ᠭᠡᠷ ᠴᠡᠪᠡᠷᠯᠡᠬᠦ 15 ᠠᠷᠭ᠎ᠠ
ᠨᠡᠶᠢᠲᠡᠯᠡᠭᠰᠡᠨ ᠴᠠᠭ᠄
2015/3/12
     1 . ᠴᠠᠭᠠᠨ ᠯᠤᠤᠪᠠᠩ ᠢᠶᠠᠷ ᠲᠤᠭᠤᠭᠠᠨ ᠬᠡᠷ ᠤᠨ ᠲᠠᠶᠢᠰᠠ ᠪᠠᠨ ᠵᠦᠯᠬᠦᠪᠡᠯ ᠲᠤᠰᠦ ᠪᠤᠷᠳᠤᠬ ᠢ ᠰᠠᠶᠢᠬᠠᠨ ᠠᠷᠢᠯᠭᠠᠨ᠎ᠠ᠃      ᠴᠠᠭᠠᠨ ᠯᠤᠤᠪᠠᠩ ᠢᠶᠠᠨ ᠬᠠᠪᠳᠠᠭᠠᠢ ᠬᠡᠷᠴᠢᠵᠦ ᠲᠡᠭᠡᠷ᠎ᠡ ᠨᠢ ᠠᠶᠠᠭ᠎ᠠ ᠤᠬᠢᠶᠠᠬᠤ ᠰᠢᠩᠭᠡᠨ ᠢ ᠪᠠᠭ᠋ᠠᠨ ᠲᠦᠷᠬᠢᠵᠦ᠂ ᠲᠤᠭᠤᠭᠠᠨ ᠬᠡᠷ ᠤᠨ ᠲᠠᠶᠢᠰᠠ ᠪᠠᠨ ᠵᠦᠯᠬᠦᠪᠡᠯ᠂ ᠰᠠᠨᠠᠭᠠᠨ ᠳᠤ ᠦᠬᠡᠢ ᠰᠠᠶᠢᠨ ᠴᠡᠪᠡᠷᠰᠢᠬᠦᠯᠬᠦ ᠦᠢᠯᠡᠳᠦᠯ ᠭᠠᠷᠭᠠᠳᠠᠬ᠂ ᠡᠬᠦᠨ ᠠᠴᠠ ᠭᠠᠳᠠᠨ᠎ᠠ᠂ ᠪᠠᠰᠠ ᠬᠤᠯᠤᠪᠠᠩ ᠪᠤᠶᠤ ᠦᠷᠬᠡᠰᠦᠲᠦ ᠬᠡᠮᠭᠡ ᠶᠢ ᠬᠠᠪᠳᠠᠭᠠᠢ ᠬᠡᠷᠴᠢᠵᠦ᠂ ᠲᠡᠭᠡᠷᠡᠬᠢ ᠠᠷᠭ᠎ᠠ ᠪᠠᠷ ᠲᠤᠭᠤᠭᠠᠨ ᠬᠡᠷ ᠤᠨ ᠲᠠᠶᠢᠰᠠ ᠪᠠᠨ ᠵᠦᠯᠬᠦᠭᠰᠡᠨ ᠴᠦ ᠪᠤᠯᠤᠨ᠎ᠠ᠃ ᠬᠡᠪᠡᠴᠦ ᠴᠠᠭᠠᠨ ᠯᠤᠤᠪᠠᠩ ᠢ ᠠᠷᠠᠢ ᠬᠦᠷᠬᠦ ᠦᠬᠡᠢ ᠪᠠᠶᠢᠳᠠᠬ᠃      2 . ᠵᠦᠷᠵᠢ ᠶᠢᠨ ᠬᠠᠯᠢᠰᠦ ᠪᠠᠷ ᠮᠠᠰᠢᠨ ᠲᠡᠷᠭᠡᠨ ᠤ ᠠᠩᠬᠢᠯᠤᠮ᠎ᠡ ᠡᠳ᠋ ᠪᠤᠯᠭᠠᠬᠤ ᠠᠷᠭ᠎ᠠ᠃      ᠱᠠ ᠪᠦᠰ ᠢᠶᠠᠷ ᠵᠦᠷᠵᠢ ᠶᠢᠨ ᠬᠠᠯᠢᠰᠦ ᠪᠠᠨ ᠪᠠᠭᠯᠠᠵᠦ᠂ ᠲᠠᠬᠢᠨ ᠪᠦᠰᠡ ᠤᠭᠤᠳᠠ ᠤᠶᠤᠵᠦ᠂ ᠲᠤᠲᠤᠷ᠎ᠡ ᠨᠢ ᠪᠠᠭᠯᠠᠬᠰᠡᠨ ᠵᠦᠷᠵᠢ ᠶᠢᠨ ᠬᠠᠯᠢᠰᠦ ᠪᠠᠨ ᠤᠭᠤᠳᠠᠯᠠᠨ᠎ᠠ᠃ ᠢᠡᠭᠬᠢᠬᠡᠳ ᠤᠭᠤᠳᠠᠯᠠᠬᠰᠠᠨ ᠵᠦᠷᠵᠢ ᠶᠢᠨ ᠬᠠᠯᠢᠰᠦ ᠪᠠᠨ ᠮᠠᠰᠢᠨ ᠲᠡᠷᠭᠡᠨ ᠤ ᠰᠡᠷᠢᠬᠦᠨ ᠰᠠᠯᠬᠢ ᠦᠯᠢᠶᠡᠬᠦ ᠠᠮᠰᠠᠷ ᠲᠡᠭᠡᠷ᠎ᠡ ᠲᠠᠯᠪᠢᠪᠠᠯ᠂ ᠰᠡᠷᠢᠬᠦᠨ ᠰᠠᠯᠬᠢ ᠦᠯᠢᠶᠡᠯᠬᠡᠬᠦ ᠶᠢ ᠲᠠᠭᠠᠯᠳᠣᠨ᠂ ᠠᠩᠬᠢᠯᠤᠮ᠎ᠡ ᠦᠨᠦᠷ ᠨᠢ ᠲᠡᠷᠭᠡᠨ ᠲᠤᠲᠤᠷ᠎ᠡ ᠬᠠᠩᠬᠤᠯᠵᠦ᠂ ᠪᠠᠶᠢᠭᠠᠯᠢᠯᠢᠬ ᠰᠠᠶᠢᠬᠠᠨ ᠦᠨᠦᠷ ᠪᠠᠶ᠎ᠠ ᠰᠡᠳᠬᠢᠯ ᠢ ᠴᠢᠨᠢ ᠲᠤᠩ ᠲᠠᠭᠠᠯᠠᠮᠵᠢᠳᠠᠢ ᠪᠤᠯᠭᠠᠳᠠᠬ ᠶᠤᠮ᠃      3. ᠦᠯᠢᠶᠠᠬᠦᠷ ᠢᠶᠠᠷ ᠬᠤᠪᠴᠠᠰᠣᠨ ᠳᠤ ᠰᠢᠩᠭᠡᠭᠰᠡᠨ ᠦᠨᠦᠷ ᠢ ᠠᠷᠢᠯᠭᠠᠵᠦ ᠪᠤᠯᠳᠠᠬ᠃      ᠤᠷᠲᠦ ᠬᠤᠭᠤᠴᠠᠭ᠎ᠠ ᠡᠮᠦᠰᠦᠭᠰᠡᠨ ᠦᠬᠡᠢ ᠬᠤᠪᠴᠠᠰᠦ ᠪᠠᠨ ᠠᠪᠳᠠᠷ᠎ᠠ ᠬᠤᠷᠭᠤ ᠠᠴᠠ ᠪᠠᠨ ᠭᠠᠷᠭᠠᠬᠤ ᠦᠶᠠᠰ᠂ ᠬᠤᠷᠣᠬᠠᠢᠢᠳᠣᠯ ᠠᠴᠠ ᠰᠡᠷᠭᠡᠶᠢᠯᠡᠬᠦ ᠡᠮ ᠪᠤᠶᠤ ᠭᠠᠪᠤᠷ ᠦᠷᠢᠯ ᠤᠨ ᠦᠨᠦᠷ ᠰᠢᠩᠭᠡᠴᠢᠬᠡᠳᠡᠭ᠃ ᠬᠡᠷᠪᠡ ᠲᠠᠷᠦ᠋ᠢᠬᠠᠨ ᠡᠮᠦᠰᠴᠦ ᠭᠠᠳᠠᠬᠰᠢ ᠭᠠᠷᠬᠤ ᠴᠢᠬᠤᠯᠠ ᠲᠠᠢ ᠪᠤᠯ ᠬᠤᠪᠴᠠᠰᠦ ᠪᠠᠨ ᠨᠢᠬᠡ ᠲᠤᠮᠦ ᠰᠦᠯᠢᠶᠤᠤ ᠤᠭᠤᠳᠠᠨ ᠳᠤ ᠤᠭᠤᠳᠠᠯᠠᠵᠦ᠂ ᠠᠮᠠᠰᠠᠷ ᠢᠶᠠᠷ ᠨᠢ ᠦᠯᠢᠶᠠᠬᠦᠷ ᠢᠶᠠᠨ ᠤᠷᠦᠭᠤᠯᠵᠦ ᠦᠯᠢᠶᠠᠯᠭᠡᠨ ᠲᠠᠬᠢᠨ ᠬᠡᠢ ᠶᠢ ᠨᠢ ᠲᠠᠯᠪᠢᠵᠦ ᠭᠠᠷᠭᠠᠨ᠎ᠠ᠃ ᠡᠨᠡ ᠮᠡᠳᠦ ᠪᠠᠷ ᠲᠠᠬᠢᠨ ᠲᠠᠪᠳᠠᠨ ᠲᠠᠪᠤ ᠵᠢᠷᠭᠤᠭᠠᠨ ᠤᠳᠠᠭ᠎ᠠ ᠦᠯᠢᠶᠠᠯᠭᠡᠪᠡᠯ᠂ ᠬᠤᠪᠴᠠᠰᠣᠨ ᠳᠤ ᠰᠢᠩᠭᠡᠭᠰᠡᠨ ᠦᠨᠦᠷ ᠨᠢ ᠠᠷᠢᠯᠴᠢᠬᠠᠨ᠎ᠠ᠃ ᠠᠩᠬᠠᠷᠬᠤ ᠨᠢ ᠦᠯᠢᠶᠡᠯᠬᠡᠬᠦ ᠳᠡᠭᠡᠨ ᠬᠦᠢᠳᠡᠨ ᠰᠠᠯᠬᠢ ᠪᠠᠷ ᠦᠯᠢᠶᠡᠯᠬᠡᠬᠦ ᠬᠡᠷᠡᠭᠳᠡᠢ᠂ ᠤᠴᠢᠷ ᠨᠢ ᠬᠠᠯᠠᠭᠤᠨ ᠰᠠᠯᠬᠢ ᠨᠢ ᠬᠤᠪᠴᠠᠰᠦᠨ ᠤ ᠴᠢᠨᠡᠷ ᠢ ᠨᠦᠯᠦᠬᠡᠯᠡᠬᠦ ᠪᠤᠯᠤᠨ᠎ᠠ᠃      4 . ᠸᠠᠽᠧᠯᠢᠨ ᠲᠤᠰᠦ ︵ᠹᠠᠨ ᠱᠢ ᠯᠢᠨ︶ ᠬᠢᠳᠤᠭ᠎ᠠ ᠵᠢᠪᠡᠷᠡᠬᠦ ᠶᠢ ᠰᠡᠷᠭᠡᠶᠢᠯᠡᠨ᠎ᠡ᠃      ᠲᠤᠭᠤᠭᠠᠨ ᠭᠡᠷ ᠲᠤ ᠦᠷᠬᠦᠯᠵᠢ ᠬᠡᠷᠡᠭᠯᠡᠳᠡᠭ ᠦᠬᠡᠢ ᠬᠢᠳᠤᠭ᠎ᠠ ᠶᠢ ᠲᠤᠬᠢᠳᠠᠢ ᠬᠠᠳᠠᠭᠠᠯᠠᠵᠦ ᠲᠠᠯᠪᠢᠬᠤ ᠦᠬᠡᠢ ᠪᠤᠯ ᠬᠢᠯᠪᠠᠷᠬᠠᠨ ᠵᠢᠪᠡᠷᠡᠴᠢᠭᠡᠳᠡᠭ᠂ ᠲᠠᠶᠢᠮᠦ ᠠᠴᠠ ᠬᠢᠳᠤᠭ᠎ᠠ ᠪᠠᠨ ᠬᠡᠷᠡᠭᠯᠡᠬᠦ ᠦᠬᠡᠢ ᠦᠶᠡᠰ᠂ ᠬᠠᠮᠤᠬ ᠰᠠᠶᠢᠨ ᠨᠢ ᠬᠢᠳᠣᠭᠠᠨ ᠲᠡᠭᠡᠷ᠎ᠡ ᠪᠠᠨ ᠡᠷᠣᠳᠡᠰᠣᠨ ᠲᠤᠰᠤ ᠲᠦᠷᠬᠢᠵᠦ ᠲᠠᠯᠪᠢᠪᠠᠯ ᠵᠤᠬᠢᠨ᠎ᠠ᠂ ᠵᠢᠱᠢᠶᠠᠯᠠᠪᠠᠯ ᠸᠠᠽᠧᠯᠢᠨ ᠲᠤᠰᠦ ︵ᠹᠠᠨ ᠱᠢ ᠯᠢᠨ︶ ᠵᠡᠷᠭᠡ ᠶᠢ ᠲᠦᠷᠬᠢᠵᠦ ᠬᠠᠭᠤᠴᠢᠨ ᠰᠤᠨᠢᠨ ᠢᠶᠠᠷ ᠪᠤᠭᠤᠵᠦ ᠬᠠᠳᠠᠭᠠᠯᠠᠪᠠᠯ ᠵᠢᠪᠡᠷᠡᠬᠦ ᠠᠴᠠ ᠰᠡᠷᠭᠡᠶᠢᠯᠡᠵᠦ ᠴᠢᠳᠡᠨ᠎ᠠ᠃      5 . ᠲᠤᠭᠤᠯᠭᠠᠨ ᠴᠠᠭᠠᠰᠦ ᠪᠠᠷ ᠵᠡᠬᠦᠦ ᠶᠢᠨ ᠵᠢᠪᠡ ᠶᠢ ᠠᠷᠢᠯᠭᠠᠬᠠᠤ᠃      ᠤᠷᠢᠳᠠᠪᠡᠷ ᠲᠤᠭᠤᠯᠭᠠᠨ ᠴᠠᠭᠠᠰᠦ ᠪᠠᠨ ᠨᠤᠬᠤᠴᠢᠵᠦ ᠪᠦᠬᠡᠮᠨᠡᠷᠡᠬᠦᠯᠦᠬᠰᠡᠨ ᠤ ᠲᠠᠷᠠᠭ᠎ᠠ᠂ ᠵᠢᠪᠡᠷᠡᠭᠰᠡᠨ ᠵᠡᠬᠦᠦ ᠪᠠᠨ ᠲᠠᠬᠢᠨ ᠲᠠᠪᠳᠠᠨ ᠱᠦᠷᠬᠦᠬᠡᠪᠡᠯ ᠵᠢᠪᠡ ᠨᠢ ᠠᠷᠢᠯᠴᠢᠬᠠᠳᠠᠬ ᠶᠤᠮ᠃ ᠬᠡᠷᠪᠡ ᠲᠤᠭᠤᠯᠭᠠᠨ ᠴᠠᠭᠠᠰᠦ ᠪᠠᠶᠢᠬᠤ ᠦᠬᠡᠢ ᠪᠤᠯ ᠲᠤᠭᠤᠭᠠᠨ ᠬᠡᠷ ᠲᠤ ᠬᠡᠷᠡᠭᠯᠡᠳᠡᠭ ᠲᠡᠮᠦᠷᠯᠢᠭ ᠱᠤᠸᠠᠵᠠ ᠶᠢ ᠬᠡᠷᠡᠭᠯᠡᠵᠦ᠂ ᠵᠢᠪᠡᠷᠡᠭᠰᠡᠨ ᠵᠡᠬᠦᠦ ᠪᠠᠨ ᠱᠦᠷᠬᠦᠬᠡᠭᠰᠡᠨ ᠴᠦ ᠪᠤᠯᠳᠠᠬ᠃      6 . ᠬᠡᠵᠡᠭᠡ ᠤᠬᠢᠶᠠᠬᠤ ᠡᠳ᠋ ᠢᠶᠠᠷ ᠵᠠᠭᠠᠮ᠎ᠠ ᠬᠠᠨᠴᠤᠢ ᠶᠢᠨ ᠭᠬᠢᠷ ᠢ ᠠᠷᠢᠯᠭᠠᠬᠠᠤ᠃      ᠬᠤᠪᠴᠠᠰᠦ ᠤᠬᠢᠶᠠᠬᠤ ᠦᠶᠡᠰ ᠵᠠᠭᠠᠮ᠎ᠠ ᠬᠠᠨᠴᠤᠢ ᠶᠢᠨ ᠭᠬᠢᠷ ᠢ ᠴᠡᠪᠡᠷ ᠠᠷᠢᠯᠭᠠᠵᠦ ᠴᠢᠳᠠᠬᠤ ᠦᠬᠡᠢ ᠰᠠᠨᠠᠭ᠎ᠠ ᠵᠤᠪᠠᠳᠠᠬ᠂ ᠲᠡᠭᠡᠪᠡᠯ ᠶᠠᠭᠠᠬᠢᠵᠦ ᠤᠬᠢᠶᠠᠪᠠᠯ ᠰᠠᠢᠢ ᠭᠬᠢᠷ ᠢ ᠨᠢ ᠭᠠᠷᠭᠠᠵᠦ ᠲᠡᠶᠢᠯᠬᠦ ᠪᠤᠢ︖ ᠤᠷᠢᠳᠠᠪᠡᠷ ᠬᠡᠵᠢᠭᠡ ᠤᠬᠢᠶᠠᠬᠤ ᠡᠳ᠋ ᠢᠶᠠᠨ ᠵᠠᠭᠠᠮ᠎ᠠ ᠪᠤᠯᠤᠨ ᠬᠠᠨᠴᠤᠢ ᠲᠡᠭᠡᠷ᠎ᠡ ᠪᠠᠨ ᠲᠦᠷᠬᠢᠵᠦ᠂ ᠪᠠᠭ᠋ᠠᠨ ᠲᠠᠯᠪᠢᠵᠦ ᠬᠡᠵᠡᠭᠡ ᠤᠬᠢᠶᠠᠬᠤ ᠡᠳ᠋ ᠨᠢ ᠰᠢᠩᠭᠡᠭᠰᠡᠨ ᠤ ᠰᠡᠬᠦᠯᠡᠷ᠂ ᠰᠢᠳᠦᠨ ᠱᠤᠸᠠᠵᠠ ᠪᠠᠷ ᠱᠤᠸᠠᠵᠠᠳᠠᠪᠠᠯ᠂ ᠰᠠᠨᠠᠭᠠᠨ ᠠᠴᠠ ᠴᠢᠨᠢ ᠭᠠᠳᠠᠭᠤᠷ ᠴᠡᠪᠡᠷ ᠰᠠᠶᠢᠬᠠᠨ ᠪᠤᠯᠳᠠᠬ᠃ ᠡᠬᠦᠨ ᠠᠴᠠ ᠭᠠᠳᠠᠨ᠎ᠠ᠂ ᠬᠤᠪᠴᠠᠰᠦ ᠪᠠᠨ ᠤᠬᠢᠶᠠᠵᠦ ᠬᠠᠳᠠᠭᠠᠬᠰᠠᠨ ᠤ ᠲᠠᠷᠠᠭ᠎ᠠ᠂ ᠵᠠᠭᠠᠮᠨ ᠪᠤᠯᠤᠨ ᠬᠠᠨᠴᠤᠢ ᠲᠡᠭᠡᠷ᠎ᠡ ᠪᠠᠨ ᠨᠢᠯᠬ᠎ᠠ ᠬᠡᠦᠬᠡᠳ ᠤᠨ ᠪᠡᠶ᠎ᠡ ᠲᠠᠭᠡᠷ᠎ᠡ ᠲᠦᠷᠬᠢᠬᠦ ᠤ ᠶᠢ ᠲᠦᠷᠬᠢᠵᠦ ᠲᠠᠯᠪᠢᠪᠠᠯ ᠭᠬᠢᠷ ᠪᠤᠷᠳᠤᠬ ᠠᠮᠠᠷᠬᠠᠨ ᠨᠠᠭᠠᠯᠳᠣᠬᠤ ᠦᠬᠡᠢ ᠮᠦᠷᠳᠡᠭᠡᠨ ᠠᠩᠬᠢᠯᠤᠮ᠎ᠡ ᠰᠠᠶᠢᠬᠠᠨ ᠦᠨᠦᠷ ᠲᠠᠢ ᠪᠤᠯᠵᠦ᠂ ᠲᠠᠷᠠᠭᠠᠴᠢ ᠶᠢᠨ ᠤᠳᠠᠭ᠎ᠠ ᠤᠬᠢᠶᠠᠬᠤ ᠳᠤ ᠴᠦ ᠲᠦᠬᠦᠮ ᠪᠤᠯᠳᠠᠬ ᠶᠤᠮ᠃      7 . ᠠᠷᠢᠭᠤᠨ ᠴᠡᠪᠡᠷ ᠤᠨ ᠴᠠᠭᠠᠰᠦ ᠪᠠᠷ ᠱᠠᠭᠠᠵᠠᠩ ᠲᠤᠭᠤᠰᠬ᠎ᠠ ᠶᠢᠨ ᠸᠠᠯᠠᠬᠰᠠᠨ ᠤᠷᠣᠮ ᠢ ᠠᠷᠢᠯᠭᠠᠬᠤ᠃      ᠱᠠᠭᠠᠵᠠᠩ ᠲᠤᠭᠤᠰᠬ᠎ᠠ ᠶᠢᠨ ᠵᠠᠪᠰᠠᠷ ᠢᠶᠠᠷ ᠰᠢᠩᠭᠡᠭᠰᠡᠨ ᠸᠠᠯᠠᠬᠰᠠᠨ ᠤᠷᠣᠮ ᠢ ᠱᠤᠸᠠᠵᠠᠳᠠᠭᠠᠳ ᠠᠷᠢᠯᠭᠠᠴᠢᠬᠠᠳᠠᠬ ᠪᠤᠯᠪᠠᠴᠦ ᠲᠡᠮᠡᠢ ᠤᠳᠠᠯ ᠦᠬᠡᠢ ᠲᠠᠬᠢᠭᠠᠳ ᠯᠠ ᠸᠠᠯᠠᠴᠢᠬᠠᠭᠠᠳ᠂ ᠠᠷᠢᠯᠭᠠᠬᠤ ᠳᠤ ᠲᠤᠩ ᠲᠦᠪᠡᠭᠳᠡᠢ ᠪᠠᠶᠢᠳᠠᠬ᠃ ᠲᠡᠭᠡᠪᠡᠯ ᠡᠬᠦᠨ ᠢ ᠶᠠᠭᠠᠬᠢᠵᠦ ᠠᠷᠢᠯᠭᠠᠪᠠᠯ ᠲᠦᠬᠦᠮ ᠮᠦᠷᠳᠡᠭᠡᠨ ᠦᠷ᠎ᠡ ᠳ᠋ᠦᠩ ᠢᠶᠠᠷ ᠰᠠᠶᠢᠨ ᠶᠤᠮ︖ ᠬᠠᠮᠤᠬ ᠤᠨ ᠲᠦᠬᠦᠮ ᠠᠷᠭ᠎ᠠ ᠪᠤᠯ ᠠᠷᠢᠭᠤᠨ ᠴᠡᠪᠡᠷ ᠤᠨ ᠴᠠᠭᠠᠰᠦᠨ ᠳᠤ ᠴᠠᠶᠢᠷᠠᠭᠤᠯᠬᠤ ᠡᠳ᠋ ᠲᠠᠢ ᠤᠰᠦ ᠎ ᠶᠢ ᠰᠢᠩᠭᠡᠭᠡᠵᠦ᠂ ᠱᠠᠭᠠᠵᠠᠩ ᠲᠤᠭᠤᠰᠬ᠎ᠠ ᠶᠢᠨ ᠸᠠᠯᠠᠬᠰᠠᠨ ᠤᠷᠣᠮ ᠲᠠᠢ ᠬᠡᠰᠡᠭ ᠲᠤ ᠨᠠᠭᠠᠯᠳᠣᠭᠤᠯᠵᠦ ᠲᠠᠯᠪᠢᠨ᠂ ᠠᠷᠪᠠᠭᠠᠳ ᠮᠢᠨᠦ᠋ᠲ ᠪᠤᠯᠭᠠᠬᠰᠠᠨ ᠤ ᠲᠠᠷᠠᠭ᠎ᠠ᠂ ᠴᠠᠭᠠᠰᠦ ᠶᠢ ᠱᠠᠭᠠᠯᠠᠵᠦ ᠠᠪᠤᠨ᠂ ᠴᠡᠪᠡᠷ ᠤᠰᠣ ᠪᠠᠷ ᠰᠦᠷᠴᠢᠨ ᠤᠬᠢᠶᠠᠪᠠᠯ᠂ ᠸᠠᠯᠠᠬᠰᠠᠨ ᠤᠷᠣᠮ ᠨᠢ ᠤᠷᠦ ᠲᠠᠰᠦ ᠠᠷᠢᠯᠳᠠᠬ᠃      8 . ᠦᠨᠳᠡᠭᠡᠨ ᠴᠭᠠᠠᠨ ᠢᠶᠠᠷ ᠠᠷᠠᠰᠣᠨ ᠱᠠᠹᠠ ᠶᠢ ᠴᠡᠪᠡᠷᠯᠡᠬᠦ ᠠᠷᠭ᠎ᠠ᠃      ᠨᠢᠬᠡ ᠬᠡᠰᠡᠭ ᠴᠡᠪᠡᠷᠭᠡᠨ ᠪᠦᠰ ᠢ ᠦᠨᠳᠡᠭᠡᠨ ᠴᠠᠭᠠᠨ ᠳᠤ ᠲᠦᠷᠢᠵᠦ᠂ ᠠᠷᠠᠰᠣᠨ ᠱᠠᠹᠠ ᠪᠠᠨ ᠵᠦᠯᠬᠦᠪᠠᠯ ᠭᠬᠢᠷ ᠪᠤᠷᠳᠤᠭ ᠢ ᠰᠠᠶᠢᠬᠠᠨ ᠠᠷᠢᠯᠭᠠᠳᠠᠬ ᠮᠦᠷᠳᠡᠭᠡᠨ ᠠᠷᠠᠰᠣᠨ ᠤ ᠦᠡᠭᠭᠡ ᠶᠢ ᠰᠢᠨ᠎ᠡ ᠮᠡᠳᠦ ᠬᠢᠯᠦᠬᠡᠷ ᠰᠠᠶᠢᠬᠠᠨ ᠪᠤᠯᠭᠠᠳᠠᠬ ᠪᠢᠯᠡ᠃      9 . ᠶᠠᠭᠤᠤ ᠪᠠᠷ ᠴᠠᠬᠢᠯᠭᠠᠨ ᠬᠦᠯᠳᠡᠭᠡᠬᠦᠷ ᠤᠨ ᠭᠠᠳᠠᠷ ᠦᠡᠭᠭᠡ ᠶᠢ ᠵᠦᠯᠬᠦᠪᠡᠯ ᠬᠢᠯᠦᠬᠡᠷ ᠰᠠᠶᠢᠬᠠᠨ ᠦᠡᠭᠭᠡ ᠪᠠᠨ ᠬᠡᠵᠢᠶᠡᠳᠡ ᠪᠠᠳᠣᠯᠠᠬᠤ ᠪᠤᠯᠤᠨ᠎ᠠ᠃      ᠡᠩ ᠤᠨ ᠪᠠᠶᠢᠳᠠᠯ ᠲᠤᠤᠷ᠎ᠡ᠂ ᠴᠠᠬᠢᠯᠭᠠᠨ ᠬᠦᠯᠳᠡᠭᠡᠬᠦᠷ ᠤᠨ ᠭᠠᠳᠠᠷ ᠦᠡᠭᠭᠡᠨ ᠲᠡᠭᠡᠷ᠎ᠡ ᠲᠤᠰᠦ ᠪᠤᠷᠳᠤᠬ ᠨᠠᠭᠠᠯᠳᠣᠭᠤᠯᠬᠤ ᠳᠤ ᠬᠦᠷᠪᠡᠯ᠂ ᠲᠠᠷᠦ᠋ᠢᠬᠠᠨ ᠵᠦᠬᠡᠯᠡᠨ ᠪᠦᠰ ᠲᠡᠭᠡᠷ᠎ᠡ ᠪᠠᠭ᠋ᠠᠨ ᠶᠠᠭᠤᠤ ᠲᠦᠷᠬᠢᠵᠦ᠂ ᠬᠦᠡᠭᠭᠡᠨ ᠵᠦᠯᠬᠦᠪᠡᠯ ᠲᠠᠷᠣᠢ ᠠᠷᠢᠯᠴᠢᠬᠠᠨ᠎ᠠ᠃ ᠬᠡᠷᠪᠡ ᠲᠤᠰᠦ ᠪᠤᠷᠳᠤᠬ ᠨᠠᠭᠠᠯᠳᠣᠭᠠᠳ ᠶᠡᠭᠡ ᠤᠳᠠᠬᠰᠠᠨ ᠪᠤᠯ ᠲᠤᠰᠦ ᠪᠤᠷᠳᠤᠬ ᠨᠠᠭᠠᠯᠳᠣᠬᠰᠠᠨ ᠬᠡᠰᠡᠭ ᠲᠤ ᠰᠢᠭᠤᠳ ᠶᠠᠭᠤᠤ ᠲᠦᠷᠬᠢᠵᠦ᠂ ᠴᠡᠪᠡᠷ ᠵᠦᠬᠡᠯᠡᠨ ᠪᠦᠰ ᠢᠶᠠᠷ ᠲᠠᠬᠢᠨ ᠲᠠᠪᠳᠠᠨ ᠵᠦᠯᠬᠦᠪᠡᠯ᠂ ᠴᠠᠬᠢᠯᠭᠠᠨ ᠬᠦᠯᠳᠡᠭᠡᠬᠦᠷ ᠤᠨ ᠦᠡᠭᠭᠡ ᠨᠢ ᠤᠤᠯ ᠬᠡᠪ ᠳᠡᠭᠡᠨ ᠤᠷᠣᠬᠤ ᠪᠤᠯᠤᠨ᠎ᠠ᠃ ᠤᠴᠢᠷ ᠨᠢ ᠶᠠᠭᠤᠤ ᠶᠢᠨ ᠲᠤᠲᠤᠷ᠎ᠡ ᠨᠤᠨᠳᠠᠬ ᠡᠳ᠋ ᠪᠠᠶᠢᠳᠠᠬ ᠪᠤᠯᠬᠤᠷ᠂ ᠭᠬᠢᠷ ᠪᠤᠷᠳᠤᠬ ᠢ ᠴᠡᠪᠡᠷᠯᠡᠬᠦ ᠳᠡᠭᠡᠨ ᠰᠠᠶᠢᠨ ᠪᠠᠶᠢᠳᠠᠬ ᠶᠤᠮ᠃      10 . ᠦᠨᠢᠶᠡᠨ ᠰᠦ ᠪᠠᠷ ᠬᠡᠷ ᠤᠨ ᠮᠤᠳᠣᠨ ᠬᠡᠷᠡᠭᠰᠡᠯ ᠢ ᠵᠦᠯᠬᠦᠪᠡᠯ ᠰᠠᠶᠢᠨ᠃      ᠴᠡᠪᠡᠷ ᠵᠦᠯᠬᠦᠬᠦᠷ ᠤᠯᠵᠦ ᠬᠡᠷᠡᠭᠯᠡᠬᠦ ᠬᠤᠭᠤᠴᠠᠭᠠᠨ ᠠᠴᠠ ᠪᠠᠨ ᠬᠡᠳᠤᠷᠡᠭᠰᠡᠨ ᠦᠨᠢᠶᠡᠨ ᠰᠦ ᠶᠢᠨ ᠲᠤᠲᠤᠷ᠎ᠡ ᠲᠡᠪᠳᠦᠭᠡᠵᠦ᠂ ᠮᠤᠳᠣᠨ ᠰᠢᠷᠡᠭᠡ᠂ ᠰᠠᠨᠳᠠᠯᠢ᠂ ᠠᠪᠳᠠᠷ᠎ᠠ᠂ ᠬᠤᠷᠭᠤ ᠵᠡᠷᠭᠡ ᠬᠡᠷ ᠤᠨ ᠮᠤᠳᠣᠨ ᠬᠡᠷᠡᠭᠰᠡᠯ ᠢ ᠵᠦᠯᠬᠦᠪᠡᠯ ᠮᠠᠰᠢ ᠰᠠᠶᠢᠨ ᠶᠤᠮ᠂ ᠰᠦ ᠪᠠᠷ ᠵᠦᠯᠬᠦᠭᠰᠡᠨ ᠤ ᠲᠠᠷᠠᠭ᠎ᠠ᠂ ᠴᠡᠪᠡᠷ ᠤᠰᠣ ᠪᠠᠷ ᠨᠢᠬᠡ ᠤᠳᠠᠭ᠎ᠠ ᠵᠦᠯᠬᠦᠪᠡᠯ ᠪᠤᠯᠴᠢᠬᠠᠨ᠎ᠠ᠃ ᠰᠢᠷᠳᠡᠭᠰᠡᠨ ᠬᠡᠷ ᠤᠨ ᠮᠤᠳᠣᠨ ᠬᠡᠷᠡᠭᠰᠡᠯ ᠤᠨ ᠭᠬᠢᠷ ᠲᠤᠭᠤᠰᠦ ᠶᠢ ᠠᠷᠢᠯᠭᠠᠬᠤ ᠳᠤ᠂ ᠨᠦᠢᠳᠠᠨ ᠱᠠ ᠪᠦᠰ ᠢᠶᠠᠷ ᠴᠠᠢ ᠶᠢᠨ ᠰᠢᠭᠠᠷᠠᠤ ᠶᠢ ᠪᠠᠭᠯᠠᠵᠦ ᠵᠦᠯᠬᠦᠪᠡᠯ ᠰᠠᠶᠢᠨ᠂ ᠡᠬᠦᠨ ᠠᠴᠠ ᠭᠠᠳᠠᠨ᠎ᠠ᠂ ᠬᠦᠢᠳᠡᠨ ᠴᠠᠢ ᠪᠠᠷ ᠵᠦᠯᠬᠦᠬᠦ ᠨᠢ ᠰᠢᠷᠳᠡᠭᠰᠡᠨ ᠬᠡᠷ ᠤᠨ ᠮᠤᠳᠣᠨ ᠬᠡᠷᠡᠭᠰᠡᠯ ᠤᠨ ᠭᠬᠢᠷ ᠲᠤᠭᠤᠰᠦ ᠶᠢ ᠨᠠᠩ ᠰᠠᠶᠢᠨ ᠠᠷᠢᠯᠭᠠᠵᠤ᠂ ᠨᠠᠩ ᠦᠡᠭᠭᠡ ᠲᠠᠢ ᠪᠤᠯᠭᠠᠳᠠᠬ ᠶᠤᠮ᠃      11 . ᠰᠫᠢᠷᠲ ᠢᠶᠠᠷ ᠪᠦᠰ ᠭᠠᠳᠠᠷ ᠲᠠᠢ ᠱᠠᠹᠠ ᠶᠢ ᠴᠡᠪᠡᠷᠯᠡᠬᠦ ᠠᠷᠭ᠎ᠠ᠃      ᠪᠦᠰ ᠭᠠᠳᠠᠷ ᠲᠠᠢ ᠱᠠᠹᠠ ᠶᠢ ᠴᠡᠪᠡᠷᠯᠡᠬᠦ ᠳᠡᠭᠡᠨ ᠵᠦᠬᠡᠯᠡᠨ ᠦᠰᠣᠳᠡᠢ ᠱᠤᠸᠠᠵᠠ ᠰᠣᠩᠭᠤᠵᠦ᠂ ᠪᠢᠴᠢᠬᠠᠨ ᠰᠠᠪᠠᠨ ᠲᠤᠲᠤᠷ᠎ᠡ ᠪᠠᠭ᠋ᠠᠨ ᠰᠫᠢᠷᠲ ᠬᠢᠵᠦ ᠰᠢᠩᠭᠡᠵᠢᠬᠦᠯᠦᠭᠡᠳ᠂ ᠱᠤᠸᠠᠵᠠ ᠪᠠᠨ ᠲᠦᠷᠢᠵᠦ ᠨᠢᠬᠡ ᠤᠳᠠᠭ᠎ᠠ ᠱᠤᠸᠠᠵᠠᠳᠠᠵᠦ᠂ ᠲᠠᠷᠠᠭ᠎ᠠ ᠨᠢ ᠴᠠᠬᠢᠯᠭᠠᠨ ᠦᠯᠢᠶᠡᠬᠦᠷ ᠢᠶᠠᠷ ᠦᠯᠢᠶᠡᠯᠭᠡᠵᠦ ᠬᠠᠳᠠᠭᠠᠪᠠᠯ ᠪᠤᠯᠴᠢᠬᠠᠨ᠎ᠠ᠂ ᠬᠡᠷᠪᠡ ᠵᠢᠮᠢᠰ ᠤᠨ ᠱᠦᠬᠦᠰᠦ ᠭᠤᠭᠤᠵᠢᠭᠤᠯᠵᠦ ᠬᠠᠯᠳᠠᠷᠳᠠᠬᠰᠠᠨ ᠪᠤᠯ ᠨᠢᠬᠡ ᠬᠠᠯᠪᠠᠭ᠎ᠠ ᠰᠤᠳᠠ ᠶᠢ ᠤᠰᠣ ᠲᠠᠢ ᠵᠢᠭᠤᠷᠠᠭᠠᠳ ᠂ ᠰᠤᠳᠠ ᠶᠢᠨ ᠵᠢᠭᠤᠷᠠᠮᠠᠬ ᠲᠤ ᠴᠡᠪᠡᠷ ᠪᠦᠰ ᠢ ᠲᠦᠷᠢᠵᠦ ᠵᠦᠯᠬᠦᠪᠡᠯ᠂ ᠵᠢᠮᠢᠰ ᠤᠨ ᠰᠢᠬᠦᠰᠦ ᠶᠢᠨ ᠤᠷᠣᠮ ᠨᠢ ᠠᠷᠢᠯᠴᠢᠬᠠᠳᠠᠬ᠃      12 . ᠠᠯᠮᠤᠷᠠᠳ ᠤᠨ ᠦᠷ᠎ᠡ ᠪᠠᠷ ᠲᠤᠰᠣ ᠪᠤᠷᠳᠤᠬ ᠢ ᠠᠷᠢᠯᠭᠠᠬᠤ᠃      ᠲᠤᠭᠤᠭᠠᠨ ᠬᠡᠷ ᠤᠨ ᠤᠬᠢᠶᠠᠯᠠᠭ᠎ᠠ ᠶᠢᠨ ᠲᠠᠲᠠᠭᠠᠯ ᠳᠤ ᠦᠷᠬᠦᠯᠵᠢ ᠲᠤᠰᠦ ᠪᠤᠷᠳᠤᠬ ᠨᠠᠭᠠᠯᠳᠣᠳᠠᠬ ᠪᠤᠯᠬᠤᠷ᠂ ᠵᠠᠷᠢᠮ ᠳᠠᠭᠠᠨ ᠶᠠᠬ ᠰᠠᠶ᠋ᠢᠬᠠᠨ ᠠᠯᠮᠤᠷᠠᠳ ᠢᠳᠡᠭᠰᠡᠨ ᠲᠠᠢ ᠲᠠᠭᠠᠷᠠᠪᠠᠯ᠂ ᠢᠳᠡᠵᠦ ᠪᠠᠷᠠᠬᠰᠠᠨ ᠠᠯᠮᠤᠷᠠᠳ ᠤᠨ ᠢᠶᠠᠨ ᠦᠷ᠎ᠡ ᠪᠠᠷ ᠲᠠᠷᠦ᠋ᠢᠬᠠᠨ ᠲᠤᠰᠦ ᠪᠤᠷᠳᠤᠬ ᠢ ᠵᠦᠯᠬᠦᠪᠡᠯ ᠬᠢᠯᠪᠠᠷᠬᠠᠨ ᠴᠡᠪᠡᠷᠰᠢᠳᠡᠭ᠂ ᠡᠨᠡ ᠨᠢ ᠵᠢᠮᠢᠰ ᠤᠨ ᠦᠷ᠎ᠡ ᠲᠤᠲᠤᠷ᠎ᠡ ᠵᠢᠮᠢᠰ ᠤᠨ ᠴᠠᠪᠠᠤᠯᠢᠬ ᠠᠭᠤᠯᠤᠬᠳᠠᠵᠦ ᠪᠠᠶᠢᠳᠠᠬ ᠠᠴᠠ ᠪᠤᠯᠵᠠᠢ᠂ ᠤᠴᠢᠷ ᠨᠢ ᠵᠢᠮᠢᠰ ᠤᠨ ᠴᠠᠪᠠᠤᠯᠢᠬ ᠨᠢ ᠲᠤᠰᠦ ᠪᠤᠷᠳᠤᠬ ᠠᠷᠢᠯᠭᠠᠬᠤ ᠦᠢᠯᠡᠳᠦᠯ ᠲᠠᠢ ᠪᠠᠶᠢᠳᠠᠬ᠃      13 . ᠬᠡᠪᠢᠰᠦᠨ ᠲᠡᠭᠡᠷ᠎ᠡ ᠭᠤᠭᠤᠵᠢᠭᠤᠯᠤᠬᠰᠠᠨ ᠱᠦᠯᠦ ᠶᠢ ᠲᠠᠪᠤᠰᠦ ᠪᠠᠷ ᠴᠡᠪᠡᠷᠯᠡᠬᠦ ᠠᠷᠭ᠎ᠠ᠃      ᠬᠢᠴᠢᠶᠡᠮᠵᠢ ᠦᠬᠡᠢ ᠪᠠᠷ ᠬᠡᠪᠢᠰᠦᠨ ᠲᠡᠭᠡᠷ᠎ᠡ ᠪᠠᠨ ᠱᠦᠯᠦ ᠪᠤᠶᠤ ᠵᠢᠮᠢᠰ ᠤᠨ ᠱᠦᠬᠦᠰᠦ ᠭᠤᠭᠤᠵᠢᠭᠤᠯᠪᠠᠯ᠂ ᠶᠠᠭᠠᠬᠢᠬᠰᠠᠨ ᠴᠦ ᠨᠦᠢᠳᠠᠨ ᠪᠦᠰ ᠢᠶᠠᠷ ᠵᠦᠯᠬᠦᠵᠦ ᠪᠤᠯᠬᠤ ᠦᠬᠡᠢ᠃ ᠤᠷᠢᠳᠡᠪᠡᠷ ᠴᠡᠪᠡᠷᠭᠡᠨ ᠬᠠᠭᠤᠷᠠᠢ ᠪᠦᠰ ᠪᠤᠶᠤ ᠠᠯᠴᠢᠭᠤᠷ ᠢᠶᠠᠷ ᠤᠰᠦ ᠶᠢ ᠨᠢ ᠰᠢᠩᠭᠡᠭᠡᠨ᠂ ᠲᠠᠷᠠᠭ᠎ᠠ ᠨᠢ ᠪᠤᠬᠢᠷᠳᠣᠬᠰᠠᠨ ᠬᠡᠰᠡᠭ ᠲᠤ ᠢᠳᠡᠭᠡᠨ ᠤ ᠲᠠᠪᠤᠰᠦ ᠰᠠᠴᠤᠵᠦ᠂ ᠲᠡᠪᠤᠰᠦ ᠨᠢ ᠰᠢᠮᠡᠰᠢᠨ ᠤᠷᠣᠬᠰᠠᠨ ᠤ ᠰᠡᠬᠦᠯᠡᠷ᠂ ᠲᠤᠭᠤᠰᠣᠨ ᠰᠣᠷᠣᠭᠤᠯ ᠢᠶᠠᠷ ᠲᠡᠪᠤᠰᠦ ᠶᠢ ᠰᠣᠷᠣᠭᠤᠯᠤᠨ ᠠᠪᠴᠦ᠂ ᠲᠠᠬᠢᠨ ᠱᠤᠸᠠᠵᠠ ᠪᠠᠷ ᠱᠤᠸᠠᠵᠠᠳᠠᠵᠦ᠂ ᠬᠡᠪᠢᠰᠦ ᠶᠢ ᠪᠠᠨ ᠤᠬ ᠤᠷᠣᠨ ᠳᠤᠨᠢ ᠤᠷᠣᠭᠤᠯᠪᠠᠯ ᠪᠤᠯᠴᠢᠬᠠᠨ᠎ᠠ᠃      14 . ᠮᠦᠰᠦ ᠪᠠᠷ ᠬᠡᠪᠢᠰᠦᠨ ᠲᠡᠭᠡᠷ᠎ᠡ ᠨᠠᠭᠠᠯᠳᠤᠬᠰᠠᠨ ᠵᠠᠵᠢᠯᠤᠭᠤᠷ ᠰᠢᠬᠢᠷ ᠢ ᠠᠷᠢᠯᠭᠠᠬᠤ ᠠᠷᠭ᠎ᠠ᠃      ᠬᠡᠪᠢᠰᠦᠨ ᠲᠡᠭᠡᠷ᠎ᠡ ᠨᠠᠭᠠᠯᠳᠤᠬᠰᠠᠨ ᠵᠠᠵᠢᠯᠤᠭᠤᠷ ᠰᠢᠬᠢᠷ ᠨᠢ ᠠᠷᠢᠯᠭᠠᠬᠤ ᠳᠤ ᠲᠤᠩ ᠬᠦᠴᠢᠷ ᠪᠠᠶᠢᠳᠠᠬ᠂ ᠬᠡᠪᠡᠴᠦ ᠮᠦᠰᠦ ᠶᠢ ᠰᠦᠯᠢᠶᠤᠤ ᠤᠭᠤᠳᠠᠨ ᠳᠤ ᠬᠢᠵᠦ ᠨᠠᠭᠠᠯᠳᠤᠬᠰᠠᠨ ᠵᠠᠵᠢᠯᠤᠭᠤᠷ ᠰᠢᠬᠢᠷ ᠤᠨ ᠬᠡᠰᠡᠭ ᠲᠤ 30 ᠮᠢᠨᠦ᠋ᠲ ᠬᠢᠷᠢ ᠲᠠᠢ ᠲᠠᠯᠪᠢᠨ᠎ᠠ᠂ ᠵᠠᠵᠢᠯᠤᠭᠤᠷ ᠰᠢᠬᠢᠷ ᠢ ᠭᠠᠷ ᠢᠶᠠᠷ ᠢᠶᠠᠨ ᠲᠠᠷᠣᠬᠤ ᠳᠤ ᠬᠠᠳᠠᠭᠤᠷᠠᠴᠢᠬᠠᠬᠰᠠᠨ ᠪᠠᠶᠢᠪᠠᠯ᠂ ᠲᠠᠯᠪᠢᠬᠰᠠᠨ ᠮᠦᠰᠦ ᠶᠢ ᠠᠪᠴᠦ ᠬᠠᠶᠠᠨ᠂ ᠱᠤᠸᠠᠵᠠ ᠪᠠᠷ ᠱᠤᠸᠠᠵᠠᠳᠠᠬᠰᠠᠭᠠᠷ ᠠᠷᠢᠯᠴᠢᠬᠠᠳᠠᠬ᠃      15 . ᠴᠤᠯ ᠮᠤᠳᠣᠨ ᠬᠡᠷᠡᠭᠰᠡᠯ ᠢ ᠦᠡᠭᠭᠡ ᠣᠷᠣᠭᠤᠯᠬᠤ ᠠᠷᠭ᠎ᠠ᠃      ᠤᠰᠤᠮᠠᠬ ᠯᠠ ᠶᠢ ᠰᠢᠭᠤᠳ ᠴᠤᠯ ᠮᠤᠳᠣᠨ ᠬᠡᠷᠡᠭᠰᠡᠯ ᠲᠡᠭᠡᠷ᠎ᠡ ᠪᠠᠨ ᠰᠦᠷᠴᠢᠵᠦ᠂ ᠵᠦᠬᠡᠯᠡᠨ ᠪᠦᠰ ᠢᠶᠠᠷ ᠬᠠᠳᠠᠳᠠᠯ᠎ᠠ ᠵᠦᠯᠬᠦᠭᠰᠡᠭᠡᠷ᠂ ᠮᠤᠳᠣᠨ ᠬᠡᠷᠡᠭᠰᠡᠯ ᠴᠢᠨᠢ ᠦᠡᠭᠭᠡ ᠭᠠᠷᠴᠦ ᠬᠢᠯᠠᠶᠢᠳᠠᠬ᠃ ᠬᠡᠷᠪᠡ ᠦᠡᠭᠭᠡᠨ ᠲᠠᠯ᠎ᠠ ᠲᠠᠭᠡᠷ᠎ᠡ ᠨᠢ ᠵᠢᠷᠣᠬᠳᠠᠬᠰᠠᠨ ᠪᠤᠯ ᠤᠷᠢᠳᠠᠪᠡᠷ ᠵᠢᠭᠠᠰᠣᠨ ᠡᠯᠢᠬᠡᠨ ᠲᠤᠰᠦ ᠶᠢ ᠲᠦᠷᠬᠢᠵᠦ᠂ ᠨᠢᠬᠡ ᠡᠳᠣᠷ ᠪᠤᠯᠤᠬᠰᠠᠨ ᠤ ᠲᠠᠷᠠᠭ᠎ᠠ᠂ ᠨᠦᠢᠳᠠᠨ ᠪᠦᠰ ᠢᠶᠠᠷ ᠵᠦᠯᠬᠦᠪᠡᠯ ᠣᠷᠣᠮ ᠨᠢ ᠦᠯᠦ ᠮᠡᠳᠡᠭᠳᠡᠮ᠎ᠡ ᠪᠤᠯᠤᠨ᠎ᠠ᠃ ᠡᠬᠦᠨ ᠠᠴᠠ ᠭᠠᠳᠠᠨ᠎ᠠ᠂ ᠦᠳᠬᠡᠨ ᠲᠠᠪᠤᠰᠦ ᠲᠠᠢ ᠤᠰᠦ ᠪᠠᠷ ᠴᠤᠯ ᠮᠤᠳᠣᠨ ᠬᠡᠷᠡᠭᠰᠡᠯ ᠢᠶᠠᠨ ᠵᠦᠯᠬᠦᠪᠡᠯ ᠮᠤᠳᠣᠨ ᠤ ᠦᠵᠡᠷᠡᠬᠦ ᠶᠢ ᠰᠡᠷᠭᠡᠶᠢᠯᠡᠵᠦ᠂ ᠬᠡᠷᠡᠭᠯᠡᠭᠡᠨ ᠤ ᠬᠤᠭᠤᠴᠠᠭ᠎ᠠ ᠶᠢ ᠨᠢ ᠤᠷᠳᠣᠳᠬᠠᠵᠦ ᠴᠢᠳᠠᠨ᠎ᠠ᠃
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号