᠬᠤᠶᠠᠷ ᠡᠳᠦᠷ ᠦᠷᠬᠦᠯᠵᠢᠯᠡᠬᠦ ᠪᠠᠶᠢᠭᠰᠠᠨ ᠲᠤᠯᠨ ᠮᠠᠨ ᠤ | ᠬᠤᠳᠠᠨ ᠤ ᠬᠢᠨ ᠡᠭᠡᠯᠵᠢᠯᠡᠨ ᠶᠠᠪᠤᠬᠤ ᠪᠠᠷ ᠲᠤᠭᠳᠠᠪᠠ᠃ ᠠᠩᠬᠠᠨ ᠤ ᠡᠳᠦᠷ ᠰᠤᠯᠤᠩᠭ᠎ᠠ᠂ ᠲᠡᠬᠦᠤ ᠪᠢᠳᠠ ᠭᠤᠷᠪᠠ | ᠶᠠᠪᠤᠬᠤ᠂ ᠲᠠᠷᠠᠭ᠎ᠠ ᠡᠳᠦᠷ ᠪᠤᠰᠤᠳ ᠮᠠᠨᠢ ᠶᠠᠪᠤᠬᠤ ᠪᠠᠷ ᠶᠠᠷᠢᠯᠴᠠᠪᠠ᠃ ᠪᠢ ᠰᠦᠨᠢ ᠠᠳᠤᠭᠤ ᠮᠠᠨᠠᠵᠤ ᠦᠷᠯᠦᠭᠡ | ᠡᠷᠳᠠ ᠢᠷᠡᠭᠡᠳ᠂ ᠴᠠᠢ ᠪᠠᠨ ᠤᠷᠤ ᠨᠡᠷ᠎ᠠ ᠶᠢᠨ ᠲᠡᠳᠦᠢ ᠤᠤᠭᠤᠭᠠᠳ ᠨᠠᠭᠠᠳᠤᠮ ᠳᠤ ᠶᠠᠪᠤᠬᠤ ᠪᠠᠷ ᠪᠡᠯᠡᠳᠭᠡᠪᠡ᠃ | ᠡᠪᠤᠭᠡᠳ ᠲᠡᠭᠡᠳᠦᠰ ᠤᠨ ᠦᠶᠡᠰ ᠮᠤᠩᠭᠤᠯᠴᠤᠳ ᠴᠠᠭᠠᠨ ᠰᠠᠷ᠎ᠠ ᠪᠤᠯᠬᠤ ᠨᠠᠭᠠᠳᠤᠮ ᠳᠤ ᠶᠠᠪᠤᠬᠤ ᠳᠠᠭᠠᠨ ᠰᠠᠶᠢᠨ | ᠮᠤᠷᠢᠨ ᠤ ᠲᠡᠯ ᠢ ᠨᠢ ᠵᠠᠰᠠᠵᠤ ᠤᠨᠤᠨ᠂ ᠰᠢᠨ᠎ᠠ ᠲᠡᠪᠡᠯ ᠢᠶᠠᠨ ᠡᠮᠦᠰᠴᠤ᠂ ᠡᠯᠪᠡᠭ ᠲᠡᠯᠪᠡᠭ ᠶᠠᠪᠤᠬᠤ ᠶᠢ ᠬᠢᠴᠢᠶᠡᠳᠡᠭ | ᠃ | ᠪᠢ ᠡᠬᠢᠯᠡᠭᠡᠳ ᠤᠨᠤᠵᠤ ᠶᠠᠪᠤᠬᠤ ᠭᠤᠷᠪᠠᠨ ᠮᠤᠷᠢᠨ ᠤ ᠪᠠᠨ ᠲᠡᠯ ᠢ ᠵᠠᠰᠠᠪᠠ᠃ ᠰᠤᠯᠤᠩᠭ᠎ᠠ ᠳᠤ ᠲᠤᠷᠵᠢ | ᠭᠤᠸᠠᠢ ᠶᠢᠨ ᠦᠪᠡᠷ ᠤᠨ ᠬᠢᠨᠢ ᠤᠨᠤᠳᠠᠭ ᠪᠦᠳᠦᠬᠦᠨ ᠬᠠᠷ᠎ᠠ ᠬᠡᠳᠡᠭ ᠮᠤᠷᠢ ᠶᠢ ᠪᠠᠷᠢᠵᠤ ᠦᠭᠬᠦᠪᠡ᠃ ᠲᠡᠬᠦᠨ ᠤ | ᠲᠡᠯ ᠢ ᠵᠠᠰᠠᠵᠤ ᠪᠠᠶᠢᠬᠤ ᠳᠤ ᠰᠤᠯᠤᠩᠭ᠎ᠠ ᠦᠷᠬᠦᠯᠵᠢ ᠲᠡᠷᠭᠡᠳᠠ ᠵᠤᠭᠰᠤᠵᠤ ᠪᠠᠶᠢᠪᠠ᠃ ᠬᠠᠷ᠎ᠠ ᠮᠤᠷᠢᠨ ᠤ ᠲᠡᠯ ᠢ | ᠰᠤᠮᠤᠯᠠᠨ ᠵᠠᠰᠠᠵᠤ᠂ ᠰᠠᠬᠠᠯ ᠢ ᠨᠢ ᠵᠢᠭᠳᠡ ᠬᠠᠶᠢᠴᠢᠯᠠᠨ᠂ ᠴᠢᠬᠢᠨ ᠲᠤᠳᠤᠷᠠᠬᠢ ᠦᠰᠤ ᠶᠢ ᠨᠢ ᠵᠠᠰᠠᠭᠰᠠᠨ ᠲᠤᠯᠨ | ᠦᠨᠡᠭᠡᠷ ᠯᠡ ᠰᠤᠭᠤ ᠰᠢᠭ᠋ ᠠᠮᠢᠳᠠᠨ ᠪᠤᠯᠪᠠ᠃ ᠬᠡᠪᠡᠴᠤ ᠡᠨᠡ ᠮᠤᠷᠢ ᠶᠠᠮᠠᠷ ᠴᠤ ᠶᠠᠪᠤᠳᠠᠯ ᠦᠭᠡᠢ᠂ ᠶᠠᠳᠠᠬᠤ ᠳᠠᠭᠠᠨ | ᠰᠠᠶᠢᠬᠠᠨ ᠤᠰᠤᠨ ᠬᠠᠷ᠎ᠠ ᠠᠯᠬᠤᠭ᠎ᠠ ᠴᠤ ᠦᠭᠡᠢ ᠤᠴᠢᠷ ᠰᠤᠯᠤᠩᠭ᠎ᠠ ᠳᠤ ᠭᠤᠯᠤᠭᠳᠠᠬᠤ ᠪᠠᠶᠢᠬᠤ ᠬᠡᠵᠤ ᠪᠤᠳᠤᠭᠠᠳ | ᠡᠵᠢ ᠶᠢᠨ ᠢᠶᠠᠨ ᠵᠢᠷᠤᠭ᠎ᠠ ᠬᠡᠭᠡᠷ ᠢ ᠭᠤᠶᠤᠵᠤ ᠦᠭᠬᠦ ᠶᠤᠮ ᠪᠢᠯᠢᠤ ᠬᠡᠵᠤ ᠪᠠᠶᠢᠨ ᠪᠠᠶᠢᠨ ᠪᠤᠳᠤᠭᠳᠠᠵᠤ ᠪᠠᠶᠢᠯ᠎ᠠ᠃ | ︽ᠴᠢ ᠮᠠᠨ ᠤ ᠡᠵᠢ ᠶᠢᠨ ᠵᠢᠷᠤᠭ᠎ᠠ ᠬᠡᠭᠡᠷ ᠢ ᠤᠨᠤᠭᠠᠳ ᠶᠠᠪᠤ︾ ᠬᠡᠵᠤ ᠬᠡᠯᠡᠭᠰᠡᠨ ᠳᠤ ᠰᠤᠯᠤᠩᠭ᠎ᠠ ᠲᠤᠷ᠎ᠠ | ᠦᠭᠡᠢ ᠨᠢ ᠬᠦᠷᠦᠭᠰᠡᠨ ᠪᠤᠯᠤᠯᠳᠠᠢ᠄ ︽ᠪᠢᠳᠡᠭᠡᠢ ᠲᠡᠮᠡᠢ ᠶᠠᠷᠢ︾ ᠬᠡᠰᠡᠨ ᠳᠤ ᠪᠢ ᠲᠤᠭᠯᠠᠵᠤ ᠬᠡᠯᠡᠭᠰᠡᠨ ᠪᠤᠯᠵᠤ ᠡᠨᠡ | ᠶᠠᠷᠢᠶ᠎ᠠ ᠶᠢ ᠵᠤᠪᠴᠢᠭᠤᠯᠪᠠ᠃ | | ︵ww.biirbeh.mn ᠠᠴᠠ ᠬᠦᠷᠪᠡᠬᠦᠯᠪᠡ︶ | |