| ᠰᠢᠨ᠎ᠡ ᠬᠢᠴᠢᠶᠡᠯ ᠤᠨ ᠦᠬᠡᠷᠡᠴᠢᠯᠡᠯᠳᠡ ᠪᠤᠯ ᠰᠤᠷᠭᠠᠨ ᠬᠦᠮᠦᠵᠢᠯ ᠳᠤ ᠬᠢᠭᠰᠡᠨ ᠨᠢᠭᠡ ᠤᠳᠠᠭᠠᠨ ᠤ ᠬᠦᠨᠵᠡᠬᠡᠢ | ᠦᠬᠡᠷᠡᠴᠢᠯᠡᠯᠳᠡ ᠮᠦᠨ᠃ ᠰᠢᠨ᠎ᠡ ᠬᠢᠴᠢᠶᠡᠯ ᠤᠨ ᠦᠬᠡᠷᠡᠴᠢᠯᠡᠯᠳᠡ ᠶᠢ ᠪᠦᠬᠦ ᠲᠠᠯ᠎ᠠ ᠪᠠᠷ ᠲᠤᠤᠱᠯᠠᠭᠤᠯᠬᠤ ᠪᠤᠯ | ᠤᠳᠤᠬᠠᠨ ᠤ ᠰᠤᠷᠭᠠᠨ ᠬᠦᠮᠦᠵᠢᠯ ᠤᠨ ᠦᠬᠡᠷᠡᠴᠢᠯᠡᠯᠳᠡ ᠶᠢᠨ ᠱᠠᠭᠠᠷᠳᠠᠯᠭ᠎ᠠ ᠪᠦᠬᠡᠳ ᠪᠦᠬᠦᠶᠢᠯᠡ ᠦᠨᠳᠦᠰᠦᠳᠡᠨ ᠤ | ᠬᠡᠪ ᠴᠢᠨᠠᠷ ᠢ ᠲᠡᠭᠡᠭᠰᠢᠯᠡᠬᠦᠯᠬᠦ ᠶᠢᠨ ᠴᠢᠬᠤᠯᠠ ᠬᠡᠷᠡᠭᠴᠡᠭᠡ ᠮᠦᠨ᠃ ᠰᠢᠨ᠎ᠡ ᠬᠢᠴᠢᠶᠡᠯ ᠤᠨ ᠦᠬᠡᠷᠡᠴᠢᠯᠡᠯᠳᠡ ᠨᠢ | ᠰᠤᠷᠤᠭᠴᠢᠳ ᠤᠨ ᠦᠪᠡᠷᠳᠡᠭᠡᠨ ᠰᠤᠷᠬᠤ ᠴᠢᠳᠠᠪᠦᠷᠢ᠂ ᠬᠠᠮᠵᠢᠯᠴᠠᠬᠤ ᠴᠢᠳᠠᠪᠦᠷᠢ᠂ ᠵᠤᠬᠢᠶᠠᠨ ᠪᠠᠶᠢᠭᠤᠯᠬᠤ ᠴᠢᠳᠠᠪᠦᠷᠢ | ᠂ ᠦᠷᠢᠰᠦᠯᠳᠦᠬᠦ ᠴᠢᠳᠠᠪᠦᠷᠢ ᠶᠢ ᠲᠡᠭᠡᠭᠰᠢᠯᠡᠭᠦᠨᠬᠦ ᠳᠤ ᠭᠤᠤᠯ ᠬᠦᠴᠦ ᠪᠠᠨ ᠲᠠᠯᠪᠢᠵᠦ ᠪᠤᠢ᠃ ᠡᠨᠡ ᠨᠢ ᠶᠠᠭ ᠤᠳᠤ | ᠶᠢᠨ ᠴᠠᠭ ᠦᠶ᠎ᠡ ᠶᠢᠨ ᠤᠨᠴᠠᠯᠢᠭ᠂ ᠲᠡᠯᠡᠬᠡᠢ ᠨᠡᠶᠢᠳᠡ ᠶᠢᠨ ᠬᠦᠭᠵᠢᠯᠳᠡ ᠠᠴᠠ ᠰᠤᠷᠭᠠᠨ ᠬᠦᠮᠦᠵᠢᠯ ᠳᠤ ᠲᠠᠯᠪᠢᠵᠦ | ᠪᠠᠶᠢᠭ᠎ᠠ ᠴᠢᠳᠠᠪᠦᠷᠢᠳᠠᠨ ᠬᠦᠮᠦᠵᠢᠬᠦᠯᠬᠦ ᠱᠠᠭᠠᠷᠳᠠᠯᠭ᠎ᠠ ᠳᠤ ᠨᠡᠶᠢᠴᠡᠭᠰᠡᠨ ᠶᠤᠮ᠃ ᠤᠳᠤᠬᠠᠨ ᠤ ᠰᠤᠷᠭᠠᠨ ᠬᠦᠮᠦᠵᠢᠯ | ᠨᠢ ᠰᠢᠯᠭᠠᠯᠳᠠ ᠶᠢ ᠠᠷᠭᠠᠴᠠᠬᠤ ᠰᠤᠷᠭᠠᠨ ᠬᠦᠮᠦᠵᠢᠯ ᠤᠨ ᠱᠠᠳᠤᠨ ᠠᠴᠠ ᠨᠢᠭᠡᠨᠳᠡ ᠰᠢᠯᠵᠢᠵᠦ ᠬᠡᠪ ᠴᠢᠨᠠᠷ ᠤᠨ | ᠰᠤᠷᠭᠠᠨ ᠬᠦᠮᠦᠵᠢᠯ ᠤᠨ ᠱᠠᠳᠤᠨ ᠳᠤ ᠤᠷᠤᠵᠦ᠂ ᠵᠦᠪᠬᠡᠨ ᠮᠡᠳᠡᠯᠭᠡ ᠤᠯᠠᠮᠵᠢᠯᠠᠬᠤ ᠶᠢ ᠴᠢᠬᠤᠯᠠᠴᠢᠯᠠᠵᠦ ᠪᠠᠶᠢᠭᠰᠠᠨ | ᠠᠴᠠ ᠪᠠᠨ ᠰᠤᠷᠤᠭᠴᠢᠳ ᠤᠨ ᠡᠯ᠎ᠡ ᠲᠠᠯ᠎ᠠ ᠶᠢᠨ ᠴᠢᠳᠠᠪᠦᠷᠢ ᠶᠢ ᠬᠦᠮᠦᠵᠢᠬᠦᠯᠬᠦ ᠲᠡᠶᠢᠰᠢ ᠬᠠᠨᠳᠤᠵᠠᠢ᠃ | ᠤᠯᠠᠮᠵᠢᠯᠠᠯᠳᠤ ᠰᠤᠷᠭᠠᠨ ᠬᠦᠮᠦᠵᠢᠯ ᠳᠤ ᠪᠠᠭᠰᠢ ᠶᠢᠨ ᠪᠠᠶᠢᠷᠢ ᠰᠠᠭᠤᠷᠢ ᠶᠢ ᠬᠠᠷᠢᠴᠠᠯᠠᠰᠢᠬᠦᠢ ᠶᠡᠬᠡᠰᠬᠡᠨ᠂ ᠪᠠᠭᠰᠢ ᠨᠢ | ᠤᠳᠤᠷᠢᠳᠤᠭᠴᠢ᠂ ᠵᠠᠬᠢᠷᠤᠭᠴᠢ ᠶᠢᠨ ᠪᠠᠶᠢᠷᠢᠨ ᠳᠤ ᠪᠠᠶᠢᠵᠦ᠂ ᠰᠤᠷᠤᠭᠴᠢᠳ ᠶᠡᠷᠦᠨᠢ ᠲᠡᠳ᠋ᠯᠡᠬᠦ ᠪᠠᠶᠢᠷᠢᠨ ᠳᠤ | ᠤᠷᠤᠰᠢᠳᠠᠭ᠃ ᠰᠢᠯᠠᠭᠠᠯᠳᠠ ᠶᠢ ᠠᠷᠭᠠᠴᠠᠬᠤ ᠰᠤᠷᠭᠠᠨ ᠬᠦᠮᠦᠵᠢᠯ ᠤᠨ ᠨᠦᠯᠦᠭᠡᠨ ᠲᠤᠤᠷ᠎ᠠ ᠰᠤᠷᠤᠭᠴᠢᠳ ᠵᠦᠪᠬᠡᠨ | ︽ᠪᠢᠴᠢᠭ ᠰᠤᠷᠬᠤ ᠮᠠᠰᠢᠨ︾ ᠲᠡᠳᠦᠢ ᠪᠤᠯᠳᠠᠭ᠃ ᠡᠨᠡ ᠪᠤᠯ ᠦᠩᠭᠡᠷᠡᠭᠰᠡᠨ ᠤ ᠰᠤᠷᠭᠠᠨ ᠬᠦᠮᠦᠵᠢᠯ ᠤᠨ ᠨᠢᠭᠡ | ᠶᠡᠭᠡ ᠠᠯᠳᠠᠰᠢ ᠶᠤᠮ᠃ ᠤᠤᠯ ᠤᠨ ᠵᠦᠪᠯᠡᠯᠳᠦ ᠶᠢᠨ ᠰᠤᠷᠭᠠᠨ ᠬᠦᠮᠦᠵᠢᠯᠳᠡᠨ ᠰᠤᠬᠤᠮᠯᠢᠨᠰᠺᠢ᠄ ︽ᠰᠤᠷᠭᠠᠨ | ᠬᠦᠮᠦᠵᠢᠬᠦᠯᠬᠦ ᠮᠡᠷᠭᠡᠵᠢᠯ ᠪᠤᠯ ᠪᠠᠭᠰᠢ ᠰᠤᠷᠤᠭᠴᠢ ᠶᠢᠨ ᠤᠶᠤᠨ ᠰᠡᠳᠬᠢᠯᠭᠡ ᠶᠢᠨ ᠬᠠᠷᠢᠯᠴᠠᠭᠠᠨ ᠤ ᠨᠠᠶᠢᠷᠠᠮᠳᠠᠭᠤ | ᠤᠷᠴᠢᠨ ᠠᠬᠤᠢ ᠶᠢ ᠪᠤᠢ ᠪᠤᠯᠭᠠᠬᠤ ᠶᠠᠪᠤᠳᠠᠯ ᠪᠤᠯᠤᠨ᠎ᠠ︾ ᠭᠡᠵᠦ ᠬᠡᠯᠡᠭᠰᠡᠨ ᠶᠤᠮ᠃ ᠪᠠᠭᠰᠢ ᠠᠴᠠ ᠰᠤᠷᠤᠭᠴᠢᠳ | ᠤᠨ ᠲᠤᠳᠤᠭᠠᠳᠤ ᠶᠢᠷᠳᠢᠨᠴᠦ ᠶᠢᠨ ᠴᠤᠩᠬᠤ ᠶᠢ ᠦᠨᠡᠨᠬᠦ ᠨᠡᠭᠡᠭᠡᠵᠦ᠂ ᠰᠤᠷᠤᠭᠴᠢᠳ ᠤᠨ ᠢᠳᠡᠭᠡᠯ ᠪᠢᠰᠢᠷᠡᠯ ᠪᠠ | ᠬᠦᠨᠳᠦᠳᠭᠡᠯ ᠢ ᠤᠯᠤᠮᠠᠨᠵᠢᠨ ᠰᠠᠶ᠋ᠢ ᠪᠠᠭᠰᠢ ᠰᠤᠷᠤᠭᠴᠢ ᠶᠢᠨ ᠬᠠᠷᠢᠴᠠᠭᠠᠨ ᠤ ᠪᠠᠳᠤ ᠰᠠᠭᠤᠷᠢ ᠶᠢ ᠲᠠᠯᠪᠢᠵᠦ | ᠴᠢᠳᠠᠳᠠᠭ᠃ ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠨᠢ ᠰᠤᠷᠤᠭᠴᠢᠳ ᠢᠶᠠᠷ ᠭᠤᠤᠯ ᠴᠤᠭᠴᠠ | ᠪᠤᠯᠭᠠᠵᠦ ᠪᠠᠭᠰᠢ ᠭᠤᠤᠯᠳᠠᠭᠤ ᠵᠢᠯᠤᠭᠤᠳᠬᠤ ᠦᠢᠯᠡᠳᠦᠯ ᠦᠵᠡᠭᠦᠯᠳᠡᠭ᠂ ᠲᠡᠭᠦᠨ ᠤ ᠭᠤᠤᠯ ᠬᠠᠷᠠᠯᠳᠠ ᠶᠢ ︽ᠠᠩ | ᠤᠨ ᠮᠢᠬ᠎ᠠ ᠦᠭᠬᠦ ᠪᠠᠷ ᠠᠪᠠ ᠶᠢᠨ ᠠᠷᠭ᠎ᠠ ᠵᠢᠭᠠᠨ᠎ᠠ︾ ᠭᠡᠳᠡᠭ ᠵᠦᠢᠷ ᠰᠡᠴᠡᠨ ᠦᠬᠡ ᠪᠠᠷ ᠬᠤᠷᠢᠶᠠᠩᠭᠤᠶᠢᠯᠠᠵᠦ | ᠪᠤᠯᠤᠨ᠎ᠠ᠃ ᠲᠠᠷᠤᠢ ᠰᠤᠷᠤᠭᠴᠢᠳ ᠲᠤ ᠮᠡᠳᠡᠯᠭᠡ ᠤᠯᠠᠮᠵᠢᠯᠠᠬᠤ ᠳᠤ ᠮᠡᠳᠡᠯᠭᠡ ᠰᠤᠷᠬᠤ ᠠᠷᠭ᠎ᠠ ᠶᠢ ᠨᠢ ᠵᠢᠭᠠᠨ᠎ᠠ᠃ | ᠨᠢᠭᠡ᠂ ᠰᠢᠨ᠎ᠡ ᠬᠢᠴᠢᠶᠡᠯ ᠤᠨ ᠦᠭᠡᠷᠡᠴᠢᠯᠡᠯᠳᠡ ᠶᠢᠨ ᠭᠤᠤᠯ ᠡᠬᠦᠷᠭᠡ ᠨᠢ ᠰᠤᠷᠤᠭᠴᠢᠳ ᠢ ᠰᠤᠷᠭᠠᠭᠤᠯᠢ ᠳᠤ | ᠪᠠᠶᠢᠬᠤ ᠬᠤᠭᠤᠴᠠᠭᠠᠨ ᠳᠤ ᠵᠤᠬᠢᠬᠤ ᠬᠡᠮᠵᠢᠶᠡᠨ ᠤ ᠮᠡᠳᠡᠯᠭᠡ ᠶᠢᠨ ᠪᠦᠳᠦᠴᠡ᠂ ᠤᠶᠤᠨ ᠤ ᠴᠢᠳᠠᠪᠤᠷᠢ ᠶᠢᠨ | ᠪᠦᠳᠦᠴᠡ ᠲᠠᠢ ᠪᠤᠯᠭᠠᠬᠤ ᠪᠠᠷ ᠪᠠᠷᠠᠬᠤ ᠦᠬᠡᠢ᠂ ᠬᠤᠶᠢᠰᠢᠳᠡ ᠦᠷᠭᠦᠯᠵᠢᠯᠡᠨ ᠰᠤᠷᠤᠯᠴᠠᠵᠦ ᠴᠢᠳᠠᠬᠤ᠂ | ᠦᠪᠡᠷᠳᠡᠭᠡᠨ ᠰᠤᠷᠬᠤ ᠴᠢᠳᠠᠪᠦᠷᠢ ᠲᠠᠢ ᠪᠤᠯᠭᠠᠨ ᠬᠦᠮᠦᠵᠢᠬᠦᠯᠦᠨ᠎ᠡ᠃ ᠪᠠᠭᠰᠢ ᠨᠠᠷ ᠵᠢᠭᠠᠨ ᠰᠤᠷᠭᠠᠬᠤ ᠭᠤᠤᠯ ᠬᠦᠴᠦ | ᠪᠠᠨ ᠬᠢᠴᠢᠶᠡᠯ ᠲᠦᠰᠦᠪᠯᠡᠬᠦ ᠳᠤ ᠲᠠᠯᠪᠢᠵᠦ ᠬᠢᠴᠢᠶᠡᠯ ᠤᠨ ᠭᠤᠷᠮᠤᠰᠤᠨ ᠬᠠᠷᠠᠯᠳᠠ ᠪᠠᠨ ᠲᠤᠭᠳᠠᠭᠠᠵᠦ᠂ | ᠭᠤᠤᠯᠳᠠᠯᠭ᠎ᠠ ᠬᠦᠴᠢᠷᠳᠡᠯᠭᠡ ᠪᠠᠨ ᠲᠤᠳᠤᠷᠬᠠᠶᠢᠯᠠᠭᠰᠠᠨ ᠤᠷᠢᠳᠠᠯ ᠲᠤᠤᠷ᠎ᠠ᠂ ᠰᠤᠷᠤᠯᠴᠠᠬᠤ ᠠᠭᠤᠯᠭ᠎ᠠ ᠪᠠᠨ ᠬᠡᠷᠬᠢᠨ | ᠵᠤᠬᠢᠰᠳᠠᠢ ᠡᠰᠭᠡᠨ ᠪᠠᠶᠢᠷᠢᠰᠢᠭᠤᠯᠵᠦ᠂ ᠰᠤᠷᠤᠭᠴᠢ ᠶᠢᠨ ᠬᠦᠯᠢᠶᠡᠨ ᠠᠪᠬᠤ ᠬᠢᠷᠢ ᠬᠡᠮᠵᠢᠶᠡᠨ ᠳᠤ ᠨᠡᠶᠢᠴᠡᠭᠰᠡᠨ᠂ | ᠪᠡᠶᠡᠯᠡᠬᠦᠯᠵᠦ ᠴᠢᠳᠠᠬᠤ ᠠᠵᠢᠯᠯᠠᠭᠠᠨ ᠪᠤᠯᠭᠠᠨ ᠬᠤᠪᠢᠷᠠᠭᠤᠯᠬᠤ ᠳᠤ ᠲᠠᠷᠢᠬᠢ ᠰᠢᠪᠬᠠᠪᠠᠯ ᠵᠦᠢᠳᠠᠢ︕ ᠤᠨᠴᠠᠭᠠᠶᠢᠯᠠᠨ | ᠰᠤᠷᠤᠭᠴᠢᠳ ᠢ ᠰᠤᠷᠤᠯᠴᠠᠬᠤ ᠶᠠᠪᠤᠴᠠ ᠳᠤ ᠬᠠᠷᠢᠯᠴᠠᠨ ᠬᠠᠪᠰᠤᠷᠤᠯᠴᠠᠵᠦ ᠬᠠᠷᠢᠯᠴᠠᠨ ᠵᠤᠷᠢᠭᠵᠢᠭᠤᠯᠬᠤ ᠪᠠᠷ | ᠲᠠᠮᠵᠢᠨ᠂ ᠲᠡᠳᠡᠨ ᠤ ᠦᠭᠡᠳᠡᠯᠡᠨ ᠲᠠᠪᠰᠢᠬᠤ ᠬᠦᠰᠡᠯ᠂ ᠠᠮᠵᠢᠯᠳᠠ ᠤᠯᠬᠤ ᠤᠮᠤᠭᠰᠢᠯ᠂ ᠬᠤᠪᠢ ᠨᠡᠮᠡᠷᠢ᠂ ᠦᠨ᠎ᠡ | ᠦᠷᠳᠡᠭ ᠢᠶᠠᠨ ᠲᠠᠨᠢᠵᠦ ᠢᠯᠡᠷᠡᠭᠦᠯᠬᠦ᠂ ᠰᠠᠶᠢᠨ ᠰᠠᠶᠢᠬᠠᠨ ᠬᠦᠰᠡᠯ ᠡᠷᠡᠮᠡᠯᠵᠡᠯ᠂ ᠦᠵᠡᠯᠳᠡ ᠲᠠᠨᠢᠯᠳᠠ ᠲᠠᠢ ᠪᠤᠯᠭᠠᠨ | ᠬᠠᠮᠳᠤ ᠨᠡᠶᠢᠳᠡᠴᠢ ᠤᠬᠠᠮᠰᠠᠷ᠂ ᠦᠪᠡᠷ ᠤᠨ ᠦᠷᠳᠡᠭ ᠤᠨ ᠦᠵᠡᠯᠳᠡ ᠪᠠᠨ ᠲᠡᠭᠡᠭᠰᠢᠯᠡᠭᠦᠯᠬᠦ ᠳᠤ ᠨᠢ ᠨᠡᠩ ᠬᠦᠴᠦ | ᠲᠠᠯᠪᠢᠬᠤ ᠬᠡᠷᠡᠭᠳᠠᠢ᠃ | ᠬᠤᠶᠠᠷ᠂ ᠰᠢᠨ᠎ᠡ ᠬᠢᠴᠢᠶᠡᠯ ᠤᠨ ᠦᠬᠡᠷᠡᠴᠢᠯᠡᠯᠳᠡ ᠶᠢᠨ ᠱᠠᠭᠠᠷᠳᠠᠯᠭ᠎ᠠ ᠪᠠᠷ ᠦᠷ᠎ᠡ ᠠᠰᠢᠭᠳᠤ ᠬᠦᠳᠡᠯᠭᠡᠭᠡᠨ ᠢ | ᠵᠤᠬᠢᠶᠠᠨ ᠪᠠᠶᠢᠭᠤᠯᠬᠤ᠃ ᠰᠢᠨ᠎ᠡ ᠬᠢᠴᠢᠶᠡᠯ ᠤᠨ ᠦᠬᠡᠷᠡᠴᠢᠯᠡᠯᠳᠡ ᠨᠢ ᠦᠩᠭᠡᠷᠡᠭᠰᠡᠨ ᠤ ᠲᠡᠷᠡᠬᠦ ᠲᠠᠭᠤ ᠴᠢᠮᠡᠭᠡ | ᠦᠬᠡᠢ᠂ ᠴᠢᠩᠭ᠎ᠠ ᠲᠦᠪᠯᠡᠭᠦᠨ ᠠᠭᠤᠷ ᠠᠮᠢᠰᠬᠤᠯ ᠤᠨ ᠲᠤᠤᠷ᠎ᠠ ᠪᠠᠭᠰᠢ ᠶᠢᠨ ᠲᠠᠰᠤᠷᠠᠯ ᠦᠬᠡᠢ ᠨᠤᠷᠰᠢᠬᠤ ᠶᠢ | ᠠᠩᠬᠠᠷᠤᠨ ᠰᠤᠨᠤᠰᠴᠦ ᠪᠠᠶᠢᠭᠰᠠᠨ ᠠᠴᠠ ᠪᠠᠨ ᠨᠢᠭᠡᠨᠳᠡ ᠬᠦᠷ ᠬᠦᠭᠵᠢᠶᠡᠨ ᠲᠠᠢ ᠠᠭᠤᠷ ᠠᠮᠢᠰᠬᠤᠯ ᠢᠶᠠᠷ | ᠪᠢᠯᠬᠠᠭᠰᠠᠨ ᠬᠢᠴᠢᠶᠡᠯ ᠤᠨ ᠲᠠᠩᠬᠢᠮ ᠳᠤ ᠪᠠᠭᠰᠢ ᠨᠢ ᠴᠦᠬᠡᠨ ᠶᠠᠷᠢᠵᠦ᠂ ᠰᠤᠷᠤᠭᠴᠢ ᠨᠢ ᠬᠦᠳᠡᠯᠭᠡᠭᠡᠨ ᠬᠢᠳᠡᠯ ᠲᠠᠢ᠂ | ᠤᠯᠠᠨ ᠶᠠᠷᠢᠵᠦ᠂ ᠠᠷᠪᠢᠨ ᠢ ᠲᠤᠷᠰᠢᠬᠤ ᠶᠢ ᠴᠢᠬᠤᠯᠠᠴᠢᠯᠠᠬᠤ ᠪᠤᠯᠵᠠᠢ᠃ ᠭᠡᠪᠡᠴᠦ ᠡᠨᠡᠬᠦ ᠰᠤᠷᠬᠤ ᠬᠦᠳᠡᠯᠭᠡᠭᠡᠨ ᠨᠢ | ᠨᠢᠭᠡᠮᠦᠰᠦᠨ ᠬᠡᠳᠦ ᠴᠢᠮᠡᠭᠯᠡᠵᠦ ᠶᠠᠩᠵᠦ ᠭᠠᠷᠭᠠᠭᠰᠠᠨ ᠬᠡᠢ ᠬᠠᠭᠤᠷᠮᠠᠭ ᠬᠦᠳᠡᠯᠭᠡᠭᠡᠨ ᠪᠢᠰᠢ᠂ ᠬᠠᠷᠢᠨ | ᠬᠠᠪᠰᠤᠷᠤᠯᠴᠠᠬᠤ ᠴᠢᠬᠤᠯᠠ ᠲᠠᠢ ᠪᠤᠯ ᠬᠠᠮᠵᠢᠯᠴᠠᠭᠤᠯᠵᠦ᠂ ᠬᠡᠯᠪᠡᠷᠢ ᠶᠢ ᠭᠠᠭᠴᠠ ᠬᠦᠭᠡᠭᠡᠴᠡᠯᠳᠦᠬᠦ ᠶᠠᠪᠤᠳᠠᠯ ᠪᠢᠰᠢ᠃ | ︽ᠦᠩᠭᠡᠨ ᠲᠡᠭᠡᠷ᠎ᠡ ᠪᠠᠨ ᠬᠦᠭᠵᠢᠶᠡᠨ ᠲᠠᠢ ᠶᠢ ᠦᠨᠡᠨ ᠬᠦ ᠰᠤᠷᠤᠯᠴᠠᠵᠠᠢ ᠭᠡᠵᠦ ᠪᠤᠤ ᠢᠳᠡᠭᠡ᠂ ᠠᠯᠠᠭ᠎ᠠ ᠤᠯᠠᠨ | ᠲᠠᠪᠰᠢᠵᠦ ᠯᠠ ᠪᠠᠶᠢᠪᠠᠯ ᠶᠡᠭᠡ ᠬᠦᠷᠢᠶᠡᠯᠡᠵᠦ ᠪᠠᠶᠢᠨ᠎ᠠ ᠭᠡᠵᠦ ᠪᠤᠤ ᠢᠳᠡᠭᠡ᠂ ᠴᠢᠮᠡᠭᠡ ᠦᠬᠡᠢ ᠰᠠᠭᠤᠭᠠᠳ | ᠪᠤᠳᠤᠯᠬᠢᠯᠠᠬᠤ ᠶᠢ ᠴᠢᠬᠤᠯᠠ ᠦᠬᠡᠢ ᠬᠡᠮᠡᠨ ᠪᠤᠤ ᠰᠠᠨᠠ︾ ᠭᠡᠵᠦ ᠵᠠᠷᠢᠮ ᠰᠤᠷᠭᠠᠨ ᠬᠦᠮᠦᠵᠢᠯᠳᠡᠨ ᠶᠠᠷᠢᠵᠦ | ᠦᠩᠭᠡᠷᠡᠭᠰᠡᠨ ᠪᠠᠶᠢᠨ᠎ᠠ᠃ ᠡᠶᠢᠮᠦ ᠠᠴᠠ᠂ ᠡᠨᠡᠬᠦ ᠰᠤᠷᠬᠤ ᠬᠦᠳᠡᠯᠭᠡᠭᠡᠨ ᠨᠢ ᠰᠤᠷᠤᠭᠴᠢ ᠶᠢᠨ ᠪᠤᠳᠠᠳᠠᠢ ᠲᠠᠢ ᠬᠠᠮᠤᠭ | ᠲᠤᠬᠢᠷᠠᠯᠴᠠᠭᠰᠠᠨ ᠬᠡᠯᠪᠡᠷᠢ ᠶᠢ ᠰᠤᠩᠭᠤᠵᠦ᠂ ᠬᠠᠮᠤᠭ ᠰᠠᠶᠢᠨ ᠦᠷ᠎ᠡ ᠪᠦᠳᠦᠮᠵᠢ ᠶᠢ ᠲᠡᠮᠡᠴᠡᠨ ᠤᠯᠬᠤ ᠪᠠᠷ | ᠴᠢᠷᠮᠠᠶᠢᠭᠰᠠᠨ ᠪᠠᠶᠢᠬᠤ ᠬᠡᠷᠡᠭᠳᠠᠢ᠃ ᠡᠬᠦᠨ ᠳᠤ ᠪᠠᠭᠰᠢ ᠠᠴᠠ ᠬᠦᠳᠦᠯᠦᠨ ᠵᠢᠯᠤᠭᠤᠳᠬᠤ ᠦᠢᠯᠡᠳᠦᠯ ᠢᠶᠠᠨ | ᠬᠦᠢᠴᠡᠳ ᠪᠠᠳᠠᠷᠠᠭᠤᠯᠵᠦ᠂ ᠪᠠᠶᠠᠷ ᠬᠦᠷ ᠲᠠᠢ ᠪᠠᠷ ᠰᠤᠷᠤᠯᠴᠠᠭᠤᠯᠬᠤ ᠪᠤᠯ ᠬᠢᠴᠢᠶᠡᠯ ᠤᠨ ᠦᠷ᠎ᠡ ᠠᠰᠢᠭ ᠢ | ᠲᠡᠭᠡᠭᠰᠢᠯᠡᠬᠦᠯᠬᠦ ᠶᠢᠨ ᠵᠠᠩᠭᠢᠯᠠᠭ᠎ᠠ ᠪᠤᠯᠤᠨ᠎ᠠ᠃ ᠰᠢᠨ᠎ᠡ ᠬᠢᠴᠢᠶᠡᠯ ᠤᠨ ᠪᠠᠷᠢᠮᠵᠢᠶ᠎ᠠ ᠳᠤ ᠬᠢᠴᠢᠶᠡᠯ ᠤᠨ ᠲᠠᠩᠬᠢᠮ ᠢ ᠬᠦᠷ | ᠬᠦᠭᠵᠢᠶᠡᠨ ᠲᠠᠢ᠂ ᠰᠤᠷᠤᠭᠴᠢᠳ ᠢ ᠪᠠᠶᠠᠷ ᠪᠠᠶᠠᠰᠤᠯ ᠲᠠᠢ ᠲᠠᠷᠤᠭᠠᠰᠤ ᠦᠬᠡᠢ ᠰᠤᠷᠤᠯᠴᠠᠭᠤᠯᠤᠨ᠂ ᠰᠤᠷᠤᠯᠴᠠᠯᠭ᠎ᠠ | ᠶᠢᠨ ᠵᠢᠩᠬᠢᠨᠢ ᠬᠠᠪᠤ ᠴᠡᠩᠬᠡᠯ ᠢ ᠰᠤᠷᠤᠭᠴᠢ ᠪᠤᠯᠭᠠᠨ ᠳᠤ ᠬᠦᠷᠳᠡᠭᠡᠬᠦ ᠬᠡᠷᠡᠭᠳᠠᠢ ᠭᠡᠵᠦ ᠴᠢᠬᠤᠯᠠᠴᠢᠯᠠᠭᠰᠠᠨ ᠪᠠᠶᠢᠳᠠᠭ᠃ | | ᠭᠤᠷᠪᠠ᠂ ᠰᠢᠨ᠎ᠡ ᠬᠢᠴᠢᠶᠡᠯ ᠤᠨ ᠦᠬᠡᠷᠡᠴᠢᠯᠡᠯᠳᠡ ᠨᠢ ᠪᠦᠬᠦ ᠰᠤᠷᠤᠭᠴᠢᠳ ᠲᠤ ᠬᠠᠨᠳᠤᠭᠰᠠᠨ ᠪᠠᠶᠢᠬᠤ | ᠬᠡᠷᠡᠭᠳᠠᠢ᠃ ᠡᠨᠡ ᠨᠢ ᠬᠡᠯᠡᠬᠦ ᠳᠤ ᠠᠮᠠᠷ ᠪᠤᠯᠪᠠᠴᠦ ᠬᠢᠬᠦ ᠳᠤ ᠬᠦᠴᠢᠷ ᠪᠠᠶᠢᠳᠠᠭ᠃ ᠡᠶᠢᠮᠦ ᠠᠴᠠ᠂ ᠶᠠᠭᠤᠨ ᠤ | ᠤᠷᠢᠳ ᠪᠠᠭᠰᠢ ᠪᠤᠯᠤᠭᠰᠠᠳ ᠰᠤᠷᠤᠭᠴᠢᠳ ᠢᠶᠠᠨ ᠨᠠᠷᠢᠯᠢᠭ ᠰᠠᠶᠢᠨ ᠦᠢᠯᠠᠭᠠᠭᠰᠠᠨ ᠰᠠᠭᠤᠷᠢᠨ ᠲᠡᠭᠡᠷ᠎ᠡ᠄ ︵1︶ | ᠰᠤᠷᠤᠭᠴᠢ ᠪᠦᠬᠦᠨ ᠢ ᠬᠠᠷᠠᠭᠠᠯᠵᠠᠨ᠎ᠠ︔ ︵2︶ ᠰᠤᠷᠤᠭᠴᠢ ᠶᠢᠨ ᠤᠷᠮ᠎ᠠ ᠪᠠ ᠰᠡᠳᠬᠢᠯᠭᠡ ᠶᠢ ᠬᠠᠷᠠᠭᠠᠯᠵᠠᠨ᠎ᠠ︔ ︵ | 3︶ ᠰᠤᠷᠤᠭᠴᠢ ᠶᠢᠨ ᠴᠢᠳᠠᠪᠦᠷᠢ ᠶᠢᠨ ᠯᠤᠳᠤ ᠶᠡᠭᠡ ᠲᠠᠯᠳᠠ ᠬᠦᠴᠦᠨ ᠢ ᠲᠠᠳᠠᠨ ᠭᠠᠷᠭᠠᠨ᠎ᠠ᠃ | ᠡᠨᠡ ᠨᠢ ᠪᠠᠭᠰᠢ ᠶᠢᠨ ᠲᠤᠰ ᠪᠡᠶ᠎ᠡ ᠶᠢᠨ ᠬᠡᠪ ᠪᠤᠯᠪᠠᠰᠤᠷᠠᠯ ᠲᠠᠢ ᠰᠢᠭᠤᠳ ᠬᠤᠯᠪᠤᠭᠳᠠᠬᠤ ᠲᠤᠯᠠ ᠵᠢᠭᠠᠨ ᠰᠤᠷᠭᠠᠬᠤ | ᠶᠠᠪᠤᠴᠠ ᠳᠤ ᠪᠠᠨ ᠤᠯᠠᠨ ᠲᠠᠯᠠᠳᠤ᠂ ᠬᠠᠮᠤᠭ ᠤᠨ ᠨᠠᠷᠢᠯᠢᠭ ᠪᠤᠳᠠᠳᠤ ᠠᠵᠢᠯᠯᠠᠭᠠᠨ ᠢ ᠰᠠᠨᠠᠭᠠᠴᠢᠯᠠᠭ᠎ᠠ ᠲᠠᠢ | ᠦᠷᠨᠢᠬᠦᠯᠵᠦ᠂ ᠪᠠᠭᠰᠢ ᠪᠠ ᠰᠤᠷᠤᠭᠴᠢ ᠶᠢᠨ ᠬᠠᠷᠢᠴᠠᠭ᠎ᠠ ᠶᠢ ᠰᠢᠨ᠎ᠡ ᠮᠠᠶ᠋ᠢᠭ ᠤᠨ ᠬᠡᠪ ᠪᠤᠯᠪᠠᠰᠤᠷᠠᠯ ᠲᠠᠢ ᠠᠭᠤᠷ | ᠠᠮᠢᠰᠬᠤᠯᠳᠤ ᠤᠷᠴᠢᠨ ᠲᠤᠭᠤᠷᠢᠨ ᠪᠤᠯᠭᠠᠨ ᠦᠬᠡᠷᠡᠴᠢᠯᠡᠵᠦ᠂ ᠰᠤᠷᠤᠭᠴᠢᠳ ᠪᠤᠯ ︽ᠬᠦᠭᠵᠢᠯᠳᠡ ᠳᠤ ᠬᠢ ᠬᠦᠮᠦᠨ | ᠂ ᠤᠨᠴᠠᠭᠠᠢ ᠬᠦᠮᠦᠨ᠂ ᠪᠡᠶ᠎ᠡ ᠪᠠᠨ ᠲᠠᠭᠠᠭᠠᠭᠰᠠᠨ ᠤᠳᠬ᠎ᠠ ᠠᠭᠤᠯᠭ᠎ᠠ ᠲᠠᠢ ᠬᠦᠮᠦᠨ︾ ᠭᠡᠳᠡᠭ ᠢ ᠵᠦᠪ ᠲᠠᠨᠢᠬᠤ ᠨᠢ | ᠲᠦᠢᠯ ᠤᠨ ᠴᠢᠬᠤᠯᠠ ᠶᠤᠮ᠂ ᠰᠤᠷᠤᠭᠴᠢ ᠪᠦᠬᠦᠨ ᠤ ᠲᠠᠪᠠᠭᠤᠯᠢᠭ ᠲᠠᠯ᠎ᠠ᠂ ᠨᠢᠭᠤᠭᠳᠠᠮᠠᠯ ᠬᠦᠴᠦᠨ ᠢ ᠲᠠᠶᠢᠴᠢᠯᠠᠬᠤ | ᠮᠦᠷᠳᠡᠭᠡᠨ ᠦᠪᠡᠷᠮᠢᠴᠡ ᠴᠢᠨᠠᠷ ᠢ ᠪᠠᠳᠠᠷᠠᠭᠤᠯᠬᠤ ᠬᠡᠷᠡᠭᠳᠠᠢ᠃ ᠢᠩᠬᠢᠪᠡᠯ ᠰᠠᠶ᠋ᠢ ᠤᠳᠤᠬᠠᠨ ᠤ ᠬᠢᠴᠢᠶᠡᠯ ᠤᠨ | ᠦᠬᠡᠷᠡᠴᠢᠯᠡᠯᠳᠡ ᠶᠢᠨ ᠪᠦᠬᠦᠯᠢ ᠴᠤᠭᠴᠠᠳᠤ ᠴᠢᠨᠠᠷ ᠢ ᠠᠳᠬᠤᠵᠦ᠂ ᠬᠡᠪ ᠴᠢᠨᠠᠷ ᠤᠨ ᠰᠤᠷᠭᠠᠨ ᠬᠦᠮᠦᠵᠢᠯ ᠤᠨ | ᠵᠤᠷᠢᠯᠭ᠎ᠠ ᠳᠤ ᠬᠦᠷᠴᠦ ᠲᠡᠶᠢᠯᠦᠨ᠎ᠡ᠂ ᠤᠳᠤᠬᠢ ᠨᠡᠶᠢᠬᠡᠮ ᠤᠨ ᠬᠡᠷᠡᠭᠴᠡᠭᠡ ᠪᠦᠬᠦᠨ ᠳᠤ ᠲᠤᠬᠢᠷᠠᠭᠰᠠᠨ ᠴᠢᠳᠠᠪᠦᠷᠢᠳᠠᠨ | ᠢ ᠬᠦᠮᠦᠵᠢᠬᠦᠯᠬᠦ ᠳᠤ ᠦᠨᠡᠨᠬᠦ ᠦᠢᠯᠡᠴᠢᠯᠡᠵᠦ ᠴᠢᠳᠠᠨ᠎ᠠ᠃ ᠡᠶᠢᠮᠦ ᠠᠴᠠ ︽ᠰᠤᠷᠤᠭᠴᠢ ᠨᠢᠭᠡᠪᠦᠷᠢ ᠶᠢᠨ ᠬᠦᠭᠵᠢᠯᠳᠡ | ᠶᠢᠨ ᠲᠦᠯᠦᠭᠡ︾ ᠭᠡᠳᠡᠭ ᠪᠤᠯ ᠰᠢᠨ᠎ᠡ ᠬᠢᠴᠢᠶᠡᠯ ᠤᠨ ᠭᠤᠤᠯ ᠴᠢᠮᠦᠭᠡ ᠮᠦᠨ᠃ | ᠲᠦᠷᠪᠡ᠂ ᠰᠤᠷᠤᠭᠴᠢ ᠪᠠᠨ ᠦᠢᠯᠡᠭᠠᠵᠦ᠂ ᠰᠤᠷᠤᠭᠴᠢ ᠪᠠᠨ ᠬᠠᠶᠢᠷᠠᠯᠠᠨ᠂ ᠲᠡᠳᠡᠨ ᠤ ᠦᠪᠡᠷ ᠢ ᠪᠠᠨ | ᠬᠦᠨᠳᠦᠳᠬᠡᠭᠦ ᠰᠡᠳᠬᠢᠯᠭᠡ ᠶᠢ ᠬᠦᠨᠳᠦᠳᠬᠡᠭᠦ ᠬᠡᠷᠡᠭᠳᠠᠢ᠃ ᠪᠠᠭᠰᠢ ᠰᠤᠷᠤᠭᠴᠢ ᠡᠷᠬᠡ ᠲᠡᠭᠰᠢ᠂ ᠠᠷᠠᠳᠴᠢᠯᠠᠯ ᠲᠠᠢ᠂ | ᠡᠶ᠎ᠡ ᠵᠤᠬᠢᠴᠠᠩᠭᠤᠢ ᠬᠢᠴᠢᠶᠡᠯ ᠤᠨ ᠲᠠᠩᠬᠢᠮ ᠤᠨ ᠠᠭᠤᠷ ᠠᠮᠢᠰᠬᠤᠯ ᠢ ᠪᠤᠢ ᠪᠤᠯᠭᠠᠬᠤ ᠪᠤᠯ ᠬᠢᠴᠢᠶᠡᠯ ᠤᠨ ᠦᠷ᠎ᠡ | ᠠᠰᠢᠭ ᠢ ᠲᠡᠭᠡᠭᠰᠢᠯᠡᠬᠦᠯᠬᠦ ᠶᠢᠨ ᠰᠠᠭᠤᠷᠢ ᠶᠤᠮ᠃ ᠰᠢᠨ᠎ᠡ ᠬᠢᠴᠢᠶᠡᠯ ᠤᠨ ᠦᠬᠡᠷᠡᠴᠢᠯᠡᠯᠳᠡ ᠳᠤ ᠪᠠᠭᠰᠢ ᠰᠤᠷᠤᠭᠴᠢ | ᠡᠷᠬᠡ ᠲᠡᠭᠰᠢ᠂ ᠡᠶ᠎ᠡ ᠵᠤᠬᠢᠴᠠᠩᠭᠤᠢ ᠪᠠᠶᠢᠬᠤ ᠶᠢ ᠲᠤᠯᠭᠠᠮ᠎ᠠ ᠱᠠᠭᠠᠷᠳᠠᠵᠦ ᠪᠤᠢ᠃ ︽ᠬᠠᠶᠢᠷ᠎ᠠ ᠦᠬᠡᠢ ᠪᠤᠯ ᠰᠤᠷᠭᠠᠨ | ᠬᠦᠮᠦᠵᠢᠯ ᠪᠠᠶᠢᠬᠤ ᠦᠬᠡᠢ︾ ᠶᠤᠮ᠃ ᠰᠤᠷᠤᠭᠴᠢᠳ ᠢ ᠬᠠᠶᠢᠷᠠᠯᠠᠬᠤ ᠭᠡᠪᠡᠯ ᠵᠠᠪᠠᠯ ᠰᠤᠷᠤᠭᠴᠢᠳ ᠢ ᠬᠦᠨᠳᠦᠳᠬᠡᠨ᠂ | ᠲᠡᠳᠡᠨ ᠢ ᠢᠳᠡᠭᠡᠵᠦ᠂ ᠲᠡᠳᠡᠨ ᠢ ᠦᠢᠯᠠᠭᠠᠨ᠂ ᠢᠳᠡᠪᠬᠢᠳᠠᠢ ᠮᠦᠷᠳᠡᠭᠡᠨ ᠬᠦᠳᠡᠯᠦᠩᠭᠦᠢ ᠪᠠᠷ ᠲᠡᠳᠡᠨ ᠲᠠᠢ | ᠦᠢᠷᠠᠳᠤᠨ᠂ ᠲᠡᠳᠡᠨ ᠤ ᠦᠨᠡᠨ ᠰᠡᠳᠬᠢᠯ ᠤᠨ ᠨᠠᠶᠢᠵᠠ ᠪᠤᠯᠬᠤ ᠬᠡᠷᠡᠭᠳᠠᠢ᠃ | ᠲᠠᠪᠤ᠂ ᠰᠤᠷᠤᠭᠴᠢᠳ ᠤᠨ ᠪᠦᠳᠦᠭᠡᠯᠴᠢ ᠴᠢᠳᠠᠪᠦᠷᠢ᠂ ᠰᠢᠨ᠎ᠡ ᠶᠢ ᠡᠭᠦᠳᠬᠦ ᠴᠢᠳᠠᠪᠦᠷᠢ ᠶᠢ ᠬᠦᠮᠦᠵᠢᠬᠦᠯᠬᠦ | ᠪᠤᠯ ᠬᠢᠴᠢᠶᠡᠯ ᠤᠨ ᠦᠷ᠎ᠡ ᠠᠰᠢᠭ ᠢ ᠲᠡᠭᠡᠭᠰᠢᠯᠡᠬᠦᠯᠬᠦ ᠶᠢᠨ ᠵᠤᠷᠢᠯᠭ᠎ᠠ ᠮᠦᠨ᠃ ᠰᠤᠨᠢᠷᠬᠠᠯᠳᠠᠢ ᠠᠰᠠᠭᠤᠯᠳᠠ ᠪᠠᠷ | ᠰᠤᠷᠤᠭᠴᠢᠳ ᠤᠨ ᠤᠷᠮᠠᠰ ᠢ ᠲᠠᠶᠢᠴᠢᠯᠠᠵᠦ᠂ ᠰᠡᠳᠬᠢᠬᠦᠢ ᠶᠢ ᠬᠦᠭᠵᠢᠬᠦᠯᠦᠨ᠂ ᠬᠤᠯᠪᠤᠨ ᠪᠤᠳᠤᠯᠳᠠ ᠶᠢ | ᠠᠬᠢᠭᠤᠯᠵᠦ᠂ ᠮᠡᠳᠡᠯᠭᠡ ᠴᠢᠳᠠᠪᠦᠷᠢ ᠶᠢ ᠬᠦᠮᠦᠵᠢᠬᠦᠯᠬᠦ ᠵᠤᠷᠢᠯᠭ᠎ᠠ ᠳᠤ ᠪᠠᠨ ᠬᠦᠷᠬᠦ ᠶᠢ ᠰᠢᠨ᠎ᠡ ᠬᠢᠴᠢᠶᠡᠯ ᠤᠨ | ᠪᠠᠷᠢᠮᠵᠢᠶ᠎ᠠ ᠳᠤ ᠴᠢᠬᠤᠯᠠᠴᠢᠯᠠᠵᠠᠢ᠃ ᠵᠦᠪᠬᠡᠨ ᠪᠠᠭᠰᠢ ᠠᠴᠠ ᠠᠰᠠᠭᠤᠯᠳᠠ ᠲᠤᠷᠠᠳᠬᠤ ᠪᠢᠰᠢ᠂ ᠰᠤᠷᠤᠭᠴᠢᠳ ᠤᠨ | ᠴᠢᠯᠦᠭᠡᠳᠠᠢ ᠠᠰᠠᠭᠤᠯᠳᠠ ᠲᠤᠷᠠᠳᠬᠤ ᠶᠢ ᠵᠤᠷᠢᠭᠵᠢᠭᠤᠯᠬᠤ ᠪᠦᠭᠡᠳ ᠨᠡᠩ ᠴᠤ ᠲᠡᠳᠡᠨ ᠤ ᠠᠰᠠᠭᠤᠳᠠᠯ | ᠰᠡᠢᠳᠪᠦᠷᠢᠯᠡᠬᠦ ᠶᠢ ᠬᠦᠬᠢᠬᠦᠯᠦᠨ᠎ᠡ᠃ | ᠠᠮᠧᠷᠢᠺᠠ ᠶᠢᠨ ᠰᠤᠷᠭᠠᠨ ᠬᠦᠮᠦᠵᠢᠯᠳᠡᠨ ᠪᠦᠯᠦᠺ ︽ᠵᠢᠭᠠᠨ ᠰᠤᠷᠭᠠᠬᠤ ᠬᠠᠮᠤᠭ ᠤᠨ ᠬᠦᠨ ᠨᠠᠷᠢᠨ ᠤᠷᠠᠯᠢᠭ ᠪᠤᠯ | ᠰᠤᠷᠤᠭᠴᠢᠳ ᠢ ᠬᠤᠪᠢ ᠪᠠᠷ ᠨᠢ ᠠᠰᠠᠭᠤᠯᠳᠠ ᠲᠤᠷᠠᠳᠤᠭᠤᠯᠤᠨᠠ︾ ᠭᠡᠵᠦ ᠬᠡᠯᠡᠭᠰᠡᠨ ᠶᠤᠮ᠃ ᠠᠰᠠᠭᠤᠳᠠᠯ | ᠲᠤᠷᠠᠳᠬᠤ ᠨᠢ ᠠᠰᠠᠭᠤᠳᠠᠯ ᠢ ᠵᠠᠳᠠᠯᠵᠦ᠂ ᠠᠰᠠᠭᠤᠳᠠᠯ ᠢ ᠰᠡᠢᠳᠪᠦᠷᠢᠯᠡᠬᠦ ᠶᠢᠨ ᠤᠷᠢᠳᠠᠯ ᠪᠦᠭᠡᠳ ᠰᠠᠭᠤᠷᠢ ᠶᠤᠮ᠃ | ᠠᠯᠳᠠᠷᠳᠤ ᠹᠢᠽᠢᠺ ᠤᠨ ᠤᠬᠠᠭᠠᠨᠳᠠᠨ ᠶᠠᠩ ᠵᠧᠨ ᠨᠢᠩ ᠫᠷᠤᠹᠧᠰᠰᠤᠷ᠄ ︽ᠲᠤᠮᠳᠠᠳᠤ ᠤᠯᠤᠰ ᠤᠨ ᠰᠤᠷᠤᠭᠴᠢᠳ | ᠤᠨ ᠰᠤᠷᠤᠯᠭ᠎ᠠ ᠶᠢᠨ ᠬᠢᠷᠢ ᠪᠦᠳᠦᠮᠵᠢ ᠨᠢ ᠨᠡᠶᠢᠳᠡᠮ ᠳᠤ ᠪᠠᠨ ᠰᠠᠶᠢᠨ᠃ ᠭᠡᠪᠡᠴᠦ ᠲᠡᠳᠡᠨ ᠤ ᠬᠠᠮᠤᠭ ᠤᠨ | ᠬᠦᠷᠦᠯᠴᠡᠬᠦ ᠦᠬᠡᠢ ᠲᠠᠯ᠎ᠠ ᠨᠢ ᠠᠰᠠᠭᠤᠯᠳᠠ ᠲᠤᠷᠳᠬᠤ ᠳᠤ ᠪᠠᠨ ᠴᠢᠳᠠᠮᠠᠭᠠᠢ ᠪᠤᠰᠤ᠂ ᠪᠦᠳᠦᠭᠡᠯᠴᠢ ᠵᠤᠷᠢᠭ ᠰᠠᠨᠠᠭ᠎ᠠ | ᠲᠤᠳᠠᠮᠠᠭ︾ ᠭᠡᠵᠦ ᠶᠠᠷᠢᠭᠰᠠᠨ ᠪᠠᠶᠢᠳᠠᠭ᠃ ᠡᠶᠢᠮᠦ ᠠᠴᠠ᠂ ᠰᠤᠷᠤᠭᠴᠢᠳ ᠤᠨ ︽ᠶᠠᠭᠠᠬᠢᠵᠦ ᠠᠰᠠᠭᠤᠬᠤ︾ | ᠲᠡᠭᠡᠷ᠎ᠡ ᠬᠦᠴᠦ ᠪᠠᠨ ᠲᠠᠯᠪᠢᠵᠦ᠂ | ︽ᠠᠰᠠᠭᠤᠯᠳᠠ ᠶᠢ ᠬᠡᠷᠬᠢᠨ ᠰᠡᠳᠬᠢᠬᠦ︾ ᠶᠢ ᠵᠢᠯᠤᠭᠤᠳᠤᠨ᠂ ᠰᠤᠷᠤᠭᠴᠢᠳ ᠤᠨ ᠪᠦᠳᠦᠭᠡᠯᠴᠢ ᠴᠢᠳᠠᠪᠦᠷᠢ ᠪᠠ | ᠰᠢᠨ᠎ᠡ ᠶᠢ ᠡᠭᠦᠳᠬᠦ ᠴᠢᠳᠠᠪᠦᠷᠢ ᠶᠢ ᠴᠢᠷᠮᠠᠶᠢᠨ ᠲᠡᠭᠡᠭᠰᠢᠯᠡᠬᠦᠯᠬᠦ ᠴᠢᠬᠤᠯᠠᠳᠠᠢ᠃ | ᠶᠡᠷᠦᠩᠬᠡᠶᠢᠯᠡᠪᠡᠯ᠂ ᠰᠢᠨ᠎ᠡ ᠬᠢᠴᠢᠶᠡᠯ ᠤᠨ ᠦᠬᠡᠷᠡᠴᠢᠯᠡᠯᠳᠡ ᠶᠢᠨ ᠶᠠᠪᠤᠴᠠ ᠳᠤ᠂ ᠪᠤᠯᠤᠯᠴᠠᠭ᠎ᠠ ᠪᠦᠬᠦᠢ ᠤᠯᠠᠨ | ᠵᠦᠢᠯ ᠤᠨ ᠬᠡᠯᠪᠡᠷᠢ ᠪᠠᠷ ᠲᠡᠳᠡᠨ ᠳᠤ ᠬᠦᠷᠳᠡᠪᠡᠰᠦ ᠵᠤᠬᠢᠬᠤ ᠮᠡᠳᠡᠯᠭᠡ ᠶᠢ ᠬᠦᠷᠳᠡᠭᠡᠬᠦ ᠮᠦᠷᠳᠡᠭᠡᠨ ᠲᠡᠳᠡᠨ ᠤ | ᠪᠦᠳᠦᠬᠡᠯᠴᠢ ᠴᠢᠳᠠᠪᠦᠷᠢ᠂ ᠨᠢᠭᠤᠭᠳᠠᠮᠠᠯ ᠬᠦᠴᠦᠨ ᠢ ᠬᠦᠢᠴᠡᠳ ᠨᠡᠭᠡᠭᠡᠬᠦ ᠬᠡᠷᠡᠭᠳᠠᠢ᠃ ᠡᠨᠡ ᠪᠤᠯ ᠰᠢᠨ᠎ᠡ ᠴᠠᠭ ᠦᠶ᠎ᠡ | ᠶᠢᠨ ᠪᠠᠭᠰᠢ ᠨᠠᠷ ᠤᠨ ᠲᠦᠯᠬᠢᠵᠦ ᠪᠤᠯᠤᠰᠢ ᠦᠬᠡᠢ ᠬᠠᠷᠢᠭᠤᠴᠠᠯᠭ᠎ᠠ ᠪᠤᠯᠤᠨ᠎ᠠ᠃ ᠪᠢᠳᠡ ᠵᠦᠪᠬᠡᠨ ᠰᠤᠷᠤᠭᠴᠢᠳ ᠤᠨ | ᠭᠤᠷᠪᠠᠨ ᠵᠢᠯ ᠤᠨ ᠰᠤᠷᠤᠯᠭ᠎ᠠ ᠳᠤ ᠬᠠᠷᠢᠭᠤᠴᠠᠬᠤ ᠪᠢᠰᠢ᠂ ᠬᠠᠷᠢᠨ ᠭᠤᠴᠢᠨ ᠵᠢᠯ ᠤᠨ ᠲᠠᠷᠠᠭᠠᠬᠢ ᠨᠡᠶᠢᠭᠡᠮ ᠨᠡᠶᠢᠳᠡ | ᠳᠤ ᠶᠠᠮᠠᠷ ᠬᠤᠪᠢ ᠨᠡᠮᠡᠷᠢ ᠲᠠᠢ ᠬᠦᠮᠦᠨ ᠢ ᠬᠦᠮᠦᠵᠢᠬᠦᠯᠬᠦ ᠪᠤᠯ ᠰᠠᠶ᠋ᠢ ᠮᠠᠨ ᠤ ᠵᠢᠩᠬᠢᠨᠢ ᠵᠤᠷᠢᠯᠭ᠎ᠠ ᠪᠠᠶᠢᠬᠤ ᠶᠤᠰᠤᠳᠠᠢ | ᠃ | |